ᠰᠠᠯᠬᠢ ᠬᠦᠪᠦᠷᠢᠳᠦᠭ᠌ᠰᠡᠨ ᠪᠣᠳᠣᠯ
2026-06-10 11:01:03
ᠵᠣᠬᠢᠶᠠᠭ᠍ᠴᠢ᠄
ᠷᠠ᠊ · ᠨᠠᠰᠣᠨᠴᠣᠭ᠍ᠲᠣ
ᠣᠩᠱᠢᠭ᠍ᠰᠠᠨ ᠣᠳᠠᠭ᠎ᠠ᠄
★★★☆☆


ᠰᠡᠪᠱᠢᠶ᠎ᠡ ᠲᠣᠷᠭᠠᠨ ᠠᠶᠠᠯᠭᠤ ᠠᠯᠲᠠᠨ ᠬᠢᠯᠭᠠᠨ᠎ᠠ᠎ᠶ᠋ᠢᠨ ᠨᠠᠮᠠᠭ᠎ᠠ ᠴᠢᠪᠬᠠᠳᠠᠬᠤ᠎ᠳᠤ

ᠰᠦᠷᠯᠢᠭ ᠠᠯᠳᠠᠢ᠎ᠶ᠋ᠢᠨ ᠪᠠᠯ

ᠰᠦᠷᠦᠭ ᠠᠳᠤᠭᠤᠳ᠎ᠤᠨ ᠲᠤᠷᠭᠢᠯᠳᠠ᠎ᠪᠠᠷ

ᠰᠡᠪᠰᠡᠭᠡᠷ ᠴᠠᠰᠤ᠎ᠪᠠᠨ ᠰᠡᠮᠡᠯᠡᠨ᠂ ᠰᠦ ᠱᠢᠭ ᠬᠠᠢᠯᠵᠤ ᠪᠠᠢᠭ᠎ᠠ ᠪᠠᠢᠬᠤ ᠳ᠋ᠠ

ᠰᠠᠢᠬᠠᠨ ᠠᠪᠤ᠎ᠶ᠋ᠢᠨ ᠭᠠᠭ᠍ᠴᠠ ᠨᠢᠳᠦᠨ ᠲᠤᠷᠠᠨ᠎ᠳᠤ

ᠰᠦᠮᠡᠨ ᠰᠦᠮᠡᠨ ᠠᠯᠤᠰ ᠨᠠᠳᠠ᠎ᠲᠠᠢ ᠵᠡᠷᠭᠡᠴᠡᠵᠦ᠍ ᠢᠷᠡᠭᠡᠳ

ᠰᠦᠭ᠎ᠲᠠᠢ ᠴᠠᠬᠢᠭᠤᠷ᠎ᠢ᠎ᠨᠢ ᠴᠠᠬᠢᠵᠤ

ᠱᠢᠯᠪᠢ᠎ᠲᠠᠢ ᠭᠠᠩᠰᠠ᠎ᠶ᠋ᠢ᠎ᠨᠢ ᠠᠰᠠᠭᠠᠨ ᠠᠴᠢᠯᠠᠵᠣ ᠯᠠ ᠰᠠᠨᠠᠭ᠍ᠳᠠᠭ᠎ᠠ ᠪᠠᠢᠬᠤ ᠳ᠋ᠠ

ᠰᠠᠢᠬᠠᠨ ᠠᠪᠤ᠎ᠶ᠋ᠢᠨ ᠪᠣᠳᠣᠯ᠎ᠢ ᠰᠠᠯᠬᠢ ᠨᠠᠳᠠ ᠲᠡᠭᠡᠷ᠎ᠠ ᠬᠦᠪᠦᠷᠢᠳᠦᠭᠡᠳ

ᠱᠢᠪᠠᠭᠤᠨ ᠳᠠᠯᠠᠪᠴᠢ ᠱᠢᠭ᠋ ᠮᠦᠷᠦᠭᠡᠳᠦᠯ᠎ᠢ

ᠱᠢᠭᠤᠢ᠎ᠶ᠋ᠢᠨ ᠵᠠᠬ᠎ᠠ᠎ᠶ᠋ᠢᠨ ᠬᠠᠪᠤᠷᠵᠢᠶᠠᠨ᠎ᠳᠤ ᠱᠤᠤᠭᠢᠭᠤᠯᠤᠨ ᠬᠦᠷᠭᠡᠬᠦ᠌ ᠯᠠ ᠪᠠᠢᠬᠤ ᠳ᠋ᠠ

ᠰᠡᠩᠭᠢᠨᠡᠬᠦ᠌ ᠬᠦᠩᠭᠡᠨ ᠡᠭᠡᠱᠢᠭ ᠱᠢᠷᠢᠩᠬᠢ᠎ᠶ᠋ᠢᠨ ᠵᠦᠯᠭᠡ ᠬᠤᠭᠤᠷᠳᠠᠬᠤ᠎ᠳᠤ

ᠰᠡᠷᠢᠭᠦᠨ ᠰᠡᠯᠡᠩᠭᠡ᠎ᠶ᠋ᠢᠨ ᠲᠡᠨᠵᠢ

