— ᠤᠯᠠᠭᠠᠨᠪᠤᠬ᠎ᠠ ᠵᠢᠨ ᠡᠯᠡᠰᠦᠨ᠎ᠤ ᠬᠥᠪᠡᠭᠡ᠎ᠶᠢ ᠡᠮᠵᠢᠶᠡᠷᠢᠯᠡᠨ ᠲᠤᠭᠲᠠᠭᠠᠬᠤ ᠲᠥᠷᠥᠯ ᠵᠦᠢᠯ᠎ᠦᠨ ᠲᠤᠬᠠᠢ ᠰᠤᠷᠪᠤᠯᠵᠢᠯᠠᠭ᠎ᠠ
6 ᠰᠠᠷ᠎ᠠ᠎ᠶᠢᠨ 17 ᠤ᠋ ᠡᠳᠦᠷ ᠪᠣᠯ ᠭᠤᠴᠢᠨ ᠬᠤᠶᠠᠳᠡᠬᠢ ᠳᠡᠯᠡᠬᠡᠢ᠎ᠶᠢᠨ ᠴᠦᠯᠯᠡᠷᠭᠡᠭᠵᠢᠯ ᠪᠣᠯᠣᠨ ᠭᠠᠩ ᠬᠠᠭᠰᠠᠷᠠᠭᠠᠨ᠎ᠢ ᠰᠡᠷᠭᠡᠢᠯᠡᠨ ᠵᠠᠰᠠᠬᠤ ᠡᠳᠦᠷ ᠪᠣᠯᠣᠨ᠎ᠠ᠃ ᠰᠤᠷᠪᠤᠯᠵᠢᠯᠠᠭ᠍ᠴᠢ ᠠᠯᠠᠱᠠ ᠠᠢᠮᠠᠭ᠎ᠤᠨ ᠠᠯᠠᠱᠠ ᠳᠡᠭᠡᠳᠦ ᠰᠢᠨ᠎ᠡ ᠮᠡᠷᠭᠡᠵᠢᠯ᠎ᠦᠨ ᠲᠣᠭᠣᠷᠢᠭ᠋᠎ᠤᠨ 《ᠤᠮᠠᠷᠠᠲᠤ᠎ᠶᠢᠨ ᠭᠤᠷᠪᠠᠨ ᠣᠷᠣᠨ》᠎ᠤ᠋ ᠵᠢᠷᠭᠤᠳᠤᠭᠠᠷ ᠬᠤᠭᠤᠴᠠᠭᠠᠨ᠎ᠤ ᠥᠪᠥᠷ ᠮᠣᠩᠭᠣᠯ ᠨᠢᠩᠰᠢᠶᠠ᠎ᠶᠢᠨ ᠬᠣᠯᠪᠤᠭᠠᠯᠠᠨ ᠰᠡᠷᠭᠡᠢᠯᠡᠵᠦ ᠬᠣᠯᠪᠤᠭᠠᠯᠠᠨ ᠵᠠᠰᠠᠬᠤ ᠤᠯᠠᠭᠠᠨᠪᠤᠬ᠎ᠠ ᠵᠢᠨ ᠡᠯᠡᠰᠦᠨ᠎ᠤ ᠬᠥᠪᠡᠭᠡ᠎ᠶᠢ ᠡᠮᠵᠢᠶᠡᠷᠢᠯᠡᠨ ᠲᠤᠭᠲᠠᠭᠠᠬᠤ ᠲᠥᠷᠥᠯ ᠵᠦᠢᠯ᠎ᠦᠨ ᠪᠦᠲᠦᠭᠡᠨ ᠪᠠᠢᠭᠤᠯᠤᠯᠲᠠ᠎ᠶᠢᠨ ᠲᠤᠬᠠᠢ᠎ᠶᠢᠨ ᠲᠠᠯᠠᠪᠠᠶ᠎ᠳᠤ ᠬᠥᠷᠪᠡ᠃ ᠥᠨᠳᠥᠷ ᠶᠡᠬᠡ ᠡᠯᠡᠰᠦᠨ ᠳᠣᠪᠣᠴᠠᠭ ᠳᠡᠭᠡᠷ᠎ᠡ ᠵᠣᠭᠰᠣᠵᠤ ᠠᠯᠤᠰ᠎ᠢ ᠪᠠᠷᠠᠯᠠᠬᠤ᠎ᠳᠤ᠂ ᠨᠢᠭᠡ ᠰᠠᠷ᠎ᠠ᠎ᠶᠢᠨ ᠡᠮᠦᠨᠡᠬᠢ ᠰᠢᠷᠭᠠᠯ ᠡᠯᠡᠰᠦᠷᠬᠡᠭ ᠭᠠᠵᠠᠷ ᠨᠢᠭᠡᠨᠲᠡ ᠲᠠᠷᠢ ᠲᠡᠭᠰᠢ ᠡᠪᠡᠰᠦᠨ ᠳᠥᠷᠪᠡᠯᠵᠢᠭᠡᠰᠦ᠎ᠳᠦ ᠪᠦᠷᠬᠦᠭᠳᠡᠭᠰᠡᠨ ᠪᠠᠢᠯ᠎ᠠ᠃ ᠡᠨᠡ ᠬᠡᠰᠡᠭ ᠡᠯᠡᠰᠦᠷᠬᠡᠭ ᠭᠠᠵᠠᠷ ᠪᠣᠯᠣᠨ ᠬᠠᠲᠤᠨ ᠭᠣᠣᠯ᠎ᠤᠨ ᠰᠢᠯᠤᠭᠤᠨ ᠵᠠᠢ ᠨᠢ ᠵᠥᠪᠬᠡᠨ 30 ᠺᠢᠯᠣᠮᠧᠲᠷ ᠪᠠᠢᠵᠤ᠂ ᠨᠡᠭᠦᠳᠡᠯ ᠡᠯᠡᠰᠦ᠎ᠶᠢ ᠲᠤᠭᠲᠠᠭᠠᠬᠤ ᠨᠢ ᠳᠠᠷᠤᠢ ᠬᠠᠲᠤᠨ ᠭᠣᠣᠯ᠎ᠤᠨ ᠠᠮᠤᠷ ᠠᠮᠤᠭᠤᠯᠠᠩ᠎ᠢ ᠬᠠᠮᠠᠭᠠᠯᠠᠭᠰᠠᠨ ᠶᠠᠪᠤᠳᠠᠯ ᠪᠣᠯᠬᠤ ᠶᠤᠮ᠃
ᠥᠷᠯᠥᠭᠡ᠎ᠶᠢᠨ ᠰᠠᠯᠬᠢ ᠡᠯᠡᠰᠦᠨ ᠳᠣᠪᠣᠷᠴᠠᠭ᠎ᠢᠶᠠᠷ ᠦᠯᠢᠶᠡᠨ ᠥᠩᠭᠡᠷᠡᠬᠦ᠎ᠳᠦ᠂ ᠠᠯᠠᠱᠠ ᠵᠢᠨ ᠳᠡᠭᠡᠳᠦ ᠰᠢᠨ᠎ᠡ ᠮᠡᠷᠭᠡᠵᠢᠯ᠎ᠦᠨ ᠲᠣᠭᠣᠷᠢᠭ᠋᠎ᠤᠨ ᠪᠠᠶᠠᠠᠠᠣᠪᠣᠭᠠ ᠭᠠᠴᠠᠭᠠᠨ᠎ᠤ ᠮᠠᠯᠴᠢᠨ ᠯᠢᠦ ᠵᠢᠢ ᠭᠤᠸᠠᠩ ᠨᠢᠷᠤᠭᠤ ᠪᠥᠬᠥᠢᠨ ᠶᠠᠭᠠᠷᠠᠭᠰᠠᠭᠠᠷ ᠪᠠᠢᠯ᠎ᠠ᠂ ᠲᠡᠷᠡ ᠬᠦᠷᠵᠡ᠎ᠪᠡᠷ ᠬᠠᠭᠤᠷᠠᠢ ᠡᠪᠡᠰᠦ᠎ᠶᠢ ᠡᠯᠡᠰᠦᠨ᠎ᠳᠦ ᠳᠠᠷᠤᠵᠤ ᠣᠷᠣᠭᠤᠯᠵᠤ᠂ ᠠᠷᠤᠳ᠋ᠤᠨᠢ ᠲᠡᠷᠢ ᠲᠡᠭᠰᠢ ᠡᠪᠡᠰᠦᠨ ᠳᠥᠷᠪᠡᠯᠵᠢᠭᠡᠰᠦ ᠬᠠᠷᠠᠬᠲᠠᠨᠠ᠃ 《ᠥᠩᠭᠡᠷᠡᠭᠰᠡᠨ᠎ᠳᠦ ᠦᠬᠡᠷ ᠬᠣᠨᠢ ᠲᠡᠵᠢᠭᠡᠬᠦ᠎ᠳᠦ ᠲᠡᠭᠷᠢ᠎ᠶᠢᠨ ᠴᠢᠷᠠᠢ᠎ᠶᠢ ᠬᠠᠷᠠᠵᠤ ᠠᠮᠢᠳᠤᠷᠠᠵᠤ ᠪᠠᠢᠵᠠᠢ᠂ ᠣᠲᠣ᠌ ᠭᠡᠷ᠎ᠦᠨ᠎ᠢᠶᠡᠨ ᠡᠭᠦᠳᠡᠨ᠎ᠳᠦ ᠡᠯᠡᠰᠦ᠎ᠶᠢ ᠵᠠᠰᠠᠵᠤ᠂ ᠬᠦᠳᠡᠯᠮᠦᠷᠢ ᠪᠡᠷ ᠲᠡᠳᠬᠦᠮᠵᠢ᠎ᠶᠢ ᠣᠷᠣᠯᠠᠭᠤᠯᠵᠤ ᠵᠢᠯ ᠪᠦᠷᠢ ᠬᠡᠳᠦᠨ ᠲᠦᠮᠡᠨ ᠲᠥᠭᠥᠷᠢᠭ᠎ᠦᠨ ᠣᠷᠣᠯᠭ᠎ᠠ ᠨᠡᠮᠡᠭᠳᠡᠵᠦ ᠪᠠᠢᠨ᠎ᠠ》 ᠭᠡᠵᠦ ᠯᠢᠦ ᠵᠢᠢ ᠭᠤᠸᠠᠩ ᠬᠡᠯᠡᠪᠡ᠃
ᠡᠨᠡ ᠵᠢᠯ᠎ᠦᠨ 5 ᠰᠠᠷ᠎ᠠ᠎ᠶᠢᠨ ᠡᠬᠢ ᠪᠡᠷ ᠤᠯᠠᠭᠠᠨᠪᠤᠬ᠎ᠠ ᠵᠢᠨ ᠡᠯᠡᠰᠦᠨ᠎ᠤ ᠬᠥᠪᠡᠭᠡ᠎ᠶᠢ ᠡᠮᠵᠢᠶᠡᠷᠢᠯᠡᠨ ᠲᠤᠭᠲᠠᠭᠠᠬᠤ ᠲᠥᠷᠥᠯ ᠵᠦᠢᠯ ᠤᠨ ᠠᠵᠢᠯ᠎ᠢ᠋ ᠡᠬᠢᠯᠡᠭᠦᠯᠦᠭᠰᠡᠨ᠎ᠡᠴᠡ ᠨᠠᠭᠠᠰᠢ᠂ ᠵᠥᠪᠬᠡᠨ ᠰᠠᠷ᠎ᠠ ᠭᠠᠷᠤᠢ᠎ᠶᠢᠨ ᠬᠤᠭᠤᠴᠠᠭᠠᠨ᠎ᠳᠤ᠂ ᠲᠣᠰ ᠲᠥᠷᠥᠯ ᠵᠦᠢᠯ᠎ᠦᠨ ᠣᠷᠣᠨ᠎ᠳᠤ ᠨᠢᠭᠡᠨᠲᠡ 74000 ᠮᠦ᠍ ᠡᠪᠡᠰᠦᠨ ᠳᠦᠷᠪᠡᠯᠵᠢᠭᠡᠰᠦ ᠳᠡᠪᠢᠰᠪᠡ᠃ ᠬᠥᠪᠡᠭᠡ᠎ᠶᠢ ᠨᠢ ᠡᠮᠵᠢᠶᠡᠷᠢᠯᠡᠨ ᠲᠤᠭᠲᠠᠭᠠᠵᠤ ᠡᠯᠡᠰᠦ᠎ᠶᠢ ᠵᠠᠰᠠᠬᠤ ᠲᠦᠷᠦᠯ ᠵᠦᠢᠯ ᠨᠢ ᠲᠤᠬᠠᠢ᠎ᠶᠢᠨ ᠭᠠᠵᠠᠷ᠎ᠤᠨ ᠯᠢᠦ ᠵᠢᠢ ᠭᠤᠸᠠᠩ ᠰᠢᠭ᠋ ᠦᠯᠡᠮᠵᠢ ᠤᠯᠠᠨ ᠮᠠᠯᠴᠢᠨ ᠲᠠᠷᠢᠶᠠᠴᠢᠨ᠎ᠢ ᠳᠠᠢ᠍ᠢᠴᠢᠯᠠᠨ ᠡᠯᠡᠰᠦ᠎ᠶᠢ ᠵᠠᠰᠠᠬᠤ᠎ᠳᠤ ᠣᠷᠣᠯᠴᠠᠭᠤᠯᠪᠠ᠃ ᠪᠦᠷᠢᠳᠬᠡᠯ᠎ᠢ ᠦᠨᠳᠦᠰᠦᠯᠡᠪᠡᠯ᠂ 2025 ᠣᠨ᠎ᠳᠤ᠂ ᠠᠯᠠᠱᠠ ᠠᠢᠮᠠᠭ 《ᠤᠮᠠᠷᠠᠲᠤ᠎ᠶᠢᠨ ᠭᠤᠷᠪᠠᠨ ᠣᠷᠣᠨ》᠎ᠤ᠋ ᠢᠨᠵᠧᠨᠧᠷᠢᠩ᠎ᠳᠦ ᠲᠦᠰᠢᠭᠯᠡᠨ 2 ᠲᠦᠮᠡ ᠭᠠᠷᠤᠢ ᠬᠥᠳᠡᠭᠡ ᠲᠣᠰᠬᠣᠨ᠎ᠤ ᠬᠥᠳᠡᠯᠮᠦᠷᠢ ᠬᠦᠴᠦᠨ᠎ᠳᠦ ᠠᠵᠢᠯ ᠣᠯᠭᠣᠵᠤ᠂ ᠬᠦᠳᠡᠯᠮᠦᠷᠢ ᠪᠡᠷ ᠲᠡᠳᠬᠦᠮᠵᠢ᠎ᠶᠢ ᠣᠷᠣᠯᠠᠭᠤᠯᠤᠭᠰᠠᠨ ᠬᠥᠳᠡᠯᠮᠦᠷᠢ ᠬᠦᠴᠦᠨ᠎ᠦ ᠬᠥᠯᠥᠰᠦ ᠣᠯᠭᠣᠮᠵᠢ᠎ᠶᠢ ᠨᠡᠶ᠋ᠢᠲᠡ 4.4 ᠳ᠋ᠦᠩᠰᠢᠭᠤᠷ ᠲᠥᠭᠥᠷᠢᠭ ᠲᠠᠷᠬᠠᠭᠠᠪᠠ᠃ ᠡᠯᠡᠰᠦ᠎ᠶᠢ ᠵᠠᠰᠠᠬᠤ ᠪᠡᠷ ᠲᠠᠮᠵᠢᠵᠦ ᠠᠮᠢ ᠠᠬᠤᠢ᠎ᠶᠢᠨ ᠦᠷ᠎ᠡ ᠠᠰᠢᠭ᠋᠎ᠢ ᠠᠪᠴᠢᠷᠠᠭᠰᠠᠨ᠎ᠢᠶᠠᠷ ᠪᠠᠷᠠᠬᠤ ᠦᠭᠡᠢ᠂ ᠨᠠᠩ ᠴᠤ᠌ ᠮᠠᠯᠴᠢᠳ᠎ᠲᠦ ᠦᠨᠡᠨ ᠪᠣᠳᠠᠲᠠᠢ ᠠᠵᠤ ᠠᠬᠤᠢ᠎ᠶᠢᠨ ᠠᠰᠢᠭ᠋ ᠣᠷᠣᠯᠭ᠎ᠠ ᠠᠪᠴᠢᠷᠠᠭᠰᠠᠨ ᠪᠠᠢᠨ᠎ᠠ᠃
ᠯᠢᠦ ᠵᠢᠢ ᠭᠤᠸᠠᠩ᠎ᠤᠨ ᠡᠯᠡᠰᠦ ᠵᠠᠰᠠᠵᠤ ᠪᠠᠢᠭ᠎ᠠ ᠣᠷᠣᠨ ᠪᠦᠰᠡ᠎ᠡᠴᠡ ᠬᠡᠳᠦᠨ ᠵᠠᠭᠤᠨ ᠮᠧᠲᠷ᠎ᠦᠨ ᠵᠠᠢᠳᠠᠢ ᠨᠢᠭᠡᠨ ᠲᠣᠮᠣ᠌ ᠬᠡᠯᠪᠡᠷᠢ᠎ᠶᠢᠨ ᠮᠠᠰᠢᠨ ᠡᠯᠡᠰᠦᠨ ᠳᠣᠪᠣᠴᠠᠭ ᠳᠡᠭᠡᠷ᠎ᠡ ᠠᠯᠭᠤᠷᠬᠠᠨ ᠶᠠᠪᠤᠵᠤ᠂ ᠡᠭᠴᠡ ᠪᠣᠰᠣᠭ᠎ᠠ ᠬᠡᠯᠪᠡᠷᠢ᠎ᠶᠢᠨ ᠡᠯᠡᠰᠦᠨ ᠬᠠᠯᠬᠠᠪᠴᠢ ᠭᠠᠷᠭᠠᠪᠠ᠂ ᠡᠨᠡ ᠪᠣᠯ ᠣᠯᠠᠨ ᠴᠢᠳᠠᠮᠵᠢᠲᠤ ᠭᠢᠨᠵᠢᠲᠦ ᠡᠯᠡᠰᠦᠨ ᠬᠠᠯᠬᠠᠪᠴᠢ ᠳᠡᠪᠢᠰᠬᠦ ᠮᠠᠰᠢᠨ ᠪᠣᠯᠣᠨ᠎ᠠ᠃ 《ᠡᠨᠡ ᠬᠦ᠌ ᠪᠡᠶ᠎ᠡ᠎ᠪᠡᠨ ᠳᠠᠭᠠᠭᠠᠵᠤ ᠰᠤᠳᠤᠯᠤᠨ ᠦᠢᠯᠡᠳᠦᠭᠰᠡᠨ ᠣᠶᠤᠨᠴᠢ ᠲᠣᠨᠣᠭᠯᠠᠯ ᠨᠢ ᠲᠠᠯᠠᠪᠠᠶ ᠶᠡᠬᠡ᠂ ᠪᠠᠢᠴᠠ ᠪᠤᠳᠤᠯᠢᠶᠠᠨᠲᠠᠢ ᠭᠠᠵᠠᠷ ᠲᠦ᠍ ᠴᠢᠭᠯᠡᠭᠦᠯᠦᠨ ᠡᠯᠡᠰᠦᠨ ᠬᠠᠯᠬᠠᠪᠴᠢ ᠳᠡᠪᠢᠰᠬᠦ ᠠᠵᠢᠯ ᠬᠢᠵᠦ ᠪᠣᠯᠣᠨ᠎ᠠ; ᠮᠠᠰᠢᠨ᠎ᠢᠶᠠᠷ ᠪᠣᠰᠣᠭ᠎ᠠ ᠬᠡᠯᠪᠡᠷᠢ᠎ᠶᠢᠨ ᠡᠯᠡᠰᠦᠨ ᠬᠠᠯᠬᠠᠪᠴᠢ ᠳᠡᠪᠢᠰᠦᠭᠰᠡᠨᠦ ᠳᠠᠷᠠᠭ᠎ᠠ᠂ ᠳᠠᠬᠢᠨ ᠬᠥᠮᠥᠨ᠎ᠦ ᠬᠦᠴᠦ᠎ᠪᠡᠷ ᠳᠡᠪᠢᠰᠬᠦ᠎ᠲᠠᠢ ᠤᠶᠠᠯᠳᠤᠭᠤᠯᠤᠨ᠂ ᠡᠪᠡᠰᠦᠨ ᠳᠦᠷᠪᠡᠯᠵᠢᠭᠡᠰᠦ ᠳᠡᠪᠢᠰᠬᠦ ᠦᠷ᠎ᠡ ᠪᠦᠲᠦᠮᠵᠢ ᠨᠢ ᠤᠯᠠᠮᠵᠢᠯᠠᠯᠲᠤ ᠬᠥᠮᠥᠨ᠎ᠦ ᠬᠦᠴᠦ ᠪᠡᠷ ᠳᠡᠪᠢᠰᠬᠦ᠎ᠡᠴᠡ 20 ᠡᠴᠡ 30 ᠳᠠᠬᠢᠨ ᠳᠡᠭᠡᠭᠰᠢᠯᠡᠳᠡᠭ᠃ ᠡᠪᠡᠰᠦᠨ ᠭᠦᠷᠦᠮᠡᠯ᠎ᠨᠢ ᠲᠤᠲᠤᠷᠭᠠᠨ ᠡᠰᠢ ᠵᠡᠷᠭᠡ ᠲᠠᠷᠢᠶᠠᠯᠠᠩ᠎ᠤᠨ ᠬᠠᠶᠠᠭᠳᠠᠮᠠᠯ ᠪᠣᠳᠠᠰ᠎ᠢᠶᠠᠷ ᠲᠦᠭᠦᠬᠡᠢ ᠮᠠᠲᠧᠷᠢᠶᠠᠯ ᠪᠣᠯᠭᠠᠵᠤ᠂ ᠥᠪᠡᠷ᠎ᠦᠨ ᠥᠷᠲᠡᠭ ᠨᠢ ᠨᠠᠩ ᠳᠣᠣᠷ᠎ᠠ ᠪᠠᠢᠳᠠᠭ᠃ ᠮᠠᠰᠢᠨ᠎ᠢᠶᠠᠷ ᠳᠡᠪᠢᠰᠦᠭᠰᠡᠨ ᠡᠯᠡᠰᠦᠨ ᠬᠠᠯᠬᠠᠪᠴᠢ ᠨᠢ ᠨᠠᠩ ᠪᠠᠲᠤ ᠪᠡᠬᠢ᠂ ᠬᠡᠷᠡᠭᠯᠡᠬᠦ ᠬᠤᠭᠤᠴᠠᠭ᠎ᠠ ᠴᠦ᠍ ᠨᠠᠩ ᠣᠷᠳᠣ᠌ ᠪᠠᠢᠳᠠᠭ》 ᠭᠡᠵᠦ ᠮᠧᠩ ᠼᠤᠤ ᠠᠮᠢ ᠠᠬᠤᠢ ᠣᠷᠴᠢᠨ ᠲᠣᠭᠣᠷᠢᠨ (ᠪᠦᠯᠦᠭᠯᠡᠯ) ᠤ᠋ ᠬᠤᠪᠢᠴᠠᠭᠠᠲᠦ ᠬᠢᠵᠠᠭᠠᠷᠲᠤ ᠺᠣᠮᠫᠠᠨᠢ᠎ᠶᠢᠨ ᠣᠶᠤᠨᠴᠢ ᠲᠣᠨᠣᠭᠯᠠᠯ᠎ᠤᠨ ᠰᠤᠳᠤᠯᠭᠠᠨ᠎ᠤ ᠬᠦᠷᠢᠶᠡᠯᠡᠩ᠎ᠦᠨ ᠮᠡᠷᠭᠡᠵᠢᠯᠲᠡᠨ ᠯᠢ ᠫᠸᠩ ᠹᠧᠢ ᠰᠤᠷᠪᠤᠯᠵᠢᠯᠠᠭ᠍ᠴᠢ᠎ᠳᠤ ᠬᠡᠯᠡᠪᠡ᠃
