ᠡᠪᠦᠭᠡᠨ ᠱᠠᠩᠰᠢ᠎ᠶ᠋ᠢᠨ ᠬᠠᠭᠤᠷᠠᠢ ᠰᠠᠯᠠᠭ᠎ᠠ ᠵᠢᠷᠦᠬᠡ᠎ᠶ᠋ᠢ ᠱᠢᠪᠡᠵᠦ᠍ ᠬᠤᠭᠤᠷᠠᠨ᠎ᠠ
ᠦᠵᠦᠭᠦᠷ ᠨᠠᠮᠠᠭᠠᠨᠤ ᠬᠢᠨᠢ ᠱᠢᠨᠡᠬᠡᠨ ᠨᠠᠬᠢᠶ᠎ᠠ ᠱᠢᠷᠬ᠎ᠠ᠎ᠶ᠋ᠢ ᠳᠠᠭᠠᠵᠤ ᠤᠷᠭᠤᠨ᠎ᠠ
ᠥᠩᠭᠡᠷᠡᠭ᠌ᠰᠡᠨ ᠵᠠᠭᠤᠨ ᠰᠡᠭᠦᠳᠡᠷ ᠳᠣᠣᠷ᠎ᠠ ᠨᠢ ᠨᠠᠮ ᠵᠢᠮᠬᠡᠨ ᠨᠣᠢᠷᠰᠤᠨᠠ
ᠦᠶ᠎ᠡ ᠭᠡᠱᠢᠭᠦᠦ᠍ᠳᠦᠨᠢ ᠬᠥᠭᠡᠷᠦᠬᠦᠨ ᠱᠢᠪᠠᠭᠤᠳ ᠦᠯᠢᠭᠡᠷ ᠴᠢᠩᠨᠠᠵᠤ ᠵᠢᠷᠭᠢᠨ᠎ᠡ
ᠬᠠᠶᠠ ᠨᠢᠭᠡ ᠨᠢ ᠡᠭᠦᠷ᠎ᠢᠶᠡᠨ ᠵᠠᠰᠠᠵᠤ ᠠᠮᠢᠳᠤᠷᠠᠯ ᠬᠥᠭ᠌ᠵᠢᠮᠳᠡᠵᠦ᠍ ᠡᠬᠢᠯᠡᠭᠦᠯᠦᠨ᠎ᠡ
ᠬᠠᠨ᠎ᠠ᠎ᠶ᠋ᠢᠨ ᠨᠢᠳᠦ ᠱᠢᠭ ᠨᠠᠪᠴᠢᠨ ᠳᠤᠮᠳᠠᠭᠤᠷ ᠨᠢ ᠬᠠᠢᠷ᠎ᠠ ᠰᠦᠯᠵᠢᠵᠦ᠍ ᠡᠷᠬᠡᠯᠡᠨ᠎ᠡ
ᠬᠠᠪᠤᠷ᠎ᠤᠨ ᠨᠠᠷᠠ ᠡᠭᠦᠯᠡᠨ ᠴᠢᠯᠦᠭᠡᠨ᠎ᠳᠦ ᠮᠦᠴᠢᠷ ᠳᠠᠮᠵᠢᠨ ᠠᠰᠭᠠᠷᠠᠨ᠎ᠠ
ᠬᠠᠮᠢᠭ᠎ᠠ ᠨᠢᠭᠡᠨᠳᠡᠬᠡᠡᠴᠡ ᠪᠣᠷᠤᠭᠠᠨ ᠲᠣᠰᠴᠤ᠌ ᠦᠨᠳᠦᠰᠦ ᠤᠷᠤᠭᠤ ᠨᠢ ᠭᠦᠶᠦᠯᠳᠦᠨ᠎ᠡ
ᠠᠮᠢ ᠨᠠᠰᠤᠨ᠎ᠤ ᠬᠥᠭᠡᠷᠦᠬᠦᠨ ᠠᠶᠠᠰ ᠰᠠᠯᠬᠢ ᠬᠣᠷᠭᠤᠳᠠᠵᠤ ᠡᠬᠢᠯᠡᠨ᠎ᠡ
