​ᠳᠡᠯ᠎ᠲᠠᠢ ᠱᠢᠪᠠᠭᠤ
2026-03-11 10:50:02
ᠵᠣᠬᠢᠶᠠᠭ᠍ᠴᠢ᠄
ᠬ᠋᠊·ᠰᠠᠢᠨ
ᠣᠩᠱᠢᠭ᠍ᠰᠠᠨ ᠣᠳᠠᠭ᠎ᠠ᠄
★★★☆☆


ᠲᠡᠭ᠌ᠷᠢ᠎ᠶ᠋ᠢᠨ ᠲᠡᠨᠳᠡ᠎ᠠᠴᠠ ᠱᠢᠭᠤᠷᠠᠨ ᠰᠤᠯᠢᠷ᠎ᠲᠠᠭᠠᠨ ᠲᠠᠪᠬᠢᠭᠤᠯᠤᠭ᠍ᠰᠠᠨ ᠲᠠᠷ

ᠲᠡᠦᠬᠡ᠎ᠶ᠋ᠢᠨ ᠠᠳᠡ᠎ᠠᠴᠠ ᠰᠤᠨᠤᠷᠳᠠᠨ ᠰᠤᠳᠤᠷ᠎ᠲᠠᠭᠠᠨ ᠬᠡᠢᠮᠤᠷᠢᠯᠡᠭ᠌ᠰᠡᠨ ᠲᠠᠷᠨᠢ




ᠳᠡᠷᠬᠢ ᠬᠤᠩᠭᠤᠷ᠎ᠠᠴᠠ ᠲᠦᠯᠵᠢᠨ ᠨᠠᠭᠤᠷ᠎ᠲᠠᠭᠠᠨ ᠲᠡᠭᠦᠯᠢᠭ᠌ᠰᠡᠨ ᠱᠢᠪᠠᠭᠤᠳ

ᠲᠠᠬᠢ᠎ᠶ᠋ᠢᠨ ᠰᠦᠷᠦᠭ᠎ᠠᠴᠠ ᠲᠠᠰᠤᠷᠠᠨ ᠨᠤᠳᠤᠭ᠎ᠲᠠᠭᠠᠨ ᠲᠠᠰᠤᠭ᠍ᠰᠠᠨ ᠲᠠᠢᠴᠢᠳ




ᠲᠠᠰ᠎ᠤᠨ ᠱᠢᠭᠦᠷᠡᠯᠳᠡ᠎ᠲᠠᠢ ᠤᠷᠤᠯᠳᠤᠨ ᠬᠦᠪᠴᠢ᠎ᠠᠴᠠ ᠰᠠᠯᠤᠭ᠍ᠰᠠᠨ ᠬᠤᠷᠳᠤ

ᠲᠡᠷᠡ ᠬᠤᠯᠠ᠎ᠳᠤ ᠲᠢᠪ ᠰᠤᠨᠳᠠᠯᠠᠨ ᠬᠥᠬᠡ ᠲᠤᠭ᠎ᠢᠶᠠᠨ ᠵᠠᠯᠠᠭ᠍ᠰᠠᠨ ᠬᠦᠷᠳᠦ




ᠴᠢᠬᠢ᠎ᠲᠠᠢ ᠪᠣᠯᠭᠠᠨ᠎ᠤ ᠰᠤᠨᠤᠷ ᠪᠠᠶᠠᠰᠭᠠᠭ᠍ᠰᠠᠨ ᠮᠤᠳᠤᠨ ᠲᠡᠭᠡᠷ᠎ᠡ ᠤᠷᠠᠯᠠᠭ᠍ᠰᠠᠨ ᠵᠢᠮᠰᠡᠭ

ᠨᠢᠳᠦ᠍᠎ᠲᠠᠢ ᠪᠦᠬᠦᠨ᠎ᠤ ᠬᠠᠷᠠᠭ᠎ᠠ ᠪᠤᠯᠢᠶᠠᠭ᠍ᠰᠠᠨ ᠮᠦᠽᠧᠢ ᠲᠡᠭᠡᠷ᠎ᠡ ᠲᠤᠪᠳᠤᠯᠤᠭ᠍ᠰᠠᠨ ᠬᠦᠯᠦᠭ




ᠤᠷᠭ᠎ᠠ᠎ᠶ᠋ᠢᠨ ᠤᠷᠳᠤ᠎ᠪᠠᠷ ᠤᠬᠠᠭᠠᠨᠳᠦ ᠲᠡᠭᠡᠳᠦᠰ᠎ᠤᠨ ᠠᠷᠭᠠᠳᠠᠭ᠍ᠰᠠᠨ ᠤᠷᠳᠤ ᠨᠡᠷᠢᠨ ᠬᠦᠵᠦᠭᠦᠦ

ᠤᠷᠤᠭ᠍ᠰᠢ᠎ᠪᠠᠨ ᠲᠡᠮᠡᠦᠯᠬᠦ᠌᠎ᠪᠠᠷ ᠤᠳᠤᠮᠳᠤ ᠬᠡᠬᠦᠦ᠍᠎ᠶ᠋ᠢᠨ ᠵᠢᠳᠭᠦᠭ᠌ᠰᠡᠨ ᠴᠢᠳᠦᠷ ᠦᠭᠡᠢ ᠵᠡᠭᠦᠳᠦ




ᠬᠠᠯᠳᠠᠷ᠎ᠠ ᠢᠷᠡᠭ᠌ᠰᠡᠨ ᠲᠠᠢᠰᠦᠨ᠎ᠤ ᠵᠦᠭ ᠬᠠᠷᠪᠤᠭ᠍ᠰᠠᠨ ᠰᠤᠮᠣ ᠪᠣᠯᠵᠤ ᠢᠰᠭᠡᠷᠳᠡᠭ