ᠡᠪᠡᠰᠦᠨ ᠳᠥᠷᠪᠡᠯᠵᠢᠭᠡᠰᠦ ᠡᠯᠡᠰᠦᠨ ᠳᠣᠪᠣᠴᠠᠭ᠎ᠤᠨ ᠬᠤᠷᠮᠤᠢ ᠡᠴᠡ ᠠᠯᠤᠰ ᠬᠤᠯᠠ ᠰᠤᠨᠤᠯᠵᠠᠵᠦ᠂ ᠴᠠᠭᠠᠨ᠎ᠠ ᠨᠢ ᠨᠥᠭᠥᠭᠡ ᠨᠢᠭᠡ ᠵᠦᠢᠯ᠎ᠦᠨ 《ᠬᠠᠪᠲᠠᠰᠤᠨ ᠳᠣᠣᠷᠠᠬᠢ ᠡᠯᠡᠰᠦ ᠵᠠᠰᠠᠬᠤ》 ᠠᠵᠢᠯ ᠶᠠᠭ ᠢᠳᠡ ᠬᠦᠭ ᠲᠠᠢ ᠶᠠᠪᠤᠭᠳᠠᠵᠤ ᠪᠠᠢᠨ᠎ᠠ᠃ ᠥᠪᠥᠷ ᠮᠣᠩᠭᠣᠯ᠎ᠤᠨ ᠡᠨ᠋ᠸᠷᠬᠢ᠎ᠵᠢᠨ ᠪᠦᠯᠦᠭᠯᠡᠯ᠎ᠤᠨ ᠬᠠᠨ ᠬᠠᠢ ᠡᠨᠧᠷᠭᠢ᠎ᠶᠢᠨ ᠬᠢᠵᠠᠭᠠᠷᠲᠤ ᠺᠣᠮᠫᠠᠨᠢ᠎ᠶᠢᠨ ᠠᠯᠠᠱᠠ ᠳᠡᠭᠡᠳᠦ ᠰᠢᠨ᠎ᠡ ᠮᠡᠷᠭᠡᠵᠢᠯ᠎ᠦᠨ ᠲᠣᠭᠣᠷᠢᠭ᠋᠎ᠤᠨ 100 ᠲᠦᠮᠡᠨ ᠺᠢᠯᠦᠸᠠᠲ᠎ᠤᠨ ᠭᠡᠷᠡᠯᠴᠢ ᠴᠡᠨᠡᠭ᠎ᠦᠨ ᠲᠦᠷᠦᠯ ᠵᠦᠢᠯ᠎ᠦᠨ ᠲᠤᠬᠠᠢ᠎ᠶᠢᠨ ᠲᠠᠯᠠᠪᠠᠢ᠎ᠳᠤ ᠬᠦᠷᠬᠦ᠎ᠳᠦ᠂ ᠭᠦᠨ ᠬᠥᠬᠡ ᠥᠩᠭᠡ᠎ᠶᠢᠨ ᠭᠡᠷᠡᠯᠴᠢ ᠴᠡᠨᠡᠭ᠎ᠦᠨ ᠬᠠᠪᠲᠠᠰᠤ 2.9 ᠲᠦᠮᠡᠨ ᠮᠦ᠍ ᠡᠯᠡᠰᠦᠷᠬᠡᠭ ᠭᠠᠵᠠᠷ᠎ᠢ ᠪᠦᠷᠬᠦᠵᠠᠢ᠃
《ᠪᠡᠯᠡᠨ ᠠᠰᠢᠬᠯᠠᠴᠢᠬᠠᠮᠠᠷ ᠲᠤᠷᠰᠢᠯᠭ᠎ᠠ ᠦᠭᠡᠢ᠂ ᠬᠠᠢᠨ ᠰᠥᠪᠡᠭᠴᠢᠯᠡᠵᠤ ᠤᠷᠤᠭᠰᠢᠯᠠᠬᠤ ᠡᠴᠡ ᠦᠬᠡᠷ᠎ᠠ ᠠᠷᠭ᠎ᠠ ᠦᠬᠡᠢ ᠪᠠᠢᠬᠰᠠᠨ》 ᠬᠡᠵᠦ ᠲᠥᠷᠥᠯ ᠵᠦᠢᠯ᠎ᠦᠨ ᠳᠠᠭᠠᠭᠠᠮᠠᠯ ᠯᠦ᠍ ᠶᠤᠸᠠᠨ ᠶᠢᠩ ᠠᠵᠢᠯ ᠡᠬᠢᠯᠡᠭᠰᠡᠨ ᠡᠬᠢᠨ᠎ᠦ ᠦᠶ᠎ᠡ᠎ᠶᠢᠨ ᠬᠦᠴᠢᠷᠳᠡᠯᠵᠢᠡᠨ ᠰᠤᠷᠪᠤᠯᠵᠢᠯᠠᠭᠴᠢ᠎ᠳᠤ ᠡᠷᠭᠢᠴᠡᠭᠦᠯᠦᠨ ᠬᠡᠯᠡᠪᠡ᠃ ᠨᠠᠷᠢᠨ ᠪᠤᠳᠤᠯᠢᠶᠠᠨᠲᠠᠶ ᠭᠠᠵᠠᠷ᠎ᠤᠨ ᠪᠠᠶ᠋ᠢᠴᠠ᠎ᠶᠢᠨ ᠡᠮᠦᠨ᠎ᠡ᠂ ᠥᠪᠥᠷ ᠮᠣᠩᠭᠣᠯ᠎ᠤᠨ ᠡᠨᠧᠷᠭᠢ᠎ᠶᠢᠨ ᠪᠥᠲᠥᠭᠡᠨ ᠪᠠᠶ᠋ᠢᠭᠤᠯᠤᠯᠲᠠ᠎ᠶᠢᠨ ᠪᠡᠯᠡ ᠤᠷᠤᠭᠤᠯᠤᠯᠳᠠ ᠵᠢᠨ ᠬᠤᠪᠢᠴᠠᠭᠠᠳᠤ ᠬᠢᠵᠠᠭᠠᠷᠳᠤ ᠺᠤᠮᠫᠠᠨᠢ ᠵᠢᠨ ᠪᠦᠯᠬᠦᠮ᠎ᠤᠨ ᠬᠢᠨ᠎ᠨᠢ 《ᠶᠡᠷᠦᠩᠬᠡᠶ ᠳᠠᠭᠠᠭᠠᠴᠢᠯᠠᠯᠲᠠ ᠪᠡᠷ ᠴᠠᠯᠢᠩ᠎ᠢ ᠣᠷᠣᠯᠠᠨ ᠥᠭᠬᠦ》 ᠵᠠᠭᠪᠤᠷ ᠤᠨ ᠰᠢᠨ᠎ᠡ᠎ᠶᠢ ᠡᠭᠦᠳᠦᠨ ᠬᠡᠷᠡᠭᠵᠢᠭᠦᠯᠵᠦ᠍᠂ ᠣᠯᠠᠨ ᠰᠠᠯᠠᠭ᠎ᠠ ᠮᠥᠴᠢᠷ᠎ᠲᠡᠶ ᠬᠣᠯᠪᠣᠭᠠᠯᠠᠨ ᠲᠤᠬᠠᠶ᠎ᠶᠢᠨ ᠲᠠᠯᠠᠪᠠᠶ᠎ᠳᠤ ᠰᠠᠭᠤᠵᠤ ᠠᠵᠢᠯᠯᠠᠪᠠ᠃ ᠤᠷᠬᠢᠯ᠎ᠤᠨ ᠬᠤᠭᠤᠴᠠᠭᠠᠨ᠎ᠳᠤ 5000 ᠭᠠᠷᠤᠢ ᠬᠥᠮᠦᠨ ᠵᠡᠷᠭᠡ᠎ᠪᠡᠷ ᠠᠵᠢᠯᠯᠠᠵᠦ ᠪᠠᠢᠪᠠ᠃ ᠲᠦᠷᠦᠬᠦᠦ ᠨᠢᠬᠡ ᠪᠠᠭᠠᠨ᠎ᠠ᠎ᠶᠢ ᠪᠤᠰᠬᠠᠭᠰᠠᠨ᠎ᠡᠴᠡ ᠠᠪᠤᠭᠠᠳ ᠳᠠᠷᠤᠯᠲᠠ ᠳᠡᠭᠡᠭᠰᠢᠯᠡᠭᠦᠯᠬᠦ᠌ ᠥᠷᠲᠡᠭᠡ ᠬᠦᠷᠲᠡᠯ᠎ᠡ ᠨᠢᠭᠡ ᠯᠡ ᠤᠳᠠᠭ᠎ᠠ᠎ᠪᠠᠷ ᠴᠠᠬᠢᠯᠭᠠᠨ᠎ᠢ ᠪᠤᠴᠠᠭᠠᠨ ᠬᠦᠷᠭᠡᠵᠦ᠍᠂ ᠬᠡᠳᠦᠬᠡᠨ ᠰᠠᠷ᠎ᠠ᠎ᠶᠢᠨ ᠳᠣᠲᠣᠷ᠎ᠠ ᠪᠥᠬᠥ᠌ ᠪᠠᠭᠲᠠᠭᠠᠮᠵᠢ᠎ᠪᠠᠷ ᠨᠢ ᠲᠤᠤᠷᠲᠤ᠌ ᠨᠡᠶ᠋ᠢᠯᠡᠭᠦᠯᠦᠨ ᠴᠠᠬᠢᠯᠭᠠᠨ ᠭᠠᠷᠭᠠᠵᠤ᠂ 《ᠡᠯᠡᠰᠦ ᠭᠤᠪᠢ ᠴᠦᠯᠯᠡᠷᠬᠡᠭ ᠭᠠᠵᠠᠷ》 ᠤ᠋ᠨ ᠰᠢᠨ᠎ᠡ ᠡᠨᠧᠷᠭᠢ᠎ᠶᠢᠨ ᠲᠥᠷᠥᠯ ᠵᠦᠢᠯ᠎ᠦᠨ ᠪᠥᠲᠥᠭᠡᠨ ᠪᠠᠶ᠋ᠢᠭᠤᠯᠤᠯᠲᠠ᠎ᠶᠢᠨ 《ᠠᠯᠠᠱᠠ᠎ᠶᠢᠨ ᠬᠤᠷᠳᠤᠴᠠ》 ᠵᠢ ᠡᠬᠦᠳᠦᠭᠰᠡᠨ ᠪᠠᠶ᠋ᠢᠨ᠎ᠠ᠃
ᠡᠳᠦᠭᠡ᠂ ᠰᠣᠯᠪᠢᠴᠠᠭᠤᠯᠤᠨ ᠵᠢᠭᠰᠠᠭᠠᠭᠰᠠᠨ ᠬᠡᠷᠡᠯᠴᠢ ᠴᠡᠨᠡᠭ᠎ᠤᠨ ᠬᠠᠪᠲᠠᠰᠤ ᠨᠢ ᠡᠯᠡᠰᠦᠨ ᠳᠣᠪᠣᠴᠠᠭ᠎ᠢ ᠳᠠᠭᠠᠵᠤ ᠳᠠᠪᠬᠤᠷ ᠳᠠᠪᠬᠤᠷ ᠦᠷᠬᠦᠯᠵᠢᠯᠡᠵᠦ᠍᠂ ᠶᠠᠭ ᠯᠠ ᠬᠥᠬᠡ ᠥᠩᠭᠡᠲᠡᠶ ᠲᠡᠯᠡᠶ ᠲᠠᠩᠭᠢᠰ ᠰᠢᠭ᠋ ᠬᠠᠷᠠᠬᠳᠠᠨ᠎ᠠ᠃ ᠲᠣᠭᠣᠷᠢᠨ ᠪᠠᠶ᠋ᠢᠴᠠᠭᠠᠬᠤ ᠲᠡᠷᠭᠡ ᠬᠣᠭᠣᠷᠣᠨᠳᠣ ᠨᠢ ᠰᠦᠯᠵᠢᠯᠳᠦᠵᠦ᠍᠂ ᠠᠵᠢᠯᠯᠠᠭᠤᠯᠵᠤ ᠬᠠᠮᠠᠭᠠᠯᠠᠬᠤ ᠬᠥᠮᠦᠰ ᠭᠡᠷᠡᠯᠴᠢ ᠴᠡᠨᠡᠭ᠎ᠦᠨ ᠵᠢᠭᠰᠠᠯ ᠤ᠋ᠨ ᠲᠤᠮᠳᠠᠬᠢ ᠠᠯᠬᠤᠬᠤ ᠵᠠᠮ᠎ᠢᠶᠠᠷ ᠲᠥᠬᠥᠭᠡᠷᠦᠮᠵᠢ᠎ᠶᠢᠨ ᠪᠣᠯᠵᠣᠯᠲᠤ᠌ ᠲᠣᠭ᠎ᠠ᠎ᠶᠢ ᠲᠣᠬᠢᠷᠠᠭᠤᠯᠤᠨ᠎ᠠ᠃ ᠬᠠᠪᠲᠠᠰᠤᠨ ᠬᠣᠭᠣᠷᠣᠨᠳᠤᠬᠢ ᠲᠡᠷᠢ ᠲᠡᠭᠰᠢ ᠡᠪᠡᠰᠦᠨ ᠳᠥᠷᠪᠡᠯᠵᠢᠭᠡᠰᠦ ᠨᠢ ᠨᠢᠭᠡᠨᠲᠡ ᠬᠡᠷᠡᠯᠴᠢ ᠴᠡᠨᠡᠭ᠎ᠦᠨ ᠵᠢᠭᠰᠠᠯ ᠳᠤᠤᠷ᠎ᠠ ᠳᠡᠯᠭᠡᠭᠳᠡᠵᠦ᠍᠂ ᠨᠡᠭᠦᠳᠡᠯ ᠡᠯᠡᠰᠦᠷᠭᠡᠭ ᠭᠠᠵᠠᠷ᠎ᠢ ᠪᠠᠲᠤ᠌ ᠲᠤᠭᠳᠠᠭᠠᠪᠠ᠃
