ᠦᠬᠡᠳᠡ᠎ᠪᠠᠨ ᠲᠦᠷᠡᠯᠵᠡᠳᠡᠭ ᠭᠠᠯ᠎ᠢᠶᠠᠨ ᠲᠠᠬᠢᠭᠠᠳ ᠲᠠᠶᠠᠭᠠᠷ ᠦᠯᠵᠡᠢ᠎ᠲᠠᠢ
ᠦᠩᠬᠡᠳᠤ ᠳ᠋ᠧᠩ ᠲᠤᠸᠠᠯᠠᠭᠠᠳ ᠲᠠᠭᠤᠤ ᠬᠦᠭ᠌ᠵᠢᠮ᠎ᠤᠨ ᠴᠠᠯᠬᠢᠶᠠᠨᠲᠠᠢ
ᠦᠷᠤᠬᠡ ᠬᠡᠷ ᠬᠡᠬᠡ ᠲᠠᠳᠠᠭᠠᠳ ᠱᠢᠨ᠎ᠠ᠎ᠪᠠᠨ ᠤᠬ᠍ᠳᠤᠬᠤ ᠨᠠᠷᠬᠢᠶᠠᠨ᠎ᠲᠠᠢ
ᠦᠩ ᠵᠢᠯ᠎ᠤᠨ ᠵᠦᠩᠨᠠᠯ᠎ᠢᠶᠠᠷ ᠡᠯᠪᠡᠭ ᠬᠤᠷᠢᠶᠠᠯᠳᠠ᠎ᠶ᠋ᠢᠨ ᠰᠤᠪᠢᠩ᠎ᠲᠠᠢ
ᠡᠩᠬᠡ ᠲᠡᠢᠪᠤᠩ ᠡᠬᠡ ᠤᠷᠤᠨ᠎ᠳᠤ ᠨᠠᠷᠠᠨ᠎ᠤ ᠠᠯᠳᠠᠨ ᠬᠡᠷᠡᠯ᠎ᠲᠠᠢ
ᠡᠰᠡᠨᠢᠬᠦ᠌ ᠴᠡᠩᠬᠡᠷ ᠠᠭᠤᠯᠠ ᠤᠰᠤᠨ᠎ᠳᠤ ᠰᠠᠷᠠᠨ᠎ᠤ ᠮᠦᠩᠬᠦᠨ ᠲᠤᠶᠠᠭ᠎ᠠ᠎ᠲᠠᠢ
ᠡᠷᠤᠬᠡ ᠬᠡᠷ᠎ᠤᠨ ᠪᠦᠳᠤᠨ ᠡᠭᠡᠱᠢᠭ ᠤᠳᠤᠳ᠎ᠤᠨ ᠲᠡᠨᠳᠡ᠎ᠠᠴᠠ ᠴᠤᠤᠷᠢᠶ᠎ᠠ᠎ᠲᠠᠢ
ᠡᠷᠬᠡ ᠴᠢᠯᠦᠬᠡᠳᠤ ᠲᠠᠩᠰᠤᠭ ᠠᠮᠢᠳᠤᠷᠠᠯ ᠦᠬᠡᠳᠡ᠎ᠪᠠᠨ ᠮᠠᠨᠳᠤᠬᠤ ᠵᠠᠶᠠᠭ᠎ᠠ᠎ᠲᠠᠢ
ᠴᠠᠰᠤ ᠴᠠᠢᠷᠠᠬ᠍ᠰᠠᠨ ᠲᠡᠨᠢᠬᠡᠷ ᠨᠤᠳᠤᠭ ᠮᠦᠩᠬᠡ᠎ᠶᠢᠨ ᠨᠤᠭᠤᠭᠠᠨ ᠵᠡᠬᠦᠳᠤ᠎ᠲᠠᠢ
ᠴᠠᠭᠠᠨ ᠰᠠᠷ᠎ᠠ᠎ᠶ᠋ᠢᠨ ᠪᠡᠶᠡᠷ᠎ᠳᠤ ᠮᠦᠴᠡ ᠵᠢᠷᠭᠠᠯ᠎ᠤᠨ ᠲᠠᠩᠰᠤᠭ ᠢᠨᠢᠶᠡᠳᠤ᠎ᠲᠠᠢ
ᠴᠠᠭ᠎ᠤᠨ ᠰᠠᠢᠬᠠᠨ ᠤᠷᠢᠬᠠᠨ ᠬᠠᠪᠤᠷ ᠲᠦᠯ᠎ᠤᠨ ᠰᠠᠢᠬᠠᠨ ᠲᠠᠭᠤᠤ᠎ᠲᠠᠢ
ᠴᠠᠬ᠍ᠯᠠᠰᠢ ᠦᠬᠡᠢ ᠪᠤᠶᠠᠨᠳᠤ ᠮᠦᠴᠡ ᠠᠮᠢᠳᠤᠷᠠᠯ᠎ᠳᠤ ᠤᠷᠤᠱᠢᠬᠤ ᠬᠤᠪᠢᠲᠠᠢ
ᠤᠳᠤᠳ ᠤᠷᠴᠢᠬᠤ᠎ᠶ᠋ᠢᠨ ᠬᠡᠬᠡᠨ ᠲᠤᠭᠠᠯᠠᠯ᠎ᠢᠶᠠᠷ ᠵᠢᠯ ᠵᠢᠯ ᠦᠬᠡᠳᠡ ᠲᠠᠢ
ᠤᠴᠢᠯᠠᠭᠠᠳ ᠢᠷᠡᠬᠦ᠌ ᠤᠨ ᠰᠠᠷ᠎ᠠ ᠰᠦᠯᠳᠡ ᠪᠤᠰᠤᠭ᠎ᠠ ᠬᠡᠢᠮᠤᠷᠢ ᠲᠠᠢ
ᠤᠯᠠᠨ ᠪᠦᠬᠦᠳᠡᠬᠡᠷ ᠮᠠᠩᠨᠠᠢ ᠲᠡᠨᠢᠢᠬᠡᠳ ᠠᠵᠢᠯ ᠦᠢᠯᠡᠰ ᠪᠦᠳᠦᠮᠵᠢ᠎ᠲᠠᠢ
ᠤᠯᠤᠰ ᠬᠦᠷᠦᠨ ᠲᠡᠭ᠌ᠵᠢᠷᠡᠨ ᠮᠠᠨᠳᠤᠭᠠᠳ ᠠᠯᠤᠰ᠎ᠤᠨ ᠰᠠᠷᠠᠭᠤᠯ ᠢᠷᠡᠬᠡᠳᠤᠢ ᠲᠠᠢ
ᠤᠷᠭᠤᠬᠤ ᠨᠠᠷᠠᠨ᠎ᠤ ᠲᠡᠨᠳᠡ᠎ᠠᠴᠠ ᠤᠶᠠᠬᠠᠨ ᠲᠤᠩᠭᠠᠯᠠᠭ ᠦᠤᠷᠰᠡᠯᠲᠠᠢ
ᠠᠭᠤᠳᠠᠮ ᠬᠠᠩᠭᠠᠢ ᠨᠤᠳᠤᠭ᠎ᠲᠤ ᠤᠰᠤᠨ ᠵᠢᠷᠤᠭ᠎ᠠ ᠠᠶᠠᠯᠭᠤ᠎ᠲᠠᠢ
ᠤᠯᠠᠷᠢᠵᠥ᠍ ᠲᠠᠪᠳᠠᠬᠤ ᠵᠢᠷᠠᠨ ᠵᠢᠯ᠎ᠳᠡᠭᠡᠨ ᠨᠢᠬᠡ ᠤᠳᠠᠭ᠎ᠠ ᠠᠢᠯᠴᠢᠯᠠᠯ ᠲᠠᠢ
ᠤᠶᠠᠭᠠᠨ᠎ᠳᠤ ᠪᠠᠭᠤᠬ᠍ᠰᠠᠨ ᠤᠯᠠᠭᠠᠨ ᠮᠤᠷᠢ ᠭᠠᠯ ᠪᠠᠳᠠᠷᠠᠮ᠎ᠠ ᠵᠢᠪᠬᠤᠭ᠎ᠠ᠎ᠲᠠᠢ᠃