ᠬᠥᠬᠡ ᠴᠡᠩᠬᠡᠷ ᠤᠭᠳᠠᠷᠭᠤᠢ᠂ ᠬᠦᠪᠦᠩ ᠴᠠᠭᠠᠨᠡᠭᠦᠯᠡᠰ ᠮᠢᠨᠢ ᠡ!
ᠬᠥᠪᠡᠭᠡ ᠵᠠᠬ᠎ᠠ ᠨᠢ ᠬᠠᠷᠠᠭᠳᠠᠬᠤ ᠦᠭᠡᠢ ᠨᠠᠯᠠᠭᠠᠷ ᠶᠡᠬᠡ ᠲᠡᠭᠷᠢ ᠡ!
ᠬᠦᠷᠤᠰᠤᠳᠤ ᠲᠡᠯᠡᠬᠡᠢ᠎ᠶᠢᠨ ᠭᠠᠩᠭᠠᠩ ᠰᠠᠶ᠋ᠢᠬᠠᠨ ᠴᠠᠭ ᠤᠯᠠᠷᠢᠯ᠎ᠳᠤ
ᠬᠣᠯᠠ᠎ᠶᠢᠨ ᠬᠣᠯᠠ ᠡᠴᠠ᠂ ᠦᠨᠳᠤᠷ᠎ᠤᠨ ᠦᠨᠳᠤᠷᠲᠤ᠌ ᠮᠡᠯᠴᠡᠶ᠋ᠢᠨᠡ᠃
ᠠᠷᠴᠢᠭᠰᠠᠨ ᠲᠣᠯᠢ ᠰᠢᠭ᠋ ᠪᠣᠯᠣᠷ ᠲᠤᠩᠭᠠᠯᠠᠭ ᠤᠰᠤᠨ ᠮᠡᠳᠦ
ᠠᠷᠢᠭᠤᠨ ᠷᠠᠰᠢᠶᠠᠨ᠎ᠢᠶᠠᠷ ᠰᠢᠪᠰᠢᠭᠰᠡᠨ ᠴᠡᠪᠡᠷ ᠴᠡᠮᠴᠡᠭᠡᠷ ᠦᠩᠭᠡ ᠡ!
ᠴᠡᠯ ᠵᠠᠯᠠᠭᠤ ᠨᠠᠰᠤᠨᠳᠤᠪᠠᠨᠤᠮᠤᠭᠯᠠᠩ ᠲᠤᠯᠭᠢᠨ ᠪᠠᠢ᠌ᠵᠤ ᠪᠠᠶ᠋ᠢᠯ᠎ᠠ
ᠴᠡᠩᠬᠡᠷ ᠤᠭᠳᠠᠷᠭᠤᠢ ᠰᠢᠭ᠋᠎ᠢᠶᠡᠨ ᠭᠡᠪ ᠭᠡᠭᠡᠬᠡᠨ ᠶᠠᠪᠤᠵᠤ ᠢᠷᠡᠯ᠎ᠡ᠃
ᠲᠡᠭᠡᠭᠰᠢ᠎ᠪᠡᠨ ᠬᠠᠷᠠᠬᠤ᠎ᠳᠤ ᠠᠭᠠᠷ ᠴᠡᠯᠮᠡᠶ᠋ᠢᠨᠡ
ᠲᠡᠷᠭᠡᠳᠡ᠎ᠡᠴᠡ ᠨᠢ ᠰᠠᠯᠬᠤ᠎ᠳᠤ ᠰᠡᠳᠬᠢᠯ ᠠᠷᠭᠠᠮᠵᠢᠭᠳᠠᠨ᠎ᠠ᠃
ᠲᠠᠩᠳᠠ ᠳᠡᠭᠡᠳᠦᠯᠡᠭᠳᠡᠨ ᠪᠠᠶ᠋ᠢᠳᠠᠭ ᠦᠨᠳᠤᠷ ᠲᠡᠭᠷᠢ
ᠲᠡᠩᠴᠤ᠌ ᠶᠡᠬᠡ ᠰᠠᠨᠠᠭᠳᠠᠬᠤ ᠬᠠᠶ᠋ᠢᠷ᠎ᠠ᠎ᠶᠢᠨ ᠳᠡᠭᠡᠵᠢ ᠡ᠃
ᠣᠷᠣᠢ ᠲᠡᠭᠡᠷ᠎ᠡ᠎ᠡᠴᠡ ᠲᠡᠳᠬᠦᠳᠡᠭ ᠬᠥᠬᠡ ᠴᠡᠩᠬᠡᠷ ᠲᠡᠭᠷᠢ᠎ᠳᠦ᠎ᠪᠠᠨ ᠰᠦᠰᠦᠭᠯᠡᠨ᠎ᠡ
