​ᠱᠢᠨ᠎ᠡ᠎ᠶ᠋ᠢᠨ ᠬᠤᠶᠠᠷ᠎ᠤᠨ ᠰᠠᠷᠠ
2026-03-10 15:51:53
ᠵᠣᠬᠢᠶᠠᠭ᠍ᠴᠢ᠄
ᠪᠣᠷᠵᠢᠭᠢᠨ ᠬᠤᠪᠢᠰᠭᠠᠯᠲᠤ
ᠣᠩᠱᠢᠭ᠍ᠰᠠᠨ ᠣᠳᠠᠭ᠎ᠠ᠄
★★★☆☆

ᠱᠢᠨ᠎ᠡ᠎ᠶ᠋ᠢᠨ ᠬᠤᠶᠠᠷ᠎ᠤᠨ ᠰᠠᠷᠠ

ᠰᠡᠳᠭᠢᠯ᠎ᠤᠨ ᠲᠤᠩᠭᠠᠯᠠᠭ ᠨᠠᠭᠤᠷ ᠲᠦ᠍

ᠰᠦᠨ ᠴᠠᠭᠠᠨ ᠤᠶᠠᠩᠭ᠎ᠠ ᠱᠢᠪᠱᠢᠨ

ᠰᠡᠮ ᠰᠡᠮᠬᠡᠨ ᠮᠥᠷᠥᠭᠡᠳᠦᠯ ᠤᠷᠭᠤᠭᠤᠯᠤᠨ᠎ᠠ

ᠰᠠᠢᠬᠠᠨ ᠪᠦᠬᠦᠨ᠎ᠤ ᠨᠠᠨᠳᠢᠨ ᠴᠢᠨᠠᠷ᠎ᠢ

ᠰᠠᠨᠠᠭᠠᠨ᠎ᠤ ᠬᠤᠷᠳᠤ

ᠮᠢᠩᠭᠠᠨ ᠭᠠᠯᠪᠠ᠎ᠶ᠋ᠢᠨ ᠴᠠᠭᠠᠨ᠎ᠠ᠎ᠠᠴᠠ

ᠬᠥᠯᠥᠭ᠎ᠤᠨ ᠵᠢᠯᠣᠭᠤ ᠰᠤᠭ᠍ᠰᠤᠷᠴᠤ᠌

ᠥᠨᠵᠢᠵᠦ᠍ ᠨᠠᠷᠭᠢᠬᠤ᠎ᠳᠤ

ᠦᠭᠡᠨ᠎ᠤ ᠪᠢᠲᠡᠭᠦᠦ ᠭᠤᠭ᠍ᠴᠤᠭ᠎ᠠ ᠲᠠᠢᠯᠤᠭ᠍ᠳᠠᠨ

ᠦᠷᠭᠦᠯᠵᠢ ᠬᠠᠮᠲᠤ ᠣᠷᠣᠱᠢᠬᠤᠢ᠎ᠶ᠋ᠢᠨ

ᠭᠡᠭᠡᠨ ᠣᠷᠴᠢᠯᠠᠩ᠎ᠢ

ᠥᠷᠥ᠍ ᠵᠢᠷᠦᠬᠡᠨ᠎ᠳᠡᠭᠡᠨ ᠪᠣᠲᠠᠩ ᠦᠭᠡᠢ ᠤᠷᠢᠨ᠎ᠠ

ᠵᠢᠷᠭᠠᠯ᠎ᠤᠨ ᠠᠮᠲᠠᠲᠤ ᠳᠠᠷᠠᠰᠤ ᠰᠡᠷᠵᠢᠮᠯᠡᠨ

ᠦᠢᠯᠡ᠎ᠶ᠋ᠢᠨ ᠦᠷ᠎ᠡ ᠦᠭᠡᠢ ᠴᠠᠢᠯᠭᠠᠨ

ᠲᠤᠢᠯ᠎ᠤᠨ ᠰᠡᠭᠦᠳᠡᠷ ᠦᠭᠡᠢ ᠬᠠᠢᠯᠭᠠᠨ

ᠡᠪ᠎ᠤᠨ ᠮᠥᠩᠬᠡ ᠲᠡᠭ᠌ᠷᠢ᠎ᠪᠠᠨ

ᠡᠴᠦᠰ ᠲᠡᠭᠦᠰᠭᠡᠯ ᠦᠭᠡᠢ ᠪᠠᠷᠠᠯᠠᠨ

ᠱᠢᠨ᠎ᠡ᠎ᠶ᠋ᠢᠨ ᠬᠤᠶᠠᠷ᠎ᠤᠨ ᠰᠠᠷᠠᠨ᠎ᠤ ᠥᠭᠡᠳᠡ᠎ᠠᠴᠠ

ᠱᠢᠪ ᠱᠢᠨᠡᠬᠡᠨ ᠢᠨᠢᠶᠡᠮᠰᠦᠭ᠌ᠯᠡᠯ ᠢᠯᠡᠭᠡᠵᠦ᠍

ᠰᠡᠳᠭᠢᠯ ᠢᠲᠡᠭᠡᠯ᠎ᠤᠨ ᠠᠲᠠᠷ᠎ᠢᠶᠠᠨ

ᠰᠦᠨ ᠴᠠᠭᠠᠨ ᠭᠡᠷᠡᠯ᠎ᠢᠶᠠᠷ᠎ᠨᠢ ᠠᠷᠢᠭᠤᠯᠠᠵᠤ

ᠰᠠᠢᠨ ᠰᠠᠢᠬᠠᠨ ᠶᠠᠪᠤᠬᠤ᠎ᠶ᠋ᠢᠨ

ᠥᠯᠵᠡᠢ ᠳᠡᠮᠪᠡᠷᠡᠯ ᠪᠡᠯᠭᠡᠱᠢᠶᠡᠨ᠎ᠡ ᠡ

ᠱᠢᠨ᠎ᠡ᠎ᠶ᠋ᠢᠨ ᠬᠤᠶᠠᠷ᠎ᠤᠨ ᠰᠠᠷᠠᠨ ᠮᠢᠨᠢ

ᠱᠢᠨᠡᠬᠡᠨ ᠴᠠᠭ᠎ᠤᠨ ᠬᠠᠷᠭᠤᠢ ᠮᠢᠨᠢ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号