ᠠᠢᠯ᠎ᠤᠨ ᠬᠡᠥᠬᠡᠳ ᠵᠤᠭ᠎ᠠ ᠱᠢᠪᠲᠤᠷᠠᠵᠤ ᠱᠢᠪᠠᠭᠤ ᠥᠷᠭᠦᠭᠡᠵᠦ᠍ ᠨᠠᠭᠠᠳᠤᠨ᠎ᠠ
ᠠᠨᠢᠷ ᠬᠣᠯᠠ᠎ᠶ᠋ᠢᠨ ᠵᠡᠷᠭᠡᠯᠭᠡᠨ ᠵᠦᠰᠦᠵᠦ᠍ ᠠᠳᠤᠭᠤᠨ ᠰᠦᠷᠦᠭ ᠨᠠᠭᠠᠱᠢᠯᠠᠨ᠎ᠠ
ᠠᠢᠯ᠎ᠤᠨ ᠠᠪᠤ᠎ᠶ᠋ᠢᠨ ᠰᠥᠭᠡᠩᠬᠢ ᠳᠠᠭᠤ ᠨᠢᠯᠪᠤᠰᠤ ᠴᠡᠢᠯᠡᠭᠡᠨᠡᠭᠦᠯᠵᠦ᠍ ᠰᠣᠨᠤᠰᠳᠠᠨ᠎ᠠ
ᠬᠠᠯᠠᠭᠤᠨ ᠨᠠᠷᠠᠨ᠎ᠳᠤ ᠰᠡᠭᠦᠳᠡᠷ ᠳᠣᠣᠷ᠎ᠠ ᠨᠢ ᠮᠠᠯ᠎ᠤᠨ ᠬᠥᠮᠦᠰ ᠰᠡᠷᠢᠭᠦᠴᠡᠨᠡ
ᠬᠠᠯᠠ ᠵᠢᠷᠭᠠᠯ᠂ ᠪᠠᠶᠠᠷ ᠭᠤᠨᠢᠭ᠎ᠤᠨ ᠢᠨᠢᠶᠡᠳᠦ ᠨᠢᠯᠪᠤᠰᠤᠨ᠎ᠳᠠᠭᠠᠨ ᠬᠠᠬᠠᠨ᠎ᠠ
ᠬᠠᠳᠠᠭ ᠲᠠᠲᠠᠵᠤ ᠣᠩᠭᠤᠨ ᠱᠢᠲᠦᠭᠡᠨᠳᠦᠨᠢ ᠰᠠᠢᠨ᠎ᠤ ᠪᠡᠯᠭᠡᠳᠡᠯ ᠳᠠᠭᠠᠳᠭᠠᠨ᠎ᠠ
ᠬᠠᠨ ᠬᠣᠷᠮᠤᠰᠲᠡ ᠲᠠᠢ ᠦᠭᠡ ᠨᠡᠪᠲᠡᠷᠡᠵᠦ᠍ ᠪᠣᠳᠤᠯ ᠠᠷᠢᠭᠣᠰᠴᠤ᠌ ᠲᠠᠢᠳᠭᠤᠷᠠᠨᠠ
ᠰᠠᠨᠠᠭ᠎ᠠ ᠠᠯᠳᠠᠬᠤ ᠱᠢᠭ᠋ ᠬᠡᠳᠦᠨ ᠨᠠᠪᠴᠢᠰ ᠭᠠᠵᠠᠷ ᠤᠨᠠᠬᠤ᠎ᠳᠤ ᠡᠮᠵᠡᠭ᠌ᠯᠡᠨ᠎ᠡ
ᠰᠠᠯᠤᠭᠠᠳ ᠤᠳᠠᠭ᠍ᠰᠠᠨ ᠬᠥᠮᠦᠨ᠎ᠦ ᠦᠷ᠎ᠡ ᠮᠥᠷᠦᠭᠡᠳᠦᠯ᠎ᠦᠨ ᠬᠣᠯᠠ ᠳᠤᠷᠠᠰᠤᠭ᠍ᠳᠠᠨᠠ
ᠰᠠᠢᠬᠠᠨ ᠪᠠᠢᠭᠠᠯᠢ ᠠᠮᠤᠷ ᠠᠮᠤᠭᠤᠯᠠᠩ᠎ᠤᠨ ᠵᠡᠭᠦᠳᠦ ᠵᠦᠩᠢ ᠠᠪᠴᠢᠷᠠᠨ᠎ᠠ
