ᠨᠢᠭᠤᠬᠤ ᠬᠡᠵᠤ ᠤᠷᠤᠭ᠍ᠰᠠᠨ ᠰᠦᠨᠢ᠎ᠶ᠋ᠢᠨ ᠪᠣᠷᠣᠭᠠᠨ
2026-06-10 11:02:01
ᠵᠣᠬᠢᠶᠠᠭ᠍ᠴᠢ᠄
ᠮᠦ᠍᠊·ᠰᠣᠶᠣᠯᠴᠡᠴᠡᠭ
ᠣᠩᠱᠢᠭ᠍ᠰᠠᠨ ᠣᠳᠠᠭ᠎ᠠ᠄
★★★☆☆


ᠭᠡᠷᠡᠯ᠎ᠤᠨ ᠬᠢᠯᠭᠠᠰᠦ ᠠᠮᠠᠨ᠎ᠳᠠᠭᠠᠨ ᠵᠠᠭᠤᠭ᠍ᠰᠠᠨ ᠴᠠᠭᠢᠯᠭᠠᠨ ᠪᠣᠷᠣᠭᠠᠨ

ᠰᠣᠳᠠᠯ᠎ᠤᠨ ᠬᠡᠯᠪᠡᠷᠢ᠎ᠲᠠᠢ ᠭᠱᠠᠨ ᠬᠢᠯᠠᠯᠵᠠᠬᠤ᠎ᠳᠤ

ᠴᠣᠩᠬᠤᠨ᠎ᠤ ᠱᠢᠯ᠎ᠳᠤ ᠴᠢᠮᠡᠭᠡ ᠦᠭᠡᠢ ᠵᠢᠷᠤᠭ᠍ᠳᠠᠨ

ᠴᠡᠨᠡᠭ᠎ᠤᠨ ᠰᠡᠯᠡᠮ᠎ᠡ ᠠᠭᠠᠷ᠎ᠢ ᠰᠣᠬᠲᠤᠭᠠᠬᠤ᠎ᠪᠠᠷ ᠡᠰᠭᠡᠬᠦ᠌᠎ᠳᠤ

ᠬᠠᠷᠠᠭᠠᠨ᠎ᠤ ᠰᠡᠷᠡᠯ᠎ᠢ ᠴᠡᠴᠡᠷᠡᠭᠦᠯᠲᠡᠯ᠎ᠡ ᠬᠦᠷᠪᠡᠭᠡᠨᠡᠭᠦᠯᠦᠨ᠎ᠡ

ᠨᠠᠮᠠᠶ᠋ᠢ ᠨᠢᠭᠤᠬᠤ ᠬᠡᠵᠤ ᠤᠷᠤᠭ᠍ᠰᠠᠨ ᠰᠦᠨᠢ᠎ᠶ᠋ᠢᠨ ᠪᠣᠷᠣᠭᠠᠨ

ᠴᠠᠬᠢᠯᠬᠤ ᠨᠢᠳᠦ᠍᠎ᠨᠢ ᠬᠠᠷᠠᠭ᠍ᠳᠠᠬᠤ ᠦᠭᠡᠢ

ᠴᠠᠭ᠎ᠤᠨ ᠭᠠᠵᠠᠷ᠎ᠠᠴᠠ ᠰᠣᠨᠣᠯᠵᠡᠨ ᠠᠢᠰᠦᠢ

ᠰᠡᠳᠭᠢᠯ ᠲᠠᠢᠪᠦᠰᠢᠷᠠᠳᠡᠬ ᠪᠣᠯᠪᠠ ᠦᠦ ᠬᠡᠮᠡᠨ ᠪᠢ

ᠴᠢᠮᠠᠶ᠋ᠢ ᠪᠣᠳᠣᠯ᠎ᠳᠠᠭᠠᠨ ᠰᠡᠮᠬᠡᠨ ᠵᠢᠷᠤᠭ᠍ᠯᠠᠵᠤ

ᠨᠢᠳᠦ᠍᠎ᠪᠠᠨ ᠲᠠᠭ ᠠᠨᠢᠯ᠎ᠠ




ᠳᠠᠭᠤᠨ᠎ᠤ ᠨᠣᠲ ᠬᠡᠯᠡᠨ᠎ᠳᠡᠭᠡᠨ ᠬᠠᠵᠠᠭ᠍ᠰᠠᠨ ᠠᠶᠤᠩᠭᠠᠳᠤ ᠪᠣᠷᠣᠭᠠᠨ

ᠬᠡᠩᠭᠡᠷᠭᠡ᠎ᠶ᠋ᠢᠨ ᠲᠠᠭᠤ᠎ᠲᠠᠢ ᠭᠱᠠᠨ ᠳᠣᠩᠭᠤᠳᠭᠤ᠎ᠳᠤ

ᠰᠣᠨᠣᠷ᠎ᠤᠨ ᠰᠡᠷᠡᠯ᠎ᠳᠤ ᠲᠦᠳᠡᠯ ᠦᠭᠡᠢ ᠲᠦᠴᠢᠬᠢᠨᠡᠨ

