ᠨᠠᠢᠷᠠᠭᠤᠯᠤᠬᠴᠢ ᠵᠢᠨ ᠦᠭᠡ᠄ 8 ᠰᠠᠷ᠎ᠠ᠎ᠶᠢᠨ 21 — 22᠎ᠤ᠋ᠨ ᠡᠳᠦᠷ᠂ ᠦᠪᠦᠷ ᠮᠣᠩᠭᠣᠯ᠎ᠤᠨ ᠶᠡᠬᠡ ᠰᠣᠷᠭᠠᠭᠣᠯᠢ ᠡᠴᠡ ᠭᠣᠣᠯᠯᠠᠨ ᠡᠷᠬᠢᠯᠡᠵᠦ᠂ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠮᠣᠩᠭᠣᠯ ᠰᠣᠲᠣᠯᠣᠯᠤᠨ ᠲᠡᠭᠡᠲᠦ ᠰᠣᠷᠭᠠᠭᠣᠯᠢ ᠡᠴᠡ ᠲᠠᠭᠠᠭᠠᠴᠢᠯᠠᠨ ᠡᠷᠬᠢᠯᠡᠭᠰᠡᠨ 《2025 ᠤᠨ᠎ᠤ ᠮᠣᠩᠭᠣᠯ ᠰᠣᠲᠣᠯᠣᠯᠤᠨ ᠣᠯᠠᠨ ᠣᠯᠣᠰ᠎ᠤᠨ ᠡᠷᠳᠡᠮ ᠰᠢᠨᠵᠢᠯᠡᠭᠡᠨ᠎ᠤ ᠰᠣᠲᠣᠯᠣᠨ ᠶᠠᠷᠢᠯᠴᠠᠬᠣ ᠬᠣᠷᠠᠯ》 ᠬᠦᠬᠡᠬᠣᠲᠠ ᠳ᠋ᠦ ᠶᠠᠪᠣᠬᠲᠠᠯᠠ᠃ ᠬᠣᠷᠠᠯ᠎ᠳᠤ ᠠᠮᠸᠷᠢᠺᠠ᠂ ᠭᠸᠷᠮᠠᠨ᠂ ᠢᠲ᠋ᠠᠯᠢ ᠡᠴᠡ ᠡᠬᠢᠯᠡᠨ᠂ ᠠᠭᠣᠯᠠ ᠣᠰᠣ ᠵᠠᠯᠭᠠᠯᠲᠣᠵᠦ ᠬᠦᠷᠰᠢᠯᠡᠭᠰᠡᠨ ᠣᠷᠣᠰ᠂ ᠮᠣᠩᠭᠣᠯ᠂ ᠺᠣᠷᠢᠶᠠ ᠵᠢᠴᠢ ᠤᠯᠤᠰ᠎ᠤᠨ ᠲᠤᠳᠤᠭᠠᠳᠤ ᠵᠢᠨ ᠪᠡᠭᠡᠵᠢᠩ ᠨᠠᠨᠵᠢᠩ ᠵᠡᠷᠭᠡ ᠭᠠᠵᠠᠷ ᠡᠴᠡ ᠨᠡᠢᠲᠡ13 ᠣᠯᠣᠰ᠎ᠤᠨ 300 ᠰᠢᠬᠠᠮ ᠡᠷᠳᠡᠮᠲᠡᠨ ᠲᠣᠰᠬᠠᠢ ᠮᠡᠷᠭᠡᠵᠢᠯᠲᠡᠨ ᠠᠶᠠᠨ᠎ᠤ ᠵᠢᠯᠣᠭᠣ ᠰᠣᠩᠭᠠᠵᠦ᠂ ᠰᠢᠨ᠎ᠡ ᠡᠷᠢᠨ᠎ᠤ ᠮᠣᠩᠭᠣᠯ ᠰᠣᠲᠣᠯᠣᠯᠢ ᠡᠷᠴᠢᠮ ᠲᠠᠢ ᠬᠦᠭᠵᠢᠬᠦᠯᠦᠨ᠂ ᠰᠢᠨᠵᠢᠯᠡᠭᠡᠨ᠎ᠤ ᠰᠠᠯᠠᠭ᠎ᠠ᠎ᠶᠢᠨ ᠬᠠᠮᠲᠣᠷᠠᠯᠴᠠᠭ᠎ᠠ᠎ᠶᠢ ᠨᠢᠬᠲᠠᠷᠠᠭᠣᠯᠵᠦ᠂ ᠡᠷᠳᠡᠮ ᠰᠢᠨᠵᠢᠯᠡᠭᠡᠨ᠎ᠤ ᠰᠣᠯᠢᠯᠴᠠᠭ᠎ᠠ᠎ᠶᠢ ᠲᠦᠷᠭᠡᠳᠭᠡᠬᠦ ᠪᠡᠷ ᠨᠢᠭᠡ ᠲᠣᠣᠷ᠎ᠠ ᠴᠣᠬᠯᠠᠷᠠᠵᠦ᠂ ᠬᠣᠷᠠᠯ ᠳ᠋ᠦ ᠣᠷᠣᠯᠴᠠᠬᠰᠠᠨ ᠪᠠᠢᠨ᠎ᠠ᠃ ᠰᠣᠲᠣᠯᠣᠨ ᠶᠠᠷᠢᠯᠴᠠᠬᠣ ᠬᠣᠷᠠᠯ ᠨᠢ᠂ ᠶᠡᠷᠦᠩᠬᠡᠢ ᠱᠦᠵᠢ ᠰᠢ ᠵᠢᠨ ᠫᠢᠩ᠎ᠤᠨ 2019 ᠤᠨ᠎ᠤ 7 ᠰᠠᠷ᠎ᠠ ᠳ᠋ᠦ᠂ ᠦᠪᠣᠷ ᠮᠣᠩᠭᠣᠯ ᠳ᠋ᠦ ᠰᠢᠨᠵᠢᠯᠡᠨ ᠪᠠᠢᠴᠠᠭᠠᠬᠣ ᠦᠶ᠎ᠡ ᠳ᠋ᠦ ᠲᠣᠷᠠᠲᠣᠬᠰᠠᠨ ᠴᠢᠬᠣᠯᠠ ᠵᠢᠭᠠᠪᠣᠷᠢ᠎ᠶᠢᠨ ᠵᠣᠷᠢᠬ ᠰᠠᠨᠠᠭ᠎ᠠ᠎ᠶᠢ ᠲᠣᠭᠣᠰᠢᠯᠠᠭᠣᠯᠣᠨ ᠨᠠᠢᠲᠠᠪᠣᠷᠢᠵᠢᠭᠣᠯᠵᠦ᠂ 《ᠲᠦᠪ ᠶᠣᠰᠣ᠎ᠶᠢ ᠰᠣᠷᠲᠠᠯᠴᠢᠯᠠᠨ᠂ ᠲᠡᠷᠢᠬᠦᠨ᠎ᠤ ᠲᠦᠪᠰᠢᠨ ᠳ᠋ᠦ ᠬᠦᠷᠴᠡᠭᠡᠶᠡ》 ᠪᠡᠷ ᠭᠣᠣᠯ ᠰᠡᠳᠦᠪ ᠪᠣᠯᠭᠠᠵᠦ᠂ ᠦᠨᠳᠦᠰᠦᠨ ᠢᠯᠡᠳᠭᠡᠯ ᠪᠠ ᠬᠣᠪᠢᠶᠠᠷᠢ ᠬᠣᠷᠠᠯ ᠬᠡᠮᠡᠨ ᠬᠣᠶᠠᠷ ᠬᠣᠪᠢᠶᠠᠨ ᠶᠠᠪᠣᠬᠲᠠᠵᠦ᠂ ᠦᠭᠡ ᠬᠡᠯᠡ ᠦᠰᠦᠭ ᠪᠢᠴᠢᠭ᠎ᠤᠨ ᠰᠣᠲᠣᠯᠣᠯ᠂ ᠣᠳᠬ᠎ᠠ ᠵᠣᠬᠢᠶᠠᠯ ᠣᠷᠠᠯᠢᠬ᠎ᠤᠨ ᠰᠣᠲᠣᠯᠣᠯ᠂ ᠲᠡᠦᠬᠡ ᠪᠠ ᠬᠠᠭᠣᠴᠢ ᠰᠣᠲᠣᠯᠭᠠᠨ᠂ ᠰᠣᠩᠭᠣᠲᠠᠬ ᠰᠣᠷᠪᠣᠯᠵᠢ ᠪᠢᠴᠢᠭ᠎ᠤᠨ ᠰᠣᠲᠣᠯᠣᠯ᠂ ᠣᠬᠰᠠᠭᠠᠲᠠᠨ ᠵᠦᠢ᠎ᠶᠢᠨ ᠰᠣᠲᠣᠯᠣᠯ᠂ ᠰᠣᠶᠣᠯ ᠰᠣᠲᠣᠯᠣᠯ ᠪᠠ ᠮᠡᠳᠡᠭᠡᠯᠡᠯ ᠵᠦᠢ ᠰᠣᠲᠣᠯᠣᠯ ᠵᠡᠷᠭᠡ ᠰᠡᠳᠦᠪ᠎ᠤᠨ ᠲᠣᠭᠣᠷᠢᠨ ᠳ᠋ᠦ ᠬᠦᠭᠵᠢᠶᠡᠨᠲᠡᠢ ᠶᠠᠷᠢᠯᠴᠠᠭ᠎ᠠ ᠦᠷᠨᠢᠬᠦᠯᠵᠦ᠂ ᠮᠣᠩᠭᠣᠯ ᠰᠣᠲᠣᠯᠣᠯᠤᠨ ᠬᠠᠯᠠᠮᠰᠢᠯ ᠠᠰᠠᠭᠣᠲᠠᠯᠤ᠋ᠤᠨᠢ ᠰᠣᠲᠣᠯᠣᠨ ᠶᠠᠷᠢᠯᠴᠠᠬᠰᠠᠨ ᠪᠠᠢᠨ᠎ᠠ᠃ 《ᠠᠯᠳᠠᠨ ᠵᠤᠤᠵᠠᠢ》 ᠲᠤᠰᠬᠠᠢ ᠬᠡᠪᠯᠡᠯ ᠲᠤᠰᠳᠤᠭᠠᠷ ᠲᠦ᠍ 《2025 ᠤᠨ᠎ᠤ ᠮᠣᠩᠭᠣᠯ ᠰᠣᠲᠣᠯᠣᠯᠤᠨ ᠣᠯᠠᠨ ᠣᠯᠣᠰ᠎ᠤᠨ ᠡᠷᠳᠡᠮ ᠰᠢᠨᠵᠢᠯᠡᠭᠡᠨ᠎ᠤ ᠰᠣᠲᠣᠯᠣᠨ ᠶᠠᠷᠢᠯᠴᠠᠬᠣ ᠬᠣᠷᠠᠯ》 ᠤ᠋ᠨ ᠲᠤᠬᠠᠢ ᠬᠦᠨᠴᠡ ᠮᠡᠳᠡᠭᠡᠯᠡᠨ ᠤᠩᠰᠢᠬᠴᠢᠳ ᠲᠠᠭᠠᠨ ᠲᠡᠪᠰᠢᠬᠦᠯᠵᠦ ᠪᠠᠢᠨ᠎ᠠ᠃ ᠠᠡᠭᠬᠠᠷᠤᠨ ᠤᠡᠭᠰᠢᠮᠤ⁈
ᠬᠣᠪᠢ ᠲᠠᠢ ᠬᠦᠮᠦᠨ ᠬᠣᠷ᠎ᠠ ᠲᠠᠢ ᠰᠠᠭᠠᠲᠠᠨ᠎ᠠ ᠭᠡᠵᠣ ᠨᠡᠬᠡᠷᠡᠨ ᠣᠨᠣᠭᠠᠬᠰᠠᠨ ᠦᠭᠡ ᠪᠠᠢᠵᠦ ᠳ᠋ᠠ᠃ ᠦᠴᠦᠭᠡᠲᠦᠷ ᠰᠦᠨᠢ ᠱᠠᠬᠢᠬᠰᠠᠨ ᠪᠣᠷᠣᠭᠠᠨ ᠦᠷᠯᠦᠭᠡ ᠪᠣᠯᠬᠣ ᠳ᠋ᠦ ᠠᠷᠢᠯᠵᠦ᠂ ᠠᠭᠣᠷ ᠠᠮᠢᠰᠬᠣᠯ ᠰᠡᠳᠬᠢᠯ ᠰᠡᠷᠬᠦᠮᠡᠷ ᠰᠡᠷᠢᠬᠦᠨ ᠲᠠᠭᠠᠯᠠᠮᠵᠢᠲᠠᠢ᠃ ᠦᠯᠡᠮᠵᠢ᠎ᠶᠢᠨ ᠶᠡᠬᠡ᠎ᠶᠢ ᠵᠣᠷᠢᠵᠦ ᠢᠷᠡᠭᠰᠡᠨ ᠣᠯᠠᠨ ᠬᠦᠮᠦᠨ᠎ᠤ ᠬᠦᠲᠡᠯᠮᠦᠷᠢ ᠵᠢᠳᠬᠦᠯ ᠳ᠋ᠦ ᠦᠨᠳᠦᠷ ᠬᠦᠬᠡ ᠲᠡᠭᠷᠢ ᠬᠦᠷᠲᠡᠯ᠎ᠡ ᠣᠶᠠᠷᠠᠲᠠᠬ ᠶᠣᠮ᠎ᠤᠤ ᠭᠡᠵᠦ ᠰᠦᠰᠦᠭᠯᠡᠨ ᠪᠣᠲᠣᠬᠣᠶᠠ᠂ ᠬᠡᠲᠦᠨ ᠦᠶ᠎ᠡ᠎ᠶᠢᠨ ᠬᠦᠮᠦᠰ᠎ᠤᠨ ᠪᠡᠶ᠎ᠡ ᠰᠡᠳᠬᠢᠯ ᠶ᠋ᠢᠡᠨ ᠴᠢᠯᠡᠭᠡᠵᠦ᠂ ᠪᠢᠯᠢᠭ ᠣᠶᠣᠨ ᠶ᠋ᠢᠡᠨ ᠵᠣᠷᠢᠭᠣᠯᠵᠦ ᠴᠣᠬᠴᠠᠯᠠᠨ ᠪᠠᠢᠭᠣᠯᠣᠬᠰᠠᠨ ᠮᠣᠩᠭᠣᠯ ᠰᠣᠲᠣᠯᠣᠯᠤᠨ ᠰᠠᠬᠯᠠᠭᠠᠷ ᠮᠣᠲᠣᠨᠤ ᠮᠦᠴᠢᠷ ᠨᠠᠮᠠᠭ᠎ᠠ ᠨᠢ ᠦᠶᠡᠯᠵᠡᠨ ᠭᠠᠩᠬᠣᠵᠦ᠂ ᠦᠩᠭᠡᠷᠡᠨ ᠣᠲᠣᠬᠰᠠᠨ ᠤᠨ ᠵᠢᠯ᠎ᠤᠨ ᠡᠭᠡᠰᠢᠭ ᠢᠷᠠᠭᠣ ᠠᠶᠠᠯᠭᠣ ᠦᠨᠢ ᠠᠯᠣᠰ ᠡᠴᠡ ᠬᠠᠩᠬᠢᠨᠠᠨ ᠰᠣᠨᠣᠷᠲᠠᠬᠣ ᠮᠡᠲᠦ᠃

ᠮᠣᠩᠭᠣᠯ ᠰᠣᠲᠣᠯᠣᠯ ᠭᠡᠵᠦ ᠶᠠᠭᠣ ᠪᠣᠢ?