ᠰᠠᠯᠠᠭ᠎ᠠ ᠨᠢ ᠬᠦᠷᠲᠡᠯ᠎ᠡ ᠲᠡᠭ᠌ᠷᠢ ᠥᠭᠡᠳᠡ ᠵᠠᠯᠪᠠᠷᠢᠵᠤ ᠡᠵᠢ᠎ᠶ᠋ᠢᠨ ᠳᠦᠷᠢ ᠲᠠᠢ ᠤᠷᠭᠤᠨ᠎ᠠ
ᠨᠠᠷᠠ ᠰᠠᠯᠬᠢ᠎ᠪᠠᠨ ᠨᠥᠮᠥᠷᠴᠦ᠍ ᠵᠣᠭ᠍ᠰᠤᠭ᠍ᠰᠠᠨ ᠨᠤᠲᠤᠭ᠎ᠤᠨ ᠪᠤᠭᠤᠷᠤᠯ ᠬᠠᠢᠯᠠᠰᠤ
ᠨᠠᠮᠠᠭᠠᠨ ᠳᠡᠭᠡᠷ᠎ᠡ ᠨᠢ ᠮᠢᠩᠭᠠᠨ ᠣᠨ᠎ᠤ ᠭᠡᠷᠡᠯ ᠰᠡᠭᠦᠳᠡᠷ᠎ᠦᠨ ᠥᠩᠭᠡ ᠲᠠᠢ
ᠨᠠᠷᠠᠲᠤᠬᠣᠷᠸᠠᠳᠤ ᠵᠣᠪᠠᠨ ᠵᠢᠷᠭᠠᠵᠤ ᠥᠭ᠌ᠰᠥᠨ ᠤᠷᠤᠭᠤᠳᠠᠵᠤ ᠶᠠᠪᠤᠭ᠍ᠰᠠᠨ
ᠨᠠᠰᠤᠨ ᠥᠨᠳᠦᠷ ᠡᠯᠦᠨᠴᠡ ᠬᠤᠯᠤᠨᠴᠠ᠎ᠶ᠋ᠢ ᠬᠠᠷᠠᠵᠤ ᠮᠥᠩᠬᠡᠷᠡᠭ᠌ᠰᠡᠨ ᠨᠢᠳᠦ ᠲᠠᠢ
ᠥᠨᠳᠦᠰᠦ ᠤᠷᠤᠭᠤ᠎ᠪᠠᠨ ᠦᠭᠡ᠎ᠪᠡᠨ ᠱᠢᠪᠡᠨᠡᠵᠦ᠍ ᠲᠡᠭ᠌ᠷᠢ᠎ᠶ᠋ᠢᠨ ᠰᠠᠨᠠᠭ᠎ᠠ᠎ᠶ᠋ᠢ ᠮᠡᠳᠡᠷᠡᠭᠦᠯᠦᠭ᠌ᠰᠡᠨ
ᠦᠵᠦᠭᠦᠷ ᠥᠭᠡᠳᠡ᠎ᠪᠡᠨ ᠪᠣᠳᠤᠯ᠎ᠢᠶᠠᠨ ᠡᠷᠭᠦᠵᠦ᠍ ᠭᠠᠵᠠᠷ᠎ᠤᠨ ᠬᠦᠰᠡᠯ᠎ᠢ ᠨᠡᠪᠲᠡᠷᠡᠭᠦᠯᠦᠭ᠌ᠰᠡᠨ
ᠦᠨᠡᠨ ᠭᠣᠣᠯ᠎ᠠᠴᠠ᠎ᠪᠠᠨ ᠤᠬᠠᠭᠠᠨ ᠰᠠᠭᠤᠳᠠᠭ ᠬᠥᠮᠦᠨ᠎ᠦ ᠨᠢᠭᠡᠨ ᠨᠠᠰᠤᠨ ᠮᠡᠲᠦ
ᠥᠭᠡᠳᠡ᠎ᠪᠡᠨ ᠤᠷᠭᠤᠳᠠᠭ ᠪᠤᠭᠤᠷᠤᠯ ᠬᠠᠢᠯᠠᠰᠤ ᠨᠤᠲᠤᠭ᠎ᠤᠨ᠎ᠢᠶᠠᠨ ᠡᠵᠡᠨ᠎ᠦ ᠰᠦᠨᠡᠰᠦ ᠨᠢ ᠶᠤᠮ