ᠬᠠᠢᠷ᠎ᠠ ᠢᠪᠢᠯᠦᠭ᠌ᠰᠡᠨ ᠲᠠᠢᠴᠢᠨ᠎ᠤ ᠥᠭᠡᠳᠡ ᠬᠠᠩᠭᠢᠨᠠᠭ᠍ᠰᠠᠨ ᠲᠠᠭᠤ ᠪᠤᠯᠵᠤ ᠢᠵᠢᠯᠢᠱᠢᠳᠡᠭ




ᠬᠠᠨ ᠬᠤᠷᠮᠤᠰᠳᠠ᠎ᠶ᠋ᠢᠨ ᠯᠤᠤ᠎ᠪᠠᠷ ᠲᠦᠰᠦᠭᠡᠯᠡᠭ᠌ᠰᠡᠨ ᠬᠠᠭᠠᠨ ᠲᠥᠷᠦ᠍᠎ᠲᠠᠢ ᠲᠣᠲ᠋ᠧᠮ

ᠬᠠᠷᠢ ᠭᠦᠷᠦᠨ᠎ᠤ ᠵᠢᠷᠦᠭᠡ᠎ᠶ᠋ᠢ ᠲᠦᠭ᠌ᠰᠢᠭᠦᠯᠦᠭ᠌ᠰᠡᠨ ᠬᠠᠯᠠᠭᠤᠨ ᠬᠦᠯᠦᠰᠦ᠎ᠲᠠᠢ ᠲᠤᠬᠤᠮ




ᠤᠩᠭᠤᠨ ᠪᠠᠢᠭᠠᠯᠢ᠎ᠶ᠋ᠢ ᠬᠤᠮᠤᠯ᠎ᠢᠶᠠᠷ᠎ᠢᠶᠠᠨ ᠡᠮᠨᠡᠳᠡᠭ ᠡᠪᠡᠰᠦᠨ ᠲᠡᠵᠢᠭᠡᠯᠳᠡᠨ᠎ᠤ ᠣᠬᠢ

ᠬᠤᠷᠠᠭ᠍ᠰᠠᠨ ᠡᠭᠦᠯᠡᠰ᠎ᠢ ᠭᠦᠶᠦᠳᠡᠯ᠎ᠢᠶᠠᠷ᠎ᠢᠶᠠᠨ ᠲᠠᠯᠠᠯᠳᠠᠭ ᠬᠦᠯᠦᠰᠦᠨ ᠪᠤᠷᠤᠭᠠᠨ᠎ᠤ ᠠᠬᠢ




ᠬᠠᠮᠢᠭ᠎ᠠ ᠭᠠᠵᠠᠷ ᠠᠪᠠᠴᠢᠭ᠍ᠰᠠᠨ ᠴᠤ᠌ ᠬᠠᠷᠢᠭᠠᠳ ᠯᠠ ᠢᠷᠡᠳᠡᠭ ᠬᠠᠮᠤᠭ ᠨᠤᠳᠣᠭ᠍ᠴᠢ ᠠᠷᠠᠨᠱᠢᠨ

ᠬᠠᠪᠤᠷ ᠴᠠᠭ᠎ᠨᠢ ᠪᠤᠯᠤᠭ᠍ᠰᠠᠭᠠᠷ ᠯᠠ ᠪᠠᠢᠳᠠᠰᠤ᠎ᠪᠠᠨ ᠰᠠᠯᠭᠠᠳᠠᠭ ᠬᠠᠮᠤᠭ ᠬᠦᠮᠦᠨᠴᠢ ᠠᠮᠢᠳᠠᠨ




ᠨᠤᠭᠤᠨᠵᠠᠶᠠᠭ᠎ᠠ᠎ᠶ᠋ᠢᠨ ᠨᠢᠭᠤᠵᠤ ᠤᠨᠠᠭᠠᠭ᠍ᠰᠠᠨ ᠨᠢᠯᠪᠤᠰᠤᠨ᠎ᠤ ᠨᠤᠭ᠍ᠳᠣ ᠴᠢᠷᠦᠭ᠌ᠰᠡᠨ ᠲᠠᠭᠤᠯᠠᠯ

ᠨᠤᠶᠠᠨ ᠰᠠᠩ᠎ᠤᠨ ᠠᠳᠤᠭᠤᠴᠢᠨ᠎ᠤ ᠤᠶᠠᠷᠠᠨ ᠲᠠᠭᠤᠯᠠᠭ᠍ᠰᠠᠨ ᠨᠤᠲᠤᠭ ᠪᠤᠴᠠᠭ᠍ᠰᠠᠨ ᠲᠤᠭ᠍ᠳᠤᠯᠤᠯ




ᠲᠡᠭᠡᠳᠦᠰ᠎ᠤᠨ ᠪᠤᠮᠠᠨ ᠦᠶ᠎ᠡ᠎ᠠᠴᠠ ᠲᠠᠯᠠᠪᠴᠢ᠎ᠲᠠᠢ ᠠᠵᠢᠨᠠᠢ ᠨᠢᠰᠴᠦ᠍ ᠪᠠᠭᠤᠳᠠᠭ ᠶᠤᠮ ᠭᠡᠨ᠎ᠡ

ᠲᠡᠯᠡᠬᠡᠢ᠎ᠶ᠋ᠢᠨ ᠵᠠᠢ᠎ᠶ᠋ᠢ ᠲᠤᠪᠴᠢᠯᠠᠳᠠᠭ ᠳᠡᠯ᠎ᠲᠠᠢ ᠱᠢᠪᠠᠭᠤ ᠥᠰᠴᠦ᠍ ᠦᠷᠡᠵᠢᠳᠡᠭ ᠶᠤᠮ ᠭᠡᠨ᠎ᠡ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号