ᠡᠶᠡᠷᠪᠡᠭᠦᠦ ᠰᠠᠯᠬᠢᠨᠦ ᠤᠶᠠᠬᠠᠨᠠᠶ᠋ᠢᠵᠢᠮᠢ ᠲᠠᠭᠠᠨ ᠬᠥᠳᠡᠯᠵᠦ
ᠡᠭᠡᠷᠡᠮ᠎ᠡ ᠴᠥᠯ᠂ ᠠᠭᠤᠳᠠᠮ ᠬᠡᠭᠡᠷ᠎ᠡ᠎ᠶᠢ ᠲᠤᠭᠤᠯᠤᠨ ᠲᠤᠭᠤᠯᠤᠯ᠎ᠠ᠃
ᠬᠦᠷᠤᠰᠤᠨ᠎ᠤ ᠭᠦᠨ᠎ᠡᠴᠡ ᠬᠦᠰᠡᠯ ᠰᠣᠶᠣᠭᠠᠯᠠᠬᠤ ᠠᠮᠢᠯᠠᠯ ᠬᠠᠶ᠋ᠢᠵᠤ
ᠬᠥᠪᠥᠷᠡᠬᠦ᠌ ᠨᠠᠬᠢᠶ᠎ᠠ ᠨᠢᠯᠬ᠎ᠠ ᠰᠣᠶᠣᠭ᠎ᠠ᠎ᠶᠢ ᠨᠢᠳᠤ ᠠᠷᠴᠢᠨ ᠬᠦᠯᠢᠶᠡᠯ᠎ᠡ᠃
ᠲᠡᠨᠢᠭᠡᠷ ᠲᠠᠯ᠎ᠠ᠂ ᠰᠢᠨ᠎ᠡ ᠬᠠᠪᠤᠷ᠎ᠤᠨ ᠲᠤᠯᠭᠠᠨ ᠪᠠᠭᠤᠴᠠ ᠮᠢᠨᠢ ᠡ
ᠲᠡᠭᠷᠢ ᠶᠢᠨ ᠳᠣᠣᠭᠤᠷ ᠨᠡᠭᠦᠳᠡᠯᠦᠨᠰᠢᠪᠠᠭᠤᠳ ᠰᠦᠷᠤᠭ᠌ᠯᠡᠨ ᠨᠢᠰᠤᠨ᠎ᠠ
ᠨᠠᠭᠤᠷ ᠭᠣᠣᠯ ᠳ᠋ᠤ ᠮᠢᠨᠢ ᠨᠤᠭᠤᠰᠤ ᠭᠠᠯᠠᠭᠤᠳ ᠳᠠᠭᠤ᠎ᠪᠠᠨ ᠡᠷᠭᠦᠨ ᠪᠠᠭᠤᠨ᠎ᠠ
ᠨᠠᠷᠢᠨ ᠨᠠᠶ᠋ᠢᠯᠵᠠᠭᠤᠷ ᠤᠳᠠ ᠪᠤᠷᠭᠠᠰᠤ ᠰᠠᠯᠬᠢᠨ᠎ᠤ ᠠᠶ᠎ᠠ᠎ᠪᠠᠷ ᠨᠠᠶ᠋ᠢᠭᠤᠨ ᠪᠥᠵᠢᠨ᠎ᠡ
ᠨᠠᠷᠠᠨ᠎ᠤ ᠲᠤᠤᠷ᠎ᠠ ᠴᠡᠴᠡᠭ᠎ᠦᠨ ᠬᠡᠯᠳᠡᠰ ᠲᠡᠯᠭᠡᠷᠡᠬᠦ᠌ ᠵᠡᠭᠦᠳᠤ᠎ᠪᠡᠨ ᠮᠠᠨᠠᠨ᠎ᠠ ᠡ᠃
ᠡᠯᠢᠭᠡ ᠵᠢᠷᠤᠬᠡᠨ᠎ᠳᠤ ᠬᠣᠨᠣᠭᠰᠢᠭᠰᠠᠨ ᠤᠷᠳᠤ᠎ᠶᠢᠨ ᠤᠷᠳᠤ ᠲᠤᠤᠯᠢ
ᠡᠷᠭᠢᠨ ᠰᠠᠨᠠᠬᠤ᠎ᠶᠢᠨ ᠰᠠᠶ᠋ᠢᠬᠠᠨ ᠲᠤᠷᠠᠳᠬᠠᠯ ᠬᠠᠶ᠋ᠢᠯᠠᠨᠠ᠃
ᠠᠪᠤᠭᠠᠳ ᠶᠠᠷᠢᠬᠤ᠎ᠳᠤ ᠴᠥᠭᠡᠨ ᠬᠡᠳᠤᠬᠡᠨ ᠦᠯᠢᠭᠡᠷ ᠠᠳᠠᠯ᠎ᠠ
ᠠᠮᠠᠨ᠎ᠤ ᠠᠶᠠᠯᠭᠤ ᠪᠣᠯᠣᠭᠰᠠᠨ ᠤᠶᠠᠩᠭ᠎ᠠ᠎ᠶᠢᠨ ᠬᠠᠭᠠᠨ ᠪᠠᠳᠠᠭ ᠪᠠᠶ᠋ᠢᠯ᠎ᠠ᠃
ᠠᠮᠢᠳᠤᠷᠠᠯ᠎ᠠᠴᠠ ᠰᠢᠷᠭᠠᠭᠠᠭᠰᠠᠨ ᠵᠠᠷᠢᠮ ᠨᠢᠭᠡ ᠦᠨ᠎ᠡ ᠲᠠᠢ ᠭᠠᠩᠰᠠᠷᠠᠯ