ᠣᠶ᠋ᠢᠯᠠᠭᠠᠭᠰᠠᠨ᠎ᠢᠶᠠᠷ᠂ ᠲᠣᠰ ᠲᠥᠷᠥᠯ ᠵᠦᠢᠯ ᠠᠰᠢᠭᠯᠠᠯᠲᠠ᠎ᠳᠤ ᠤᠷᠤᠭᠰᠠᠨ᠎ᠤ ᠳᠠᠷᠠᠭ᠎ᠠ᠂ ᠵᠢᠯ ᠳᠤᠮᠳᠠᠴᠢ᠎ᠶᠢᠨ ᠴᠠᠬᠢᠯᠭᠠᠨ ᠭᠠᠷᠭᠠᠬᠤ ᠬᠡᠮᠵᠢᠶ᠎ᠡ ᠨᠢ 16.7 ᠳ᠋ᠦᠩᠰᠢᠭᠤᠷ ᠺᠢᠯᠦᠸᠠᠲ ᠴᠠᠭ᠎ᠲᠤ᠌ ᠬᠦᠷᠴᠦ᠍᠂ ᠵᠢᠯ ᠪᠦᠷᠢ ᠪᠠᠷᠢᠮᠵᠢᠶᠠᠲᠤ᠌ ᠨᠡᠭᠦᠷᠡᠰᠦ᠎ᠶᠢ ᠪᠠᠷᠤᠭ 60 ᠲᠦᠮᠡᠨ ᠲᠣᠨ ᠠᠷᠪᠢᠯᠠᠵᠤ᠂ ᠨᠡᠭᠦᠷᠡᠰᠦᠲᠥ᠋ᠷᠥᠭᠴᠢ᠎ᠶᠢᠨ ᠳᠠᠪᠬᠤᠷ ᠢᠰᠦᠯ᠎ᠢ ᠪᠠᠷᠤᠭ 182 ᠲᠦᠮᠡᠨ ᠲᠣᠨ ᠪᠠᠭᠠᠰᠬᠠᠵᠤ᠂ ᠪᠤᠬᠢᠷᠳᠤᠯ ᠦᠭᠡᠢ ᠴᠠᠬᠢᠯᠭᠠᠨ᠎ᠢ ᠥᠪᠥᠷ ᠮᠣᠩᠭᠣᠯ᠎ᠤᠨ ᠪᠠᠷᠠᠭᠤᠨ ᠪᠡᠶ᠎ᠡ ᠵᠢᠨ ᠴᠠᠬᠢᠯᠭᠠᠨ ᠲᠤᠤᠷ᠎ᠢᠶᠠᠷ ᠳᠠᠮᠵᠢᠭᠤᠯᠤᠨ ᠡᠷᠬᠢᠨ ᠲᠣᠭᠣᠷᠢᠨ᠎ᠤ ᠨᠠᠷᠢᠯᠢᠭ ᠬᠢᠮᠢ᠎ᠶᠢᠨ ᠠᠵᠤ ᠦᠢᠯᠡᠳᠪᠦᠷᠢ᠂ ᠪᠠᠯ ᠴᠢᠯᠠᠭᠤᠨ ᠮᠠᠲ᠋ᠧᠷᠢᠶᠠᠯ ᠵᠡᠷᠭᠡ ᠰᠢᠨ᠎ᠡ᠎ᠪᠡᠷ ᠬᠥᠭᠵᠢᠭᠰᠡᠨ ᠠᠵᠤ ᠦᠢᠯᠡᠰ᠎ᠦᠨ ᠬᠦᠷᠢᠶᠡᠯᠡᠩ ᠲᠣᠭᠣᠷᠢᠭ᠎ᠲᠤ᠌ ᠬᠦᠷᠭᠡᠨ᠎ᠡ᠃
ᠠᠯᠠᠱᠠ ᠵᠢᠨ ᠳᠡᠭᠡᠳᠦ ᠰᠢᠨ᠎ᠡ ᠮᠡᠷᠭᠡᠵᠢᠯ᠎ᠦᠨ ᠲᠣᠭᠣᠷᠢᠭ᠎ᠤᠨ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠠᠯᠪᠠᠨ ᠬᠡᠷ᠎ᠦᠨ ᠠᠵᠢᠯᠲᠠᠨ ᠯᠢᠦ ᠵᠢᠶᠠᠨ ᠲᠥᠷᠥᠯ ᠵᠦᠢᠯ᠎ᠦᠨ ᠲᠤᠬᠠᠶ᠎ᠶᠢᠨ ᠲᠠᠯᠠᠪᠠᠶ᠎ᠶᠢ ᠰᠠᠬᠢᠵᠤ᠂ ᠬᠢᠨᠠᠯᠲᠠ ᠲᠠᠯᠪᠢᠵᠤ ᠪᠠᠶ᠋ᠢᠴᠠᠭᠠᠬᠤ ᠪᠠ ᠡᠯ᠎ᠡ ᠲᠠᠯ᠎ᠠ᠎ᠶᠢᠨ ᠵᠣᠬᠢᠴᠠᠭᠤᠯᠬᠤ ᠠᠵᠢᠯ᠎ᠢ ᠬᠠᠷᠢᠭᠤᠴᠠᠵᠤ᠂ ᠲᠥᠷᠥᠯ ᠵᠦᠢᠯ᠎ᠦᠨ ᠪᠥᠲᠥᠭᠡᠨ ᠪᠠᠶ᠋ᠢᠭᠤᠯᠤᠯᠲᠠ᠎ᠶᠢᠨ ᠪᠥᠬᠥ᠌ ᠶᠠᠪᠤᠴᠠ᠎ᠶᠢ ᠨᠢᠳᠦ᠎ᠪᠡᠷ᠎ᠢᠶᠡᠨ ᠬᠠᠷᠠᠭᠰᠠᠨ ᠪᠥᠭᠡᠳ ᠡᠨᠳᠡᠬᠢ ᠡᠯᠡᠰᠦ ᠵᠢ ᠵᠠᠰᠠᠭᠰᠠᠨ ᠦᠢᠯᠡᠳᠦᠯᠭᠡ᠎ᠶᠢ ᠭᠡᠷᠡᠴᠢᠯᠡᠪᠡ᠃ 《ᠡᠨᠡ ᠬᠦ᠌ ᠵᠠᠰᠠᠯᠲᠠ᠎ᠶᠢᠨ ᠦᠷ᠎ᠡ ᠪᠦᠲᠦᠮᠵᠢ ᠨᠢ ᠬᠥᠮᠦᠰ᠎ᠢ ᠰᠣᠴᠢᠭᠠᠪᠠ᠃ ᠡᠨᠡ ᠵᠢᠯ᠎ᠦᠨ 10 ᠰᠠᠷ᠎ᠠ᠎ᠶᠢᠨ ᠰᠡᠭᠦᠯᠴᠢ ᠪᠣᠯᠬᠤ᠎ᠳᠤ᠂ ᠬᠠᠪᠲᠠᠰᠤᠨ ᠳᠤᠤᠷᠠᠬᠢ ᠡᠪᠡᠰᠦᠨ ᠳᠥᠷᠪᠡᠯᠵᠢᠭᠡᠰᠦ ᠳ᠋ᠤ ᠵᠠᠭ ᠪᠠ ᠲᠡᠷᠪᠡᠯᠵᠢ ᠳᠠᠷᠢᠵᠤ ᠪᠣᠯᠤᠨ᠎ᠠ᠂ ᠰᠡᠭᠦᠯᠴᠢ᠎ᠶᠢᠨ ᠬᠤᠭᠤᠴᠠᠭᠠᠨ᠎ᠳᠤ ᠬᠡᠷᠬᠢᠨ ᠠᠷᠠᠴᠢᠯᠠᠵᠤ ᠬᠠᠮᠠᠭᠠᠯᠠᠬᠤ᠂ ᠬᠡᠷᠬᠢᠨ ᠬᠠᠮᠢᠶᠠᠷᠴᠤ᠌ ᠬᠠᠮᠠᠭᠠᠯᠠᠬᠤ᠎ᠶᠢ ᠨᠢᠭᠡ ᠠᠯᠬᠤᠮ ᠴᠤ᠌ ᠰᠤᠯᠠᠷᠠᠭᠤᠯᠵᠤ ᠪᠣᠯᠬᠤ ᠥᠬᠡᠶ ᠰᠢᠦ》 ᠭᠡᠵᠦ᠍ ᠲᠡᠷᠡ ᠡᠪᠡᠰᠦᠨ ᠳᠥᠷᠪᠡᠯᠵᠢᠭᠡᠰᠦ ᠵᠢ ᠵᠢᠭᠠᠭᠠᠳ ᠰᠤᠷᠪᠤᠯᠵᠢᠯᠠᠭᠴᠢ᠎ᠳᠤ ᠬᠡᠯᠡᠪᠡ᠃
