ᠰᠣᠶᠣᠯ ᠵᠢᠭᠤᠯᠴᠢᠯᠠᠯ ᠢ᠋ ᠬᠦᠭᠵᠢᠭᠦᠯᠬᠦ ᠳ᠋ᠤ ᠠᠮᠢ ᠠᠬᠤᠢ ᠵᠢ ᠴᠢᠬᠤᠯᠠᠴᠢᠯᠠᠪᠠᠯ ᠵᠤᠬᠢᠨ᠎ᠠ
2026-08-17 10:45:23
ᠵᠣᠬᠢᠶᠠᠭ᠍ᠴᠢ᠄
ᠭᠤᠸ᠎ᠠ
ᠣᠩᠱᠢᠭ᠍ᠰᠠᠨ ᠣᠳᠠᠭ᠎ᠠ᠄
★★★☆☆

ᠠᠮᠢ ᠠᠬᠤᠢ ᠵᠢᠨ ᠡᠬᠢ ᠪᠠᠶᠠᠯᠢᠭ ᠤ᠋ᠨ ᠳᠠᠪᠠᠭᠤᠯᠢᠭ ᠵᠢᠡᠨ ᠴᠢᠨᠠᠷ ᠰᠠᠢᠲᠠᠢ ᠬᠥᠭᠵᠢᠯᠲᠡ ᠵᠢᠨ ᠳᠠᠪᠠᠭᠤᠯᠢᠭ ᠪᠣᠯᠭᠠᠨ ᠬᠤᠪᠢᠷᠠᠭᠤᠯᠤᠨ᠎ᠠ


ᠤᠢᠷ᠎ᠠ ᠳ᠋ᠤ ᠥᠪᠥᠷ ᠮᠣᠩᠭᠣᠯ 《ᠰᠣᠶᠣᠯ ᠵᠢᠭᠤᠯᠴᠢᠯᠠᠯ ᠤ᠋ᠨ ᠦᠢᠯᠡᠰ ᠤ᠋ᠨ ᠴᠢᠨᠠᠷ ᠰᠠᠢᠲᠠᠢ ᠬᠥᠭᠵᠢᠯᠲᠡ ᠵᠢ ᠠᠬᠢᠭᠤᠯᠬᠤ ᠳᠤᠬᠠᠢ ᠰᠠᠨᠠᠯ》 ᠢ᠋ ᠨᠡᠢᠲᠡᠯᠡᠵᠦ᠂ ᠠᠮᠢ ᠠᠬᠤᠢ ᠵᠢᠨ ᠬᠠᠮᠠᠭᠠᠯᠠᠯᠲᠠ ᠪᠣᠯᠤᠨ ᠰᠣᠶᠣᠯ ᠵᠢᠭᠤᠯᠴᠢᠯᠠᠯ ᠢ᠋ ᠵᠡᠷᠭᠡ ᠪᠡᠷ ᠴᠡᠴᠡᠭᠯᠡᠨ ᠬᠥᠭᠵᠢᠭᠦᠯᠬᠦ ᠵᠢ ᠴᠢᠡᠭᠭ᠎ᠠ ᠠᠳᠬᠤᠵᠤ᠂ ᠪᠣᠬᠢᠷᠲᠤᠯ ᠦᠭᠡᠢ ᠠᠵᠤ ᠦᠢᠯᠡᠰ ᠤ᠋ᠨ ᠬᠥᠭᠵᠢᠯᠲᠡ ᠵᠢ ᠠᠬᠢᠭᠤᠯᠬᠤ ᠭᠡᠷᠡᠭᠳᠡᠢ ᠭᠡᠵᠤ ᠴᠢᠬᠤᠯᠠᠴᠢᠯᠠᠪᠠ᠃