ᠤᠭᠳᠠᠷᠭᠤᠢ᠎ᠶᠢᠨ ᠮᠠᠨᠳᠠᠯ᠎ᠠᠴᠠ ᠢᠪᠡᠭᠡᠳᠡᠭ ᠬᠦᠪᠦᠩ ᠴᠠᠭᠠᠨ ᠡᠭᠦᠯᠡᠰ᠎ᠢᠶᠠᠨ ᠲᠡᠭᠡᠳᠤᠯᠡᠨᠡ
ᠰᠠᠨᠰᠠᠷ ᠤᠷᠴᠢᠯᠠᠩ᠎ᠤᠨ ᠠᠭᠤᠵᠢᠮ ᠵᠠᠢ᠎ᠪᠠᠷ ᠵᠤᠭᠠᠯᠠᠨ ᠶᠠᠪᠤᠵᠤ
ᠰᠠᠨᠠᠭᠠᠨ ᠲᠠᠪᠠ᠎ᠪᠠᠷ᠎ᠢᠶᠠᠨ ᠨᠡᠭᠦᠵᠤ ᠰᠠᠭᠤᠬᠤ ᠡᠷᠬᠡ ᠲᠠᠢ ᠪᠢᠯᠡ᠂ ᠡᠭᠦᠯᠡᠰ ᠮᠢᠨᠢ᠃
ᠰᠠᠯᠬᠢᠨ᠎ᠤ ᠠᠶ᠎ᠠ᠎ᠪᠠᠷ ᠡᠪᠬᠡᠷᠡᠨ ᠬᠤᠶ᠋ᠢᠯᠠᠷᠠᠨ ᠲᠣᠯᠣᠭᠠᠶ᠋ᠢᠯᠠᠵᠤ
ᠰᠠᠶ᠋ᠢᠬᠠᠨ ᠬᠤᠷᠸ᠎ᠠ᠎ᠶᠢᠨ ᠠᠮᠢᠯᠠᠯ ᠢ ᠬᠠᠮᠤᠭ ᠦᠨᠳᠤᠷ᠎ᠠᠴᠠ ᠬᠠᠶ᠋ᠢᠷᠠᠯᠠᠨ᠎ᠠ᠂ ᠡᠭᠦᠯᠡᠰ ᠮᠢᠨᠢ᠃
ᠤᠭᠠᠯᠵᠠ ᠤᠷᠠᠯᠠᠬᠤ ᠨᠤᠳᠤᠭ᠎ᠤᠨ ᠮᠢᠨᠢ ᠴᠠᠭᠠᠨ ᠡᠭᠦᠯᠡᠰ
ᠤᠷᠠᠨ ᠨᠤᠭᠤᠷᠠᠯ᠎ᠤᠨ ᠪᠥᠵᠢᠭ᠎ᠦᠨ ᠳᠠᠭᠢᠨᠢ ᠭᠡᠮᠡᠷ ᠡ!
ᠡᠷᠬᠡ ᠴᠢᠯᠤᠭᠡᠨ᠎ᠤ ᠪᠡᠶᠡᠯᠡᠭᠡ ᠪᠡᠶᠡᠯᠡᠵᠤ ᠬᠠᠷᠠᠭᠳᠠᠬᠤ ᠨᠢ
ᠡᠭᠡᠨᠡᠭᠳᠡ ᠠᠷᠢᠭᠤᠨᠰᠡᠳᠬᠢᠯᠤᠨ ᠪᠦᠷᠢᠯᠸ᠎ᠠ ᠭᠡᠮᠡᠷ ᠡ!
ᠤᠨᠠᠭᠰᠠᠨ ᠨᠤᠳᠤᠭ᠎ᠤᠨ᠎ᠢᠶᠠᠨ ᠲᠡᠭᠷᠢ᠎ᠶᠢ ᠭᠠᠪ ᠭᠠᠭᠴᠠᠭᠠᠷᠬᠠᠨ ᠰᠢᠷᠳᠡᠵᠤ
ᠠᠭᠤᠰᠬᠢ ᠵᠢᠷᠤᠬᠡᠨ᠎ᠤ᠎ᠪᠠᠨ ᠮᠦᠷᠤᠭᠡᠳᠤᠯ᠎ᠢᠶᠠᠷ ᠮᠦᠩᠭᠦᠨ ᠬᠠᠵᠠᠭᠠᠷ ᠵᠠᠩᠭᠢᠳᠴᠤ
ᠤᠤᠭᠠᠯ ᠨᠤᠳᠤᠭ᠎ᠤᠨ᠎ᠢᠶᠠᠨ ᠡᠭᠦᠯᠡᠰ᠎ᠢ ᠨᠤᠭᠳᠤᠯᠠᠵᠤ ᠠᠪᠤᠭᠠᠳ
ᠤᠭᠳᠠᠷᠭᠤᠢ᠎ᠶᠢᠨ ᠭᠦᠨ᠎ᠢᠶᠡᠷ ᠰᠠᠯᠬᠢ ᠬᠦᠯᠤᠭ᠌ᠯᠡᠨ ᠴᠣᠭᠲᠤ᠎ᠪᠠᠨ ᠠᠶᠠᠯᠠᠮᠠᠷ ᠪᠠᠶ᠋ᠢᠨ᠎ᠠ᠃