ᠡᠬᠢᠯᠡᠯ ᠳ᠋ᠦ ᠣᠶᠠᠩᠭᠠᠯᠠᠬᠣ ᠰᠢᠯᠦᠭ
ᠬᠦᠷ ᠬᠦᠭᠵᠢᠶᠡᠨᠲᠦ ᠬᠣᠲᠠ ᠳ᠋ᠦ
ᠬᠦᠰᠡᠯᠤᠨ ᠵᠠᠢ ᠪᠡᠷ ᠣᠢᠷᠠᠬᠠᠨ ᠴᠦ᠍
ᠬᠦᠰᠢᠭᠡᠨ ᠳ᠋ᠦ ᠯᠠ ᠵᠢᠰᠦᠶᠢ ᠴᠢᠨᠢ ᠬᠠᠷᠠᠬᠣ ᠡᠴᠡ
ᠬᠦᠵᠦᠬᠦᠲᠡᠵᠦ ᠦᠨᠦᠰᠬᠦ ᠳ᠋ᠦ ᠵᠠᠢᠲᠠᠭᠣᠬᠠᠨ ᠪᠠᠢᠨᠠ
ᠴᠠᠬ ᠦᠶᠡᠶᠢᠨ ᠣᠷᠣᠰᠬᠠᠯ ᠳ᠋ᠦ
ᠴᠠᠬᠢᠮ ᠬᠣᠯᠪᠣᠭᠠ ᠪᠡᠷ ᠣᠢᠷᠠᠬᠠᠨ ᠴᠦ᠍
ᠴᠢᠩᠨᠠᠵᠦ ᠯᠡ ᠲᠠᠭᠣᠶᠢ ᠴᠢᠨᠢ ᠰᠣᠨᠣᠰᠬᠣ ᠡᠴᠡ
ᠴᠢᠩᠭᠠᠬᠠᠨ ᠲᠡᠪᠡᠷᠢᠬᠦ ᠳ᠋ᠦ ᠵᠠᠢᠲᠠᠭᠣᠬᠠᠨ ᠪᠠᠢᠨᠠ
ᠭᠣᠣᠯ ᠲᠠᠭᠣᠨᠤ ᠪᠠᠲᠠᠬ
ᠵᠢᠷᠣᠬ ᠮᠢᠨᠢ ᠲᠣᠲᠣᠷᠠᠭᠠᠳ ᠪᠠᠢᠨᠠᠤᠤ
ᠵᠢᠰᠦ ᠮᠢᠨᠢ ᠬᠠᠷᠠᠭᠲᠠᠭᠠᠳ ᠪᠠᠢᠨᠠᠤᠤ
ᠵᠢᠷᠦᠬᠡᠨ ᠡᠴᠡ ᠪᠠᠨ ᠰᠠᠨᠠᠵᠦ ᠣᠶᠠᠷᠠᠬᠰᠠᠨ ᠶᠣᠮ ᠳ᠋ᠠ
ᠵᠠᠵᠢᠨ ᠪᠣᠭᠣᠷᠣᠯ ᠬᠣᠶᠠᠷ ᠪᠣᠷᠬᠠᠨ ᠶ᠋ᠢᠡᠨ ᠪᠢ
ᠬᠦᠭᠵᠢᠶᠡᠨᠲᠦ ᠬᠣᠲᠠ ᠪᠡᠷ ᠠᠯᠣᠰ ᠰᠠᠭᠣᠭᠠ
ᠬᠦᠦ ᠪᠠᠨ ᠬᠠᠷᠠᠭᠠᠳ ᠪᠠᠶᠠᠷᠯᠠᠵᠦ ᠪᠠᠢᠨᠠᠤᠤ
ᠲᠣᠬᠢᠶᠠ ᠮᠢᠨᠢ ᠲᠠᠭᠠᠷᠠᠣᠬᠠᠨ ᠪᠠᠢᠨᠠᠤᠤ
ᠲᠠᠭᠣᠣ ᠮᠢᠨᠢ ᠰᠣᠨᠣᠷᠲᠠᠭᠠᠳ ᠪᠠᠢᠨᠠᠤᠤ
ᠲᠣᠲᠣᠷᠠ ᠡᠴᠡ ᠪᠠᠨ ᠰᠠᠨᠠᠵᠦ ᠣᠶᠠᠷᠠᠬᠰᠠᠨ ᠶᠣᠮ ᠳ᠋ᠠ
ᠲᠣᠯᠣᠭᠠᠢ ᠪᠣᠭᠣᠷᠣᠯ ᠬᠣᠶᠠᠷ ᠪᠣᠷᠬᠠᠨ ᠶ᠋ᠢᠡᠨ ᠪᠢ
ᠦᠢᠮᠡᠭᠡᠨᠲᠦ ᠬᠣᠲᠠ ᠪᠡᠷ ᠠᠯᠣᠰ ᠰᠠᠭᠣᠭᠠ
ᠦᠷᠡ ᠪᠠᠨ ᠬᠠᠷᠠᠭᠠᠳ ᠵᠢᠷᠭᠠᠵᠦ ᠪᠠᠢᠨᠠᠤᠤ
ᠬᠠᠷᠠᠬᠣ ᠬᠠᠷᠠᠭᠠ ᠴᠢᠨᠢ ᠰᠣᠯᠠᠷᠠᠭᠠᠤᠤ
ᠰᠣᠨᠣᠰᠬᠣ ᠰᠣᠨᠣᠷ ᠴᠢᠨᠢ ᠮᠠᠭᠣᠲᠠᠭᠠᠤᠤ
ᠵᠢᠷᠣᠬᠢ ᠮᠢᠨᠢ ᠲᠣᠲᠣᠷᠠᠭᠣᠯᠣᠭᠠᠳ ᠦᠭᠬᠦᠭᠡᠴᠢ
ᠲᠠᠭᠣᠶᠢ ᠮᠢᠨᠢ ᠲᠣᠮᠣᠷᠠᠭᠣᠯᠣᠭᠠᠳ ᠦᠭᠬᠦᠭᠡᠴᠢ
ᠬᠦᠰᠡᠯᠤᠨ ᠵᠠᠢ ᠳ᠋ᠦ ᠣᠢᠷᠠᠬᠠᠨ ᠴᠦ᠍
ᠬᠦᠰᠢᠭᠡᠨ ᠳ᠋ᠦ ᠪᠦᠷᠲᠦᠯᠵᠡᠭᠡᠳ ᠯᠠ ᠪᠠᠢᠨᠠ ᠰᠢᠦ
ᠬᠦᠰᠡᠯᠤᠨ ᠵᠠᠢ ᠳ᠋ᠦ ᠣᠢᠷᠠᠬᠠᠨ ᠴᠦ᠍
ᠬᠦᠰᠢᠭᠡᠨ ᠳ᠋ᠦ ᠪᠦᠷᠲᠦᠯᠵᠡᠭᠡᠳ ᠯᠠ ᠪᠠᠢᠨᠠ ᠰᠢᠦ
ᠪᠦᠷᠲᠦᠯᠵᠡᠭᠡᠳ ᠯᠡ ᠪᠠᠢᠨᠠ ᠰᠢᠦ ᠁