— ᠦᠪᠦᠷ ᠮᠤᠩᠭᠤᠯ ᠤ᠋ᠨ ᠤᠢ ᠡᠪᠡᠰᠤᠨ ᠤ᠋ ᠲᠠᠪᠤᠨ ᠶᠡᠬᠡ ᠤᠨᠴᠠᠯᠢᠭᠲᠤ ᠠᠵᠤ ᠦᠢᠯᠡᠰ ᠤ᠋ᠨ ᠲᠤᠬᠠᠢ ᠰᠢᠷᠢᠰ ᠮᠡᠳᠡᠭᠡᠯᠡᠯ (ᠲᠠᠪᠤ)
ᠵᠢᠯ ᠪᠦᠷᠢ ᠵᠢᠨ ᠬᠠᠪᠤᠷ ᠤ᠋ᠨ ᠰᠡᠭᠦᠯᠴᠢ ᠵᠤᠨ ᠤ᠋ ᠡᠬᠢᠨ ᠪᠤᠯᠤᠮᠠᠬᠴᠠ ᠤᠯᠠᠭᠠᠨᠬᠠᠳᠠ ᠬᠤᠲᠠ ᠵᠢᠨ ᠪᠠᠭᠠᠷᠢᠨ ᠪᠠᠷᠠᠭᠤᠨ ᠬᠤᠰᠢᠭᠤᠨ ᠤ᠋ ᠪᠤᠷᠤᠠᠤᠰᠤ ᠪᠠᠯᠭᠠᠰᠤ ᠵᠢᠨ ᠲᠦᠮᠡᠨ ᠮᠤ᠌ ᠵᠢᠨ ᠬᠡᠬᠡᠷ᠎ᠡ ᠵᠢᠨ ᠲᠠᠤᠯᠠᠢ ᠵᠢᠨ ᠪᠦᠭᠡᠷ᠎ᠡ ᠵᠢᠨ ᠮᠤᠳᠤᠨ ᠳ᠋ᠤ ᠬᠥᠢᠬᠡᠨ ᠶᠠᠭᠠᠨ ᠴᠡᠴᠡᠭ ᠪᠠᠳᠠᠷᠠᠨ ᠳᠡᠯᠭᠡᠷᠡᠵᠤ᠂ ᠬᠤᠯᠠ ᠤᠢᠷ᠎ᠠ ᠡᠴᠡ ᠬᠦᠷᠦᠯᠴᠡᠨ ᠢᠷᠡᠭᠰᠡᠨ ᠵᠢᠭᠤᠯᠴᠢᠯᠠᠭᠰᠠᠳ ᠤ᠋ᠨ ᠬᠠᠷᠠᠭ᠎ᠠ ᠶ᠋ᠢ ᠪᠤᠯᠢᠶᠠᠳᠠᠭ᠃ ᠬᠡᠬᠡᠷ᠎ᠡ ᠵᠢᠨ ᠲᠠᠤᠯᠠᠢ ᠵᠢᠨ ᠪᠦᠭᠡᠷ᠎ᠡ ᠪᠤᠯ ᠮᠠᠨ ᠤ᠋ ᠤᠯᠤᠰ ᠤ᠋ᠨ ᠤᠮᠠᠷᠠᠲᠤ ᠵᠢᠨ ᠦᠪᠡᠷᠮᠢᠴᠡ ᠤᠨᠴᠠᠯᠢᠭ ᠲᠠᠢ ᠮᠤᠳᠤᠯᠢᠭ ᠠᠮᠤ ᠲᠤᠰᠤ ᠵᠢᠨ ᠮᠤᠳᠤᠨ ᠤ᠋ ᠲᠦᠷᠦᠯ ᠪᠠᠢᠵᠤ᠂ ᠤᠢ ᠰᠢᠭᠤᠢ ᠵᠢᠨ ᠠᠮᠤ ᠲᠤᠰᠤᠨ ᠤ᠋ ᠤᠬᠢ ᠪᠤᠯᠤᠭᠰᠠᠨ ᠵᠢᠡᠷ ᠪᠠᠷᠠᠬᠤ ᠦᠭᠡᠢ 《ᠤᠮᠠᠷᠠᠲᠤ ᠵᠢᠨ ᠰᠢᠳᠢᠳᠤ ᠮᠤᠳᠤ》᠂ 《ᠤᠮᠠᠷᠠᠲᠤ ᠵᠢᠨ ᠲᠤᠰᠤᠨ ᠴᠠᠢ》 ᠬᠡᠮᠡᠨ ᠠᠯᠳᠠᠷᠰᠢᠵᠤ᠂ ᠴᠡᠴᠡᠭ ᠢ᠋ ᠨᠢ ᠰᠤᠨᠢᠷᠬᠠᠬᠤ᠂ ᠦᠷ᠎ᠡ ᠪᠡᠷ ᠨᠢ ᠲᠤᠰᠤ ᠰᠢᠬᠠᠬᠤ᠂ ᠵᠢᠮᠢᠰ ᠢ᠋ ᠨᠢ ᠢᠳᠡᠵᠤ ᠪᠤᠯᠬᠤ ᠪᠦᠭᠡᠳ ᠪᠠᠰᠠ ᠡᠮ ᠳ᠋ᠤ ᠤᠷᠤᠳᠠᠭ ᠪᠤᠯᠬᠤᠷ ᠴᠢᠬᠤᠯᠠ ᠠᠵᠤ ᠠᠬᠤᠢ ᠪᠠ ᠠᠮᠢ ᠠᠬᠤᠢ ᠵᠢᠨ ᠦᠨ᠎ᠡ ᠦᠷᠲᠡᠭ ᠲᠠᠢ ᠶᠤᠮ᠃