ᠰᠤᠷᠪᠤᠯᠵᠢᠯᠠᠭᠴᠢ ᠠᠯᠠᠱᠠ ᠠᠶ᠋ᠢᠮᠠᠭ᠎ᠤᠨ ᠣᠶ ᠰᠢᠭᠤᠶ ᠪᠠ ᠨᠤᠲᠤᠭ ᠪᠡᠯᠴᠢᠭᠡᠷ᠎ᠦᠨ ᠲᠣᠪᠴᠢᠶ᠎ᠠ᠎ᠡᠴᠡ ᠣᠶ᠋ᠢᠯᠠᠭᠠᠭᠰᠠᠨ᠎ᠢᠶᠠᠷ᠂ ᠣᠶ᠋ᠢᠷ᠎ᠠ᠎ᠶᠢᠨ ᠵᠢᠯ᠎ᠳᠦ᠂ ᠠᠯᠠᠱᠠ ᠠᠶ᠋ᠢᠮᠠᠭ ᠰᠢᠰᠲ᠋ᠧᠮ᠎ᠲᠡᠶ ᠵᠠᠰᠠᠬᠤ᠂ ᠰᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠢᠶᠡᠷ ᠬᠦᠴᠦᠨ ᠣᠯᠭᠣᠬᠤ᠂ ᠬᠦᠳᠡᠯᠮᠦᠷᠢᠯᠡᠬᠦ᠎ᠪᠠᠷ ᠲᠡᠳᠬᠦᠮᠵᠢ᠎ᠶ᠋ᠢ ᠣᠷᠣᠯᠠᠭᠤᠯᠬᠤ ᠵᠡᠷᠭᠡ ᠣᠯᠠᠨ ᠵᠦᠢᠯ᠎ᠦᠨ ᠠᠷᠭ᠎ᠠ ᠬᠡᠯᠪᠡᠷᠢ᠎ᠪᠡᠷ ᠳᠠᠮᠵᠢᠭᠤᠯᠤᠨ᠂ ᠠᠯᠠᠱᠠ᠎ᠶᠢᠨ ᠣᠨᠴᠠᠯᠢᠭ ᠪᠥᠬᠥᠶ ᠡᠯᠡᠰᠦᠷᠬᠡᠭᠵᠢᠯ᠎ᠢ ᠰᠡᠷᠭᠡᠶ᠋ᠢᠯᠡᠨ ᠡᠯᠡᠰᠦ ᠵᠢ ᠵᠠᠰᠠᠬᠤ ᠠᠷᠭ᠎ᠠ ᠵᠠᠮ᠎ᠢ ᠨᠡᠭᠡᠭᠡᠵᠦ᠍᠂ ᠭᠤᠤᠯᠳᠠᠯᠭ᠎ᠠ᠎ᠲᠠᠶ ᠣᠷᠣᠨ ᠪᠦᠰᠡ᠎ᠶᠢᠨ ᠤᠷᠭᠤᠮᠠᠯ᠎ᠤᠨ ᠬᠤᠴᠢᠯᠭ᠎ᠠ᠎ᠶᠢᠨ ᠪᠦᠷᠬᠦᠴᠡ᠎ᠶᠢ ᠲᠣᠭᠲᠠᠭᠤᠨ᠎ᠢᠶᠠᠷ ᠳᠡᠭᠡᠭᠰᠢᠯᠡᠭᠦᠯᠪᠡ᠃ 《ᠪᠢᠳᠠ ᠨᠣᠭᠣᠭᠠᠷᠠᠭᠤᠯᠤᠯᠳᠠ ᠤᠷᠤᠭᠰᠢᠯᠠᠵᠤ ᠡᠯᠡᠰᠦ ᠤᠬᠤᠷᠢᠬᠤ ᠰᠠᠢ᠌ᠨ ᠰᠠᠶ᠋ᠢᠬᠠᠨ ᠪᠠᠶ᠋ᠢᠳᠠᠯ᠎ᠢ ᠰᠠᠶ᠋ᠢᠲᠤᠷ ᠪᠡᠬᠢᠵᠢᠭᠦᠯᠵᠦ᠍᠂ ᠠᠮᠢ ᠠᠬᠤᠢ᠎ᠶᠢᠨ ᠵᠠᠰᠠᠯᠲᠠ᠎ᠶᠢᠨ ᠪᠠᠶ᠋ᠢᠯᠳᠤᠬᠤ ᠪᠤᠳᠤᠯᠭ᠎ᠠ᠎ᠶᠢᠨ ᠲᠣᠭᠲᠠᠯ ᠬᠦᠴᠦᠨ᠎ᠢ ᠪᠠᠲᠤᠯᠠᠵᠤ᠂ 〈ᠤᠮᠠᠷᠠᠲᠤ᠎ᠶᠢᠨ ᠭᠤᠷᠪᠠᠨ ᠣᠷᠣᠨ〉 ᠤ᠋ ᠢᠨᠵᠧᠨᠧᠷᠢᠩ᠎ᠦᠨ ᠪᠣᠭᠣᠮᠲᠠ ᠰᠢᠪᠲᠤᠯᠬᠤ ᠳᠠᠶ᠋ᠢᠯᠠᠯᠳᠤᠭᠠᠨ᠎ᠢ ᠭᠦᠨᠵᠡᠭᠡᠢ ᠬᠢᠵᠦ᠍᠂ ᠮᠠᠨ᠎ᠤ ᠤᠯᠤᠰ᠎ᠤᠨ ᠤᠮᠠᠷᠠᠲᠤ᠎ᠶᠢᠨ ᠴᠢᠬᠤᠯᠠ ᠠᠮᠢ ᠠᠬᠤᠢ᠎ᠶᠢᠨ ᠠᠮᠤᠷ ᠲᠦᠪᠰᠢᠨ᠎ᠦ ᠬᠠᠯᠬᠠᠪᠴᠢ᠎ᠶᠢ ᠤᠯᠠᠮ ᠪᠡᠬᠢᠵᠢᠭᠦᠯᠦᠨ᠎ᠡ》 ᠭᠡᠵᠦ᠍ ᠠᠯᠠᠱᠠ ᠠᠶ᠋ᠢᠮᠠᠭ᠎ᠤᠨ ᠣᠶ ᠰᠢᠭᠤᠶ ᠪᠠ ᠨᠤᠲᠤᠭ ᠪᠡᠯᠴᠢᠭᠡᠷ᠎ᠦᠨ ᠲᠣᠪᠴᠢᠶᠠᠨ᠎ᠤ ᠳᠡᠳ᠋ ᠳᠠᠷᠤᠭ᠎ᠠ ᠫᠠᠨ ᠵᠢᠩ ᠵᠢᠶᠦ᠋ᠨ ᠬᠡᠯᠡᠪᠡ᠃
