ᠮᠠᠯ᠎ᠤᠨ᠎ᠢᠶᠠᠨ ᠬᠤᠢᠨ᠎ᠠ᠎ᠠᠴᠠ ᠭᠡᠯᠲᠥᠷᠢᠵᠥ᠍ ᠬᠤᠯᠠᠳᠠᠬᠤ ᠡᠵᠢ᠎ᠶ᠋ᠢᠨ ᠪᠠᠷ᠎ᠠ
ᠬᠠᠷᠠᠭᠠᠨ᠎ᠳᠤ ᠳᠠᠩᠳᠠ ᠬᠠᠷᠠᠭ᠍ᠳᠠᠵᠤ ᠪᠥᠮᠪᠥᠷᠢᠬᠦ᠌ ᠨᠢᠯᠪᠤᠰᠤᠨ᠎ᠳᠤ ᠪᠥᠷᠲᠥᠯᠵᠡᠳᠡᠭ
ᠮᠠᠩᠬᠠᠨ᠎ᠤ᠎ᠪᠠᠨ ᠴᠠᠭᠠᠨ᠎ᠠ᠎ᠠᠴᠠ ᠬᠥᠯᠪᠡᠷᠢᠵᠥ᠍ ᠤᠢᠷᠠᠳᠬᠤ ᠠᠪᠤ᠎ᠶ᠋ᠢᠨ ᠰᠥᠷ
ᠬᠠᠷᠠᠴᠠᠨ᠎ᠳᠤ ᠥᠷᠭᠦᠯᠵᠢ ᠡᠷᠢᠭ᠌ᠳᠡᠵᠥ᠍ ᠪᠥᠯᠲᠡᠷᠡᠬᠦ᠌ ᠨᠢᠳᠤᠨ᠎ᠳᠤ ᠰᠥᠮᠡᠯᠵᠡᠳᠡᠭ
ᠠᠭᠢ᠎ᠶ᠋ᠢᠨ ᠥᠨᠥᠷ᠎ᠲᠠᠢ ᠲᠠᠯ᠎ᠠ᠎ᠶ᠋ᠢᠨ ᠬᠤᠷᠮᠤᠢ
ᠨᠡᠭᠦᠳᠡᠯ᠎ᠤᠨ ᠱᠢᠪᠠᠭᠤ ᠡᠩᠬᠦᠷᠡᠢᠯᠡᠵᠥ᠍
ᠠᠩᠭᠢᠷ ᠴᠡᠩᠬᠡᠷ ᠭᠤᠪᠢ᠎ᠶ᠋ᠢᠨ ᠥᠷᠥᠴᠡ
ᠵᠡᠷᠭᠡᠯᠭᠡᠨ ᠤᠨᠢᠶᠠᠷ ᠬᠤᠷᠤᠢᠯᠠᠵᠤ
ᠠᠳᠤᠭᠤᠨ ᠰᠥᠷᠥᠭ᠎ᠤᠨ ᠬᠡᠢᠮᠤᠷᠢ᠎ᠲᠤ ᠲᠠᠪᠬᠢᠭᠠᠨ᠎ᠳᠤ
ᠤᠩᠭᠤᠨ ᠳᠡᠯ ᠱᠢᠷᠤᠩᠬᠠᠢᠯᠠᠨᠠ
ᠠᠮᠢᠨ ᠰᠥᠵᠢᠭᠤᠨ ᠵᠢᠪᠬᠤᠭᠠᠲᠤ ᠬᠥᠷᠥᠰᠥᠨ᠎ᠳᠤ
ᠤᠯᠠᠷᠢᠯ᠎ᠤᠨ ᠰᠠᠯᠬᠢ ᠱᠢᠭᠤᠷᠣᠨᠠ
ᠤᠰᠤᠨ ᠬᠥᠬᠡ ᠨᠠᠭᠤᠷ᠎ᠤᠨ ᠳᠤᠯᠬᠢᠶᠠᠨ
ᠤᠷᠤᠱᠢᠯ ᠠᠮᠢᠳᠤᠷᠠᠯ᠎ᠤᠨ ᠵᠢᠮ᠎ᠡ᠎ᠶ᠋ᠢ ᠲᠡᠮᠲᠡᠭ᠌ᠯᠡᠵᠥ᠍
ᠤᠨᠳᠤᠷᠬᠤ ᠪᠤᠯᠠᠭ᠎ᠤᠨ ᠬᠥᠩᠭᠡᠬᠡᠨ ᠱᠢᠪᠡᠨᠡᠭᠡ