ᠰᠠᠭᠠᠮᠠᠱᠢᠭ᠍ᠰᠠᠨ ᠦᠨᠢᠶᠡᠳ᠎ᠤᠨ ᠮᠦᠭᠡᠷᠡᠯᠲᠡ᠎ᠪᠠᠷ

ᠱᠢᠩᠭᠡᠬᠦ᠌ ᠨᠠᠷᠠ᠎ᠪᠠᠨ ᠣᠶᠠᠨ᠂ ᠰᠣᠯᠣᠩᠭ᠎ᠠ ᠱᠢᠭ᠋ ᠲᠤᠶᠠᠭᠠᠷᠠᠵᠤ ᠪᠠᠢᠭ᠎ᠠ ᠪᠠᠢᠬᠤ ᠳ᠋ᠠ

ᠰᠠᠭᠠᠯᠢᠴᠢᠨ ᠡᠵᠢ᠎ᠶ᠋ᠢᠨ ᠬᠤᠰᠤᠨ ᠮᠤᠳᠤᠨ᠎ᠤ ᠬᠦᠨᠦᠭ᠎ᠲᠤ

ᠰᠡᠷᠭᠦᠯᠡᠩ ᠰᠡᠷᠭᠦᠯᠡᠩ ᠪᠦᠷᠦᠢ ᠨᠠᠳᠠ᠎ᠲᠠᠢ ᠬᠤᠤᠰᠯᠠᠵᠤ ᠪᠠᠭᠤᠭᠠᠳ

ᠰᠣᠷ᠎ᠲᠠᠢ ᠲᠠᠲᠠᠭᠠᠷᠢ᠎ᠶ᠋ᠢ᠎ᠨᠢ ᠰᠤᠯᠠᠯᠠᠵᠤ

ᠰᠦ᠎ᠲᠠᠢ ᠰᠠᠭᠤᠯᠠᠭ᠎ᠠ᠎ᠶ᠋ᠢ᠎ᠨᠢ ᠲᠠᠮᠵᠢᠯᠠᠨ ᠬᠠᠮᠵᠢᠵᠤ ᠯᠠ ᠪᠤᠳᠤᠭ᠍ᠳᠠᠭ᠎ᠠ ᠪᠠᠢᠬᠤ ᠳ᠋ᠠ

ᠰᠠᠨᠠᠭᠠᠨ᠎ᠤ ᠴᠠᠭᠠᠨ ᠰᠠᠯᠬᠢ᠎ᠶ᠋ᠢ ᠪᠣᠳᠣᠯ ᠨᠠᠳᠠ ᠳᠡᠭᠡᠷ᠎ᠡ ᠬᠦᠪᠦᠷᠢᠳᠦᠭᠡᠳ

ᠰᠤᠷᠭᠤᠭ ᠴᠡᠴᠡᠭ ᠱᠢᠭ ᠬᠦᠰᠡᠯ᠎ᠢ

ᠱᠢᠷᠢᠩᠬᠢ᠎ᠶ᠋ᠢᠨ ᠴᠠᠭᠠᠨᠠᠬᠢ ᠬᠠᠪᠤᠷᠵᠢᠶᠠᠨ᠎ᠳᠤ ᠱᠠᠬ᠍ᠰᠢᠭᠤᠯᠤᠨ ᠲᠡᠯᠭᠡᠷᠡᠭᠦᠯᠬᠦ᠌ ᠯᠠ ᠪᠠᠢᠬᠤ ᠳ᠋ᠠ

ᠰᠡᠷᠴᠢᠭᠢᠨᠡᠬᠦ᠌ ᠵᠦᠭᠡᠯᠡᠨ ᠠᠪᠢᠶ᠎ᠠ ᠰᠤᠯᠢ᠎ᠶ᠋ᠢᠨ ᠲᠣᠯᠣᠭᠠᠢ ᠬᠦᠭ᠌ᠵᠢᠮᠳᠡᠬᠦ᠌᠎ᠳᠤ

ᠱᠠᠩᠬᠤ᠎ᠲᠠᠢ ᠭᠤᠪᠢ᠎ᠶ᠋ᠢᠨ ᠪᠦᠷᠢᠲᠦᠨ

ᠱᠢᠪᠡᠷᠡᠬᠦ᠌ ᠪᠣᠷᠣᠭᠠᠨ᠎ᠤ ᠰᠣᠷᠠᠭ᠎ᠢᠶᠠᠷ

ᠱᠢᠳᠢ᠎ᠲᠠᠢ ᠵᠡᠷᠭᠡᠯᠭᠡᠨ᠎ᠢᠶᠠᠨ ᠲᠣᠭ᠍ᠯᠠᠭᠤᠯᠣᠨ᠂ ᠱ᠌ᠢᠷᠦ᠍ ᠱᠢᠭ ᠤᠯᠠᠭᠠᠷᠠᠵᠤ ᠪᠠᠢᠭ᠎ᠠ ᠪᠠᠢᠬᠤ ᠳ᠋ᠠ

ᠰᠠᠢᠬᠠᠨ ᠰᠦᠩᠵᠢᠳᠮ᠎ᠠ᠎ᠶ᠋ᠢᠨ ᠠᠯᠠᠭ ᠨᠢᠳᠤᠨ᠎ᠤ ᠰᠣᠷᠮᠣᠣᠰᠣᠨ᠎ᠳᠤ