ᠲᠠᠨᠢᠯᠴᠠᠭᠤᠯᠤᠭᠰᠠᠨ᠎ᠢᠶᠠᠷ᠂ 2025 ᠣᠨ᠎ᠳᠤ ᠪᠦᠬᠦ ᠤᠷᠳᠤ ᠨᠢ ᠪᠠᠷᠤᠭ 1856 ᠺᠢᠯᠣᠮᠧᠲ᠋ᠷ ᠪᠦᠬᠦᠢ ᠠᠯᠠᠱᠠ᠎ᠶᠢᠨ ᠭᠤᠷᠪᠠᠨ ᠶᠡᠬᠡ ᠡᠯᠡᠰᠦᠨ᠎ᠦ ᠬᠥᠪᠡᠭᠡ᠎ᠶ᠋ᠢ ᠡᠮᠵᠢᠶᠡᠷᠢᠯᠡᠨ ᠲᠤᠬᠳᠠᠭᠠᠬᠤ ᠣᠶ ᠰᠢᠭᠤᠢ ᠡᠪᠡᠰᠦᠨ᠎ᠦ ᠪᠦᠰᠡ᠎ᠶᠢ ᠪᠥᠬᠥ᠌ ᠲᠠᠯ᠎ᠠ᠎ᠪᠠᠷ 《ᠨᠡᠶ᠋ᠢᠯᠡᠭᠦᠯᠵᠦ᠍》᠂ ᠠᠯᠠᠱᠠ ᠠᠢᠮᠠᠬ ᠨᠡᠶ᠋ᠢᠲᠡ ᠨᠢᠭᠡ ᠳ᠋ᠦᠩᠰᠢᠭᠤᠷ ᠮᠥ᠍ ᠡᠯᠡᠰᠦ᠎ᠶᠢ ᠵᠠᠰᠠᠪᠠ᠃ 2026 ᠣᠨ 《ᠤᠮᠠᠷᠠᠲᠤ᠌ ᠵᠢᠨ ᠭᠤᠷᠪᠠᠨ ᠤᠷᠤᠨ》 ᠤ᠋ ᠢᠨᠵᠧᠨᠧᠷᠢᠩ᠎ᠦᠨ ᠶᠠᠰᠤ ᠴᠢᠨᠠᠷ᠎ᠤᠨ ᠣᠨ ᠪᠣᠯᠤᠭᠰᠠᠨ᠎ᠤ ᠬᠤᠪᠢ᠎ᠳᠤ᠂ ᠠᠯᠠᠱᠠ ᠠᠶ᠋ᠢᠮᠠᠭ 《ᠤᠮᠠᠷᠠᠲᠤ᠌ ᠵᠢᠨ ᠭᠤᠷᠪᠠᠨ ᠤᠷᠤᠨ》 ᠤ᠋ ᠢᠨᠵᠧᠨᠧᠷᠢᠩ᠎ᠦᠨ ᠵᠢᠷᠭᠤᠳᠤᠭᠠᠷ ᠬᠤᠭᠤᠴᠠᠭᠠᠨ᠎ᠤ ᠵᠠᠰᠠᠯᠲᠠ᠎ᠶᠢᠨ ᠡᠭᠦᠷᠭᠡ᠎ᠶᠢ 269.94 ᠲᠦᠮᠡᠨ ᠮᠥ᠍ ᠪᠡᠶᠡᠯᠡᠭᠦᠯᠬᠦ᠌᠎ᠪᠡᠷ ᠲᠥᠯᠥᠪᠯᠡᠵᠦ᠍᠂ ᠣᠲᠣᠬᠠᠨ ᠪᠣᠯᠲᠠᠯ᠎ᠠ ᠨᠢᠭᠡᠨᠲᠡ 116.8 ᠲᠦᠮᠡᠨ ᠮᠥ᠍ ᠪᠥᠲᠥᠭᠡᠨ ᠪᠠᠶ᠋ᠢᠭᠤᠯᠤᠯᠲᠠ᠎ᠶᠢᠨ ᠡᠭᠦᠷᠭᠡ᠎ᠶᠢ ᠪᠡᠶᠡᠯᠡᠭᠦᠯᠪᠡ᠂ ᠣᠳᠣᠬᠠᠨ᠎ᠳᠤ ᠲᠣᠰ ᠢᠨᠵᠧᠨᠧᠷᠢᠩ ᠶᠠᠭ ᠢᠲᠠ ᠬᠥᠭ᠎ᠲᠡᠶ ᠶᠠᠪᠤᠭᠳᠠᠵᠤ ᠪᠠᠶ᠋ᠢᠨ᠎ᠠ᠃
ᠯᠢᠦ ᠵᠶ᠋ᠢ ᠭᠤᠸᠠᠩ᠎ᠤᠨ ᠬᠦᠷᠵᠡ᠎ᠪᠡᠷ ᠳᠠᠷᠤᠭᠰᠠᠨ ᠡᠪᠡᠰᠦᠨ ᠳᠥᠷᠪᠡᠯᠵᠢᠭᠡᠰᠦ ᠡᠴᠡ ᠯᠢ ᠫᠸᠩ ᠹᠸᠢ ᠵᠢᠨ ᠵᠢᠯᠤᠭᠤᠳᠤᠭᠰᠠᠨ ᠡᠯᠡᠰᠦᠨ ᠬᠠᠯᠬᠠᠪᠴᠢ᠎ᠶᠢᠨ ᠤᠶᠤᠨᠲᠤ᠌ ᠮᠠᠰᠢᠨ ᠬᠦᠷᠲᠡᠯ᠎ᠡ᠂ ᠲᠠᠬᠢᠭᠠᠳ ᠥᠪᠥᠷ ᠮᠣᠩᠭᠣᠯ᠎ᠤᠨ ᠡᠨᠧᠷᠭᠢ᠎ᠶᠢᠨ ᠪᠦᠯᠦᠭᠯᠡᠯ᠎ᠤᠨ ᠬᠠᠨ ᠬᠠᠢ ᠡᠨᠧᠷᠭᠢ᠎ᠶᠢᠨ ᠬᠢᠵᠠᠭᠠᠷᠲᠤ᠌ ᠺᠣᠮᠫᠠᠨᠢ᠎ᠶᠢᠨ ᠳᠡᠪᠢᠰᠦᠭᠰᠡᠨ ᠭᠡᠷᠡᠯᠴᠢ ᠴᠡᠨᠡᠭ᠎ᠦᠨ ᠬᠠᠪᠳᠠᠰᠤ ᠵᠢᠨ ᠬᠦᠭᠡ ᠲᠠᠯᠠᠢ ᠬᠦᠷᠲᠡᠯ᠎ᠡ᠂ ᠠᠯᠠᠱᠠ᠎ᠶᠢᠨ ᠬᠥᠮᠦᠰ ᠶᠠᠭ ᠪᠤᠤᠬᠢᠶ᠎ᠠ ᠵᠠᠯᠭᠠᠨ ᠤᠳᠠᠭᠠᠨ ᠳᠠᠭᠠᠭᠠᠮᠠᠭᠠᠢ ᠵᠢᠳᠬᠦᠵᠦ᠍᠂ ᠬᠥᠮᠦᠨ ᠡᠯᠡᠰᠦ ᠡᠶ᠎ᠡ ᠵᠣᠬᠢᠴᠠᠩᠭᠤᠢ᠂ ᠪᠣᠬᠢᠷᠲᠤᠯ ᠦᠭᠡᠢ ᠬᠥᠭᠵᠢᠯᠲᠡ᠎ᠶᠢᠨ ᠵᠠᠮ᠎ᠢᠶᠠᠷ ᠡᠷᠡᠮᠡᠭᠡᠢᠯᠡᠨ ᠤᠷᠤᠭᠰᠢᠯᠠᠵᠤ ᠪᠠᠶ᠋ᠢᠨ᠎ᠠ᠃