ᠠᠮᠠ᠎ᠪᠠᠨ ᠪᠠᠷᠢᠨ ᠲᠠᠭ ᠲᠤᠭᠤᠢ ᠰᠠᠭᠤᠬᠤ ᠬᠠᠳᠠᠭᠤ ᠨᠢᠭᠡᠨ ᠲᠠᠪᠴᠢᠶᠠᠷᠢ᠃
ᠠᠶᠤᠤᠯᠢᠬᠠᠢᠳᠤᠪᠠᠨ ᠮᠠᠨᠠᠭᠰᠠᠨ ᠮᠦᠷᠤᠭᠡᠳᠤᠯ᠎ᠢᠶᠠᠨ ᠡᠵᠡᠨ ᠨᠢ ᠮᠡᠳᠡᠨ᠎ᠡ ᠡ
ᠠᠯᠢ ᠨᠢᠭᠡ ᠬᠦᠮᠤᠨ᠎ᠳᠤ ᠲᠠᠶ᠋ᠢᠯᠤᠭᠳᠠᠰᠢ ᠦᠭᠡᠢ ᠣᠨᠢᠰᠤᠭ᠎ᠠ ᠪᠠᠶ᠋ᠢᠵᠤ ᠯᠡ ᠲᠠᠭᠠᠷᠠᠭ᠎ᠠ᠃
ᠤᠷᠢᠬᠠᠨ ᠬᠠᠪᠤᠷ᠎ᠤᠨ ᠡᠭᠦᠯᠡᠨ ᠬᠥᠯᠥᠭᠲᠦᠪᠠᠨ ᠠᠯᠠᠪᠬᠢᠨ ᠮᠣᠷᠳᠠᠭᠠᠳ
ᠠᠭᠤᠵᠢᠮ ᠬᠣᠯᠠ᠎ᠶᠢᠨ ᠴᠢᠨᠦ᠍ ᠨᠤᠳᠤᠭ ᠵᠦᠭ ᠵᠢᠯᠣᠭᠣ ᠪᠠᠨ ᠰᠤᠩᠭᠠᠶ᠎ᠠ
ᠤᠷᠠᠨ ᠪᠠᠶ᠋ᠢᠭᠠᠯᠢ᠎ᠶᠢᠨ ᠠᠮᠢᠳᠤ ᠵᠢᠷᠤᠭ᠎ᠢᠶᠠᠷ ᠬᠠᠷᠠᠭ᠎ᠠ᠎ᠪᠠᠨ ᠮᠢᠯᠢᠶᠠᠶ᠎ᠠ
ᠴᠡᠯᠮᠡᠭ ᠠᠭᠠᠷ᠂ ᠰᠢᠪᠠᠭᠤᠨ ᠵᠢᠷᠭᠢᠭᠡ᠂ ᠭᠠᠩᠭᠠᠩ ᠴᠡᠴᠡᠭ ᠲᠤ᠌ ᠰᠤᠭᠳᠤᠭᠤᠷᠠᠵᠤ
ᠴᠡᠩᠭᠡᠭᠦᠨ ᠡᠬᠡᠰᠢᠭᠯᠡᠩ᠎ᠳᠦ ᠬᠠᠪᠤᠷ᠎ᠤᠨ ᠲᠠᠯ᠎ᠠ᠎ᠳᠦ ᠨᠠᠶ᠋ᠢᠷᠠᠭ᠎ᠤᠨ ᠤᠩᠭᠤᠳ᠎ᠢᠶᠠᠨ ᠬᠤᠷᠤᠶ᠋ᠢᠯᠠᠶᠠ
ᠠᠷᠢᠭᠤᠨ ᠴᠡᠪᠡᠷ ᠤᠯᠠᠷᠢᠯ᠎ᠤᠨ ᠰᠠᠯᠬᠢᠨ᠎ᠳᠤ ᠬᠤᠷ᠎ᠠ ᠪᠣᠷᠣᠭᠠᠨ ᠰᠡᠩᠰᠡᠷᠡᠵᠤ
ᠠᠭᠤᠯᠵᠠᠬᠤ᠎ᠶᠢᠨ ᠬᠦᠰᠡᠯ᠂ ᠮᠦᠷᠤᠭᠡᠳᠤᠯ᠎ᠤᠨ ᠪᠡᠶᠡᠯᠡᠯ ᠴᠢᠨᠢ ᠳᠡᠯᠭᠡᠷᠡᠨ ᠳᠡᠯᠭᠡᠷᠡᠵᠦ᠍
ᠠᠭᠤᠯᠠ ᠲᠠᠯ᠎ᠠ᠎ᠪᠠᠷ ᠦᠩᠭᠡ᠎ᠶᠢᠨ ᠴᠡᠴᠡᠬᠡᠰ ᠨᠠᠶ᠋ᠢᠭᠤᠨ ᠭᠠᠩᠬᠤᠨ ᠮᠢᠰᠢᠶᠡᠯᠴᠡᠵᠦ᠍
ᠤᠯᠭᠠᠠᠨ ᠵᠢᠷᠤᠬᠡᠨ ᠳ᠋ᠤ ᠴᠢᠨᠢ ᠪᠦᠯᠢᠶᠡᠨ ᠤᠷᠤᠰᠬᠠᠯ ᠡᠬᠡᠰᠢᠭᠯᠡᠨ ᠬᠠᠯᠭᠢᠬᠤ ᠪᠠᠶ᠋ᠢᠬ᠎ᠠ ᠳ᠋ᠠ᠃