ᠤᠯᠠᠭᠠᠨᠬᠠᠳᠠ ᠬᠤᠲᠠ ᠪᠤᠯ ᠬᠡᠭᠡᠷ᠎ᠡ ᠵᠢᠨ ᠲᠠᠤᠯᠠᠢ ᠵᠢᠨ ᠪᠦᠭᠡᠷ᠎ᠡ ᠵᠢᠨ ᠨᠤᠲᠤᠭ᠂ ᠮᠦᠨ ᠴᠤ᠌ ᠪᠦᠬᠦ ᠤᠯᠤᠰ ᠤ᠋ᠨ ᠬᠡᠭᠡᠷ᠎ᠡ ᠵᠢᠨ ᠲᠠᠤᠯᠠᠢ ᠵᠢᠨ ᠪᠦᠭᠡᠷ᠎ᠡ ᠵᠢᠨ ᠡᠬᠢ ᠪᠠᠶᠠᠯᠢᠭ ᠤ᠋ᠨ ᠲᠠᠷᠬᠠᠯᠲᠠ ᠪᠡᠷ ᠬᠠᠮᠤᠭ ᠤ᠋ᠨ ᠲᠦᠪᠯᠡᠷᠡᠩᠭᠦᠢ᠂ ᠬᠡᠪᠴᠢᠶ᠎ᠡ ᠪᠡᠷ ᠬᠠᠮᠤᠭ ᠤ᠋ᠨ ᠶᠡᠬᠡ ᠭᠠᠵᠠᠷ ᠪᠤᠯᠤᠨ᠎ᠠ᠃ ᠤᠯᠠᠭᠠᠨᠬᠠᠳᠠ ᠬᠤᠲᠠ ᠡᠨᠡ ᠬᠦ᠌ ᠡᠬᠢ ᠪᠠᠶᠠᠯᠢᠭ ᠤ᠋ᠨ ᠳᠠᠪᠠᠭᠤᠯᠢᠭ ᠲᠠᠭᠠᠨ ᠲᠦᠰᠢᠭᠯᠡᠨ᠂ ᠬᠡᠭᠡᠷ᠎ᠡ ᠵᠢᠨ ᠲᠠᠤᠯᠠᠢ ᠵᠢᠨ ᠪᠦᠭᠡᠷ᠎ᠡ ᠪᠡᠷ ᠭᠤᠤᠯᠯᠠᠭᠰᠠᠨ ᠮᠤᠳᠤᠯᠢᠭ ᠠᠮᠤ ᠲᠤᠰᠤᠨ ᠤ᠋ ᠦᠢᠯᠡᠰ ᠢ᠋ ᠶᠡᠬᠡ ᠪᠡᠷ ᠬᠦᠭᠵᠢᠭᠦᠯᠵᠤ᠂ ᠤᠳᠤ ᠪᠦᠬᠦ ᠬᠤᠲᠠ ᠪᠡᠷ ᠵᠢᠡᠨ ᠨᠡᠢᠳᠡ 70.73 ᠲᠦᠮᠡᠨ ᠮᠤ᠌ ᠵᠢᠨ ᠬᠡᠭᠡᠷ᠎ᠡ ᠵᠢᠨ ᠲᠠᠤᠯᠠᠢ ᠵᠢᠨ ᠪᠦᠭᠡᠷ᠎ᠡ ᠵᠢᠨ ᠲᠠᠷᠢᠮᠠᠯ ᠤᠢ ᠵᠢ ᠤᠢᠵᠢᠭᠤᠯᠵᠤ᠂ ᠪᠦᠬᠦ ᠤᠯᠤᠰ ᠤ᠋ᠨ ᠶᠡᠷᠤᠩᠬᠡᠢ ᠲᠠᠯᠠᠪᠠᠢ ᠵᠢᠨ 17.7% ᠶ᠋ᠢ ᠡᠵᠡᠯᠡᠨ᠂ ᠵᠢᠯ ᠤ᠋ᠨ ᠬᠡᠭᠡᠷ᠎ᠡ ᠵᠢᠨ ᠲᠠᠤᠯᠠᠢ ᠵᠢᠨ ᠪᠦᠭᠡᠷ᠎ᠡ ᠵᠢᠨ ᠦᠷ᠎ᠡ ᠵᠢᠨ ᠭᠠᠷᠤᠯᠲᠠ ᠨᠢ 100 ᠲᠦᠮᠡᠨ ᠺᠢᠯᠦᠭᠷᠠᠮ ᠢ᠋ ᠲᠠᠪᠠᠵᠤ ᠪᠤᠢ᠃ ᠪᠠᠰᠠ 10 ᠭᠠᠷᠤᠢ ᠰᠢᠨ᠎ᠠ ᠡᠬᠦᠯᠳᠡᠷ ᠢ᠋ ᠰᠤᠩᠭᠤᠨ ᠪᠤᠢᠵᠢᠭᠤᠯᠵᠤ ᠬᠢᠨᠠᠨ ᠲᠤᠭᠲᠠᠭᠠᠯᠭᠠᠭᠰᠠᠨ ᠪᠦᠬᠡᠳ ᠬᠡᠭᠡᠷ᠎ᠡ ᠵᠢᠨ ᠲᠠᠤᠯᠠᠢ ᠵᠢᠨ ᠪᠦᠭᠡᠷ᠎ᠡ ᠶ᠋ᠢ ᠡᠳ᠋ᠰᠢᠭᠦᠯᠵᠤ ᠪᠤᠯᠪᠠᠰᠤᠷᠠᠭᠤᠯᠬᠤ 12 ᠠᠵᠤ ᠠᠬᠤᠢᠯᠠᠯ ᠢ᠋ ᠪᠤᠢᠵᠢᠭᠤᠯᠤᠨ ᠬᠦᠭᠵᠢᠬᠦᠯᠵᠤ᠂ ᠨᠢᠭᠡᠨᠲᠡ ᠬᠡᠭᠡᠷ᠎ᠡ ᠵᠢᠨ ᠲᠠᠤᠯᠠᠢ ᠵᠢᠨ ᠪᠦᠭᠡᠷ᠎ᠡ ᠵᠢᠨ ᠲᠤᠰᠤ᠂ ᠬᠡᠭᠡᠷ᠎ᠡ ᠵᠢᠨ ᠲᠠᠤᠯᠠᠢ ᠵᠢᠨ ᠪᠦᠭᠡᠷ᠎ᠡ ᠵᠢᠨ ᠴᠠᠢ᠂ ᠬᠡᠭᠡᠷ᠎ᠡ ᠵᠢᠨ ᠲᠠᠤᠯᠠᠢ ᠵᠢᠨ ᠪᠦᠭᠡᠷ᠎ᠡ ᠵᠢᠨ ᠡᠪᠡᠳᠬᠦ ᠶ᠋ᠢ ᠨᠠᠮᠳᠠᠭᠠᠬᠤ ᠨᠠᠭᠠᠯᠲᠠ ᠵᠡᠷᠭᠡ ᠪᠦᠲᠦᠬᠡᠭᠳᠡᠬᠦᠨ ᠵᠢᠡᠷ ᠭᠤᠤᠯᠯᠠᠭᠰᠠᠨ ᠪᠦᠷᠢᠨ ᠪᠦᠲᠦᠨ ᠠᠵᠤ ᠦᠢᠯᠡᠰ ᠤ᠋ᠨ ᠬᠡᠯᠬᠢᠶ᠎ᠡ ᠶ᠋ᠢ ᠪᠠᠢᠭᠤᠯᠪᠠ᠃ ᠡᠭᠦᠨ ᠳ᠋ᠤ ᠤᠯᠠᠭᠠᠨᠬᠠᠳᠠ ᠵᠢᠨ ᠤᠮᠠᠷᠠᠲᠤ ᠵᠢᠨ ᠠᠮᠤ ᠵᠢᠨ ᠰᠠᠩ ᠺᠤᠮᠫᠠᠨᠢ ᠵᠢᠨ ᠬᠢᠨ ᠨᠢᠳᠤᠨᠤᠨ 20 ᠲᠤᠨ ᠭᠡᠭᠡᠷ᠎ᠡ ᠵᠢᠨ ᠲᠠᠤᠯᠠᠢ ᠵᠢᠨ ᠪᠦᠭᠡᠷ᠎ᠡ ᠵᠢᠨ ᠲᠤᠰᠤ᠂ 15 ᠲᠤᠨ ᠬᠡᠭᠡᠷ᠎ᠡ ᠵᠢᠨ ᠲᠠᠤᠯᠠᠢ ᠵᠢᠨ ᠪᠦᠭᠡᠷ᠎ᠡ ᠵᠢᠨ ᠴᠠᠢ ᠦᠢᠯᠡᠳᠪᠤᠷᠢᠯᠡᠵᠤ᠂ ᠦᠢᠯᠡᠳᠬᠦᠨ ᠤ᠋ ᠦᠷᠲᠡᠭ ᠨᠢ 1000 ᠲᠦᠮᠡᠨ ᠲᠦᠭᠦᠷᠢᠭ ᠢ᠋ ᠳᠠᠪᠠᠪᠠ᠃
ᠬᠡᠭᠡᠷ᠎ᠡ ᠵᠢᠨ ᠲᠠᠤᠯᠠᠢ ᠵᠢᠨ ᠪᠦᠭᠡᠷ᠎ᠡ ᠡᠴᠡ ᠭᠠᠳᠠᠨ᠎ᠠ ᠮᠠᠨ ᠤ᠋ ᠤᠷᠤᠨ ᠪᠠᠰᠠ ᠤᠷᠤᠨ ᠨᠤᠳᠤᠭ ᠤ᠋ᠨ ᠪᠤᠳᠠᠳᠤ ᠪᠠᠢᠳᠠᠯ ᠳ᠋ᠤ ᠲᠤᠬᠢᠷᠠᠭᠤᠯᠤᠨ ᠬᠡᠭᠡᠷ᠎ᠡ ᠵᠢᠨ ᠭᠦᠢᠯᠡᠰᠤ᠂ ᠴᠢᠴᠠᠷᠭᠠᠨ᠎ᠠ ᠵᠢᠨ ᠲᠤᠰᠤ᠂ ᠬᠠᠲᠠᠭᠤ ᠴᠠᠭᠠᠨ᠂ ᠪᠤᠢᠯᠠᠰᠤ ᠵᠡᠷᠭᠡ ᠮᠤᠳᠤᠯᠢᠭ ᠠᠮᠤ ᠲᠤᠰᠤ ᠵᠢᠨ ᠮᠤᠳᠤᠨ ᠤ᠋ ᠲᠦᠷᠦᠯ ᠢ᠋ ᠰᠤᠩᠭᠤᠨ ᠲᠠᠷᠢᠵᠤ᠂ ᠠᠮᠢ ᠠᠬᠤᠢ ᠶ᠋ᠢ ᠰᠠᠢᠵᠢᠷᠠᠭᠤᠯᠬᠤ ᠵᠢᠨ ᠬᠠᠮᠳᠤ ᠮᠤᠳᠤᠯᠢᠭ ᠠᠮᠤ ᠲᠤᠰᠤᠨ ᠤ᠋ ᠦᠢᠯᠡᠰ ᠢ᠋ ᠬᠦᠭᠵᠢᠬᠦᠯᠬᠦ ᠪᠡᠷ ᠳᠠᠮᠵᠢᠨ ᠮᠠᠯᠴᠢᠨ ᠲᠠᠷᠢᠶᠠᠴᠢᠨ ᠤ᠋ ᠤᠷᠤᠯᠭ᠎ᠠ ᠶ᠋ᠢ ᠨᠡᠮᠡᠭᠳᠡᠭᠦᠯᠵᠤ ᠪᠠᠢᠨ᠎ᠠ᠃
《ᠪᠢᠳᠡ ᠵᠢᠯ ᠪᠦᠷᠢ ᠬᠡᠬᠡᠷ᠎ᠠ ᠵᠢᠨ ᠬᠦᠢᠯᠡᠰᠤ ᠲᠡᠬᠦᠵᠤ᠂ ᠬᠡᠬᠡᠷ᠎ᠠ ᠵᠢᠨ ᠬᠦᠢᠯᠡᠰᠤᠨ ᠴᠢᠮᠦᠬᠡ ᠵᠢᠨ ᠦᠨ᠎ᠠ ᠶᠡᠷᠤ ᠵᠢᠨ ᠵᠢᠯ ᠳ᠋ᠤ ᠪᠦᠷ ᠵᠢᠩ ᠳ᠋ᠡᠬᠡᠨ 1 ᠲᠦᠭᠦᠷᠢᠭ ᠲᠦ᠍ ᠬᠦᠷᠳᠡᠭ᠂ ᠠᠭᠤᠷ ᠠᠮᠢᠰᠬᠤᠯ ᠵᠤᠬᠢᠴᠠᠭᠰᠠᠨ ᠵᠢᠯ ᠳ᠋ᠤ ᠪᠢ ᠡᠳᠦᠷ ᠪᠤᠯᠭᠠᠨ 200 ᠵᠢᠩ ᠬᠡᠭᠡᠷ᠎ᠡ ᠵᠢᠨ ᠭᠦᠢᠯᠡᠰᠤ ᠲᠡᠭᠦᠳᠡᠭ ᠶᠤᠮ》 ᠭᠡᠵᠤ ᠵᠠᠷᠤᠳ ᠬᠤᠰᠢᠭᠤᠨ ᠤ᠋ ᠲᠠᠷᠢᠶᠠᠴᠢᠨ ᠪᠠᠶᠠᠨᠲᠠᠯ᠎ᠠ ᠬᠡᠯᠡᠨ᠎ᠡ᠃ ᠭᠡᠭᠡᠷ᠎ᠡ ᠵᠢᠨ ᠭᠦᠢᠯᠡᠰᠤᠨ ᠮᠤᠳᠤ ᠪᠤᠯ ᠮᠠᠨ ᠤ᠋ ᠤᠷᠤᠨ ᠤ᠋ ᠠᠮᠢ ᠠᠬᠤᠢ ᠵᠢᠨ ᠪᠦᠳᠦᠬᠡᠨ ᠪᠠᠢᠭᠤᠯᠤᠯᠳᠠ ᠵᠢᠨ ᠴᠢᠬᠤᠯᠠ ᠮᠤᠳᠤᠨ ᠤ᠋ ᠲᠦᠷᠤᠯ ᠪᠤᠯᠬᠤ ᠪᠡᠷ ᠪᠠᠷᠠᠬᠤ ᠦᠭᠡᠢ ᠪᠠᠰᠠ ᠴᠢᠬᠤᠯᠠ ᠮᠤᠳᠤᠯᠢᠭ ᠠᠮᠤ ᠲᠤᠰᠤ ᠪᠠ ᠡᠮ ᠤ᠋ᠨ ᠮᠠᠲᠸᠷᠢᠶᠠᠯ ᠤ᠋ᠨ ᠮᠤᠳᠤᠨ ᠤ᠋ ᠲᠦᠷᠦᠯ ᠪᠤᠯᠤᠨ᠎ᠠ᠃
ᠬᠡᠭᠡᠷ᠎ᠡ ᠵᠢᠨ ᠭᠦᠢᠯᠡᠰᠤᠨ ᠤᠢ ᠪᠤᠯ ᠲᠦᠩᠯᠢᠶᠤᠤ ᠬᠤᠲᠠ ᠵᠢᠨ ᠵᠠᠷᠤᠳ ᠬᠤᠰᠢᠭᠤᠨ ᠤ᠋ ᠬᠡᠭᠡᠷ᠎ᠡ ᠲᠠᠯ᠎ᠠ ᠵᠢᠨ ᠤᠷᠭᠤᠮᠠᠯ ᠤ᠋ᠨ ᠬᠤᠴᠢᠯᠭ᠎ᠠ ᠵᠢᠨ ᠴᠢᠬᠤᠯᠠ ᠪᠦᠯᠦᠭᠵᠢᠯ ᠪᠠᠢᠵᠤ᠂ ᠪᠦᠬᠦ ᠬᠤᠰᠢᠭᠤᠨ ᠳ᠋ᠤ 380 ᠲᠦᠮᠡᠨ ᠮᠤ᠌ ᠵᠢᠨ ᠪᠠᠢᠭᠠᠯᠢ ᠵᠢᠨ ᠬᠡᠭᠡᠷ᠎ᠡ ᠵᠢᠨ ᠭᠦᠢᠯᠡᠰᠤᠨ ᠤᠢ ᠲᠠᠢ ᠶᠤᠮ᠃ ᠡᠨᠳᠡᠬᠢ ᠵᠢᠨ ᠭᠡᠭᠡᠷ᠎ᠡ ᠵᠢᠨ ᠭᠦᠢᠯᠡᠰᠤ ᠵᠢᠯ ᠪᠦᠷᠢ ᠵᠢᠨ 4 ᠰᠠᠷ᠎ᠠ ᠵᠢᠨ ᠰᠡᠭᠦᠯᠴᠢ ᠡᠴᠡ ᠡᠬᠢᠯᠡᠨ ᠴᠡᠴᠡᠭᠯᠡᠵᠤ᠂ ᠮᠠᠰᠢ ᠶᠡᠬᠡ ᠵᠤᠭ᠎ᠠ ᠰᠤᠨᠢᠷᠬᠠᠯ ᠤ᠋ᠨ ᠦᠷᠲᠡᠭ ᠲᠠᠢ ᠪᠦᠭᠡᠳ ᠭᠡᠭᠡᠷ᠎ᠡ ᠵᠢᠨ ᠭᠦᠢᠯᠡᠰᠤ ᠵᠢᠴᠢ ᠭᠦᠢᠯᠡᠰᠤᠨ ᠴᠦᠮ᠎ᠡ ᠨᠢ ᠴᠤ᠌ ᠲᠤᠬᠠᠢ ᠵᠢᠨ ᠭᠠᠵᠠᠷ ᠤ᠋ᠨ ᠬᠦᠮᠦᠰ ᠤ᠋ᠨ ᠤᠷᠤᠯᠭ᠎ᠠ ᠪᠡᠨ ᠨᠡᠮᠡᠭᠳᠡᠬᠦᠯᠬᠦ ᠨᠢᠭᠡᠨ ᠠᠷᠭ᠎ᠠ ᠵᠠᠮ ᠪᠤᠯᠵᠠᠢ᠃ 《ᠪᠦᠬᠦ ᠤᠯᠤᠰ ᠤ᠋ᠨ ᠨᠢᠭᠡᠳᠦᠭᠡᠷ ᠬᠡᠭᠡᠷ᠎ᠡ ᠵᠢᠨ ᠭᠦᠢᠯᠡᠰᠤᠨ ᠤᠢ ᠲᠠᠢ》 ᠬᠡᠮᠡᠨ ᠠᠯᠳᠠᠷᠰᠢᠭᠰᠠᠨ ᠵᠠᠷᠤᠳ ᠬᠤᠰᠢᠭᠤ ᠵᠢᠯ ᠤ᠋ᠨ ᠭᠡᠭᠡᠷ᠎ᠡ ᠵᠢᠨ ᠭᠦᠢᠯᠡᠰᠤ ᠵᠢᠨ ᠭᠠᠷᠤᠯᠲᠠ ᠪᠡᠨ 7600 ᠲᠦᠮᠡᠨ ᠺᠢᠯᠦᠭᠷᠠᠮ ᠡᠴᠡ ᠳᠡᠭᠡᠭᠰᠢ ᠪᠠᠢᠬᠤ ᠶ᠋ᠢ ᠪᠠᠲᠤᠯᠠᠭᠰᠠᠭᠠᠷ ᠢᠷᠡᠵᠠᠢ᠃
