(ᠮᠦᠴᠡᠯᠭᠡ ᠰᠢᠯᠦᠭ)
ᠬᠦᠯᠢᠶᠡᠰᠦ ᠪᠦᠬᠦᠨ ᠠᠯᠳᠠᠷᠠᠨ᠎ᠠ
ᠬᠦᠮᠦᠨ᠎ᠤ᠂ ᠡᠰᠡᠭᠦᠯ᠎ᠡ ᠦᠪᠡᠷ᠎ᠤᠨ ᠪᠠᠷᠢᠭ᠍ᠰᠠᠨ
ᠬᠡᠷᠡᠮ ᠪᠤᠯᠭᠠᠨ᠎ᠢᠶᠠᠨ ᠨᠤᠷᠠᠭᠠᠵᠤ
ᠬᠡᠭᠡᠷ᠎ᠡ᠎ᠶ᠋ᠢᠨ ᠰᠠᠯᠬᠢ ᠱᠢᠭ᠋
ᠡᠷᠬᠡ ᠴᠢᠯᠦᠭᠡᠳᠤ ᠤᠯᠵᠠᠯᠠᠭ᠍ᠳᠠᠨᠠ
ᠣᠰᠣ ᠬᠦᠷᠲᠡᠯ᠎ᠡ ᠠᠩᠭᠠᠬᠤ᠎ᠶ᠋ᠢ ᠮᠡᠳᠡᠨ᠎ᠡ
ᠠᠮᠲᠠᠲᠤ ᠬᠤᠭᠤᠯᠠ ᠬᠦᠷᠲᠡᠯ᠎ᠡ ᠦᠯᠦᠰᠭᠦ᠎ᠶ᠋ᠢ ᠮᠡᠳᠡᠨ᠎ᠡ
ᠠᠭᠠᠷ ᠬᠦᠷᠲᠡᠯ᠎ᠡ ᠪᠦᠭ᠌ᠴᠢᠮᠳᠡᠬᠦ᠌ᠶ᠋ᠢ ᠮᠡᠳᠡᠨ᠎ᠡ
ᠮᠡᠳᠡᠨ᠎ᠡ᠂ ᠮᠡᠳᠡᠨ᠎ᠡ᠂ ᠮᠡᠳᠡᠨ᠎ᠡ
ᠪᠡᠶ᠎ᠡ᠎ᠪᠠᠨ ᠮᠡᠳᠡᠬᠦ᠌᠎ᠠᠴᠠ ᠡᠬᠢᠯᠡᠵᠦ᠍
ᠠᠮᠢ ᠨᠠᠰᠤ᠎ᠪᠠᠨ ᠴᠢᠯᠦᠭᠡᠯᠡᠨ᠎ᠡ
ᠡᠮᠦᠰᠦᠭ᠌ᠰᠡᠨ ᠬᠤᠪᠴᠠᠰᠤ ᠡᠳᠦᠷ᠎ᠤᠨ ᠤᠳᠠᠭᠠᠨ᠎ᠳᠤ
ᠮᠢᠨᠤ ᠳᠣᠯᠠᠭᠠᠨᠢ ᠵᠢᠭᠡᠯᠡᠵᠦ᠍ ᠦᠩᠭᠡ᠎ᠨᠢ ᠱᠢᠨᠡᠳᠦᠨᠡ
ᠠᠯᠬᠤᠭ᠍ᠰᠠᠨ ᠵᠦᠷᠢᠭ ᠬᠤᠨᠤᠭ᠎ᠤᠨ ᠵᠤᠵᠠᠭᠠᠨ᠎ᠳᠤ
ᠮᠢᠨᠤ ᠮᠦᠷ᠎ᠢ ᠵᠢᠭᠡᠯᠡᠵᠦ᠍ ᠴᠢᠭ᠌ᠯᠡᠯ᠎ᠨᠢ ᠳᠣᠳᠣᠷᠠᠨ᠎ᠠ
ᠤᠤᠭᠤᠭ᠍ᠰᠠᠨ ᠰᠠᠷᠬᠤᠳ ᠠᠮᠢᠳᠣᠷᠠᠯ᠎ᠤᠨ ᠪᠤᠳᠤᠯᠢᠶᠠᠨᠳᠤ
ᠮᠢᠨᠤ ᠰᠡᠳᠭᠢᠯ᠎ᠢ ᠵᠢᠭᠡᠯᠡᠵᠦ᠍ ᠬᠠᠢᠷ᠎ᠠ᠎ᠪᠠᠷ ᠰᠤᠭ᠍ᠲᠤᠨᠠ
ᠲᠠᠢᠪᠤᠩ ᠪᠤᠯᠬᠤᠷ ᠲᠡᠩᠴᠡᠭᠦᠷᠢᠲᠡᠢ
ᠲᠤᠬᠢᠷᠠᠮᠵᠢᠲᠠᠢ ᠪᠤᠯᠬᠤᠷ ᠲᠠᠭᠠᠯᠠᠮᠵᠢᠲᠠᠢ
ᠲᠦᠮᠡᠨ ᠦᠭᠡᠳᠡᠰᠦ᠎ᠶ᠋ᠢ ᠠᠷᠭᠠᠳᠠᠵᠤ
ᠲᠡᠷᠯᠢᠭ ᠣᠶᠣᠵᠣ ᠴᠢᠳᠠᠭ᠍ᠰᠠᠨ ᠪᠤᠯᠬᠤᠷ
ᠲᠡᠭ᠌ᠷᠢ᠎ᠶ᠋ᠢᠨ ᠰᠠᠨᠠᠭ᠎ᠠ ᠱᠢᠭ᠋ ᠪᠦᠲᠦᠮᠵᠢᠲᠡᠢ