ᠤᠷᠤᠭᠤᠳᠠᠯ ᠥᠭᠡᠳᠡᠯᠡᠯ᠎ᠤᠨ ᠴᠤᠤᠷᠢᠶ᠎ᠠ ᠴᠢᠩᠨᠠᠵᠤ
ᠰᠠᠯᠬᠢ᠎ᠪᠠᠷ ᠴᠤᠬᠢᠭᠤᠯᠤᠭ᠍ᠰᠠᠨ ᠡᠵᠢ᠎ᠶ᠋ᠢᠨ ᠬᠠᠴᠠᠷ ᠪᠤᠶᠤ
ᠰᠠᠭᠠᠷᠢᠲᠤᠵᠤ ᠬᠠᠭᠠᠷᠢᠭ᠍ᠰᠠᠨ ᠭᠠᠷ ᠬᠤᠷᠤᠭᠤᠳ᠎ᠨᠢ
ᠰᠠᠨᠴᠢᠭ᠎ᠤᠨ ᠴᠠᠭᠠᠨ ᠥᠰᠥᠨᠤᠬᠢᠨᠢ ᠰᠡᠪᠡᠯᠭᠡ᠎ᠪᠠᠷ
ᠰᠠᠨᠠᠭᠠᠨ᠎ᠳᠤ ᠬᠤᠷᠠᠵᠤ ᠪᠤᠳᠤᠯ ᠵᠥᠭᠡᠯᠡᠷᠡᠭᠦᠯᠥᠨᠡ
ᠠᠢᠯ ᠤᠰᠤᠨ᠂ ᠠᠢᠮᠠᠭ ᠰᠠᠭᠠᠬᠠᠯᠲᠠ᠂ ᠠᠷᠠᠳ ᠲᠥᠮᠡᠨ
ᠰᠥ ᠡᠷᠭᠦᠨ ᠰᠥᠷᠥᠭ᠎ᠢᠶᠠᠨ ᠬᠠᠷᠢᠭᠤᠯᠵᠤ ᠨᠤᠲᠤᠭ ᠶ᠋ᠢᠡᠨ ᠲᠠᠭᠠᠳᠬᠠᠨ
ᠠᠬᠠᠮᠠᠳ ᠪᠤᠭᠤᠷᠤᠯ᠂ ᠠᠪᠤ ᠡᠵᠢ᠂ ᠠᠨᠳᠠ ᠰᠠᠳᠤᠨ
ᠬᠥᠢ ᠳᠡᠯᠭᠡᠨ ᠪᠥᠮᠪᠥᠷᠴᠡᠭ ᠥᠭ᠌ᠰᠥᠨ ᠬᠤᠲᠤᠭ᠎ᠢᠶᠠᠨ ᠮᠢᠯᠢᠶᠠᠳᠠᠭ ᠭᠡᠵᠥ᠍
ᠰᠠᠯᠬᠢᠨ᠎ᠤ ᠴᠢᠮᠡᠭᠡ᠎ᠲᠠᠢ
ᠰᠠᠯᠬᠢᠨ᠎ᠤ ᠤᠷ᠎ᠠ᠎ᠪᠠᠷ ᠤᠯᠠᠷᠢᠯ ᠡᠰᠭᠡᠬᠦ᠌
ᠰᠠᠭᠠᠯᠢ᠎ᠶ᠋ᠢᠨ ᠰᠠᠢᠬᠠᠨ ᠬᠥᠳᠡᠭᠡ᠎ᠶ᠋ᠢᠨ ᠠᠷᠢᠭᠤᠨ ᠴᠡᠴᠡᠭᠡᠰ ᠥᠨᠥᠰᠴᠥ᠍
ᠠᠢᠷᠠᠭ᠎ᠤᠨ ᠥᠨᠥᠷ᠎ᠲᠠᠢ
ᠠᠢᠷᠠᠭ᠎ᠤᠨ ᠱᠢᠮ᠎ᠡ ᠬᠤᠷᠠᠨ ᠲᠤᠨᠤᠷᠠᠬᠤ
ᠠᠭ᠍ᠰᠤᠮᠤᠨ ᠬᠤᠷᠳᠤᠨ ᠬᠥᠯᠥᠭ ᠢᠵᠢᠯᠢ᠎ᠪᠠᠨ ᠥᠭᠡᠢᠯᠡᠵᠥ᠍ ᠥᠥᠷᠰᠡᠨᠡ