ᠮᠣᠩᠭᠣᠯ ᠰᠣᠲᠣᠯᠣᠯ ᠭᠡᠵᠦ ᠴᠣᠬᠣᠮ ᠶᠠᠭᠣ ᠪᠣᠢ? ᠦᠭᠡ᠎ᠶᠢᠨ ᠣᠳᠬ᠎ᠠ ᠡᠴᠡ ᠨᠢ ᠬᠠᠷᠠᠬᠣ ᠳ᠋ᠦ ᠲᠣᠲᠣᠬᠠᠨ᠃ ᠮᠣᠩᠭᠣᠯ ᠰᠣᠲᠣᠯᠣᠯ ᠭᠡᠵᠦ ᠮᠣᠩᠭᠣᠯ ᠦᠨᠳᠦᠰᠦᠲᠡᠨ ᠪᠣᠯᠣᠨ ᠲᠡᠬᠦᠨ᠎ᠤ ᠦᠭᠡ ᠬᠡᠯᠡ᠂ ᠣᠳᠬ᠎ᠠ ᠵᠣᠬᠢᠶᠠᠯ᠂ ᠲᠡᠦᠬᠡ᠂ ᠰᠣᠶᠣᠯ᠂ ᠣᠷᠠᠯᠢᠬᠢ ᠰᠣᠲᠣᠯᠬᠣ ᠶᠡᠷᠦᠩᠬᠡᠢᠯᠡᠭᠰᠡᠨ ᠴᠢᠨᠠᠷᠲᠠᠢ᠂ ᠣᠯᠠᠨ ᠣᠯᠣᠰ᠎ᠤᠨ ᠴᠢᠨᠠᠷᠲᠠᠢ ᠰᠢᠨᠵᠢᠯᠡᠭᠡᠨ᠎ᠤ ᠰᠠᠯᠠᠭ᠎ᠠ ᠪᠣᠯᠬᠣ ᠶᠣᠮ᠃ ᠠᠷᠪᠠ ᠶᠢᠰᠦᠲᠦᠭᠡᠷ ᠵᠠᠭᠣᠨ᠎ᠤ ᠲᠣᠮᠲᠠᠴᠢ ᠡᠴᠡ ᠡᠬᠢᠯᠡᠨ ᠮᠣᠩᠭᠣᠯ ᠰᠣᠲᠣᠯᠣᠯ ᠢᠲᠡᠭ ᠢᠲᠡᠭ ᠶ᠋ᠢᠡᠷ ᠬᠦᠭᠵᠢᠵᠦ᠂ ᠪᠡᠶ᠎ᠡ ᠪᠠᠨ ᠲᠠᠭᠠᠭᠠᠬᠰᠠᠨ ᠲᠣᠰᠠᠭᠠᠷ ᠰᠢᠨᠵᠢᠯᠡᠭᠡᠨ ᠪᠣᠯᠵᠠᠢ᠃
ᠣᠲᠣᠬᠠᠨ ᠳ᠋ᠦ ᠲᠡᠯᠡᠬᠡᠢ᠎ᠶᠢᠨ 30 ᠭᠠᠷᠣᠢ ᠣᠯᠣᠰ ᠮᠣᠩᠭᠣᠯ ᠰᠣᠲᠣᠯᠣᠯᠤᠨ ᠰᠣᠲᠣᠯᠭᠠᠨ᠎ᠤ ᠪᠠᠢᠭᠣᠯᠣᠮᠵᠢ ᠭᠠᠷᠭᠠᠵᠦ᠂ ᠮᠠᠨ᠎ᠤ ᠣᠯᠣᠰ ᠲᠦ᠍ 18 ᠲᠣᠰᠬᠠᠢ ᠮᠡᠷᠭᠡᠵᠢᠯ᠎ᠤᠨ ᠮᠣᠩᠭᠣᠯ ᠰᠣᠲᠣᠯᠣᠯᠤᠨ ᠰᠣᠲᠣᠯᠭᠠᠨ᠎ᠤ ᠪᠠᠢᠭᠣᠯᠣᠮᠵᠢ ᠪᠠᠢᠭ᠎ᠠ ᠠᠵᠢ᠃ ᠡᠬᠦᠨ ᠳ᠋ᠦ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠬᠠᠮᠣᠬᠤᠨ ᠦᠪᠡᠷᠮᠢᠴᠡ ᠣᠨᠴᠠᠯᠢᠬ ᠪᠠ ᠲᠠᠪᠠᠭᠣᠯᠢᠬ ᠰᠢᠨᠵᠢᠯᠡᠭᠡᠨ᠎ᠤ ᠰᠠᠯᠠᠭ᠎ᠠ᠎ᠶᠢᠨ ᠨᠢᠭᠡ ᠪᠣᠯᠣᠬᠰᠠᠨᠤ ᠬᠣᠪᠢ ᠳ᠋ᠦ᠂ ᠮᠣᠩᠭᠣᠯ ᠰᠣᠲᠣᠯᠣᠯᠤᠨ ᠲᠡᠭᠡᠲᠦ ᠰᠣᠷᠭᠠᠭᠣᠯᠢ ᠣᠯᠣᠰ᠎ᠤᠨ ᠲᠣᠲᠣᠭᠠᠲᠣ ᠳ᠋ᠦ ᠮᠣᠩᠭᠣᠯ ᠰᠣᠲᠣᠯᠣᠯᠤᠨ ᠰᠣᠲᠣᠯᠭᠠᠨᠢ ᠲᠣᠯᠭᠠᠭᠣᠷᠢᠯᠠᠬᠣ ᠪᠦᠷᠢᠨ ᠪᠦᠲᠦᠨ ᠵᠢᠭᠠᠨ ᠰᠣᠷᠭᠠᠯᠲᠠ᠂ ᠡᠷᠳᠡᠮ ᠰᠢᠨᠵᠢᠯᠡᠭᠡᠨ᠎ᠤ ᠪᠠᠢᠭᠣᠯᠣᠮᠵᠢᠶᠢᠨ ᠰᠢᠰᠲ᠋ᠸᠮ᠎ᠢ ᠲᠦᠷᠦᠬᠦᠯᠡᠨ ᠪᠠᠢᠭᠣᠯᠵᠦ᠂ ᠳ᠋ᠣᠺᠲ᠋ᠣᠷᠠᠨᠲ᠎ᠤᠨ ᠵᠢᠯᠣᠭᠣᠲᠣᠬᠴᠢ ᠪᠠᠬᠰᠢ 38᠂ ᠣᠯᠣᠰ᠎ᠤᠨ ᠲᠡᠰ᠎ᠤᠨ ᠴᠢᠲᠠᠪᠣᠷᠢᠲᠠᠨ 12᠂ ᠮᠣᠵᠢ᠎ᠶᠢᠨ ᠲᠡᠰ᠎ᠤᠨ ᠴᠢᠲᠠᠪᠣᠷᠢᠲᠠᠨ 31 ᠪᠠᠢᠵᠦ᠂ ᠣᠯᠣᠰ᠎ᠤᠨ ᠲᠡᠷᠢᠬᠦᠨ ᠵᠡᠷᠭᠡ᠎ᠶᠢᠨ ᠦᠨᠳᠦᠰᠦᠨ ᠠᠩᠬᠢ᠎ᠶᠢᠨ ᠲᠣᠰᠬᠠᠢ ᠮᠡᠷᠭᠡᠵᠢᠯ᠎ᠤᠨ ᠪᠦᠲᠦᠭᠡᠨ ᠪᠠᠢᠭᠣᠯᠣᠯᠲᠠ᠎ᠶᠢᠨ ᠴᠡᠭ 3 ᠵᠦᠪᠰᠢᠶᠡᠷᠡᠭᠲᠡᠵᠦ᠂ ᠦᠨᠳᠦᠰᠦᠨ ᠠᠩᠬᠢ᠂ ᠠᠰᠫᠢᠷᠠᠨᠲ᠂ ᠳ᠋ᠣᠺᠲ᠋ᠣᠷᠠᠨᠲ ᠬᠦᠮᠦᠵᠢᠬᠦᠯᠬᠦ ᠪᠦᠷᠢᠨ ᠲᠡᠬᠦᠯᠲᠡᠷ ᠲᠡᠭᠡᠲᠦ ᠲᠡᠰ᠎ᠤᠨ ᠴᠢᠲᠠᠪᠣᠷᠢᠲᠠᠨ ᠬᠦᠮᠦᠵᠢᠬᠦᠯᠬᠦ ᠰᠢᠰᠲ᠋ᠸᠮ᠎ᠢ ᠪᠦᠷᠢᠯᠲᠦᠬᠦᠯᠵᠡᠢ᠃
ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠵᠠᠬᠢᠷᠣᠯ ᠦ᠋ ᠯᠢ ᠮᠢᠨ ᠰᠣᠲᠣᠯᠣᠨ ᠶᠠᠷᠢᠯᠴᠠᠬᠣ ᠬᠣᠷᠠᠯ᠎ᠤᠨ ᠨᠡᠭᠡᠭᠡᠯᠲᠡ ᠵᠢᠨ ᠶᠤᠰᠤᠯᠠᠯ ᠲᠡᠭᠡᠷ᠎ᠡ᠄《ᠮᠣᠩᠭᠣᠯ ᠰᠣᠲᠣᠯᠣᠯ ᠪᠣᠯ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠬᠠᠮᠣᠬ ᠡᠴᠡ ᠤᠨᠴᠠᠯᠠᠬᠳᠠᠬᠤ ᠲᠠᠪᠠᠭᠣᠯᠢᠬ ᠰᠢᠨᠵᠢᠯᠡᠭᠡᠨ᠎ᠤ ᠰᠠᠯᠠᠭ᠎ᠠ ᠪᠣᠯᠣᠨ᠎ᠠ᠂ ᠮᠦᠨᠴᠦ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ 〈ᠬᠣᠣᠰ ᠲᠡᠷᠢᠬᠦᠨ〉᠎ᠢ᠋ ᠪᠦᠲᠦᠭᠡᠨ ᠪᠠᠢᠭᠣᠯᠬᠣ ᠵᠠᠩᠬᠢᠯᠠᠭ᠎ᠠ᠎ᠶᠢᠨ ᠲᠣᠯᠭᠠᠭᠣᠷᠢᠯᠠᠯ ᠪᠣᠯᠣᠨ᠎ᠠ》 ᠭᠡᠵᠦ ᠦᠨᠳᠦᠷ ᠦᠨᠡᠯᠡᠭᠰᠡᠨ ᠪᠠᠢᠨ᠎ᠠ᠃
1987 — 2004 ᠤᠨ᠎ᠤ ᠬᠣᠭᠣᠷᠣᠨᠲᠣ᠂ ᠦᠪᠦᠷ ᠮᠣᠩᠭᠣᠯ᠎ᠤᠨ ᠶᠡᠬᠡ ᠰᠣᠷᠭᠠᠭᠣᠯᠢ ᠣᠷᠢᠳ ᠬᠣᠵᠢᠳ ᠲᠦᠷᠪᠡ ᠣᠲᠠᠭ᠎ᠠ ᠮᠣᠩᠭᠣᠯ ᠰᠣᠲᠣᠯᠣᠯᠤᠨ ᠣᠯᠠᠨ ᠣᠯᠣᠰ᠎ᠤᠨ ᠡᠷᠳᠡᠮ ᠰᠢᠨᠵᠢᠯᠡᠭᠡᠨ᠎ᠤ ᠬᠣᠷᠠᠯ᠎ᠢ ᠠᠮᠵᠢᠯᠲᠠ ᠲᠠᠢ ᠡᠷᠬᠢᠯᠡᠨ ᠬᠣᠷᠠᠯᠲᠣᠭᠣᠯᠵᠦ᠂ ᠠᠰᠣᠷᠣ ᠶᠡᠬᠡ ᠨᠦᠯᠦᠭᠡ ᠲᠣᠰᠬᠠᠯ ᠭᠠᠷᠭᠠᠬᠰᠠᠨ ᠪᠦᠭᠡᠳ ᠣᠯᠠᠨ ᠣᠯᠣᠰ᠎ᠤᠨ ᠮᠣᠩᠭᠣᠯ ᠰᠣᠲᠣᠯᠣᠯᠤᠨ ᠬᠢᠨ᠎ᠤ ᠠᠩᠬᠠᠷᠣᠯ᠎ᠢ ᠬᠦᠴᠦᠲᠡᠢ ᠲᠠᠲᠠᠬᠰᠠᠨ ᠪᠠᠢᠨ᠎ᠠ᠃ ᠡᠬᠦᠨ᠎ᠤ ᠰᠠᠭᠣᠷᠢᠨ ᠲᠡᠭᠡᠷ᠎ᠡ᠂ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠮᠣᠩᠭᠣᠯ ᠰᠣᠲᠣᠯᠣᠯᠤᠨ ᠲᠡᠭᠡᠲᠦ ᠰᠣᠷᠭᠠᠭᠣᠯᠢ ᠠᠯᠲᠠᠢ ᠢᠵᠠᠭᠤᠷ ᠬᠡᠯᠡ ᠨᠣᠬᠦᠳ᠂ ᠡᠷᠳᠡᠨ᠎ᠤ ᠦᠰᠦᠭ ᠪᠢᠴᠢᠭ᠂ ᠮᠣᠩᠭᠣᠯ ᠰᠣᠷᠪᠣᠯᠵᠢ ᠪᠢᠴᠢᠭ ᠵᠢᠴᠢ ᠪᠠᠭᠠᠲᠣᠷᠯᠢᠬ ᠲᠣᠣᠯᠢ ᠵᠡᠷᠭᠡ ᠰᠣᠲᠣᠯᠭᠠᠨ᠎ᠤ ᠬᠦᠷᠢᠶᠡᠨ ᠳ᠋ᠦ ᠲᠣᠰᠬᠠᠢ ᠰᠡᠳᠦᠪᠲᠦ ᠣᠯᠠᠨ ᠣᠯᠣᠰ᠎ᠤᠨ ᠡᠷᠳᠡᠮ ᠰᠢᠨᠵᠢᠯᠡᠭᠡᠨ᠎ᠤ ᠬᠣᠷᠠᠯ᠎ᠢ ᠣᠲᠠᠭ᠎ᠠ ᠲᠠᠷᠠᠭᠠᠯᠠᠨ ᠵᠣᠬᠢᠶᠠᠨ ᠪᠠᠢᠭᠣᠯᠵᠦ᠂ ᠰᠣᠲᠣᠯᠭᠠᠨ᠎ᠤ ᠬᠦᠷᠢᠶ᠎ᠡ ᠴᠠᠷᠠᠭ᠎ᠠ ᠪᠠᠨ ᠲᠠᠰᠣᠷᠠᠯᠲᠠ ᠦᠭᠡᠢ ᠦᠷᠭᠡᠳᠭᠡᠵᠦ᠂ ᠣᠯᠠᠨ ᠣᠯᠣᠰ᠎ᠤᠨ ᠡᠷᠳᠡᠮ ᠰᠢᠨᠵᠢᠯᠡᠭᠡᠨ᠎ᠤ ᠬᠠᠷᠢᠯᠴᠠᠭ᠎ᠠ ᠪᠠᠨ ᠴᠢᠩᠭᠠᠳᠬᠠᠬᠰᠠᠨ ᠶᠣᠮ᠃

ᠮᠣᠩᠭᠣᠯ ᠰᠣᠲᠣᠯᠣᠯᠤᠨ ᠣᠯᠠᠨ ᠣᠯᠣᠰ᠎ᠤᠨ ᠬᠣᠷᠠᠯ
ᠰᠣᠲᠣᠯᠭᠠᠨ ᠰᠢᠨᠵᠢᠯᠡᠭᠡᠨ᠎ᠢ ᠬᠦᠨᠵᠡᠭᠡᠢᠷᠡᠬᠦᠯᠬᠦ ᠳ᠋ᠦ ᠰᠣᠯᠢᠯᠴᠠᠭ᠎ᠠ ᠬᠢᠬᠦ ᠬᠡᠷᠡᠭᠲᠡᠢ᠃ ᠲᠣᠮᠲᠠᠲᠣ ᠣᠯᠣᠰ᠎ᠤᠨ ᠮᠣᠩᠭᠣᠯ ᠰᠣᠲᠣᠯᠣᠯ ᠲᠡᠯᠡᠬᠡᠢ ᠳ᠋ᠦ ᠬᠠᠨᠲᠣᠵᠦ᠂ ᠲᠡᠯᠡᠬᠡᠢ ᠳ᠋ᠦ ᠨᠦᠯᠦᠭᠡ ᠲᠠᠢ ᠰᠢᠨᠵᠢᠯᠡᠭᠡᠨ᠎ᠤ ᠰᠠᠯᠠᠭ᠎ᠠ ᠪᠣᠯᠬᠣ ᠭᠡᠪᠡᠯ ᠡᠷᠬᠡᠪᠰᠢ ᠣᠯᠠᠨ ᠣᠯᠣᠰ᠎ᠤᠨ ᠮᠡᠷᠭᠡᠵᠢᠯ ᠨᠢᠭᠡᠲᠡᠳ ᠲᠠᠢ ᠡᠷᠳᠡᠮ ᠰᠢᠨᠵᠢᠯᠡᠭᠡᠨ᠎ᠤ ᠰᠣᠯᠢᠯᠴᠠᠭ᠎ᠠ ᠬᠢᠬᠦ ᠬᠡᠷᠡᠭᠲᠡᠢ᠃
1987 ᠤᠨ ᠡᠴᠡ ᠨᠠᠭᠠᠰᠢ᠂ ᠦᠪᠦᠷ ᠮᠣᠩᠭᠣᠯ᠎ᠤᠨ ᠶᠡᠬᠡ ᠰᠣᠷᠭᠠᠭᠣᠯᠢ᠂ ᠣᠷᠢᠳ ᠬᠣᠵᠢᠳ ᠲᠦᠷᠪᠡ ᠣᠲᠠᠭᠠᠨ᠎ᠤ ᠮᠣᠩᠭᠣᠯ ᠰᠣᠲᠣᠯᠣᠯᠤᠨ ᠣᠯᠠᠨ ᠣᠯᠣᠰ᠎ᠤᠨ ᠬᠣᠷᠠᠯ᠎ᠢ ᠵᠣᠬᠢᠶᠠᠨ ᠪᠠᠢᠭᠣᠯᠣᠨ ᠬᠣᠷᠠᠯᠲᠣᠭᠣᠯᠵᠦ᠂ ᠡᠬᠦᠨ᠎ᠤ ᠰᠠᠭᠣᠷᠢᠨ ᠲᠡᠭᠡᠷ᠎ᠡ ᠪᠠᠰᠠ ᠮᠣᠩᠭᠣᠯ ᠬᠡᠯᠡᠨ᠎ᠤ ᠡᠷᠳᠡᠨ᠎ᠤ ᠰᠣᠷᠪᠣᠯᠵᠢ ᠪᠢᠴᠢᠭ᠎ᠤᠨ ᠣᠯᠠᠨ ᠣᠯᠣᠰ᠎ᠤᠨ ᠬᠣᠷᠠᠯ᠂ 《ᠮᠣᠩᠭᠣᠯ᠎ᠤᠨ ᠨᠢᠭᠣᠴᠠ ᠲᠣᠪᠴᠢᠶᠠᠨ》 ᠤ᠋ ᠣᠯᠠᠨ ᠣᠯᠣᠰ᠎ᠤᠨ ᠬᠣᠷᠠᠯ ᠵᠡᠷᠭᠡ 20 ᠭᠠᠷᠣᠢ ᠲᠣᠰᠬᠠᠢ ᠰᠡᠳᠦᠪᠲᠦ ᠬᠣᠷᠠᠯ᠎ᠢ ᠵᠣᠬᠢᠶᠠᠨ ᠪᠠᠢᠭᠣᠯᠵᠦ ᠡᠷᠬᠢᠯᠡᠭᠰᠡᠨ ᠪᠠᠢᠨ᠎ᠠ᠃ ᠡᠬᠦᠨ᠎ᠤ ᠬᠠᠮᠲᠣ ᠦᠪᠦᠷ ᠮᠣᠩᠭᠣᠯ᠎ᠤᠨ ᠶᠡᠬᠡ ᠰᠣᠷᠭᠠᠭᠣᠯᠢ ᠱᠢᠨᠵᠢᠯᠡᠭᠡᠨ᠎ᠤ ᠳᠠᠪᠠᠭᠤᠯᠢᠭ ᠪᠣᠯᠣᠨ ᠣᠨᠴᠠᠯᠢᠭ᠎ᠲᠠᠭᠠᠨ ᠲᠦᠱᠢᠭ᠌ᠯᠡᠵᠦ᠂ ᠭᠧᠷᠮᠠᠨ᠂ ᠮᠣᠩᠭᠤᠯ᠂ ᠣᠷᠣᠰ᠂ ᠶᠠᠫᠣᠨ ᠵᠡᠷᠭᠡ ᠤᠯᠤᠰ᠎ᠤᠨ ᠡᠷᠳᠡᠮᠲᠡᠨ᠎ᠲᠠᠢ ᠬᠠᠮᠲᠤᠷᠠᠨ 《ᠮᠣᠩᠭᠤᠯ ᠬᠡᠯᠡᠨ᠎ᠤ ᠠᠮᠠᠨ ᠠᠶᠠᠯᠭᠣ᠎ᠶᠢᠨ ᠭᠠᠵᠠᠷ᠎ᠤᠨ ᠵᠢᠷᠤᠭ》᠂ 《ᠳᠤᠮᠳᠠᠳᠤ ᠠᠽᠢᠶ᠎ᠠ᠎ᠶ᠋ᠢᠨ ᠨᠡᠭᠦᠳᠡᠯ ᠮᠠᠯᠵᠢᠯ᠎ᠤᠨ ᠪᠣᠯᠪᠠᠰᠤᠨ᠎ᠤ ᠬᠤᠪᠢᠰᠣᠯᠲᠠ》᠂ 《ᠮᠣᠩᠭᠤᠯ ᠤᠯᠤᠰ᠎ᠤᠨ ᠤᠯᠤᠰ ᠲᠥᠷᠥ᠍ ᠰᠣᠶᠣᠯ᠎ᠤᠨ ᠤᠯᠠᠮᠵᠢᠯᠠᠯᠲᠤ ᠰᠤᠳᠤᠯᠭᠠᠨ》 ᠵᠡᠷᠭᠡ 10 ᠭᠠᠷᠣᠢ ᠲᠦᠷᠦᠯ᠎ᠤᠨ ᠬᠢᠯᠢ᠎ᠶ᠋ᠢᠨ ᠭᠠᠳᠠᠨᠠᠬᠢ ᠲᠥᠷᠥᠯ ᠵᠦᠢᠯ ᠪᠣᠯᠣᠨ ᠣᠯᠠᠨ ᠤᠯᠤᠰ᠎ᠤᠨ ᠬᠠᠮᠲᠤᠷᠠᠯᠴᠠᠭᠠᠨ᠎ᠤ ᠲᠥᠷᠥᠯ ᠵᠦᠢᠯ᠎ᠢ ᠥᠷᠨᠢᠭᠦᠯᠵᠦ᠍᠂ ᠰᠤᠳᠤᠯᠭᠠᠨ᠎ᠤ ᠠᠭᠤᠯᠭ᠎ᠠ᠎ᠨᠢ ᠦᠭᠡ ᠬᠡᠯᠡ᠂ ᠲᠡᠦᠬᠡ᠂ ᠰᠣᠶᠣᠯ ᠵᠡᠷᠭᠡ ᠣᠯᠠᠨ ᠬᠦᠷᠢᠶ᠎ᠡ ᠴᠠᠷᠠᠭ᠎ᠠ᠎ᠶ᠋ᠢ ᠬᠠᠮᠤᠷᠣᠬᠰᠠᠨ ᠪᠠᠢᠨ᠎ᠠ᠃
ᠤᠨ ᠵᠢᠯ ᠡᠭᠡᠯᠵᠢᠯᠡᠨ᠎ᠡ᠃ ᠣᠬᠲᠣᠨ ᠢᠷᠡᠬᠦ ᠤᠨ ᠴᠠᠬ ᠲᠦ᠍ ᠮᠣᠩᠭᠣᠯ ᠰᠣᠲᠣᠯᠣᠯ ᠬᠡᠷᠬᠢᠨ ᠬᠦᠭᠵᠢᠬᠦ ᠪᠣᠢ? 2025 ᠤᠨ᠎ᠤ ᠮᠣᠩᠭᠣᠯ ᠰᠣᠲᠣᠯᠣᠯᠤᠨ ᠡᠷᠳᠡᠮ ᠰᠢᠨᠵᠢᠯᠡᠭᠡᠨ᠎ᠤ ᠰᠣᠲᠣᠯᠣᠨ ᠶᠠᠷᠢᠯᠴᠠᠬᠣ ᠬᠣᠷᠠᠯ᠎ᠤᠨ ᠡᠮᠬᠢᠳᠭᠡᠯ ᠪᠣᠯᠣᠬᠰᠠᠨ ᠰᠦᠬᠦᠮ ᠵᠣᠵᠠᠭᠠᠨ ᠦᠬᠦᠯᠡᠯ᠎ᠤᠨ ᠲᠡᠬᠦᠪᠦᠷᠢ ᠡᠨᠡ ᠠᠰᠠᠭᠣᠯᠲᠠ ᠳ᠋ᠦ ᠬᠠᠷᠢᠭᠣᠯᠲᠠ ᠦᠭᠬᠦ ᠰᠢᠭ ᠪᠣᠯᠣᠨ᠎ᠠ᠃
