ᠤᠢ ᠵᠢᠨ ᠬᠤᠷᠮᠤᠢ 《ᠠᠯᠳᠠᠨ ᠬᠦᠮᠦᠷᠭᠡ》 ᠪᠤᠯᠪᠠ
2026-06-20 11:32:28
ᠵᠣᠬᠢᠶᠠᠭ᠍ᠴᠢ᠄
​ ᠸᠠᠡᠭ ᠲᠠᠨ᠎ᠠ
ᠣᠩᠱᠢᠭ᠍ᠰᠠᠨ ᠣᠳᠠᠭ᠎ᠠ᠄
★★★☆☆

ᠣᠳᠣ ᠪᠤᠯ ᠶᠠᠭ ᠣᠶ ᠵᠢᠨ ᠬᠤᠷᠮᠤᠢ᠎ᠳᠤ ᠮᠥᠭᠦ ᠤᠷᠭᠤᠭᠤᠯᠤᠨ ᠡᠮ ᠳᠠᠷᠢᠬᠤ ᠵᠠᠩᠬᠢᠯᠠᠭ᠎ᠠ ᠵᠢᠨ ᠴᠠᠭ ᠪᠤᠯᠤᠨ᠎ᠠ᠃ ᠤᠯᠠᠭᠠᠨᠬᠠᠳᠠ ᠬᠤᠲᠠ ᠵᠢᠨ ᠬᠠᠷᠠᠴᠢᠨ ᠬᠤᠰᠢᠭᠤᠨ ᠤ᠋ ᠣᠶ᠎ᠶ᠋ᠢᠨ ᠬᠤᠷᠮᠤᠢ ᠳ᠋ᠡᠬᠢ ᠠᠵᠤ ᠠᠬᠤᠶ᠎ᠶ᠋ᠢ ᠬᠦᠭᠵᠢᠬᠦᠯᠬᠦ ᠭᠤᠤᠯᠳᠠᠯᠭ᠎ᠠ᠎ᠲᠠᠢ ᠣᠷᠣᠨ ᠪᠦᠰᠡ ᠪᠣᠯᠤᠭ᠍ᠰᠠᠨ ᠮᠡᠢᠷᠡᠨ ᠪᠠᠯᠭᠠᠰᠤ ᠳᠤᠯᠠᠭᠠᠨ ᠴᠢᠬᠢᠭᠯᠢᠭ ᠴᠠᠭ ᠠᠭᠤᠷ᠂ ᠬᠥᠷᠥᠰᠥ᠍ ᠱᠢᠷᠣᠶ ᠲᠣᠬᠢᠷᠠᠮᠵᠢᠲᠠᠶ ᠪᠠᠢᠬᠤ ᠴᠠᠭ᠎ᠢ ᠠᠮᠵᠢᠨ᠂ ᠤᠯᠠᠭᠠᠨ ᠨᠠᠷᠠᠰᠤᠨ ᠮᠦᠬᠦ᠂ ᠪᠢᠯᠢᠭᠳᠦ ᠲᠡᠯᠳᠡᠦ ᠵᠡᠷᠭᠡ ᠤᠨᠴᠠᠯᠢᠬ᠍ᠳᠤ ᠤᠢ᠎ᠶ᠋ᠢᠨ ᠮᠦᠬᠦ ᠤᠢ ᠵᠢᠨ ᠡᠮ᠎ᠢ ᠪᠠᠷᠢᠮᠵᠢᠶᠠᠵᠢᠭᠤᠯᠤᠨ ᠲᠠᠷᠢᠬᠤ ᠠᠵᠢᠯ᠎ᠢ ᠯᠠᠪᠳᠠᠭᠤᠨ᠎ᠢᠶᠠᠷ ᠠᠬᠢᠭᠤᠯᠵᠤ ᠪᠤᠢ᠃