ᠠᠲ᠋ᠣᠮ᠎ᠤᠨ ᠳᠡᠯᠪᠡᠷᠡᠯᠲᠡ ᠡᠭᠦᠯᠡᠰ᠎ᠢ ᠪᠤᠴᠠᠯᠭᠠᠬᠤ᠎ᠪᠠᠷ ᠬᠠᠷᠬᠢᠯᠠᠬᠤ᠎ᠳᠤ

ᠲᠠᠷᠢᠬᠢᠨ᠎ᠤ ᠡᠰ᠎ᠢ ᠡᠮᠵᠡᠭ᠌ᠯᠡᠭᠦᠯᠲᠡᠯ᠎ᠡ ᠨᠦᠷᠵᠢᠬᠢᠨᠡᠭᠦᠯᠦᠨ᠎ᠡ

ᠨᠠᠮᠠᠶ᠋ᠢ ᠰᠣᠴᠢᠭᠠᠬᠤ ᠬᠡᠵᠤ ᠤᠷᠤᠭ᠍ᠰᠠᠨ ᠰᠦᠨᠢ᠎ᠶ᠋ᠢᠨ ᠪᠣᠷᠣᠭᠠᠨ

ᠬᠠᠰᠭᠢᠷᠬᠤ ᠬᠤᠭᠤᠯᠠᠢ᠎ᠨᠢ ᠦᠵᠡᠭ᠌ᠳᠡᠬᠦ᠌ ᠦᠭᠡᠢ

ᠮᠥᠴᠡ᠎ᠶ᠋ᠢᠨ ᠭᠠᠵᠠᠷ᠎ᠠᠴᠠ ᠳᠦᠩᠬᠢᠨᠡᠨ ᠠᠢᠰᠦᠢ

ᠠᠢᠳᠠᠰ ᠨᠠᠮᠲᠠᠬᠤ ᠪᠣᠯᠪᠠ ᠦᠦ ᠬᠡᠮᠡᠨ ᠪᠢ

ᠴᠢᠮᠠᠶ᠋ᠢ ᠬᠤᠷᠤᠭᠤᠨ ᠤᠷᠤᠮ᠎ᠳᠠᠭᠠᠨ ᠪᠦᠳᠡᠭᠢᠭᠡᠨ ᠵᠢᠷᠦᠵᠤ

ᠴᠢᠬᠢ᠎ᠪᠠᠨ ᠲᠠᠭ ᠪᠦᠭ᠌ᠯᠡᠯ᠎ᠡ




ᠲᠠᠱᠢᠭᠤᠷ᠎ᠤᠨ ᠬᠡᠯᠡ ᠲᠠᠩᠨᠠᠢ᠎ᠳᠠᠭᠠᠨ ᠬᠠᠳᠠᠭ᠍ᠰᠠᠨ ᠠᠭᠠᠳᠠᠷ ᠪᠣᠷᠣᠭᠠᠨ

ᠰᠣᠮᠣᠨ᠎ᠤ ᠬᠤᠷᠳᠤᠴᠠ᠎ᠲᠠᠢ ᠭᠱᠠᠨ ᠪᠠᠭᠤᠬᠤ᠎ᠳᠤ

ᠭᠡᠷ᠎ᠤᠨ ᠠᠲᠠᠷ᠎ᠲᠤ ᠭᠡᠷᠡᠯ ᠤᠭᠤᠴᠢᠯᠠᠭ᠍ᠰᠠᠨ ᠤᠰᠦ ᠬᠡᠯᠪᠡᠷᠢ ᠦᠭᠡᠢ ᠨᠡᠭᠦᠳᠡᠯᠯᠡᠨ

ᠬᠢᠯᠪᠢᠭᠡᠨ ᠬᠠᠷᠠᠩᠭᠤᠢ᠎ᠶ᠋ᠢ ᠬᠡᠮᠡᠯᠢᠲᠡᠯ᠎ᠡ ᠬᠠᠭ᠎ᠠ ᠵᠦᠰᠦᠬᠦ᠌᠎ᠳᠤ

ᠬᠤᠢᠬ᠎ᠠ᠎ᠶ᠋ᠢᠨ ᠦᠰᠦ ᠠᠷᠵᠡᠰᠭᠢᠨ ᠪᠣᠰᠣᠨ᠎ᠠ

ᠴᠢᠮᠠᠶ᠋ᠢ ᠰᠠᠨᠠᠭᠤᠯᠬᠤ ᠬᠡᠵᠤ ᠤᠷᠤᠭ᠍ᠰᠠᠨ ᠰᠦᠨᠢ᠎ᠶ᠋ᠢᠨ ᠪᠤᠷᠤᠭᠠᠨ

ᠲᠠᠰᠦᠷᠬᠠᠢ ᠪᠡᠶ᠎ᠡ᠎ᠨᠢ ᠮᠡᠳᠡᠭ᠌ᠳᠡᠬᠦ᠌ ᠦᠭᠡᠢ