ᠮᠡᠷᠭᠡᠨ ᠴᠤᠬᠤᠷ
ᠮᠡᠷᠭᠡᠨ ᠴᠣᠬᠤᠷ ᠪᠠᠢᠬᠤ ᠪᠤᠯᠬᠤᠷ
ᠮᠠᠭᠠᠳ ᠮᠤᠩᠬᠠᠭ ᠴᠤᠬᠤᠷ ᠴᠦ᠍ ᠪᠤᠢ
ᠮᠡᠷᠭᠡᠨ᠎ᠢ᠎ᠨᠢ ᠮᠡᠳᠡᠭᠡᠳ
ᠮᠠᠨᠠᠢᠬᠢᠳ
ᠮᠤᠩᠬᠠᠭᠢᠨᠢ ᠮᠠᠷᠲᠠᠵᠠᠢ
ᠮᠠᠨ᠎ᠤ ᠶᠢᠷᠲᠢᠨᠴᠦ᠍
ᠲᠡᠷᠡ ᠦᠶ᠎ᠡ᠎ᠠᠴᠠ ᠡᠬᠢᠯᠡᠵᠦ᠍
ᠴᠣᠬᠤᠮ ᠴᠣᠬᠤᠷ ᠪᠤᠯᠵᠠᠢ
ᠨᠢᠭᠤᠴᠠ
ᠠᠯᠲᠠ᠎ᠶ᠋ᠢ ᠠᠪᠳᠠᠷ᠎ᠠ᠎ᠳᠤ ᠨᠢᠭᠤᠨ᠎ᠠ
ᠠᠪᠳᠠᠷ᠎ᠠ ᠠᠷᠭ᠎ᠠ ᠦᠭᠡᠢ
ᠦᠪᠡᠷ᠎ᠢ᠎ᠪᠠᠨ ᠨᠢᠭᠤᠨ᠎ᠠ
ᠨᠢᠭᠤᠬᠤ ᠦᠭᠡᠢ ᠪᠤᠯ
ᠨᠢᠷᠤᠭᠤ᠎ᠨᠢ
ᠨᠢᠭᠦᠯ᠎ᠤᠨ ᠰᠣᠮᠣᠨ᠎ᠳᠤ
ᠣᠨᠣᠭ᠍ᠳᠠᠵᠤ ᠮᠡᠳᠡᠨ᠎ᠡ
ᠨᠢᠭᠤᠭ᠍ᠰᠠᠨ ᠴᠦ᠍
ᠨᠠᠷᠠᠨ᠎ᠤ ᠭᠡᠷᠡᠯ᠎ᠢᠶᠠᠷ ᠳᠣᠲᠠᠵᠤ
ᠪᠦᠭ᠌ᠴᠢᠮᠳᠡᠵᠦ᠍ ᠮᠡᠳᠡᠨ᠎ᠡ
ᠠᠯᠲᠠ ᠪᠤᠯᠬᠤ ᠦᠨᠡᠨ ᠬᠡᠴᠡᠭᠦᠦ
ᠠᠪᠳᠠᠷ᠎ᠠ ᠪᠤᠯᠬᠤ ᠨᠡᠩ ᠴᠦ᠍ ᠬᠡᠴᠡᠭᠦᠦ
ᠦᠷᠢᠰᠦᠯᠳᠦᠭᠡᠨ
ᠳᠡᠢᠯᠬᠦ᠌ ᠭᠡᠵᠦ᠍ ᠦᠷᠢᠰᠦᠯᠳᠦᠵᠡᠢ
ᠳᠡᠢᠯᠬᠦ᠂ ᠳᠡᠢᠯᠬᠦ᠌ ᠦᠭᠡᠢ ᠬᠠᠮᠢᠶ᠎ᠠ ᠦᠭᠡᠢ ᠭᠡᠵᠦ᠍
ᠬᠠᠭᠤᠷᠮᠠᠭ ᠬᠡᠯᠡᠵᠡᠢ
ᠲᠡᠢᠯᠦᠭ᠌ᠰᠡᠨ ᠴᠦ᠍
ᠡᠰᠡ ᠲᠡᠢᠯᠦᠭ᠌ᠰᠡᠨ ᠴᠦ᠍
ᠭᠠᠷ ᠠᠳᠭᠤᠯᠴᠠᠵᠠᠢ
ᠳᠠᠷᠠᠭ᠎ᠠ ᠣᠳᠠᠭ᠎ᠠ ᠭᠡᠵᠦ᠍
ᠵᠦᠪ ᠬᠠᠷᠠᠵᠤ ᠢᠨᠢᠶᠡᠭᠡᠳ
ᠪᠤᠷᠤᠭᠤ ᠬᠠᠷᠠᠵᠤ ᠤᠬᠢᠯᠠᠵᠠᠢ
ᠲᠠᠨᠢᠬᠤ ᠦᠭᠡᠢ
ᠱᠢᠳᠦ ᠡᠪᠡᠳᠬᠦ᠌ ᠦᠭᠡᠢ ᠪᠤᠯ
ᠱᠢᠳᠦ᠍ᠪᠠᠨ
ᠪᠢ ᠲᠠᠨᠢᠬᠤ ᠦᠭᠡᠢ
ᠱᠢᠳᠦ ᠡᠪᠡᠳᠦᠭ᠌ᠰᠡᠨᠤ ᠰᠡᠭᠦᠯᠡᠷ
ᠪᠢ ᠬᠡᠨ᠎ᠢ ᠴᠦ᠍ ᠲᠠᠨᠢᠬᠤ ᠦᠭᠡᠢ