2025 ᠤᠨ᠎ᠤ ᠮᠣᠩᠭᠣᠯ ᠰᠣᠲᠣᠯᠣᠯᠤᠨ ᠣᠯᠠᠨ ᠣᠯᠣᠰ᠎ᠤᠨ ᠡᠷᠳᠡᠮ ᠰᠢᠨᠵᠢᠯᠡᠭᠡᠨ᠎ᠤ ᠰᠣᠲᠣᠯᠣᠨ ᠶᠠᠷᠢᠯᠴᠠᠬᠣ ᠬᠣᠷᠠᠯ ᠳ᠋ᠦ ᠡᠯ᠎ᠡ ᠣᠯᠣᠰ ᠣᠷᠣᠨ ᠡᠴᠡ ᠲᠡᠪᠰᠢᠬᠦᠯᠦᠭᠰᠡᠨ ᠨᠡᠢᠲᠡ 500 ᠭᠠᠷᠣᠢ ᠦᠬᠦᠯᠡᠯᠢ ᠬᠣᠷᠢᠶᠠᠨ ᠣᠯᠵᠦ᠂ ᠡᠬᠦᠨ᠎ᠤ ᠲᠣᠮᠲᠠ ᠡᠴᠡ 286 ᠦᠬᠦᠯᠡᠯᠢ ᠰᠣᠩᠭᠣᠵᠦ ᠡᠮᠬᠢᠯᠡᠨ ᠲᠡᠬᠦᠪᠦᠷᠢᠯᠡᠭᠰᠡᠨ ᠠᠵᠢ᠃ ᠰᠣᠲᠣᠯᠣᠨ ᠶᠠᠷᠢᠯᠴᠠᠬᠣ ᠬᠣᠷᠠᠯ᠎ᠤᠨ ᠦᠨᠳᠦᠰᠦᠨ ᠢᠯᠡᠳᠭᠡᠯ ᠳ᠋ᠦ᠂ ᠣᠷᠣᠰ᠎ᠤᠨ ᠰᠢᠨᠵᠢᠯᠡᠬᠦ ᠣᠬᠠᠭᠠᠨ᠎ᠤ ᠠᠺᠠᠳ᠋ᠸᠮᠢ᠎ᠶᠢᠨ ᠠᠺᠠᠳ᠋ᠸᠮᠢᠴᠢ᠂ ᠫᠷᠣᠹᠸᠰᠰᠣᠷ ᠪᠠᠽᠠᠷᠣᠸ ᠪᠣᠷᠢᠰ 《ᠲᠣᠮᠲᠠᠲᠣ ᠮᠣᠩᠭᠣᠯ ᠣᠷᠣᠰ᠎ᠤᠨ 〈 ᠴᠠᠢ᠎ᠶᠢᠨ ᠵᠠᠮ〉᠎ᠤ᠋ᠨ ᠲᠡᠦᠬᠡ — ᠬᠢᠶᠠᠬᠲᠣ ᠬᠣᠲᠠ᠎ᠶᠢᠨ ᠵᠠᠬᠢᠷᠭᠠᠨ᠎ᠤ ᠲᠢᠩᠬᠢᠮ᠎ᠤᠨ ᠲᠣᠭᠣᠷᠢᠨ ᠳ᠋ᠦ》 ᠭᠡᠬᠦ ᠰᠡᠳᠦᠪ ᠶ᠋ᠢᠡᠷ ᠢᠯᠡᠳᠭᠡᠯ ᠬᠢᠵᠦ᠂ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠫᠷᠣᠹᠸᠰᠰᠣᠷ ᠪᠠᠳᠮᠠᠠᠣᠳᠰᠠᠷ 《ᠨᠡᠢᠭᠡᠮ ᠬᠡᠯᠡ ᠰᠢᠨᠵᠢᠯᠡᠯ᠎ᠤᠨ ᠣᠨᠣᠯ ᠪᠠ ᠦᠢᠯᠡᠲᠦᠯᠭᠡ᠎ᠶᠢᠨ ᠵᠠᠷᠢᠮ ᠠᠰᠠᠭᠣᠲᠠᠯ — ᠮᠣᠩᠭᠣᠯᠴᠣᠳ᠎ᠤᠨ ᠬᠡᠯᠡᠨ᠎ᠤ ᠠᠮᠢᠲᠣᠷᠠᠯ᠎ᠤᠨ ᠬᠡᠭᠡᠷ᠎ᠡ᠎ᠶᠢᠨ ᠰᠢᠨᠵᠢᠯᠡᠭᠡᠨ᠎ᠤ ᠵᠢᠱᠶ᠋ᠶᠡᠨ ᠲᠡᠭᠡᠷ᠎ᠡ》 ᠭᠡᠬᠦ ᠰᠡᠳᠦᠪ ᠶ᠋ᠢᠡᠷ᠂ ᠠᠮᠸᠷᠢᠺᠠ᠎ᠶᠢᠨ ᠫᠸᠨᠰᠢᠯᠸᠨᠢᠶᠠ ᠶᠡᠬᠡ ᠰᠣᠷᠭᠠᠭᠣᠯᠢ᠎ᠶᠢᠨ ᠫᠷᠣᠹᠸᠰᠰᠣᠷ ᠺᠷᠢᠰᠲ᠋ᠣᠹᠸᠷ ᠡᠲ᠋ᠸᠦᠢ᠍ᠳ᠋ 《ᠲᠣᠮᠲᠠᠲᠣ ᠡᠷᠳᠡᠨ᠎ᠤ ᠮᠣᠩᠭᠣᠯ ᠬᠡᠯᠡᠨ᠎ᠤ Jiun ᠨᠣᠲᠣᠬ᠎ᠤᠨ ᠠᠶᠠᠯᠭᠣ — ᠣᠷᠠᠯᠢᠬ ᠬᠢᠭᠡᠳ ᠲᠣᠬᠲᠠᠯᠴᠠᠭ᠎ᠠ᠎ᠶᠢᠨ ᠲᠣᠬᠠᠢ ᠦᠬᠦᠯᠡᠬᠦ ᠨᠢ》 ᠭᠡᠬᠦ ᠰᠡᠳᠦᠪ ᠶ᠋ᠢᠡᠷ ᠢᠯᠡᠳᠭᠡᠯ ᠬᠢᠵᠦ᠂ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠫᠷᠣᠹᠸᠰᠰᠣᠷ ᠡᠷᠳᠡᠨᠢᠬᠠᠲᠠ 《ᠨᠠ᠊·ᠰᠠᠢᠨᠴᠣᠬᠲᠣᠶᠢᠨ ᠣᠷᠠᠨ ᠵᠣᠬᠢᠶᠠᠯ᠎ᠤᠨ ᠰᠢᠬᠦᠮᠵᠢ᠎ᠶᠢᠨ ᠰᠣᠲᠣᠯᠣᠯ》 ᠭᠡᠬᠦ ᠰᠡᠳᠦᠪ ᠶ᠋ᠢᠡᠷ ᠢᠯᠡᠳᠭᠡᠯ ᠬᠢᠭᠰᠡᠨ ᠪᠠᠢᠨ᠎ᠠ᠃ ᠬᠤᠶᠠᠷ ᠡᠳᠦᠷ᠎ᠤᠨ ᠲᠤᠷᠰᠢ ᠡᠷᠳᠡᠮᠳᠡᠳ ᠲᠤᠰᠬᠠᠢ ᠮᠡᠷᠭᠡᠵᠢᠯᠳᠡᠳ ᠦᠪᠡᠷ ᠦᠪᠡᠷ᠎ᠤᠨ ᠰᠤᠳᠤᠯᠭᠠᠨ᠎ᠤ ᠰᠡᠳᠦᠪ ᠵᠢᠡᠷ ᠵᠢᠡᠨ ᠢᠯᠡᠳᠭᠡᠯ ᠲᠠᠢᠯᠤᠮᠵᠢ ᠬᠢᠵᠦ᠂ ᠲᠡᠯᠡᠬᠡᠢ ᠵᠢᠨ ᠮᠤᠩᠭᠤᠯ ᠰᠤᠳᠤᠯᠤᠯ᠎ᠤᠨ ᠬᠦᠭᠵᠢᠯᠳᠡ᠎ᠳᠤ ᠬᠤᠪᠢ ᠨᠡᠮᠡᠷᠢ ᠪᠡᠨ ᠦᠵᠡᠬᠦᠯᠦᠭᠰᠡᠨ ᠨᠢ ᠲᠠᠮᠵᠢᠭ ᠦᠭᠡᠢ᠃

ᠠᠯᠣᠰ ᠬᠣᠯᠠᠬᠢ ᠠᠦᠢ᠍ᠰᠲ᠋ᠷᠠᠯᠢᠶᠠᠶᠢᠨ ᠣᠯᠣᠰ᠎ᠤᠨ ᠶᠡᠬᠡ ᠰᠣᠷᠭᠠᠭᠣᠯᠢ ᠡᠴᠡ ᠢᠷᠡᠭᠰᠡᠨ ᠫᠷᠣᠹᠸᠰᠰᠣᠷ ᠯᠢ ᠨᠠᠷᠠᠩᠭᠣᠸᠠ ᠰᠣᠲᠣᠯᠣᠨ ᠶᠠᠷᠢᠯᠴᠠᠬᠣ ᠬᠣᠷᠠᠯ ᠳ᠋ᠦ 《ᠮᠣᠩᠭᠣᠯ ᠰᠣᠲᠣᠯᠣᠯᠤᠨ ᠢᠷᠡᠭᠡᠲᠦᠢ᠎ᠶᠢᠨ ᠲᠣᠬᠠᠢ ᠪᠣᠲᠣᠯᠬᠢᠯᠠᠯ》 ᠭᠡᠬᠦ ᠢᠯᠡᠳᠭᠡᠯ ᠬᠢᠵᠦ᠂ ᠮᠣᠩᠭᠣᠯ ᠰᠣᠲᠣᠯᠣᠯ ᠪᠣᠯ ᠭᠠᠵᠠᠷ ᠨᠣᠲᠣᠬ᠂ ᠣᠳᠬ᠎ᠠ ᠵᠣᠬᠢᠶᠠᠯ᠂ ᠠᠵᠦ ᠠᠮᠢᠲᠣᠷᠠᠯ ᠠᠯᠣᠰᠯᠠᠬᠰᠠᠨ ᠰᠣᠲᠣᠯᠭᠠᠨ ᠭᠡᠮᠡᠨ ᠦᠪᠡᠷ᠎ᠤᠨ ᠦᠵᠡᠯᠲᠡ ᠪᠠᠨ ᠲᠣᠷᠠᠲᠣᠬᠰᠠᠨ ᠪᠠᠢᠨ᠎ᠠ᠃
ᠰᠣᠲᠣᠯᠣᠨ ᠶᠠᠷᠢᠯᠴᠠᠬᠣ ᠬᠣᠷᠠᠯ ᠲᠡᠭᠡᠷ᠎ᠡ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠫᠷᠣᠹᠸᠰᠰᠣᠷ ᠵᠢᠭᠠᠴᠢᠲᠠᠢ ᠪᠣᠶᠠᠨᠳᠡᠯᠭᠡᠷ᠂ ᠵᠠᠩ ᠳ᠋ᠸ ᠬᠣᠢ᠎ᠶᠢᠨ ᠭᠣᠪᠢ᠎ᠶᠢᠨ ᠠᠷᠣ᠎ᠶᠢᠨ ᠠᠶᠠᠯᠠᠯ ᠡᠴᠡ ᠬᠣᠪᠢᠯᠠᠢ᠎ᠶᠢᠨ ᠣᠷᠲᠣ᠎ᠶᠢ ᠮᠦᠷᠲᠡᠭᠰᠡᠨ ᠦᠬᠦᠯᠡᠯ ᠶ᠋ᠢᠡᠨ ᠲᠡᠪᠰᠢᠬᠦᠯᠵᠦ᠂ ᠮᠣᠩᠭᠣᠯ ᠰᠣᠲᠣᠯᠣᠯ ᠪᠣᠯ ᠣᠷᠣᠨ ᠪᠦᠰᠡ ᠠᠯᠣᠰᠯᠠᠬᠰᠠᠨ ᠬᠠᠮᠲᠣᠷᠠᠯᠴᠠᠭ᠎ᠠ ᠪᠣᠯᠬᠣ᠎ᠶᠢ ᠬᠦᠮᠦᠰ ᠲᠦ᠍ ᠲᠠᠨᠢᠭᠣᠯᠣᠬᠰᠠᠨ ᠪᠠᠢᠨ᠎ᠠ᠃ ᠲᠡᠷᠡ ᠪᠡᠷ᠂ 2023 — 2025 ᠤᠨ᠎ᠤ ᠬᠣᠭᠣᠷᠣᠨᠲᠣ ᠳ᠋ᠣᠺᠲ᠋ᠣᠷᠠᠨᠲ ᠶ᠋ᠢᠡᠨ ᠲᠠᠭᠠᠭᠣᠯᠣᠨ ᠭᠣᠷᠪᠠ ᠣᠲᠠᠭ᠎ᠠ ᠮᠣᠩᠭᠣᠯ ᠣᠯᠣᠰ ᠲᠦ᠍ ᠬᠦᠷᠴᠦ᠂ ᠮᠣᠩᠭᠣᠯ ᠣᠯᠣᠰ᠎ᠤᠨ ᠴᠢᠩᠬᠢᠰ ᠬᠠᠭᠠᠨ ᠰᠣᠶᠣᠯ᠎ᠤᠨ ᠦᠪ᠎ᠤᠨ ᠰᠣᠲᠣᠯᠭᠠᠨ᠎ᠤ ᠬᠦᠷᠢᠶᠡᠯᠡᠩ᠎ᠤᠨ ᠭᠠᠩᠲᠣᠬᠲᠠᠬᠣ᠂ ᠮᠣᠩᠭᠣᠯ ᠣᠯᠣᠰ᠎ᠤᠨ ᠪᠣᠯᠪᠠᠰᠣᠷᠠᠯ᠎ᠤᠨ ᠶᠡᠬᠡ ᠰᠣᠷᠭᠠᠭᠣᠯᠢ᠎ᠶᠢᠨ ᠲᠡᠳ᠋ ᠫᠷᠣᠹᠸᠰᠰᠣᠷ ᠢᠲᠡᠷ᠂ ᠮᠣᠩᠭᠣᠯ ᠣᠯᠣᠰ᠎ᠤᠨ ᠰᠢᠨᠵᠢᠯᠡᠬᠦ ᠣᠬᠠᠭᠠᠨ᠎ᠤ ᠬᠦᠷᠢᠶᠡᠯᠡᠩ᠎ᠤᠨ ᠲᠡᠳ᠋ ᠫᠷᠣᠹᠸᠰᠰᠣᠷ ᠠᠩᠬᠠᠪᠠᠶᠠᠷ ᠵᠡᠷᠭᠡ ᠬᠦᠮᠦᠰ᠎ᠤᠨ ᠬᠠᠮᠵᠢᠯᠴᠠᠭ᠎ᠠ ᠪᠡᠷ᠂ ᠵᠠᠩ ᠳ᠋ᠸ ᠬᠣᠢ᠎ᠶᠢᠨ ᠭᠣᠪᠢ᠎ᠶᠢᠨ ᠠᠷᠣ᠎ᠶᠢᠨ ᠠᠶᠠᠯᠠᠯ᠎ᠤᠨ ᠱᠣᠭᠣᠮ ᠪᠣᠯᠣᠨ ᠭᠠᠵᠠᠷ ᠣᠰᠣᠨ᠎ᠤ ᠨᠡᠷᠡᠢᠲᠦᠯ ᠳ᠋ᠦ ᠪᠣᠲᠠᠲᠠᠢ ᠪᠠᠢᠴᠠᠭᠠᠨ ᠰᠣᠲᠣᠯᠣᠯᠲᠠ ᠬᠢᠵᠦ᠂ ᠵᠠᠩ ᠳ᠋ᠸ ᠬᠣᠢ᠎ᠶᠢᠨ ᠦᠵᠡᠵᠦ ᠲᠡᠮᠲᠡᠭᠯᠡᠭᠰᠡᠨ ᠲᠠᠢᠬᠠᠷ ᠴᠢᠯᠠᠭᠣ᠂ ᠲᠠᠷᠢᠶ᠎ᠠ ᠲᠠᠷᠢᠬᠤ ᠭᠠᠵᠠᠷ ᠵᠡᠷᠭᠡ᠎ᠶᠢ ᠰᠢᠨᠵᠢᠯᠡᠵᠦ᠂ ᠲᠣᠬᠠᠢ᠎ᠶᠢᠨ ᠦᠶ᠎ᠡ᠎ᠶᠢᠨ ᠬᠣᠪᠢᠯᠠᠢ᠎ᠶᠢᠨ ᠣᠷᠲᠣ᠎ᠶᠢᠨ ᠪᠠᠢᠭ᠎ᠠ ᠭᠠᠵᠠᠷ᠎ᠢ ᠮᠠᠭᠠᠳᠯᠠᠬᠰᠠᠨ ᠰᠣᠨᠢᠷᠬᠠᠯᠲᠠᠢ ᠮᠡᠳᠡᠭᠡ ᠬᠠᠩᠭᠠᠬᠰᠠᠨ ᠪᠠᠢᠨ᠎ᠠ᠃
ᠬᠣᠷᠠᠯ᠎ᠤᠨ ᠠᠬᠣᠢ ᠲᠠᠯᠠᠪᠠᠢ ᠳ᠋ᠦ᠂ AI ᠮᠡᠷᠭᠡᠵᠢᠯ᠎ᠢ ᠬᠦᠢᠴᠡᠳ ᠠᠰᠢᠬᠯᠠᠨ ᠣᠯᠠᠨ ᠲᠦᠷᠦᠯ᠎ᠤᠨ ᠬᠡᠯᠡ᠎ᠶᠢ ᠢᠵᠢᠯ ᠠᠯᠬᠣᠮ ᠶ᠋ᠢᠡᠷ ᠣᠷᠴᠢᠭᠣᠯᠵᠦ ᠲᠡᠯᠭᠡᠴᠡ ᠳ᠋ᠦ ᠲᠣᠲᠣᠷᠠᠭᠣᠯᠣᠬᠰᠠᠨ ᠨᠢ ᠮᠣᠩᠭᠣᠯ ᠰᠣᠲᠣᠯᠣᠯᠤᠨ ᠣᠯᠠᠮᠵᠢᠯᠠᠯ᠎ᠤᠨ ᠲᠣᠮᠲᠠ ᠰᠢᠨ᠎ᠡ᠎ᠶᠢ ᠡᠬᠦᠳᠬᠦ᠎ᠶᠢ ᠪᠡᠯᠭᠡᠲᠡᠭᠰᠡᠨ ᠲᠣᠬᠢᠶ᠎ᠠ ᠪᠣᠯᠣᠬᠰᠠᠨ ᠮᠡᠲᠦ᠃
《ᠪᠣᠯᠪᠠᠰᠣᠨ ᠨᠢ ᠰᠣᠯᠢᠯᠴᠠᠭ᠎ᠠ ᠦᠷᠨᠢᠬᠦᠯᠬᠦ᠎ᠶᠢᠨ ᠣᠯᠠᠮ ᠶ᠋ᠢᠡᠷ ᠦᠩᠭᠡ ᠢᠯᠭᠠᠷᠠᠵᠦ᠂ ᠬᠠᠷᠢᠯᠴᠠᠨ ᠲᠣᠯᠢᠯᠠᠬᠣᠶᠢᠨ ᠣᠯᠠᠮ ᠶ᠋ᠢᠡᠷ ᠪᠠᠶᠠᠯᠢᠬᠵᠢᠲᠠᠬ ᠶᠣᠮ》 ᠭᠡᠵᠦ ᠶᠡᠷᠦᠩᠬᠡᠢ ᠱᠦᠵᠢ ᠰᠢ ᠵᠢᠨ ᠫᠢᠩ ᠵᠢᠭᠠᠵᠦ ᠭᠠᠷᠭᠠᠬᠰᠠᠨ ᠶᠣᠮ᠃ ᠮᠣᠩᠭᠣᠯ ᠰᠣᠲᠣᠯᠣᠯ ᠨᠢ ᠠᠲᠠᠯᠢ ᠪᠣᠰᠣ ᠪᠣᠯᠪᠠᠰᠣᠨ᠎ᠤ ᠶᠠᠷᠢᠯᠴᠠᠭ᠎ᠠ᠎ᠶᠢᠨ ᠬᠦᠬᠦᠷᠭᠡ ᠪᠣᠯᠬᠣ ᠪᠡᠷ ᠪᠠᠷᠠᠬᠣ ᠦᠭᠡᠢ ᠬᠠᠷᠢᠯᠴᠠᠨ ᠣᠢᠯᠠᠭᠠᠯᠴᠠᠬᠣᠶᠢ ᠠᠬᠢᠭᠣᠯᠬᠣ ᠬᠣᠯᠪᠣᠭᠠᠰᠣ ᠪᠣᠯᠬᠣ ᠶᠣᠮ᠃ ᠲᠠᠯ᠎ᠠ ᠨᠣᠲᠣᠬ᠎ᠤᠨ ᠲᠣᠷᠭᠠᠨ ᠵᠠᠮ᠎ᠤᠨ ᠲᠡᠦᠬᠡᠨ ᠬᠣᠷᠠᠮᠲᠣᠯ ᠡᠴᠡ 《ᠨᠢᠭᠡ ᠪᠦᠰᠡ ᠨᠢᠭᠡ ᠵᠠᠮ》 ᠤ᠋ᠨ ᠰᠠᠨᠠᠭᠠᠴᠢᠯᠠᠭ᠎ᠠ ᠲᠣᠣᠷᠠᠬᠢ ᠣᠲᠣ ᠦᠶ᠎ᠡ᠎ᠶᠢᠨ ᠦᠢᠯᠡᠲᠦᠯᠭᠡ ᠲᠣᠮᠲᠠ ᠮᠣᠩᠭᠣᠯ ᠰᠣᠲᠣᠯᠣᠯᠤᠨ ᠰᠢᠨᠵᠢᠯᠡᠭᠡᠨ ᠨᠢ ᠣᠷᠣᠨ ᠪᠦᠰᠡ ᠠᠯᠣᠰᠯᠠᠬᠰᠠᠨ ᠬᠠᠮᠲᠣᠷᠠᠯᠴᠠᠭ᠎ᠠ᠎ᠶᠢ ᠠᠬᠢᠭᠣᠯᠵᠦ᠂ ᠲᠣᠮᠲᠠᠲᠣ ᠣᠯᠣᠰ ᠪᠣᠯᠣᠨ ᠲᠡᠯᠡᠬᠡᠢ᠎ᠶᠢᠨ ᠡᠯ᠎ᠡ ᠣᠯᠣᠰ᠎ᠤᠨ ᠰᠣᠶᠣᠯ᠎ᠤᠨ ᠬᠠᠷᠢᠯᠴᠠᠨ ᠲᠣᠯᠢᠯᠠᠯ᠎ᠢ ᠠᠬᠢᠭᠣᠯᠬᠣ ᠲᠠᠯ᠎ᠠ ᠪᠡᠷ ᠦᠪᠡᠷᠮᠢᠴᠡ ᠦᠢᠯᠡᠲᠦᠯ ᠶ᠋ᠢᠡᠨ ᠪᠠᠲᠠᠷᠠᠭᠣᠯᠣᠬᠰᠠᠭᠠᠷ ᠢᠷᠡᠭᠰᠡᠨ ᠶᠣᠮ᠃
ᠰᠠᠨᠠᠵᠦ ᠪᠠᠢᠪᠠᠯ ᠪᠦᠲᠦᠨ᠎ᠡ᠂ ᠰᠠᠵᠢᠯᠠᠵᠦ ᠶᠠᠪᠣᠪᠠᠯ ᠬᠦᠷᠦᠨ᠎ᠡ᠃ ᠡᠰᠡᠨᠢᠯ ᠡᠴᠡ ᠦᠷᠨᠢᠯ ᠣᠷᠣᠭᠣ᠂ ᠪᠦᠷᠢᠯᠲᠦᠯ ᠡᠴᠡ ᠲᠡᠬᠦᠯᠲᠡᠷᠵᠢᠯ ᠲᠡᠢᠰᠢ᠂ ᠦᠨᠳᠦᠷᠯᠢᠭ ᠡᠴᠡ ᠣᠷᠬᠢᠯ ᠦᠭᠡᠲᠡ ᠲᠡᠮᠡᠦᠯᠦᠭᠰᠡᠨ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠮᠣᠩᠭᠣᠯ ᠰᠣᠲᠣᠯᠣᠯᠤᠨ ᠲᠡᠭᠡᠲᠦ ᠰᠣᠷᠭᠠᠭᠣᠯᠢ ᠨᠢ ᠮᠣᠩᠭᠣᠯ ᠰᠣᠲᠣᠯᠣᠯᠤᠨ ᠣᠯᠠᠨ ᠣᠯᠣᠰ᠎ᠤᠨ ᠡᠷᠳᠡᠮ ᠰᠢᠨᠵᠢᠯᠡᠭᠡᠨ᠎ᠤ ᠬᠣᠷᠠᠯ ᠶ᠋ᠢᠡᠷ ᠲᠠᠮᠵᠢᠭᠣᠯᠣᠨ ᠢᠷᠡᠭᠡᠳᠦᠢ ᠵᠣᠷᠢᠬᠰᠠᠨ ᠠᠶᠠᠨ ᠳ᠋ᠠᠭᠠᠨ ᠲᠦᠷᠦᠭᠡ ᠴᠢᠩᠭᠠᠯᠠᠵᠦ᠂ ᠳᠤᠮᠳᠠᠳᠤ ᠤᠯᠤᠰ᠎ᠤᠨ ᠡᠷᠳᠡᠮ ᠱᠢᠨᠵᠢᠯᠡᠭᠡᠨ᠎ᠤ ᠤᠯᠠᠨ ᠤᠯᠤᠰ ᠲᠡᠬᠢ ᠨᠥᠯᠥᠭᠡᠯᠡᠬᠦ᠌ ᠬᠦᠴᠦᠨ᠎ᠢ ᠨᠡᠮᠡᠭ᠌ᠳᠡᠭᠦᠯᠬᠦ᠌ ᠬᠣᠯᠠᠴᠢ ᠬᠠᠷᠠᠴᠠ ᠬᠡᠲᠦ᠎ᠶᠢᠨ ᠬᠦᠰᠡᠯ ᠶ᠋ᠢᠡᠷ᠂ ᠡᠷᠳᠡᠮ ᠱᠢᠨᠵᠢᠯᠡᠭᠡᠨ᠎ᠤ ᠡᠭᠦᠷᠭᠡ ᠬᠠᠷᠢᠭᠤᠴᠠᠯᠭ᠎ᠠ᠎ᠪᠠᠨ ᠪᠠᠲᠠᠷᠠᠭᠣᠯᠵᠦ᠂ ᠣᠶᠣᠨ᠎ᠤ ᠭᠡᠷᠡᠯ ᠪᠢᠯᠢᠭ᠎ᠤᠨ ᠵᠣᠯᠠ ᠪᠣᠯᠵᠦ ᠠᠰᠠᠨ ᠭᠡᠷᠡᠯᠲᠦᠬᠦ ᠶᠣᠮ ᠡ᠃

ᠮᠣᠩᠭᠣᠯ ᠰᠣᠲᠣᠯᠣᠯ ᠪᠠ ᠮᠣᠩᠭᠣᠯ ᠰᠣᠲᠣᠯᠣᠯᠤᠨ ᠲᠡᠭᠡᠲᠦ ᠰᠣᠷᠭᠠᠭᠣᠯᠢ
ᠮᠣᠩᠭᠣᠯ ᠰᠣᠲᠣᠯᠣᠯᠢ ᠦᠬᠦᠯᠡᠵᠦ ᠲᠣᠷᠠᠳᠬᠣ ᠳ᠋ᠦ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠮᠣᠩᠭᠣᠯ ᠰᠣᠲᠣᠯᠣᠯᠤᠨ ᠲᠡᠭᠡᠲᠦ ᠰᠣᠷᠭᠠᠭᠣᠯᠢ᠎ᠶᠢ ᠲᠣᠭᠣᠷᠢᠨ ᠭᠠᠷᠴᠣ ᠦᠯᠦ ᠪᠣᠯᠣᠨ᠎ᠠ᠃ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠮᠣᠩᠭᠣᠯ ᠰᠣᠲᠣᠯᠣᠯᠤᠨ ᠲᠡᠭᠡᠲᠦ ᠰᠣᠷᠭᠠᠭᠣᠯᠢ᠎ᠶᠢ ᠣᠴᠢᠷᠯᠠᠵᠦ ᠶᠠᠷᠢᠬᠣ ᠳ᠋ᠦ ᠪᠠᠰᠠ ᠡᠪᠦᠭᠡᠨ ᠪᠣᠭᠣᠷᠣᠯ ᠡᠷᠳᠡᠮᠲᠡᠨ ᠪᠠᠬᠰᠢ ᠨᠠᠷ᠎ᠤᠨ ᠦᠯᠡᠮᠵᠢ ᠭᠠᠪᠢᠶ᠎ᠠ᠎ᠶᠢ ᠦᠬᠦᠯᠡᠵᠦ ᠲᠣᠷᠠᠳᠬᠣ ᠶᠣᠰᠣᠲᠠᠢ᠃ ᠴᠡᠩᠭᠡᠯᠲᠡᠢ᠂ ᠴᠣᠢᠵᠣᠩᠵᠠᠪ᠂ ᠴᠸᠨ ᠨᠠᠢ ᠰᠢᠶᠦᠢ᠍ᠩ᠂ ᠪᠣᠣ ᠰᠢᠶᠠᠩ᠂ ᠪ·ᠪᠦᠷᠢᠨᠪᠡᠬᠢ᠂ ᠢᠷᠢᠨᠴᠢᠨ᠂ ᠵᠸᠦ ᠴᠢᠩ ᠱᠦ᠍ ᠁ ᠵᠡᠷᠭᠡ ᠠᠬᠠᠮᠠᠳ ᠦᠶ᠎ᠡ᠎ᠶᠢᠨ ᠡᠷᠳᠡᠮᠲᠡᠳ᠎ᠤᠨ ᠴᠢᠷᠮᠠᠢᠯᠭ᠎ᠠ ᠲᠠᠭᠠᠭᠣᠯᠭᠠ ᠪᠡᠷ᠂ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠮᠣᠩᠭᠣᠯ ᠰᠣᠲᠣᠯᠣᠯᠤᠨ ᠲᠡᠭᠡᠲᠦ ᠰᠣᠷᠭᠠᠭᠣᠯᠢ ᠨᠢ ᠪᠠᠬᠰᠢ᠎ᠶᠢᠨ ᠡᠩᠨᠡᠭᠡ᠂ ᠮᠡᠷᠭᠡᠵᠢᠯ᠎ᠤᠨ ᠲᠣᠬᠲᠠᠯᠴᠠᠭ᠎ᠠ᠂ ᠬᠢᠴᠢᠶᠡᠯ᠎ᠤᠨ ᠰᠢᠰᠲ᠋ᠸᠮ᠂ ᠰᠣᠷᠬᠣ ᠪᠢᠴᠢᠭ᠂ ᠵᠢᠭᠠᠨ ᠰᠣᠷᠭᠠᠬᠣ ᠨᠦᠬᠦᠴᠡᠯ ᠪᠣᠯᠣᠮᠵᠢ᠂ ᠠᠷᠭ᠎ᠠ ᠠᠪᠴᠠᠯ ᠵᠡᠷᠭᠡ ᠣᠯᠠᠨ ᠬᠦᠴᠢᠷ ᠪᠡᠷᠬᠡᠰᠢᠶᠡᠯ᠎ᠢ ᠢᠯᠠᠨ ᠲᠣᠭᠣᠯᠵᠦ᠂ ᠬᠠᠢᠨ ᠰᠦᠪᠡᠭᠴᠢᠯᠡᠬᠦ᠂ ᠨᠦᠬᠦᠨ ᠲᠡᠬᠦᠯᠲᠡᠷᠵᠢᠬᠦᠯᠬᠦ ᠪᠠ ᠬᠠᠯᠠᠨ ᠰᠠᠢᠵᠢᠷᠠᠭᠣᠯᠬᠣ ᠪᠡᠷ ᠲᠠᠮᠵᠢᠨ᠂ ᠡᠷᠳᠡᠮ ᠶ᠋ᠢᠡᠷ ᠲᠦᠷᠪᠡᠨ ᠵᠦᠭ᠎ᠢ ᠲᠠᠭᠠᠭᠣᠯᠣᠨ ᠪᠢᠰᠢᠷᠡᠬᠦᠯᠵᠦ᠂ ᠰᠢᠨᠵᠢᠯᠡᠭᠡᠨ᠎ᠤ ᠰᠣᠲᠣᠨ ᠪᠦᠲᠦᠭᠡᠯ ᠶ᠋ᠢᠡᠷ ᠣᠯᠠᠨ᠎ᠠ ᠠᠯᠲᠠᠷᠰᠢᠬᠰᠠᠨ ᠪᠢᠯᠡ᠃
1957 ᠣᠨ᠎ᠳᠤ᠂ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠮᠣᠩᠭᠤᠯ ᠬᠡᠯᠡ ᠪᠢᠴᠢᠭ᠎ᠤᠨ ᠰᠠᠯᠪᠤᠷᠢ ᠪᠠᠢᠭᠤᠯᠤᠭ᠍ᠲᠠᠵᠦ᠂ ᠦᠪᠦᠷ ᠮᠣᠩᠭᠣᠯ᠎ᠤᠨ ᠶᠡᠬᠡ ᠰᠤᠷᠭᠠᠭᠤᠯᠢ᠎ᠶ᠋ᠢᠨ ᠮᠣᠩᠭᠤᠯ ᠰᠤᠳᠤᠯᠤᠯ ᠡᠬᠦᠲᠡ ᠪᠠᠨ ᠨᠡᠭᠡᠭᠡᠵᠦ ᠡᠷᠦᠭᠡ ᠪᠠᠨ ᠲᠠᠲᠠᠵᠠᠢ᠃ ᠬᠣᠵᠢᠮ ᠨᠢ ᠪᠠᠰᠠ ᠮᠣᠩᠭᠤᠯ ᠬᠡᠯᠡ ᠪᠢᠴᠢᠭ ᠰᠣᠲᠣᠯᠬᠣ ᠭᠠᠵᠠᠷ᠂ ᠮᠣᠩᠭᠤᠯ ᠲᠡᠦᠬᠡ ᠰᠤᠳᠤᠯᠬᠤ ᠭᠠᠵᠠᠷ᠂ ᠥᠪᠥᠷ ᠮᠣᠩᠭᠤᠯ᠎ᠤᠨ ᠣᠷᠴᠢᠨ ᠦᠶ᠎ᠡ᠎ᠶ᠋ᠢᠨ ᠲᠡᠦᠬᠡ ᠰᠤᠳᠤᠯᠬᠤ ᠭᠠᠵᠠᠷ ᠵᠡᠷᠭᠡ ᠪᠠᠢᠭᠤᠯᠤᠮᠵᠢ᠎ᠶ᠋ᠢ ᠵᠠᠯᠭᠠᠭ᠎ᠠ᠎ᠪᠠᠷ ᠪᠠᠢᠭᠤᠯᠵᠦ᠂ 1995 ᠣᠨ᠎ᠳᠤ᠂ ᠡᠳᠡᠭᠡᠷ ᠪᠠᠢᠭᠣᠯᠣᠮᠵᠢᠶᠢ ᠨᠡᠢᠯᠡᠬᠦᠯᠦᠭᠡᠳ᠂ ᠮᠣᠩᠭᠣᠯ ᠰᠤᠳᠤᠯᠤᠯ᠎ᠤᠨ ᠲᠡᠭᠡᠲᠦ ᠰᠤᠷᠭᠠᠭᠤᠯᠢ ᠬᠡᠮᠡᠨ ᠥᠭᠡᠷᠡᠴᠢᠯᠡᠨ ᠨᠡᠷᠡᠢᠳᠴᠡᠢ᠃ ᠡᠢᠨᠬᠦ ᠡᠨᠡ ᠵᠢᠯ ᠪᠣᠯ ᠮᠦᠨ ᠴᠦ᠍ ᠴᠢᠪ ᠭᠡᠮᠡᠨ ᠮᠣᠩᠭᠣᠯ ᠰᠣᠲᠣᠯᠣᠯᠤᠨ ᠲᠡᠭᠡᠲᠦ ᠰᠣᠷᠭᠠᠭᠣᠯᠢ ᠪᠠᠢᠭᠤᠯᠤᠭ᠍ᠳᠠᠭ᠍ᠰᠠᠨ 30 ᠵᠢᠯ᠎ᠤᠨ ᠣᠢ ᠪᠠᠢᠵᠦ᠂ ᠮᠣᠩᠭᠣᠯ ᠰᠣᠲᠣᠯᠣᠯᠤᠨ ᠣᠯᠠᠨ ᠣᠯᠣᠰ᠎ᠤᠨ ᠡᠷᠳᠡᠮ ᠰᠢᠨᠵᠢᠯᠡᠭᠡᠨ᠎ᠤ ᠰᠣᠲᠣᠯᠣᠨ ᠶᠠᠷᠢᠯᠴᠠᠬᠣ ᠬᠣᠷᠠᠯ᠎ᠢ ᠣᠨᠴᠠᠭᠠᠢ ᠣᠳᠬ᠎ᠠ ᠠᠭᠣᠯᠭ᠎ᠠ᠎ᠲᠠᠢ ᠪᠣᠯᠭᠠᠬᠰᠠᠨ ᠪᠠᠢᠨ᠎ᠠ᠃