ᠲᠡᠭ᠌ᠷᠢ ᠭᠠᠵᠠᠷ᠎ᠢ ᠵᠠᠯᠭᠠᠨ ᠬᠥᠱᠢᠭᠡᠯᠡᠨ ᠰᠠᠭᠠᠲᠠᠮᠤᠢ

ᠰᠡᠳᠭᠢᠯ᠎ᠤᠨ ᠬᠠᠨᠢ ᠪᠣᠯᠳᠠᠭ ᠪᠣᠯᠪᠠ ᠦᠦ ᠬᠡᠮᠡᠨ ᠪᠢ

ᠴᠢᠮᠠᠶ᠋ᠢ ᠴᠡᠭᠡᠵᠢᠨ᠎ᠳᠡᠭᠡᠨ ᠲᠣᠳᠣᠬᠠᠨ ᠵᠢᠷᠦᠵᠤ

ᠦᠨᠦᠴᠢᠨ ᠳᠡᠷ᠎ᠡ᠎ᠪᠠᠨ ᠲᠡᠪᠡᠷᠢᠯ᠎ᠡ




ᠲᠡᠭ᠌ᠷᠢ᠎ᠶ᠋ᠢᠨ ᠬᠡᠯᠡ᠎ᠶ᠋ᠢ ᠠᠮᠠᠨ᠎ᠳᠠᠭᠠᠨ ᠣᠩᠱᠢᠭ᠍ᠰᠠᠨ ᠬᠤᠩᠬᠤᠨ ᠪᠣᠷᠣᠭᠠᠨ

ᠣᠳᠣᠳ᠎ᠢ ᠦᠷᠭᠦᠭᠡᠲᠡᠯ᠎ᠡ ᠭᠱᠠᠨ ᠲᠠᠷᠨᠢᠳᠠᠬᠤ᠎ᠳᠤ

ᠭᠠᠵᠠᠷ᠎ᠲᠤ ᠳᠠᠭᠤ ᠱᠢᠩᠭᠡᠭ᠌ᠰᠡᠨ ᠤᠰᠦ ᠬᠦᠷᠵᠡ ᠡᠭᠦᠷᠴᠦ᠍ ᠤᠷᠤᠰᠤᠨ

ᠬᠠᠷᠠᠩᠭᠤᠢ ᠦᠷᠭᠦᠭᠡ᠎ᠶ᠋ᠢ ᠥᠨᠲᠡᠢᠯᠭᠡᠲᠡᠯ᠎ᠡ ᠴᠢᠰ ᠦᠣᠷᠰᠡᠬᠦ᠌᠎ᠳᠤ

ᠠᠷᠠᠰᠦᠨ᠎ᠤ ᠰᠦᠪᠡ ᠪᠥᠷᠵᠤᠢᠰᠭᠢᠨ ᠲᠣᠪᠣᠷᠣᠳᠣᠨ᠎ᠠ

ᠨᠠᠮᠠᠶ᠋ᠢ ᠠᠶᠤᠯᠭᠠᠬᠤ ᠬᠡᠵᠤ ᠤᠷᠤᠭ᠍ᠰᠠᠨ ᠰᠦᠨᠢ᠎ᠶ᠋ᠢᠨ ᠪᠣᠷᠣᠭᠠᠨ

ᠬᠦᠶᠦᠬᠦ᠌ ᠬᠥᠯ᠎ᠨᠢ ᠦᠵᠡᠭ᠌ᠳᠡᠬᠦ᠌ ᠦᠭᠡᠢ

ᠴᠢᠨᠦ᠍ ᠵᠦᠭ ᠴᠢᠮᠡᠭᠡ ᠬᠦᠷᠭᠡᠬᠦ᠌᠎ᠪᠠᠷ ᠯᠤᠤ ᠬᠥᠯᠭᠡᠯᠡᠨ ᠤᠳᠤᠮᠤᠢ

ᠪᠣᠷᠣᠭᠠᠨ᠎ᠤ ᠲᠦᠷᠭᠡᠳᠭᠡᠭᠦᠷ ᠪᠤᠯᠤᠭ᠍ᠰᠠᠨ ᠪᠣᠯᠪᠠ ᠦᠦ ᠬᠡᠮᠡᠨ ᠪᠢ

ᠴᠢᠮᠠᠶ᠋ᠢ ᠬᠤᠶᠠᠷ ᠨᠢᠳᠦᠨ᠎ᠳᠡᠭᠡᠨ ᠰᠡᠭᠦᠳᠡᠷᠯᠡᠵᠤ

ᠭᠠᠭ᠍ᠴᠠᠭᠠᠷᠳᠠᠯ᠎ᠤᠨ ᠨᠢᠯᠪᠦᠰᠦ᠎ᠪᠠᠨ ᠠᠷᠴᠢᠯ᠎ᠠ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号