ᠤᠢᠷ᠎ᠠ ᠵᠢᠨ ᠵᠢᠯ ᠳ᠋ᠤ ᠵᠠᠷᠤᠳ ᠬᠤᠰᠢᠭᠤ ᠠᠮᠢ ᠠᠬᠤᠢ ᠶ᠋ᠢ ᠤᠷᠢᠳ ᠵᠢᠡᠷ ᠪᠤᠳᠤᠯᠬᠢᠯᠠᠬᠤ ᠪᠤᠬᠢᠷᠳᠤᠯ ᠦᠭᠡᠢ ᠬᠦᠭᠵᠢᠬᠦᠯᠬᠦ ᠪᠡᠷ ᠤᠳᠤᠷᠢᠳᠤᠮᠵᠢ ᠪᠤᠯᠭᠠᠭᠰᠠᠨ ᠬᠦᠭᠵᠢᠯᠳᠡ ᠵᠢᠨ ᠵᠠᠮ ᠵᠢᠡᠷ ᠡᠷᠡᠰ ᠭᠤᠢᠪᠢᠰᠢ ᠦᠭᠡᠢ ᠵᠠᠮᠨᠠᠨ᠂ ᠭᠡᠭᠡᠷ᠎ᠡ ᠵᠢᠨ ᠭᠦᠢᠯᠡᠰᠤᠨ ᠤᠢ ᠵᠢᠨ ᠠᠮᠢ ᠠᠬᠤᠢ ᠵᠢᠨ ᠬᠠᠮᠠᠭᠠᠯᠠᠯᠲᠠ ᠪᠠ ᠬᠡᠭᠡᠷ᠎ᠡ ᠵᠢᠨ ᠭᠦᠢᠯᠡᠰᠤ ᠵᠢᠨ ᠠᠵᠤ ᠦᠢᠯᠡᠰ ᠤ᠋ᠨ ᠯᠠᠪᠳᠠᠭᠤᠨ ᠪᠠᠲᠤᠲᠠᠢ ᠬᠦᠭᠵᠢᠯᠲᠡ ᠶ᠋ᠢ ᠳᠡᠭᠡᠳᠤ ᠬᠡᠮᠵᠢᠶ᠎ᠡ ᠪᠡᠷ ᠴᠢᠬᠤᠯᠠᠴᠢᠯᠠᠨ ᠭᠤᠤᠯᠯᠠᠬᠤ ᠪᠠᠢᠷᠢᠨ ᠳ᠋ᠤ ᠲᠠᠯᠪᠢᠵᠤ᠂ ᠨᠠᠭᠦᠷᠡᠰᠦᠲᠦ᠋ᠷᠦᠭᠴᠢ ᠶ᠋ᠢ ᠲᠤᠭᠲᠠᠪᠤᠷᠢᠵᠢᠭᠤᠯᠵᠤ ᠬᠦᠷᠦᠰᠦ ᠰᠢᠷᠤᠢ ᠵᠢᠨ ᠢᠳᠡᠭᠳᠡᠯ ᠢ᠋ ᠪᠠᠭᠠᠰᠬᠠᠨ ᠠᠮᠢ ᠠᠬᠤᠢ ᠤᠷᠴᠢᠨ ᠲᠤᠭᠤᠷᠢᠨ ᠢ᠋ ᠰᠠᠢᠵᠢᠷᠠᠭᠤᠯᠤᠭᠰᠠᠨ ᠵᠢᠡᠷ ᠪᠠᠷᠠᠬᠤ ᠦᠭᠡᠢ ᠭᠡᠭᠡᠷ᠎ᠡ ᠵᠢᠨ ᠭᠦᠢᠯᠡᠰᠤ ᠵᠢᠨ ᠠᠵᠤ ᠦᠢᠯᠡᠰ ᠤ᠋ᠨ ᠶᠠᠰᠤ ᠴᠢᠨᠠᠷ ᠤ᠋ᠨ ᠳᠡᠭᠡᠭᠰᠢᠯᠡᠯᠲᠡ ᠪᠠ ᠦᠷ᠎ᠡ ᠠᠰᠢᠭ ᠤ᠋ᠨ ᠨᠡᠮᠡᠭᠳᠡᠯ ᠢ᠋ ᠠᠬᠢᠭᠤᠯᠤᠭᠰᠠᠨ ᠵᠢᠡᠷ ᠠᠮᠢ ᠠᠬᠤᠢ ᠪᠠ ᠠᠵᠤ ᠠᠬᠤᠢ ᠵᠢᠨ ᠬᠤᠤᠰ ᠦᠷ᠎ᠡ ᠠᠰᠢᠭ ᠢ᠋ ᠤᠯᠪᠠ᠃ 2024 ᠤᠨ ᠳ᠋ᠤ ᠵᠠᠷᠤᠳ ᠬᠤᠰᠢᠭᠤ ᠲᠠᠷᠢᠮᠠᠯ ᠬᠡᠬᠡᠷ᠎ᠠ ᠵᠢᠨ ᠬᠦᠢᠯᠡᠰᠤ ᠵᠢᠨ ᠡᠭᠦᠯᠳᠡᠷ ᠢ᠋ ᠰᠠᠢᠵᠢᠷᠠᠭᠤᠯᠬᠤ ᠪᠠ ᠤᠨᠠᠯᠲᠠ ᠶ᠋ᠢ ᠨᠡᠮᠡᠭᠳᠡᠬᠦᠯᠬᠦ ᠮᠡᠷᠭᠡᠵᠢᠯ ᠵᠢᠡᠷ ᠳᠠᠮᠵᠢᠨ ᠮᠤ᠌ ᠪᠦᠷᠢ ᠵᠢᠨ ᠤᠨᠠᠯᠲᠠ ᠶ᠋ᠢ 100 ᠺᠢᠯᠦᠭᠷᠠᠮ ᠪᠤᠯᠲᠠᠯ᠎ᠠ ᠨᠡᠮᠡᠭᠳᠡᠭᠦᠯᠵᠤ᠂ 2025 ᠤᠨ ᠳ᠋ᠤ ᠪᠦᠬᠦ ᠬᠤᠰᠢᠭᠤᠨ ᠤ᠋ ᠰᠤᠪᠤᠳᠯᠢᠭ ᠲᠤᠰᠤᠨ ᠭᠦᠢᠯᠡᠰᠤ ᠵᠢᠨ ᠲᠠᠷᠢᠮᠠᠯ ᠤ᠋ᠨ ᠲᠠᠯᠠᠪᠠᠢ 3000 ᠮᠤ᠌ ᠳ᠋ᠤ ᠬᠦᠷᠴᠤ᠂ ᠬᠡᠬᠡᠷ᠎ᠠ ᠵᠢᠨ ᠭᠦᠢᠯᠡᠰᠤ ᠵᠢᠨ ᠬᠠᠮᠢᠶ᠎ᠠ ᠪᠦᠬᠦᠢ ᠪᠦᠲᠦᠬᠡᠭᠳᠡᠭᠦᠨ ᠨᠢ 《ᠦᠪᠦᠷ ᠮᠤᠩᠭᠤᠯ ᠨᠡᠷᠡᠮᠵᠢᠲᠤ》 ᠲᠦᠷᠦᠯ ᠲᠡᠮᠳᠡᠭ ᠤ᠋ᠨ ᠭᠡᠷᠡᠴᠢᠯᠡᠯ ᠢ᠋ ᠤᠯᠵᠤ᠂ ᠬᠡᠬᠡᠷ᠎ᠠ ᠵᠢᠨ ᠭᠦᠢᠯᠡᠰᠤᠨ ᠴᠦᠮ᠎ᠡ ᠵᠢᠨ ᠲᠤᠰᠤ ᠨᠢ ᠪᠡᠭᠡᠵᠢᠩ ᠤ᠋ᠨ ᠵᠠᠬ᠎ᠠ ᠳᠡᠯᠭᠡᠭᠦᠷ ᠲᠤ᠌ ᠤᠷᠤᠵᠤ᠂ ᠵᠠᠷᠤᠳ ᠬᠤᠰᠢᠭᠤᠨ ᠤ᠋ ᠬᠡᠭᠡᠷ᠎ᠡ ᠵᠢᠨ ᠭᠦᠢᠯᠡᠰᠤ ᠶ᠋ᠢ ᠡᠳ᠋ᠰᠢᠭᠦᠯᠵᠤ ᠪᠤᠯᠪᠠᠰᠤᠷᠠᠭᠤᠯᠬᠤ ᠠᠵᠤ ᠠᠬᠤᠢᠯᠠᠯ ᠤ᠋ᠨ ᠪᠦᠯᠦᠭᠵᠢᠯ ᠲᠠᠰᠤᠷᠠᠯᠲᠠ ᠦᠭᠡᠢ ᠦᠷᠭᠡᠵᠢᠵᠠᠢ᠃
ᠤᠯᠠᠨ ᠶᠠᠩᠵᠤ ᠵᠢᠨ ᠠᠮᠢ ᠠᠬᠤᠢ ᠲᠠᠢ᠂ ᠦᠩ ᠰᠢᠮᠡᠯᠢᠭ ᠬᠦᠷᠦᠰᠤ ᠰᠢᠷᠤᠢ ᠲᠠᠢ᠂ ᠡᠯᠪᠡᠭ ᠪᠠᠶᠠᠯᠢᠭ ᠦᠷ᠎ᠡ ᠡᠳ᠋ ᠲᠠᠢ᠃ ᠡᠨᠡ ᠪᠦᠬᠦᠨ ᠨᠢ ᠦᠪᠤᠷ ᠮᠤᠩᠭᠤᠯ ᠤ᠋ᠨ ᠮᠤᠳᠤᠯᠢᠭ ᠠᠮᠤ ᠲᠤᠰᠤ ᠵᠢᠨ ᠲᠦᠷᠦᠯ ᠤ᠋ᠨ ᠤᠢ ᠮᠤᠳᠤᠨ ᠤ᠋ ᠤᠷᠭᠤᠯᠲᠠ ᠳ᠋ᠤ ᠲᠤᠬᠢᠷᠠᠮᠵᠢᠲᠠᠢ ᠨᠦᠬᠦᠴᠡᠯ ᠪᠤᠯᠤᠮᠵᠢ ᠤᠯᠭᠤᠵᠤ᠂ ᠮᠤᠳᠤᠯᠢᠭ ᠠᠮᠤ ᠲᠤᠰᠤᠨ ᠤ᠋ ᠦᠢᠯᠡᠰ ᠤ᠋ᠨ ᠴᠠᠷᠢᠭᠤᠨ ᠬᠦᠭᠵᠢᠯᠲᠡ ᠳ᠋ᠤ ᠪᠠᠳᠤ ᠰᠠᠭᠤᠷᠢ ᠵᠢ ᠬᠠᠩᠭᠠᠪᠠ᠃ ᠤᠢᠷ᠎ᠠ ᠵᠢᠨ ᠵᠢᠯ ᠳ᠋ᠤ ᠪᠦᠬᠦ ᠤᠷᠤᠨ ᠤ᠋ ᠡᠯ᠎ᠠ ᠭᠠᠵᠠᠷ ᠤ᠋ᠨ ᠬᠢᠨ ᠡᠬᠢ ᠪᠠᠶᠠᠯᠢᠭ ᠤ᠋ᠨ ᠳᠠᠪᠠᠭᠤᠯᠢᠭ ᠲᠠᠭᠠᠨ ᠰᠠᠭᠤᠷᠢᠯᠠᠨ ᠮᠤᠳᠤᠯᠢᠭ ᠠᠮᠤ ᠲᠤᠰᠤᠨ ᠤ᠋ ᠦᠢᠯᠡᠰ ᠢ᠋ ᠢᠳᠡᠪᠬᠢᠲᠡᠢ ᠪᠤᠢᠵᠢᠭᠤᠯᠤᠨ ᠬᠦᠭᠵᠢᠬᠦᠯᠦᠭᠰᠡᠨ ᠵᠢᠡᠷ ᠮᠤᠳᠤᠯᠢᠭ ᠠᠮᠤ ᠲᠤᠰᠤ ᠵᠢᠨ ᠦᠢᠯᠡᠰ ᠨᠢ ᠨᠢᠭᠡᠨᠲᠡ ᠮᠠᠨ ᠤ᠋ ᠤᠷᠤᠨ ᠤ᠋ ᠤᠢ ᠡᠪᠡᠰᠤᠨ ᠤ᠋ ᠲᠠᠪᠤᠨ ᠶᠡᠬᠡ ᠤᠨᠴᠠᠯᠢᠭᠲᠤ ᠠᠵᠤ ᠦᠢᠯᠡᠰ ᠤ᠋ᠨ ᠨᠢᠭᠡ ᠪᠤᠯᠵᠠᠢ᠃ ᠮᠠᠨ ᠤ᠋ ᠤᠷᠤᠨ ᠮᠤᠳᠤᠯᠢᠭ ᠠᠮᠤ ᠲᠤᠰᠤ ᠵᠢᠨ ᠦᠢᠯᠡᠰ ᠢ᠋ ᠤᠯᠠᠮ ᠴᠢᠨᠠᠭᠰᠢᠲᠠ ᠬᠦᠭᠵᠢᠭᠦᠯᠵᠤ᠂ 2030 ᠤᠨ ᠪᠤᠯᠬᠤ ᠳ᠋ᠤ ᠮᠤᠳᠤᠯᠢᠭ ᠠᠮᠤ ᠲᠤᠰᠤ ᠵᠢᠨ ᠲᠠᠷᠢᠮᠠᠯ ᠤ᠋ᠨ ᠲᠠᠯᠠᠪᠠᠢ ᠶ᠋ᠢ 1450 ᠲᠦᠮᠡᠨ ᠮᠤ᠌᠂ ᠵᠢᠯ ᠤ᠋ᠨ ᠭᠠᠷᠤᠯᠲᠠ ᠶ᠋ᠢ 45 ᠲᠦᠮᠡᠨ ᠲᠤᠨ᠂ ᠵᠢᠯ ᠤ᠋ᠨ ᠦᠢᠯᠡᠳᠬᠦᠨ ᠤ᠋ ᠦᠷᠲᠡᠭ ᠢ᠋ 20 ᠳ᠋ᠦᠩᠰᠢᠭᠤᠷ ᠲᠦᠭᠦᠷᠢᠭ ᠲᠤ᠌ ᠬᠦᠷᠭᠡᠨ᠂ ᠮᠤᠳᠤᠯᠢᠭ ᠠᠮᠤ ᠲᠤᠰᠤ ᠵᠢᠨ ᠦᠢᠯᠡᠳᠪᠤᠷᠢᠯᠡᠯ ᠤ᠋ᠨ ᠰᠠᠭᠤᠷᠢᠨ ᠤ᠋ ᠪᠦᠲᠦᠭᠡᠨ ᠪᠠᠢᠭᠤᠯᠤᠯᠲᠠ ᠶ᠋ᠢ ᠬᠡᠮᠵᠢᠶ᠎ᠠ ᠬᠡᠪᠴᠢᠶ᠎ᠠ ᠶ᠋ᠢ ᠴᠢᠬᠤᠯᠠᠴᠢᠯᠠᠵᠤ ᠪᠠᠢᠭᠰᠠᠨ ᠡᠴᠡ ᠶᠠᠰᠤ ᠴᠢᠨᠠᠷ ᠢ᠋ ᠴᠢᠬᠤᠯᠠᠴᠢᠯᠠᠬᠤ᠂ ᠠᠮᠢ ᠠᠬᠤᠢ ᠵᠢᠨ ᠬᠡᠯᠪᠡᠷᠢ ᠡᠴᠡ ᠠᠮᠢ ᠠᠬᠤᠢ ᠠᠵᠤ ᠠᠬᠤᠢ ᠵᠢᠨ ᠬᠤᠤᠰ ᠬᠡᠷᠡᠭᠴᠡᠭᠡᠲᠤ ᠲᠡᠢᠰᠢ ᠬᠡᠯᠪᠡᠷᠢ ᠪᠡᠨ ᠬᠤᠪᠢᠷᠠᠭᠤᠯᠵᠤ᠂ ᠠᠵᠤ ᠦᠢᠯᠡᠰ ᠢ᠋ ᠠᠭᠤᠰᠤᠯᠴᠠᠭᠤᠯᠤᠨ ᠬᠦᠭᠵᠢᠬᠦᠯᠬᠦ ᠵᠢᠱ᠌ᠢᠶ᠎ᠡ ᠦᠵᠡᠭᠦᠯᠬᠦ ᠰᠠᠭᠤᠷᠢᠨ ᠢ᠋ ᠪᠦᠳᠦᠬᠡᠨ ᠪᠠᠢᠭᠤᠯᠬᠤ ᠪᠡᠷ ᠴᠢᠷᠮᠠᠢᠵᠤ ᠪᠤᠢ᠃
ᠡᠨᠡ ᠬᠦ᠌ ᠬᠠᠷᠠᠯᠲᠠ ᠳ᠋ᠤ ᠬᠦᠷᠬᠦ ᠵᠢᠨ ᠲᠦᠯᠦᠭᠡ᠂ ᠮᠠᠨ ᠤ᠋ ᠤᠷᠤᠨ ᠤᠯᠠᠭᠠᠨᠬᠠᠳᠠ ᠬᠤᠲᠠ᠂ ᠬᠢᠩᠭᠠᠨ ᠠᠢᠮᠠᠭ᠂ ᠲᠦᠩᠯᠢᠶᠤᠤ ᠬᠤᠲᠠ ᠵᠡᠷᠭᠡ ᠭᠠᠵᠠᠷ ᠵᠢᠡᠷ ᠭᠤᠤᠯ ᠪᠤᠯᠭᠠᠨ᠂ ᠡᠬᠢ ᠪᠠᠶᠠᠯᠢᠭ ᠢ᠋ ᠪᠤᠢᠵᠢᠭᠤᠯᠬᠤ ᠡᠷᠴᠢᠮ ᠢ᠋ ᠴᠢᠩᠭᠠᠷᠠᠭᠤᠯᠵᠤ᠂ ᠡᠬᠢ ᠪᠠᠶᠠᠯᠢᠭ ᠤ᠋ᠨ ᠪᠦᠲᠦᠮᠵᠢᠲᠡᠢ ᠬᠠᠩᠭᠠᠯᠭ᠎ᠠ ᠶ᠋ᠢ ᠦᠷᠭᠡᠳᠭᠡᠨ᠂ ᠬᠡᠬᠡᠷ᠎ᠡ ᠵᠢᠨ ᠲᠠᠤᠯᠠᠢ ᠵᠢᠨ ᠪᠦᠭᠡᠷ᠎ᠡ ᠵᠢᠨ ᠦᠷ᠎ᠡ᠂ ᠬᠠᠯᠢᠰᠤ᠂ ᠨᠠᠪᠴᠢ᠂ ᠮᠦᠴᠢᠷ ᠪᠠ ᠴᠡᠴᠡᠭ ᠵᠡᠷᠭᠡ ᠵᠢ ᠨᠡᠭᠡᠭᠡᠨ ᠠᠰᠢᠭᠯᠠᠬᠤ ᠶ᠋ᠢ ᠲᠦᠷᠭᠡᠳᠭᠡᠵᠤ᠂ ᠦᠷᠭᠡᠨ ᠬᠦᠷᠢᠶ᠎ᠡ ᠴᠠᠷᠠᠭ᠎ᠠ᠂ ᠤᠯᠠᠨ ᠴᠢᠳᠠᠮᠵᠢ ᠪᠦᠬᠦᠢ ᠪᠦᠲᠦᠬᠡᠭᠳᠡᠭᠦᠨ ᠢ᠋ ᠰᠤᠳᠤᠯᠤᠨ ᠦᠢᠯᠡᠳᠴᠤ ᠪᠠᠢᠨ᠎ᠠ; ᠤᠯᠠᠭᠠᠨᠬᠠᠳᠠ ᠬᠤᠲᠠ᠂ ᠲᠦᠩᠯᠢᠶᠤᠤ ᠬᠤᠲᠠ᠂ ᠬᠢᠩᠭᠠᠨ ᠠᠢᠮᠠᠭ᠂ ᠤᠷᠳᠤᠰ ᠬᠤᠲᠠ ᠪᠡᠷ ᠭᠤᠤᠯ ᠪᠤᠯᠭᠠᠨ᠂ ᠨᠢᠭᠲᠠᠴᠠ ᠵᠢ ᠲᠤᠬᠢᠷᠠᠭᠤᠯᠬᠤ᠂ ᠡᠭᠦᠯᠳᠡᠷ ᠢ᠋ ᠰᠢᠨᠡᠴᠢᠯᠡᠬᠦ᠂ ᠤᠨᠠᠯᠲᠠ ᠶ᠋ᠢ ᠨᠡᠮᠡᠭᠳᠡᠭᠦᠯᠬᠦ ᠪᠡᠷ ᠳᠠᠮᠵᠢᠨ ᠭᠦᠢᠯᠡᠰᠤᠨ ᠴᠦᠮ᠎ᠡ ᠵᠢᠨ ᠲᠤᠰᠤ᠂ ᠭᠦᠢᠯᠡᠰᠤᠨ ᠴᠦᠮ᠎ᠡ ᠵᠢᠨ ᠤᠭᠤᠷᠠᠭ᠂ ᠭᠦᠢᠯᠡᠰᠤᠨ ᠴᠦᠮ᠎ᠡ ᠵᠢᠨ ᠠᠷᠢᠬᠢ ᠵᠡᠷᠭᠡ ᠬᠡᠬᠡᠷ᠎ᠠ ᠵᠢᠨ ᠭᠦᠢᠯᠡᠰᠤᠨ ᠴᠦᠮ᠎ᠡ ᠵᠢᠨ ᠪᠦᠲᠦᠬᠡᠭᠳᠡᠭᠦᠨ ᠢ᠋ ᠲᠤᠬᠠᠢ ᠵᠢᠨ ᠭᠠᠵᠠᠷ ᠲᠤᠨᠢ ᠪᠤᠯᠪᠠᠰᠤᠷᠠᠭᠤᠯᠬᠤ ᠶ᠋ᠢ ᠲᠦᠷᠭᠡᠳᠭᠡᠵᠤ᠂ ᠠᠵᠤ ᠦᠢᠯᠡᠰ ᠢ᠋ ᠨᠢᠭᠡ ᠴᠤᠭᠴᠠᠵᠢᠭᠤᠯᠤᠨ ᠬᠦᠭᠵᠢᠬᠦᠯᠵᠤ ᠪᠠᠢᠨ᠎ᠠ; ᠬᠠᠲᠠᠭᠤ ᠴᠠᠭᠠᠨ ᠤ᠋ ᠪᠠᠢᠭᠠᠯᠢ ᠵᠢᠨ ᠲᠠᠷᠬᠠᠯᠲᠠ ᠵᠢᠨ ᠤᠷᠤᠨ ᠳ᠋ᠤ᠂ ᠤᠳᠤ ᠵᠢᠨ ᠪᠠᠢᠭ᠎ᠠ ᠡᠬᠢ ᠪᠠᠶᠠᠯᠢᠭ ᠢ᠋ ᠭᠦᠢᠴᠡᠳ ᠠᠰᠢᠭᠯᠠᠨ ᠠᠵᠤ ᠦᠢᠯᠡᠳᠪᠤᠷᠢ ᠵᠢᠨ ᠰᠠᠭᠤᠷᠢᠨ ᠤ᠋ ᠪᠦᠲᠦᠭᠡᠨ ᠪᠠᠢᠭᠤᠯᠤᠯᠲᠠ ᠶ᠋ᠢ ᠠᠬᠢᠭᠤᠯᠵᠤ᠂ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠵᠢᠡᠷ ᠲᠤᠯᠭᠠᠭᠤᠷᠢᠯᠠᠯ ᠪᠤᠯᠭᠠᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤ᠋ᠨ ᠦᠷ᠎ᠡ ᠪᠦᠲᠦᠭᠡᠯ ᠢ᠋ ᠲᠦᠷᠬᠡᠳᠬᠡᠨ ᠤᠨᠳᠤᠤᠰᠢᠭᠤᠯᠵᠤ᠂ ᠠᠵᠤ ᠦᠢᠯᠡᠰ ᠤ᠋ᠨ ᠬᠡᠯᠬᠢᠶ᠎ᠡ ᠶ᠋ᠢ ᠦᠷᠭᠦᠯᠵᠢᠯᠡᠨ ᠤᠷᠳᠤᠳᠬᠠᠵᠤ ᠪᠠᠢᠨ᠎ᠠ᠃