ᠪᠠᠭ᠎ᠠ ᠮᠠᠢᠷᠠᠨ ᠲᠣᠰᠭᠤᠨ᠎ᠤ ᠤᠯᠠᠭᠠᠨ ᠨᠠᠷᠠᠰᠤᠨ ᠮᠦᠬᠦ᠌ ᠲᠠᠷᠢᠬᠤ ᠰᠠᠭᠤᠷᠢᠨ᠎ᠳᠤ ᠠᠵᠢᠯᠴᠢᠳ ᠮᠠᠲ᠋ᠧᠷᠢᠶᠠᠯ ᠪᠠᠭᠤᠯᠭᠠᠬᠤ᠂ ᠰᠠᠭᠤᠷᠢ ᠮᠠᠲ᠋ᠧᠷᠢᠶᠠᠯ ᠢ᠋ ᠲᠡᠪᠢᠰᠬᠦ᠂ ᠮᠥᠭᠦ᠎ᠶ᠋ᠢᠨ ᠪᠠᠭᠠᠨᠠᠨᠴᠢᠷ ᠲᠡᠭᠡᠭᠡᠬᠦ ᠵᠡᠷᠭᠡ ᠠᠵᠢᠯ ᠢ᠋ ᠭᠦᠢᠴᠡᠳᠭᠡᠵᠦ᠂ ᠲᠠᠷᠢᠬᠤ ᠮᠡᠷᠭᠡᠵᠢᠯ᠎ᠤᠨ ᠵᠢᠷᠤᠮᠵᠢᠯ ᠶᠣᠰᠣᠭᠠᠷ ᠭᠤᠭ᠍ᠴᠤᠭ᠎ᠠ ᠪᠦᠷᠢ ᠵᠢ ᠨᠠᠷᠢᠨ ᠨᠢᠮᠪᠠᠢ ᠪᠡᠶᠡᠯᠡᠬᠦᠯᠵᠤ ᠪᠠᠢᠯ᠎ᠠ᠃

ᠲᠤᠰ ᠰᠠᠭᠤᠷᠢᠨ ᠡᠷᠬᠢᠨ ᠲᠣᠭᠤᠷᠢᠨ᠎ᠤ 20 ᠭᠠᠷᠤᠶ ᠲᠣᠰᠭᠤᠨ᠎ᠤ ᠠᠷᠠᠳ ᠲᠤ᠌ ᠠᠵᠢᠯ ᠬᠠᠩᠭᠠᠵᠤ᠂ ᠲᠡᠳᠡᠨᠤᠰ ᠤ᠋ᠨ ᠭᠡᠷ᠎ᠤᠨ ᠵᠢᠡᠨ ᠤᠢᠷᠠᠯᠴᠠᠭ᠎ᠠ ᠠᠵᠢᠯ ᠬᠢᠵᠦ ᠤᠷᠤᠯᠭ᠎ᠠ ᠪᠠᠨ ᠨᠡᠮᠡᠭᠳᠡᠬᠦᠯᠬᠦ ᠵᠢ ᠲᠡᠮᠵᠢᠭᠰᠡᠭᠡᠷ ᠢᠷᠡᠵᠡᠢ᠃ ᠡᠨᠳᠡ ᠲᠠᠷᠢᠮᠠᠯ ᠤ᠋ᠨ ᠦᠢᠯᠡᠰ ᠡᠷᠬᠢᠯᠡᠵᠦ ᠪᠠᠢᠭ᠎ᠠ ᠸᠠᠩ ᠪᠦᠦ ᠴᠦᠨ ᠤᠯᠠᠭᠠᠨ ᠨᠠᠷᠠᠰᠤᠨ ᠮᠦᠬᠦ᠌ ᠳᠠᠷᠢᠭᠠᠳ ᠲᠠᠪᠤᠳᠡᠬᠢ ᠵᠢᠯ ᠵᠢᠡᠨ ᠤᠭᠲᠤᠵᠤ ᠪᠠᠢᠨ᠎ᠠ᠂ ᠠᠩᠬ᠎ᠠ ᠡᠬᠢᠯᠡᠬᠦ ᠳ᠋ᠡᠭᠡᠨ ᠲᠤᠷᠱᠢᠯᠭ᠎ᠠ ᠥᠬᠡᠶ ᠪᠠᠢᠵᠤ᠂ ᠪᠠᠯᠭᠠᠰᠤᠨ᠎ᠤ ᠮᠡᠷᠭᠡᠵᠢᠯᠲᠡᠨ ᠲᠡᠬᠦᠨ ᠳ᠋ᠤ ᠮᠠᠲ᠋ᠧᠷᠢᠶᠠᠯ ᠬᠤᠯᠢᠬᠤ᠂ ᠢᠰᠭᠡᠬᠦ᠂ ᠮᠦᠬᠦ ᠵᠢ ᠲᠠᠪᠬᠤᠷᠭ᠎ᠠ ᠬᠤᠪᠢᠶᠠᠨ ᠦᠷᠦᠬᠦ ᠵᠡᠷᠭᠡ ᠡᠯ᠎ᠡ ᠭᠤᠭ᠍ᠴᠤᠭᠠᠨ ᠤ᠋ ᠮᠡᠷᠭᠡᠵᠢᠯ ᠢ᠋ ᠨᠠᠷᠢᠯᠢᠭ ᠵᠢᠭᠠᠨ ᠦᠭᠴᠡᠢ᠃ ᠮᠡᠷᠭᠡᠵᠢᠯ ᠢ᠋ ᠡᠵᠡᠮᠰᠢᠭᠰᠡᠨ ᠲᠡᠷᠡ ᠨᠤᠲᠤᠭ᠎ᠤᠨ ᠵᠢᠡᠨ ᠪᠤᠰᠤᠳ ᠠᠬ᠎ᠠ ᠳᠡᠭᠦᠦ ᠨᠠᠷ᠎ᠲᠡᠭᠡᠨ ᠵᠢᠭᠠᠵᠤ ᠥᠭ᠌ᠭᠦᠭᠡᠳ᠂ ᠤᠳᠤ ᠨᠢᠭᠡᠨᠳᠡ ᠮᠦᠬᠦ ᠲᠠᠷᠢᠬᠤ 《ᠬᠠᠰᠢᠷ ᠭᠠᠷ》ᠪᠤᠯᠪᠠ᠃ ᠳᠤᠷᠠᠳᠤᠭᠤᠱᠢᠲᠠᠶ᠎ᠨᠢ᠂ ᠡᠨᠡ ᠵᠢᠯ ᠲᠡᠷᠡ ᠪᠠᠰᠠ ᠲᠠᠷᠢᠮᠠᠯ᠎ᠤᠨ ᠦᠢᠯᠡᠰ᠎ᠢ ᠲᠡᠳᠬᠦᠨ ᠳᠡᠮᠵᠢᠬᠦ᠌ ᠲᠥᠷᠥ᠎ᠶ᠋ᠢᠨ ᠪᠣᠳᠣᠯᠭ᠎ᠠ ᠵᠢᠨ ᠠᠰᠢᠬ᠎ᠢ ᠬᠦᠷᠲᠡᠪᠡ᠃

ᠸᠠᠩ ᠪᠤᠤ ᠴᠦᠨ᠄ 《ᠡᠨᠡ ᠵᠢᠯ ᠪᠢ ᠤᠯᠠᠭᠠᠨ ᠨᠠᠷᠠᠰᠤᠨ ᠮᠦᠬᠦ᠌ ᠳᠠᠷᠢᠵᠤ᠂ ᠮᠦ᠍ ᠪᠦᠷᠢ ᠳ᠋ᠦ 2000 ᠲᠥᠭᠦᠷᠢᠭ᠎ᠤᠨ ᠲᠦᠷᠦ᠍᠎ᠶ᠋ᠢᠨ ᠪᠤᠳᠤᠯᠭ᠎ᠠ᠎ᠶ᠋ᠢᠨ ᠨᠥᠬᠦᠪᠥᠷᠢ ᠬᠦᠷᠲᠡᠵᠡᠢ᠂ ᠡᠨᠡ ᠨᠢ ᠡᠮᠦᠨᠡᠬᠢ ᠬᠤᠭᠤᠴᠠᠭᠠᠨ᠎ᠤ ᠲᠠᠷᠢᠮᠠᠯ᠎ᠤᠨ ᠥᠪᠡᠷ᠎ᠤᠨ ᠦᠷᠳᠡᠭ᠎ᠢ ᠪᠠᠭᠤᠷᠠᠭᠤᠯᠵᠤ᠂ ᠢᠲᠡᠭᠡᠯ ᠵᠤᠷᠢᠬ᠎ᠢ ᠡᠷᠴᠢᠯᠡᠯ᠎ᠡ᠃ ᠤᠳᠤ ᠨᠢᠭᠡ ᠮᠦ᠍ ᠭᠠᠵᠠᠷ᠎ᠤᠨ ᠦᠢᠯᠡᠳᠪᠦᠷᠢᠯᠡᠯ ᠤ᠋ᠨ ᠶᠡᠷᠦᠩᠬᠡᠢ ᠦᠷᠳᠡᠭ 4 ᠲᠦᠮᠡᠨ ᠲᠥᠭᠦᠷᠢᠭ᠎ᠲᠤ ᠬᠦᠷᠴᠦ᠍᠂ ᠪᠣᠷᠣᠯᠠᠭᠤᠯᠭ᠎ᠠ᠎ᠶ᠋ᠢᠨ ᠵᠠᠮ ᠲᠣᠭ᠍ᠲᠠᠭᠤᠨ᠂ ᠠᠯᠤᠰ ᠢᠷᠡᠭᠡᠳᠦᠢ ᠰᠠᠢᠨ ᠪᠠᠢᠨ᠎ᠠ》 ᠭᠡᠵᠦ᠍ ᠰᠤᠷᠪᠤᠯᠵᠢᠯᠠᠭᠴᠢ᠎ᠳᠤ ᠰᠡᠳᠭᠢᠯ ᠳᠣᠭ᠍ᠳᠣᠯᠤᠨ ᠬᠡᠯᠡᠪᠡ᠃

ᠲᠠᠷᠢᠮᠠᠯ᠎ᠤᠨ ᠦᠢᠯᠡᠰ ᠡᠷᠬᠢᠯᠡᠵᠦ ᠪᠠᠢᠭ᠎ᠠ ᠰᠦᠩ ᠵᠠᠨ ᠹᠧᠩ ᠲᠤᠬᠠᠶ᠎ᠶ᠋ᠢᠨ ᠭᠠᠵᠠᠷ᠎ᠤᠨ ᠦᠪᠡᠷᠮᠢᠴᠡ ᠣᠢᠲᠤ ᠭᠠᠵᠠᠷ᠎ᠤᠨ ᠡᠬᠢ ᠪᠠᠶᠠᠯᠢᠭ᠎ᠲᠠᠭᠠᠨ ᠲᠦᠱᠢᠭ᠌ᠯᠡᠨ᠂ ᠲᠠᠷᠢᠮᠠᠯ᠎ᠤᠨ ᠪᠦᠲᠦᠴᠡ᠎ᠶ᠋ᠢ ᠱᠢᠨᠵᠢᠯᠡᠬᠦ᠌ ᠤᠬᠠᠭᠠᠨᠴᠢ ᠪᠠᠷ ᠱᠢᠯᠢᠳᠡᠭ᠌ᠵᠢᠭᠦᠯᠵᠦ᠍᠂ 100 ᠮᠦ᠍ ᠤᠯᠠᠭᠠᠨ ᠨᠠᠷᠠᠰᠤᠨ ᠮᠦᠬᠦ᠌ ᠲᠠᠷᠢᠭ᠍ᠰᠠᠨ ᠰᠠᠭᠤᠷᠢᠨ ᠳᠡᠭᠡᠷ᠎ᠡ ᠪᠤᠯᠳᠤᠷᠤᠤ ᠮᠥᠭᠦ᠌᠂ ᠬᠠᠢᠯᠠᠰᠤᠨ ᠮᠥᠭᠦ᠌᠂ ᠪᠢᠯᠢᠭᠲᠦ ᠲᠡᠯᠳᠡᠦ ᠵᠡᠷᠭᠡ ᠤᠨᠴᠠᠯᠢᠬ᠍ᠳᠤ ᠮᠥᠭᠦ᠌ ᠵᠢ 50 ᠭᠠᠷᠤᠢ ᠮᠦ᠍ ᠲᠠᠷᠢᠵᠦ᠍᠂ 《ᠤᠢ᠎ᠶ᠋ᠢᠨ ᠮᠥᠭᠦ᠌ + ᠤᠢ᠎ᠶ᠋ᠢᠨ ᠡᠮ》 ᠤ᠋ᠨ ᠬᠠᠮᠵᠢᠯᠴᠠᠨ ᠬᠥᠭ᠌ᠵᠢᠭ᠌ᠰᠡᠨ ᠰᠠᠢᠨ ᠰᠠᠢᠬᠠᠨ ᠪᠠᠢᠷᠢᠱᠢᠯ ᠢ᠋ ᠪᠦᠷᠢᠯᠳᠦᠭᠦᠯᠵᠡᠢ᠃ ᠣᠳᠣᠬᠠᠨ᠎ᠳᠤ ᠪᠢᠯᠢᠭᠲᠦ ᠲᠡᠯᠳᠡᠦ ᠵᠡᠷᠭᠡ ᠤᠢ᠎ᠶ᠋ᠢᠨ ᠡᠪᠡᠰᠦᠨ ᠡᠮ ᠲᠠᠷᠢᠬᠤ ᠠᠵᠢᠯ ᠶᠠᠭ ᠡᠮᠬᠢ ᠲᠢᠭᠯᠢᠮ᠎ᠲᠠᠢ ᠶᠠᠪᠤᠭ᠍ᠳᠠᠵᠤ ᠪᠠᠢᠨ᠎ᠠ᠃ ᠲᠠᠷᠢᠮᠠᠯ᠎ᠤᠨ ᠲᠤᠬᠠᠢ᠎ᠶ᠋ᠢᠨ ᠲᠠᠯᠠᠪᠠᠢ᠎ᠳᠤ ᠠᠵᠢᠯᠴᠢᠳ ᠴᠢᠨᠠᠷ ᠰᠠᠢᠲᠠᠢ ᠮᠦᠬᠦ ᠵᠢᠨ ᠲᠦᠷᠦᠯ ᠢ᠋ ᠰᠣᠩᠭᠤᠭᠠᠳ᠂ ᠨᠦᠬᠡ ᠮᠠᠯᠲᠠᠬᠤ᠂ ᠮᠦᠬᠦ᠌᠎ᠶ᠋ᠢᠨ ᠪᠠᠭᠠᠨᠠᠨᠴᠢᠷ ᠦᠷᠦᠬᠦ᠂ ᠰᠢᠷᠤᠢ ᠨᠡᠮᠡᠬᠦ ᠠᠵᠢᠯ ᠢ᠋ ᠵᠢᠷᠤᠮᠵᠢᠯ ᠶᠣᠰᠣᠭᠠᠷ ᠬᠢᠵᠤ᠂ ᠪᠢᠯᠢᠭᠲᠦ ᠲᠡᠯᠳᠡᠦ ᠤᠷᠭᠤᠬᠤ᠎ᠳᠤ ᠲᠣᠬᠢᠷᠠᠮᠵᠢᠲᠠᠢ ᠣᠷᠴᠢᠨ ᠨᠦᠬᠦᠴᠡᠯ᠎ᠢ ᠪᠦᠷᠢᠯᠳᠦᠭᠦᠯᠵᠦ᠂ ᠤᠷᠭᠤᠯᠲᠠ᠎ᠶ᠋ᠢ ᠪᠦᠲᠦᠮᠵᠢᠲᠡᠢ ᠲᠦᠷᠭᠡᠳᠭᠡᠨ᠎ᠡ᠃ ᠵᠢᠱ᠌ᠢᠯᠲᠡ᠎ᠪᠠᠷ ᠡᠨᠡ ᠵᠢᠯ᠎ᠤᠨ 8 ᠰᠠᠷ᠎ᠠ᠎ᠳᠤ ᠲᠡᠭᠦᠨ᠎ᠡ᠃ 《ᠲᠤᠬᠠᠢ ᠵᠢᠨ ᠭᠠᠵᠠᠷ᠎ᠤᠨ ᠡᠯᠪᠡᠭ ᠪᠠᠶᠠᠯᠢᠭ ᠣᠢᠲᠤ ᠭᠠᠵᠠᠷ᠎ᠤᠨ ᠡᠬᠢ ᠪᠠᠶᠠᠯᠢᠭ᠎ᠲᠤ ᠲᠦᠱᠢᠭ᠌ᠯᠡᠨ᠂ ᠪᠢ ᠤᠯᠠᠭᠠᠨ ᠨᠠᠷᠠᠰᠤᠨ ᠮᠦᠬᠦ᠌ ᠲᠠᠷᠢᠭ᠍ᠰᠠᠨ ᠰᠠᠭᠤᠷᠢᠨ ᠳᠡᠭᠡᠷ᠎ᠡ ᠪᠢᠯᠢᠭᠲᠦ ᠲᠡᠯᠳᠡᠦ ᠵᠡᠷᠭᠡ ᠣᠨᠴᠠᠯᠢᠭ᠍ᠲᠤ ᠮᠦᠭᠦ ᠵᠢ ᠵᠡᠷᠭᠡ ᠪᠡᠷ ᠲᠠᠷᠢᠵᠤ᠂ ᠪᠠᠰᠠ ᠪᠠᠷᠢᠮᠵᠢᠶᠠᠵᠢᠭᠤᠯᠤᠨ ᠲᠠᠷᠢᠬᠤ᠂ ᠲᠣᠭᠤᠷᠢᠨ ᠦᠵᠡᠵᠦ᠍ ᠲᠡᠭᠦᠬᠦ᠂ ᠰᠤᠳᠤᠯᠤᠨ ᠰᠤᠷᠤᠯᠴᠠᠵᠤ ᠪᠡᠶᠡᠴᠢᠯᠡᠨ ᠣᠢᠯᠠᠭᠠᠬᠤ᠎ᠶ᠋ᠢ ᠨᠢᠭᠡ ᠴᠣᠭ᠍ᠴᠠᠵᠢᠭᠤᠯᠤᠭ᠍ᠰᠠᠨ ᠰᠠᠭᠤᠷᠢᠨ᠎ᠢ ᠪᠠᠢᠭᠤᠯᠵᠤ᠂ ᠵᠠᠬᠢᠶᠠᠯᠠᠭ᠎ᠠ᠎ᠶ᠋ᠢᠨ ᠮᠠᠶᠢᠭ᠎ᠤᠨ ᠦᠢᠯᠡᠳᠪᠦᠷᠢᠯᠡᠯ ᠪᠣᠷᠣᠯᠠᠭᠤᠯᠭ᠎ᠠ᠎ᠶ᠋ᠢᠨ ᠵᠠᠭ᠍ᠪᠤᠷ᠎ᠢ ᠬᠡᠷᠡᠭ᠌ᠵᠢᠭᠦᠯᠵᠦ᠍᠂ ᠱᠢᠨ᠎ᠡ ᠰᠣᠷᠭᠤᠭ ᠪᠦᠲᠦᠭᠡᠭ᠌ᠳᠡᠬᠦᠨ᠎ᠢ ᠪᠡᠭᠡᠵᠢᠩ ᠲᠢᠶᠠᠨᠵᠢᠨ ᠾᠧᠪᠧᠶ ᠵᠡᠷᠭᠡ ᠲᠣᠮᠣ ᠬᠡᠯᠪᠡᠷᠢ᠎ᠶ᠋ᠢᠨ ᠬᠦᠳᠡᠭᠡ ᠠᠵᠤ ᠠᠬᠤᠢ ᠵᠢᠨ ᠪᠦᠲᠦᠭᠡᠭ᠌ᠳᠡᠬᠦᠨ᠎ᠤ ᠴᠤᠭ᠍ᠯᠠᠭ᠎ᠠ ᠮᠠᠢᠮᠠᠶ᠎ᠶ᠋ᠢᠨ ᠵᠠᠬ᠎ᠠ ᠳᠡᠯᠭᠡᠭᠦᠷ᠎ᠲᠤ ᠰᠢᠭᠤᠳ ᠬᠦᠷᠭᠡᠵᠤ ᠪᠠᠢᠨ᠎ᠠ》 ᠭᠡᠵᠤ ᠰᠦᠩ ᠵᠠᠨ ᠹᠧᠩ ᠲᠠᠨᠢᠯᠴᠠᠭᠤᠯᠤᠯ᠎ᠠ᠃

ᠮᠡᠢᠷᠡᠨ ᠪᠠᠯᠭᠠᠰᠤᠨ᠎ᠤ᠋ ᠣᠢ ᠱᠢᠭᠤᠢ᠎ᠶᠢᠨ ᠪᠦᠷᠬᠦᠴᠡ᠎ᠵᠢᠨ ᠨᠤᠷᠮ᠎ᠠ 86% ᠳ᠋ᠤ ᠬᠦᠷᠴᠤ᠂ ᠠᠮᠢ ᠠᠬᠤᠶ᠎ᠶ᠋ᠢᠨ ᠡᠬᠢ ᠪᠠᠶᠠᠯᠢᠭ ᠤ᠋ᠨ ᠳᠠᠪᠠᠭᠤᠯᠢᠭ ᠳᠤᠪᠤᠢᠮ᠎ᠠ ᠪᠠᠢᠳᠠᠭ᠃ ᠡᠨᠡ ᠬᠦ᠌ ᠳᠠᠪᠠᠭᠤᠯᠢᠭ ᠲᠤ᠌ ᠰᠠᠭᠤᠷᠢᠯᠠᠨ᠂ ᠮᠡᠢᠷᠡᠨ ᠪᠠᠯᠭᠠᠰᠤ ᠬᠠᠢᠯᠠᠷ ᠨᠠᠷᠠᠰᠤᠨ ᠲᠡᠭᠡᠷ᠎ᠡ ᠤᠯᠠᠭᠠᠨ ᠨᠠᠷᠠᠰᠤᠨ ᠮᠤᠳᠤ ᠵᠠᠯᠭᠠᠬᠤ᠂ ᠣᠶ᠎ᠶ᠋ᠢᠨ ᠮᠥᠭᠦ᠌᠂ ᠣᠶ᠎ᠶ᠋ᠢᠨ ᠡᠮ ᠵᠡᠷᠭᠡ ᠭᠤᠷᠪᠠᠨ ᠶᠡᠭᠡ ᠣᠶ᠎ᠶ᠋ᠢᠨ ᠬᠤᠷᠮᠤᠢ ᠵᠢᠨ ᠠᠵᠤ ᠠᠬᠤᠶ᠎ᠶ᠋ᠢᠨ ᠭᠤᠤᠯ ᠡᠵᠡᠩᠨᠡᠯᠲᠡ᠎ᠶ᠋ᠢᠨ ᠬᠡᠯᠪᠡᠷᠢ ᠵᠢ ᠭᠤᠤᠯᠳᠠᠯᠭ᠎ᠠ᠎ᠲᠠᠢ ᠪᠤᠢᠵᠢᠭᠤᠯᠵᠤ᠂ ᠣᠯᠠᠨ ᠲᠠᠯ᠎ᠠ᠎ᠪᠠᠷ ᠪᠠᠢᠷᠢᠯᠠᠭᠤᠯᠬᠤ᠂ ᠣᠯᠠᠨ ᠲᠠᠯ᠎ᠠ ᠪᠡᠷ ᠬᠦᠴᠦᠯᠡᠬᠦ᠂ ᠣᠯᠠᠨ ᠲᠠᠯ᠎ᠠ᠎ᠪᠠᠷ ᠣᠷᠣᠯᠭ᠎ᠠ᠎ᠪᠠᠨ ᠨᠡᠮᠡᠭ᠌ᠳᠡᠭᠦᠯᠬᠦ᠌᠎ᠶ᠋ᠢ ᠠᠬᠢᠭᠤᠯᠪᠠ᠃ 2021 ᠣᠨ᠎ᠳᠤ ᠤᠢ᠎ᠶ᠋ᠢᠨ ᠮᠥᠭᠦ᠎ᠶ᠋ᠢᠨ ᠠᠵᠤ ᠦᠢᠯᠡᠰ᠎ᠢ ᠬᠡᠪᠴᠢᠶᠡᠵᠢᠭᠦᠯᠦᠨ ᠬᠥᠭ᠌ᠵᠢᠭᠦᠯᠦᠭ᠌ᠰᠡᠨ ᠡᠴᠠ ᠨᠠᠭᠠᠰᠢ ᠤᠯᠠᠭᠠᠨ ᠨᠠᠷᠠᠰᠤᠨ ᠮᠦᠬᠦ᠂ ᠬᠠᠢᠯᠠᠰᠤᠨ ᠮᠥᠭᠦ᠌᠂ ᠪᠢᠯᠢᠭ᠌ᠲᠤ ᠳᠡᠯᠳᠡᠦ ᠵᠡᠷᠭᠡ ᠵᠠᠬ᠎ᠠ ᠳᠡᠯᠭᠡᠭᠦᠷ᠎ᠲᠦ ᠬᠦᠷᠢᠶᠡᠯᠡᠭᠳᠡᠭᠰᠡᠨ ᠦᠷ᠎ᠡ ᠠᠱᠢᠭ ᠨᠡᠯᠢᠶᠡᠳ ᠰᠠᠢᠨ ᠤᠨᠴᠠᠯᠢᠭ᠍ᠳᠤ ᠢᠳᠡᠰᠢᠨ ᠮᠦᠬᠦ᠌᠎ᠶ᠋ᠢ ᠭᠤᠣᠯᠳᠠᠯᠭ᠎ᠠ᠎ᠲᠠᠢ ᠪᠤᠢᠵᠢᠭᠤᠯᠵᠤ᠂ ᠤᠢ᠎ᠶ᠋ᠢᠨ ᠲᠤᠳᠤᠷ᠎ᠠ ᠤᠯᠠᠭᠠᠨ ᠴᠠᠨ᠎ᠠ᠂ ᠴᠢᠨ᠋ᠸ᠎ᠠ᠎ᠶ᠋ᠢᠨ ᠬᠠᠯᠳᠠᠷ ᠵᠡᠷᠭᠡ ᠡᠪᠡᠰᠦᠨ ᠡᠮ᠎ᠲᠠᠷᠢᠬᠤ ᠵᠢ ᠶᠡᠬᠡ ᠪᠡᠷ ᠳᠡᠯᠭᠡᠷᠡᠭᠦᠯᠵᠤ᠂ ᠤᠢ᠎ᠶ᠋ᠢᠨ ᠬᠤᠷᠮᠤᠢ ᠵᠢᠨ ᠠᠵᠤ ᠠᠬᠤᠢ᠎ᠶ᠋ᠢᠨ ᠬᠥᠭ᠌ᠵᠢᠯᠲᠡ᠎ᠶ᠋ᠢᠨ ᠠᠷᠭ᠎ᠠ ᠵᠠᠮ᠎ᠢ ᠲᠠᠰᠤᠷᠠᠯᠲᠠ ᠦᠭᠡᠢ ᠥᠷᠭᠡᠳᠭᠡᠵᠡᠢ᠃ ᠣᠲᠣ ᠪᠣᠯᠲᠠᠯ᠎ᠠ᠂ ᠪᠥᠬᠦ᠌ ᠪᠠᠯᠭᠠᠰᠤᠨ᠎ᠤ ᠣᠶ᠎ᠶ᠋ᠢᠨ ᠮᠥᠬᠦ᠂ ᠣᠶ᠎ᠶ᠋ᠢᠨ ᠡᠮ᠂ ᠬᠠᠢᠯᠠᠷ ᠨᠠᠷᠠᠰᠤᠨ ᠲᠡᠭᠡᠷ᠎ᠡ ᠤᠯᠠᠭᠠᠨ ᠨᠠᠷᠠᠰᠤᠨ ᠮᠤᠳᠤ ᠵᠢ ᠵᠠᠯᠭᠠᠨ ᠤᠷᠭᠤᠭᠤᠯᠤᠭᠰᠠᠨ ᠲᠠᠯᠠᠪᠠᠶ ᠲᠣᠰ ᠲᠣᠰ 9000 ᠮᠥ᠍᠂ 50000 ᠮᠥ᠍᠂ 3500 ᠮᠥ᠍᠎ᠳᠤ ᠬᠦᠷᠴᠦ᠂ ᠵᠢᠯ ᠳᠤᠮᠳᠠᠴᠢ᠎ᠪᠠᠷ 1000 ᠭᠠᠷᠤᠶ ᠣᠯᠠᠨ ᠲᠦᠮᠡᠨ᠎ᠢ ᠳᠠᠢᠴᠢᠯᠠᠨ᠂ ᠣᠢᠷ᠎ᠠ ᠬᠠᠪᠢ᠎ᠳᠤᠨᠢ ᠠᠵᠢᠯ ᠤᠯᠭᠤᠵᠤ ᠣᠷᠣᠯᠭ᠎ᠠ᠎ᠶ᠋ᠢ᠎ᠨᠢ ᠨᠡᠮᠡᠭ᠌ᠳᠡᠭᠦᠯᠦᠨ᠂ ᠰᠤᠯᠠ ᠪᠠᠢᠭ᠎ᠠ ᠣᠢᠲᠤ ᠭᠠᠵᠠᠷ᠎ᠢ 《ᠡᠷᠳᠡᠨᠢ᠎ᠶ᠋ᠢᠨ ᠬᠦᠮᠦᠷᠭᠡ》 ᠪᠣᠯᠭᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号