ᠰᠣᠲᠣᠯᠣᠨ ᠶᠠᠷᠢᠯᠴᠠᠬᠣ ᠬᠣᠷᠠᠯ᠎ᠤᠨ ᠡᠬᠢᠯᠡᠯᠲᠡ᠎ᠶᠢᠨ ᠶᠣᠰᠣᠯᠠᠯ ᠳ᠋ᠦ᠂ ᠪᠣᠣ ᠰᠢᠶᠠᠩ᠂ ᠪᠠ᠊·ᠭᠡᠷᠡᠯᠲᠦ ᠁ ᠵᠡᠷᠭᠡ ᠪᠣᠭᠣᠷᠣᠯ ᠡᠷᠳᠡᠮᠲᠡᠨ ᠬᠣᠢᠮᠣᠷ ᠰᠠᠭᠠᠲᠠᠵᠦ᠂ ᠬᠦᠨ ᠲᠣᠭᠣᠷᠪᠢᠯ ᠪᠣᠯᠣᠨ ᠡᠷᠳᠡᠮ ᠪᠣᠯᠪᠠᠰᠣᠷᠠᠯ ᠶ᠋ᠢᠡᠷ ᠦᠬᠦᠯᠡᠵᠦ ᠦᠯᠦ ᠪᠠᠷᠠᠬᠣ ᠴᠠᠲᠢᠬᠤᠨ ᠬᠠᠭᠣᠲᠠᠰᠣᠶᠢ ᠪᠢᠴᠢᠭᠯᠡᠵᠦ᠂ ᠮᠣᠩᠭᠣᠯ ᠰᠣᠲᠣᠯᠣᠯᠤᠨ ᠡᠷᠳᠡᠮ ᠰᠢᠨᠵᠢᠯᠡᠭᠡᠨ᠎ᠤ ᠲᠠᠪᠴᠠᠩ ᠳ᠋ᠦ ᠠᠯᠲᠠᠢ᠎ᠶᠢᠨ ᠨᠣᠶᠠᠨ ᠰᠠᠷᠢᠲᠠᠬ ᠰᠢᠬ ᠰᠦᠮᠪᠦᠷᠯᠡᠭᠰᠡᠨ ᠠᠣᠭ᠎ᠠ ᠵᠢᠳᠬᠦᠯ ᠶ᠋ᠢᠡᠷ ᠶ᠋ᠢᠡᠨ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠮᠣᠩᠭᠣᠯ ᠰᠣᠲᠣᠯᠣᠯᠤᠨ ᠲᠡᠭᠡᠲᠦ ᠰᠣᠷᠭᠠᠭᠣᠯᠢ᠎ᠶᠢᠨ ᠡᠬᠦᠰᠦᠨ ᠪᠦᠷᠢᠯᠲᠦᠵᠦ᠂ ᠦᠷᠨᠢᠨ ᠴᠡᠴᠡᠭᠯᠡᠵᠦ᠂ ᠰᠠᠯᠬᠢᠨ ᠪᠣᠷᠣᠭᠠᠨ᠂ ᠰᠠᠭᠠᠳ ᠪᠡᠷᠭᠡ᠎ᠶᠢ ᠲᠣᠭᠣᠯᠵᠦ᠂ ᠣᠷᠲᠣ᠎ᠶᠢᠨ ᠦᠵᠦᠬᠦᠷ ᠬᠦᠨᠤ ᠢᠷᠣᠭᠠᠷᠢ ᠵᠣᠷᠢᠵᠦ᠂ ᠣᠯᠠᠨ ᠣᠯᠣᠰ᠎ᠤᠨ ᠰᠢᠨᠵᠢᠯᠡᠭᠡᠨ ᠪᠣᠯᠣᠬᠰᠠᠨ ᠲᠡᠦᠬᠡᠨ ᠵᠠᠮᠨᠠᠯ᠂ ᠲᠡᠪᠴᠢᠶᠡᠷᠢ ᠵᠣᠷᠢᠬ᠎ᠢ ᠭᠡᠷᠡᠴᠢᠯᠡᠵᠦ ᠪᠠᠢᠯ᠎ᠠ᠃

1959 ᠤᠨ ᠳ᠋ᠦ᠂ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠮᠣᠩᠭᠣᠯ ᠬᠡᠯᠡᠨ᠎ᠤ ᠰᠠᠯᠪᠣᠷᠢ ᠨᠢ ᠭᠣᠷᠪᠠᠨ ᠠᠩᠬᠢ ᠰᠣᠷᠣᠬᠴᠢ ᠲᠠᠢ ᠪᠠᠢᠬᠰᠠᠨ ᠪᠣᠯ ᠣᠲᠣ ᠪᠣᠯᠬᠣ ᠳ᠋ᠦ᠂ ᠳᠤᠮᠳᠠᠳᠤ ᠤᠯᠤᠰ᠎ᠤᠨ ᠴᠥᠭᠡᠨ ᠲᠣᠭᠠᠲᠤ ᠦᠨᠳᠦᠰᠦᠲᠡᠨ᠎ᠤ ᠬᠡᠯᠡ ᠤᠳᠭ᠎ᠠ ᠵᠣᠬᠢᠶᠠᠯ᠂ ᠰᠣᠨᠢᠨ ᠮᠡᠳᠡᠭᠡᠨ᠎ᠤ ᠤᠬᠠᠭᠠᠨ᠂ ᠲᠡᠦᠬᠡ᠎ᠶ᠋ᠢᠨ ᠤᠬᠠᠭᠠᠨ ᠵᠡᠷᠭᠡ 7 ᠲᠤᠰᠭᠠᠶ ᠮᠡᠷᠭᠡᠵᠢᠯ᠎ᠤᠨ ᠴᠢᠭᠯᠡᠯ ᠶ᠋ᠢᠡᠷ ᠵᠢᠩᠬᠢᠨᠢ ᠠᠩᠬᠢ᠎ᠶᠢᠨ ᠣᠶᠣᠲᠠᠨ ᠬᠦᠮᠦᠵᠢᠬᠦᠯᠬᠦ᠂ 165 ᠪᠠᠬᠰᠢ ᠨᠠᠷ ᠶ᠋ᠢᠡᠷ ᠪᠦᠷᠢᠯᠲᠦᠭᠰᠡᠨ ᠬᠦᠴᠦᠷᠬᠡᠭ ᠶᠡᠬᠡ ᠡᠩᠨᠡᠭᠡ ᠪᠣᠯᠵᠦ᠂ ᠦᠨᠦ ᠪᠣᠯᠲᠠᠯ᠎ᠠ ᠨᠡᠢᠲᠡ 7537 ᠣᠶᠣᠲᠠᠨ᠂ 2852 ᠠᠰᠫᠢᠷᠠᠨᠲ᠂ 531 ᠳ᠋ᠤᠺᠲ᠋ᠤᠷᠠᠨᠲ ᠬᠦᠮᠦᠵᠢᠬᠦᠯᠵᠦ᠂ ᠮᠣᠩᠭᠣᠯ ᠰᠣᠲᠣᠯᠣᠯᠤᠨ ᠰᠣᠲᠣᠯᠭᠠᠨ᠎ᠤ ᠡᠩᠨᠡᠭᠡ᠎ᠶᠢᠨ ᠲᠣᠭ᠎ᠠ ᠬᠡᠮᠵᠢᠶ᠎ᠡ᠂ ᠲᠡᠰ ᠲᠠᠪᠬᠣᠷᠭ᠎ᠠ᠂ ᠪᠦᠲᠦᠴᠡ ᠪᠣᠯᠣᠨ ᠣᠯᠣᠰ᠎ᠤᠨ ᠲᠣᠲᠣᠭᠠᠲᠣ ᠭᠠᠲᠠᠭᠠᠲᠣ᠎ᠶᠢᠨ ᠨᠦᠯᠦᠭᠡᠯᠡᠬᠦ ᠬᠦᠴᠦᠨ ᠵᠡᠷᠭᠡ ᠲᠠᠯ᠎ᠠ ᠪᠡᠷ᠂ ᠮᠡᠷᠭᠡᠵᠢᠯ ᠨᠢᠭᠡᠳᠡᠨᠤ ᠪᠠᠨ ᠲᠣᠮᠲᠠ ᠣᠷᠣᠢᠯᠠᠬᠣ ᠪᠠᠢᠷᠢᠨ ᠳ᠋ᠦ ᠣᠷᠣᠰᠢᠵᠦ ᠪᠣᠢ᠃
1962 ᠤᠨ ᠳ᠋ᠦ᠂ ᠦᠪᠦᠷ ᠮᠣᠩᠭᠣᠯ᠎ᠤᠨ ᠶᠡᠬᠡ ᠰᠣᠷᠭᠠᠭᠣᠯᠢ ᠨᠢ ᠪᠦᠬᠦ ᠣᠯᠣᠰ ᠲᠦ᠍ ᠲᠦᠷᠦᠬᠦᠯᠡᠨ ᠮᠣᠩᠭᠣᠯ ᠰᠣᠲᠣᠯᠣᠯᠤᠨ ᠰᠣᠲᠣᠯᠬᠣ ᠰᠣᠷᠣᠬᠴᠢ ᠬᠦᠮᠦᠵᠢᠬᠦᠯᠬᠦ ᠪᠣᠯᠵᠦ᠂ ᠲᠡᠭᠡᠷ᠎ᠡ ᠵᠠᠭᠣᠨ᠎ᠤ ᠨᠠᠶᠠᠭᠠᠳ ᠤᠨ᠎ᠤ ᠡᠬᠢ ᠪᠡᠷ ᠮᠠᠰᠲ᠋ᠸᠷ᠂ ᠳ᠋ᠣᠺᠲ᠋ᠣᠷ ᠴᠣᠯᠠ ᠣᠯᠭᠣᠬᠣ ᠡᠷᠭᠡ ᠲᠠᠢ ᠪᠣᠯᠵᠦ᠂ ᠬᠡᠳᠦᠨ ᠦᠶ᠎ᠡ᠎ᠶᠢᠨ ᠬᠦᠮᠦᠰ᠎ᠤᠨ ᠣᠶᠣᠨ ᠣᠬᠠᠭᠠᠨ᠂ ᠣᠢ ᠪᠢᠯᠢᠭ᠂ ᠠᠷᠣᠣᠬᠠᠨ ᠬᠦᠲᠡᠯᠮᠦᠷᠢ᠂ ᠣᠢᠭ᠎ᠠ ᠦᠭᠡᠢ ᠴᠢᠷᠮᠠᠢᠯᠭ᠎ᠠ ᠪᠡᠷ᠂ ᠮᠣᠩᠭᠣᠯ ᠬᠡᠯᠡ᠂ ᠣᠳᠬ᠎ᠠ ᠵᠣᠬᠢᠶᠠᠯ᠂ ᠲᠡᠦᠬᠡ ᠰᠣᠲᠣᠯᠣᠯ᠂ ᠮᠣᠩᠭᠣᠯ ᠬᠡᠯᠡᠨ᠎ᠤ ᠲᠤᠭᠠᠴᠢᠯᠠᠯᠳᠠ᠂ ᠣᠶᠣᠨᠴᠢᠯᠠᠯᠲᠠ ᠵᠡᠷᠭᠡ ᠰᠣᠲᠣᠯᠭᠠᠨ᠎ᠤ ᠬᠦᠷᠢᠶ᠎ᠡ ᠴᠠᠷᠠᠭ᠎ᠠ ᠳ᠋ᠦ ᠢᠯᠡᠳᠲᠡ ᠦᠷ᠎ᠡ ᠪᠦᠲᠦᠮᠵᠢ ᠣᠯᠵᠦ᠂ ᠮᠠᠨ᠎ᠤ ᠣᠯᠣᠰ᠎ᠤᠨ ᠬᠦᠮᠦᠨ ᠰᠣᠶᠣᠯ ᠨᠡᠢᠭᠡᠮ᠎ᠤᠨ ᠰᠢᠨᠵᠢᠯᠡᠬᠦ ᠣᠬᠠᠭᠠᠨ᠎ᠤ ᠬᠦᠭᠵᠢᠯᠲᠡ ᠵᠢᠴᠢ ᠮᠣᠩᠭᠣᠯ ᠰᠣᠲᠣᠯᠣᠯᠤᠨ ᠲᠡᠯᠡᠭᠡᠢᠵᠢᠬᠦ ᠳ᠋ᠦ ᠴᠢᠬᠣᠯᠠ ᠬᠣᠪᠢ ᠨᠡᠮᠡᠷᠢ ᠦᠵᠡᠬᠦᠯᠦᠭᠰᠡᠨ ᠶᠣᠮ᠃ ᠱᠢᠨ᠎ᠡ ᠵᠠᠭᠤᠨ᠎ᠳᠤ ᠣᠷᠣᠬᠰᠠᠨ ᠡᠴᠡ ᠨᠠᠭᠠᠰᠢ᠂ ᠦᠪᠦᠷ ᠮᠣᠩᠭᠣᠯ᠎ᠤᠨ ᠶᠡᠬᠡ ᠰᠣᠷᠭᠠᠭᠣᠯᠢ ᠮᠣᠩᠭᠤᠯ ᠰᠤᠳᠤᠯᠤᠯ᠎ᠤᠨ ᠳᠡᠭᠡᠳᠦ ᠰᠤᠷᠭᠠᠭᠤᠯᠢ᠎ᠶ᠋ᠢᠨ ᠪᠠᠢᠭᠤᠯᠤᠮᠵᠢ᠎ᠶ᠋ᠢᠨ ᠪᠠᠢᠭᠤᠯᠤᠯᠲᠠ᠎ᠪᠠᠨ ᠦᠷᠭᠦᠯᠵᠢᠯᠡᠨ ᠴᠢᠩᠭᠠᠳᠭᠠᠵᠤ᠂ ᠣᠷᠢᠳ ᠬᠣᠵᠢᠳ ᠮᠣᠩᠭᠤᠯ ᠰᠣᠶᠣᠯ ᠰᠤᠳᠤᠯᠬᠣ ᠭᠠᠵᠠᠷ᠂ ᠰᠣᠨᠢᠨ ᠮᠡᠳᠡᠭᠡ ᠬᠡᠪᠯᠡᠯ᠎ᠤᠨ ᠤᠬᠠᠭᠠᠨ᠎ᠤ ᠰᠠᠯᠪᠤᠷᠢ᠂ ᠣᠬᠰᠠᠭᠠᠲᠠᠨ ᠵᠦᠢ᠎ᠶᠢᠨ ᠰᠠᠯᠪᠤᠷᠢ ᠪᠣᠯᠣᠨ ᠰᠤᠷᠪᠤᠯᠵᠢ ᠪᠢᠴᠢᠭ᠎ᠤᠨ ᠤᠬᠠᠭᠠᠨ᠎ᠤ ᠰᠠᠯᠪᠤᠷᠢ᠎ᠶ᠋ᠢ ᠨᠡᠮᠡᠵᠦ᠍ ᠪᠠᠢᠭᠤᠯᠣᠬᠰᠠᠨ ᠪᠦᠭᠡᠳ ᠪᠠᠰᠠ ᠰᠤᠷᠭᠠᠭᠤᠯᠢ᠎ᠶ᠋ᠢᠨ ᠳᠣᠲᠣᠷᠠᠬᠢ ᠬᠣᠯᠪᠣᠬᠲᠠᠯ ᠪᠦᠬᠦᠢ ᠡᠬᠢ ᠪᠠᠶᠠᠯᠢᠭ᠎ᠢ ᠨᠡᠢᠳᠭᠡᠨ ᠡᠮᠬᠢᠯᠡᠵᠦ᠂ ᠱᠢᠨᠵᠢᠯᠡᠭᠡᠨ᠎ᠤ ᠲᠠᠯ᠎ᠠ ᠪᠡᠷ ᠮᠣᠩᠭᠤᠯ ᠰᠤᠳᠤᠯᠤᠯ᠎ᠤᠨ ᠳᠡᠭᠡᠳᠦ ᠰᠤᠷᠭᠠᠭᠤᠯᠢ ᠯᠣᠭ᠎ᠠ ᠨᠢᠭ᠍ᠲᠠ ᠬᠠᠮᠵᠢᠯᠴᠠᠨ᠂ ᠬᠠᠷᠢᠯᠴᠠᠨ ᠲᠤᠯᠭᠠᠭᠤᠷᠢᠯᠠᠭ᠍ᠰᠠᠨ ᠵᠢᠭᠠᠨ ᠰᠤᠷᠭᠠᠯᠲᠠ ᠡᠷᠳᠡᠮ ᠰᠢᠨᠵᠢᠯᠡᠭᠡᠨ᠎ᠤ 5 ᠪᠠᠢᠭᠤᠯᠤᠮᠵᠢ᠎ᠶ᠋ᠢ ᠪᠠᠢᠭᠣᠯᠵᠦ᠂ ᠤᠯᠤᠰ᠎ᠤᠨ ᠳᠣᠲᠣᠭᠠᠳᠤ᠎ᠳᠡᠬᠢ ᠮᠣᠩᠭᠣᠯ ᠰᠤᠳᠤᠯᠤᠯ᠎ᠤᠨ ᠰᠤᠳᠤᠯᠭᠠᠨ᠎ᠢ ᠲᠤᠯᠭᠠᠭᠤᠷᠢᠯᠠᠬᠤ ᠪᠦᠷᠢᠨ ᠪᠦᠲᠦᠨ ᠵᠢᠭᠠᠨ ᠰᠤᠷᠭᠠᠯᠲᠠ ᠡᠷᠳᠡᠮ ᠱᠢᠨᠵᠢᠯᠡᠭᠡᠨ᠎ᠦ ᠪᠠᠢᠭᠤᠯᠭ᠎ᠠ᠎ᠶ᠋ᠢᠨ ᠱᠢᠰᠲ᠋ᠧᠮᠲᠡᠢ ᠪᠣᠯᠤᠭ᠍ᠰᠠᠨ ᠪᠠᠢᠨ᠎ᠠ ᠃
ᠦᠪᠦᠷ ᠮᠣᠩᠭᠣᠯ᠎ᠤᠨ ᠶᠡᠬᠡ ᠰᠤᠷᠭᠠᠭᠤᠯᠢ᠎ᠶ᠋ᠢᠨ ᠮᠣᠩᠭᠤᠯ ᠰᠤᠳᠤᠯᠤᠯ᠎ᠤᠨ ᠲᠡᠭᠡᠲᠦ ᠰᠣᠷᠭᠠᠭᠣᠯᠢ᠎ᠶᠢᠨ ᠣᠨᠴᠠᠯᠢᠭ ᠴᠢᠭ᠌ᠯᠡᠯ᠎ᠳᠤ᠄ ᠣᠳᠣ ᠦᠶ᠎ᠡ᠎ᠶ᠋ᠢᠨ ᠮᠣᠩᠭᠤᠯ ᠬᠡᠯᠡ᠂ ᠮᠣᠩᠭᠤᠯ ᠬᠡᠯᠡᠨ᠎ᠤ ᠰᠣᠷᠠᠬ ᠵᠠᠩᠬᠢ᠎ᠶᠢᠨ ᠰᠢᠢᠳᠪᠦᠷᠢᠯᠡᠯᠲᠡ᠂ 《ᠮᠣᠩᠭᠤᠯ᠎ᠤᠨ ᠨᠢᠭᠣᠴᠠ ᠲᠣᠪᠴᠢᠶᠠᠨ》᠂ ᠬᠢᠳᠠᠨ ᠦᠰᠦᠭ᠂ ᠵᠢᠩᠭᠠᠷ᠂ ᠣᠳᠣ ᠦᠶ᠎ᠡ᠎ᠶ᠋ᠢᠨ ᠤᠳᠭ᠎ᠠ ᠵᠣᠬᠢᠶᠠᠯ᠂ ᠮᠣᠩᠭᠤᠯ ᠬᠢᠲᠠᠳ ᠤᠳᠭ᠎ᠠ ᠵᠣᠬᠢᠶᠠᠯ᠎ᠤᠨ ᠬᠠᠷᠢᠴᠠᠭᠤᠯᠤᠬᠰᠠᠨ ᠰᠣᠲᠣᠯᠣᠯ᠂ ᠮᠣᠩᠭᠤᠯ ᠶᠤᠸᠠᠨ᠎ᠤ ᠲᠡᠦᠬᠡ᠂ ᠳᠤᠮᠳᠠᠳᠤ ᠤᠯᠤᠰ᠎ᠤᠨ ᠤᠮᠠᠷᠠᠲᠤ᠎ᠶ᠋ᠢᠨ ᠦᠨᠳᠦᠰᠦᠲᠡᠨ᠎ᠤ ᠲᠡᠦᠬᠡ᠂ ᠮᠣᠩᠭᠤᠯ᠎ᠤᠨ ᠥᠨᠳᠦᠷᠯᠢᠭ᠎ᠤᠨ ᠲᠡᠦᠬᠡ ᠭᠠᠵᠠᠷ ᠵᠦᠢ᠂ ᠣᠳᠣ ᠦᠶ᠎ᠡ᠎ᠶ᠋ᠢᠨ ᠥᠪᠥᠷ ᠮᠣᠩᠭᠤᠯ᠎ᠤᠨ ᠦᠨᠳᠦᠰᠦᠲᠡᠨ᠎ᠤ ᠬᠠᠷᠢᠴᠠᠭ᠎ᠠ ᠬᠢᠭᠡᠳ ᠨᠡᠢᠭᠡᠮ᠎ᠤᠨ ᠬᠣᠪᠢᠰᠣᠯᠲᠠ ᠵᠡᠷᠭᠡ᠎ᠶᠢ ᠪᠠᠭ᠍ᠲᠠᠭᠠᠬᠰᠠᠨ ᠪᠦᠭᠡᠳ ᠡᠳᠡᠭᠡᠷ ᠣᠨᠴᠠᠯᠢᠬ ᠲᠠᠪᠠᠭᠣᠯᠢᠬ ᠲᠠᠭᠠᠨ ᠲᠦᠰᠢᠭᠯᠡᠨ᠂ ᠣᠷᠢᠳ ᠬᠣᠵᠢᠳ ᠣᠯᠣᠰ᠎ᠤᠨ ᠲᠡᠰ᠎ᠤᠨ 220 ᠲᠦᠷᠦᠯ ᠵᠦᠢᠯ᠎ᠢ ᠡᠷᠬᠢᠯᠡᠨ ᠪᠡᠶᠡᠯᠡᠬᠦᠯᠵᠦ᠂ ᠨᠡᠢᠲᠡ 890 ᠡᠷᠳᠡᠮ ᠰᠢᠨᠵᠢᠯᠡᠭᠡᠨ᠎ᠤ ᠪᠦᠲᠦᠭᠡᠯ ᠬᠡᠪᠯᠡᠬᠦᠯᠦᠨ᠂ ᠲᠦᠮᠡ ᠭᠠᠷᠣᠢ ᠡᠷᠳᠡᠮ ᠰᠢᠨᠵᠢᠯᠡᠭᠡᠨ᠎ᠤ ᠦᠬᠦᠯᠡᠯ ᠨᠡᠢᠲᠡᠯᠡᠬᠦᠯᠵᠦ᠂ ᠰᠣᠷᠭᠠᠨ ᠬᠦᠮᠦᠵᠢᠯ᠎ᠤᠨ ᠶᠠᠮᠣᠨ᠎ᠤ ᠰᠢᠯᠢᠲᠡᠭ ᠦᠷ᠎ᠡ ᠪᠦᠲᠦᠭᠡᠯ᠎ᠤᠨ ᠱᠠᠩᠨᠠᠯ᠂ ᠣᠯᠣᠰ᠎ᠤᠨ ᠨᠡᠢᠭᠡᠮ᠎ᠤᠨ ᠰᠢᠨᠵᠢᠯᠡᠬᠦ ᠣᠬᠠᠭᠠᠨ᠎ᠤ ᠰᠠᠭᠣᠷᠢ ᠮᠦᠩᠬᠦ᠎ᠶᠢᠨ ᠰᠢᠯᠢᠲᠡᠭ ᠦᠷ᠎ᠡ ᠪᠦᠲᠦᠭᠡᠯ᠎ᠤᠨ ᠱᠠᠩᠨᠠᠯ ᠵᠡᠷᠭᠡ ᠣᠯᠣᠰ᠎ᠤᠨ ᠲᠡᠰ᠎ᠤᠨ ᠱᠠᠩᠨᠠᠯ᠎ᠢ ᠣᠯᠠᠨᠲᠠ ᠬᠦᠷᠲᠡᠭᠰᠡᠨ ᠪᠢᠯᠡ᠃
ᠵᠠᠮ ᠰᠣᠨᠣᠯᠵᠠᠨ ᠦᠷᠬᠦᠯᠵᠢᠯᠡᠨ᠎ᠡ᠃ 《ᠣᠳᠣᠬᠠᠨ᠎ᠳᠤ᠂ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠮᠣᠩᠭᠤᠯ ᠰᠤᠳᠤᠯᠤᠯ᠎ᠤᠨ ᠳᠡᠭᠡᠳᠦ ᠰᠤᠷᠭᠠᠭᠤᠯᠢ ᠨᠢ ᠠᠩᠭ᠌ᠯᠢ᠂ ᠹᠷᠠᠨᠼᠢ᠂ ᠮᠣᠩᠭᠤᠯ᠂ ᠬᠠᠩᠭᠠᠷᠢ᠂ ᠶᠠᠫᠣᠨ᠂ ᠺᠣᠷᠢᠶᠠ ᠵᠡᠷᠭᠡ 30 ᠭᠠᠷᠣᠢ ᠤᠯᠤᠰ᠎ᠤᠨ ᠶᠡᠭᠡ ᠳᠡᠭᠡᠳᠦ ᠰᠤᠷᠭᠠᠭᠤᠯᠢ ᠪᠣᠯᠤᠨ ᠡᠷᠳᠡᠮ ᠰᠢᠨᠵᠢᠯᠡᠭᠡᠨ᠎ᠤ ᠬᠦᠷᠢᠶᠡᠯᠡᠩ ᠯᠣᠭᠡ ᠤᠷᠳᠤ ᠬᠤᠭᠤᠴᠠᠭᠠᠨ᠎ᠤ ᠲᠣᠭ᠍ᠲᠠᠭᠤᠨ ᠬᠠᠮᠲᠤᠷᠠᠯᠴᠠᠭᠠᠨ᠎ᠤ ᠬᠠᠷᠢᠴᠠᠭ᠎ᠠ ᠪᠠᠢᠭᠤᠯᠵᠦ᠂ ᠡᠷᠳᠡᠮ ᠱᠢᠨᠵᠢᠯᠡᠭᠡᠨ᠎ᠤ ᠰᠤᠳᠤᠯᠭᠠᠨ ᠬᠢᠭᠡᠳ ᠴᠢᠳᠠᠪᠤᠷᠢᠲᠠᠨ ᠬᠥᠮᠦᠵᠢᠭᠦᠯᠬᠦ᠌ ᠲᠠᠯ᠎ᠠ᠎ᠪᠠᠷ ᠤᠯᠠᠨ ᠵᠦᠢᠯ᠎ᠤᠨ ᠵᠥᠪᠯᠡᠯᠴᠡᠭᠡᠷ᠎ᠲᠤ ᠭᠠᠷᠤᠨ ᠦᠰᠦᠭ ᠵᠢᠷᠤᠬᠰᠠᠨ》 ᠭᠡᠵᠦ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠮᠣᠩᠭᠣᠯ ᠰᠣᠲᠣᠯᠣᠯᠤᠨ ᠲᠡᠭᠡᠲᠦ ᠰᠣᠷᠭᠠᠭᠣᠯᠢ᠎ᠶᠢᠨ ᠫᠷᠣᠹᠸᠰᠰᠣᠷ ᠣᠶᠣᠨᠴᠢ ᠢᠲᠡᠭᠡᠯ ᠲᠡᠬᠦᠯᠲᠡᠷ ᠶᠠᠷᠢᠵᠦ ᠪᠠᠢᠯ᠎ᠠ ᠃