ᠰᠠᠷᠭᠠᠢ ᠰᠠᠷᠭᠠᠢ ᠬᠠᠢᠷ᠎ᠠ ᠨᠠᠳᠠ᠎ᠲᠠᠢ ᠬᠠᠨᠢᠰᠠᠵᠦ ᠦᠨᠵᠢᠭᠡᠳ

ᠱᠢᠩᠬᠤ᠎ᠲᠠᠢ ᠣᠷᠣᠭᠤᠯ᠎ᠢ᠎ᠨᠢ ᠦᠨᠦᠰᠴᠦ᠍

ᠰᠦᠷᠴᠢᠭ᠎ᠲᠠᠢ ᠰᠡᠪᠡᠯᠭᠡ᠎ᠶ᠋ᠢ᠎ᠨᠢ ᠢᠯᠪᠢᠨ ᠡᠩᠬᠦᠷᠡᠢᠯᠡᠵᠦ᠍ ᠯᠠ ᠰᠣᠭ᠍ᠲᠤᠭ᠎ᠠ ᠪᠠᠢᠬᠤ ᠳ᠋ᠠ

ᠰᠠᠷᠠᠨ᠎ᠤ ᠬᠠᠯᠠᠭᠤᠬᠠᠨ ᠵᠡᠭᠦᠳᠦ᠍᠎ᠶ᠋ᠢ ᠰᠠᠯᠬᠢ ᠨᠠᠳᠠ ᠳᠡᠭᠡᠷ᠎ᠡ ᠬᠦᠪᠦᠷᠢᠳᠦᠭᠡᠳ

ᠱᠢᠬᠢᠷ ᠵᠢᠮᠢᠰ ᠱᠢᠭ ᠪᠣᠳᠣᠯ᠎ᠢ

ᠱᠠᠩᠳᠠ᠎ᠶ᠋ᠢᠨ ᠨᠠᠭᠠᠨᠠᠬᠢ ᠬᠠᠪᠤᠷᠵᠢᠶᠠᠨ᠎ᠳᠤ ᠱᠢᠪᠡᠨᠡᠨ ᠲᠣᠭᠤᠯᠭᠠᠬᠤ ᠯᠠ ᠪᠠᠢᠬᠤ ᠳ᠋ᠠ

ᠰᠡᠩᠭᠢᠨᠡᠬᠦ᠌ ᠰᠡᠷᠴᠢᠭᠢᠨᠡᠬᠦ᠌᠎ᠶ᠋ᠢᠨ ᠠᠶᠠᠰ᠎ᠢ ᠡᠪᠡᠰᠦᠨ᠎ᠠᠴᠠ ᠰᠠᠯᠭᠠᠬᠤ ᠦᠭᠡᠢ ᠬᠦᠪᠦᠷᠢᠳᠦᠭᠡᠳ

ᠰᠦ᠂ ᠨᠣᠭᠤᠭᠠᠨ᠎ᠤ ᠬᠠᠪᠤᠷᠵᠢᠶᠠᠨ᠎ᠳᠤ

ᠨᠠᠷᠠᠨ ᠲᠣᠭᠤᠷᠣᠣ᠎ᠶ᠋ᠢᠨ ᠪᠦᠵᠢᠭ᠎ᠢ ᠴᠡᠩᠬᠡᠯ᠎ᠤᠨ ᠮᠡᠯᠮᠡᠢ᠎ᠳᠤ ᠡᠷᠭᠦᠬᠦ᠌ ᠰᠠᠨ

ᠰᠠᠨᠠᠬᠤ ᠪᠣᠳᠣᠬᠤ᠎ᠶ᠋ᠢᠨ ᠭᠦᠨᠵᠡᠭᠡᠢ᠎ᠶ᠋ᠢ ᠴᠡᠭᠡᠵᠢᠨ᠎ᠠᠴᠠ᠎ᠪᠠᠨ ᠭᠠᠷᠭᠠᠬᠤ ᠦᠭᠡᠢ ᠬᠦᠪᠦᠷᠢᠳᠦᠭᠡᠳ

ᠰᠠᠢᠬᠠᠨ ᠪᠦᠬᠦᠨ᠎ᠤ ᠳᠡᠷᠭᠡᠲᠡ

ᠵᠠᠶᠠᠭ᠎ᠠ ᠵᠦᠪ᠎ᠤᠨ ᠣᠷᠴᠢᠯᠠᠩ᠎ᠢ ᠬᠠᠢᠷ᠎ᠠ᠎ᠶ᠋ᠢᠨ ᠳᠠᠭᠤᠣ᠎ᠪᠠᠷ ᠵᠢᠷᠭᠠᠭᠠᠬᠤ ᠰᠠᠨ ᠁


ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号