ᠥᠩᠭᠡᠷᠡᠭᠰᠡᠨ ᠳ᠋ᠦ᠍ ᠦᠪᠦᠷ ᠮᠤᠩᠭᠤᠯ ᠤ᠋ᠨ ᠵᠢᠭᠤᠯᠴᠢᠯᠠᠯ ᠤ᠋ᠨ ᠦᠢᠯᠡᠰ ᠨᠢ ᠳᠡᠯᠭᠡᠷ ᠵᠤᠨ ᠤ᠋ ᠤᠯᠠᠷᠢᠯ ᠳ᠋ᠤ ᠲᠦᠪᠯᠡᠷᠡᠵᠤ᠂ ᠡᠵᠡᠩᠨᠡᠯᠳᠡ ᠵᠢᠨ ᠬᠡᠯᠪᠡᠷᠢ ᠨᠢ ᠳᠠᠩ ᠴᠤᠯᠭᠤᠢ᠂ ᠤᠯᠠᠷᠢᠯ ᠤ᠋ᠨ ᠴᠢᠨᠠᠷᠲᠠᠢ ᠳᠤᠳᠠᠭᠤᠳᠠᠯ ᠳᠣᠪᠣᠢᠮ᠎ᠠ᠃ 《ᠰᠣᠶᠣᠯ ᠵᠢᠭᠤᠯᠴᠢᠯᠠᠯ ᠤ᠋ᠨ ᠦᠢᠯᠡᠰ ᠤ᠋ᠨ ᠴᠢᠨᠠᠷ ᠰᠠᠢᠲᠠᠢ ᠬᠥᠭᠵᠢᠯᠲᠡ ᠵᠢ ᠠᠬᠢᠭᠤᠯᠬᠤ ᠳᠤᠬᠠᠢ ᠰᠠᠨᠠᠯ》 ᠳ᠋ᠤ ᠲᠠᠯ᠎ᠠ ᠨᠤᠲᠤᠭ᠂ ᠣᠢ ᠰᠢᠭᠤᠢ᠂ ᠬᠠᠲᠤᠨ ᠭᠣᠣᠯ᠂ ᠡᠯᠡᠰᠦ ᠮᠠᠩᠬ᠎ᠠ᠂ ᠬᠢᠯᠢ ᠣᠷᠣᠨ ᠤ᠋ ᠣᠯᠠᠨ ᠡᠰᠢᠲᠦ ᠠᠮᠢ ᠠᠬᠤᠢ ᠵᠢᠨ ᠡᠬᠢ ᠪᠠᠶᠠᠯᠢᠭ ᠲᠦ᠍ ᠲᠦᠰᠢᠭᠯᠡᠨ 《ᠳᠠᠪᠤᠨ ᠪᠦᠰᠡ ᠬᠤᠯᠪᠤᠭᠠᠯᠠᠨ ᠬᠦᠳᠡᠯᠦᠯᠴᠡᠭᠦ》 ᠵᠢ ᠠᠬᠢᠭᠤᠯᠬᠤ ᠳᠤᠬᠠᠢ ᠳᠤᠳᠤᠷᠬᠠᠢ ᠳᠤᠷᠠᠳᠴᠦ᠂ ᠲᠠᠯ᠎ᠠ ᠨᠤᠲᠤᠭ ᠤ᠋ᠨ ᠪᠠᠢᠭᠠᠯᠢ ᠦᠵᠡᠮᠵᠢ ᠰᠤᠶᠤᠯ ᠢᠷᠭᠡᠨᠰᠢᠯ ᠢ᠋ ᠬᠦᠨᠵᠡᠭᠡᠢ ᠤᠢᠯᠠᠭᠠᠭᠤᠯᠬᠤ᠂ ᠣᠢ ᠰᠢᠭᠤᠢ ᠵᠢᠨ ᠦᠵᠡᠮᠵᠢ ᠵᠢᠨ ᠣᠷᠣᠨ ᠤ᠋ ᠡᠷᠡᠭᠦᠯᠵᠢᠯ ᠤ᠋ᠨ ᠦᠢᠯᠡᠴᠢᠯᠡᠭᠡᠨ ᠤ᠋ ᠰᠢᠰᠲ᠋ᠧᠮ ᠢ᠋ ᠢᠵᠢ ᠪᠦᠷᠢᠳᠦᠭᠦᠯᠬᠦ᠂ ᠡᠯᠡᠰᠦᠨ ᠴᠦᠯ ᠤ᠋ᠨ ᠰᠡᠯᠡᠭᠦᠴᠡᠯ ᠤ᠋ᠨ ᠰᠢᠨ᠎ᠡ ᠡᠵᠡᠩᠨᠡᠯᠳᠡ ᠵᠢᠨ ᠬᠡᠯᠪᠡᠷᠢ ᠵᠢ ᠪᠤᠢ ᠪᠤᠯᠭᠠᠬᠤ᠂ ᠮᠥᠰᠥ ᠴᠠᠰᠤᠨ ᠤ᠋ ᠵᠢᠭᠤᠯᠴᠢᠯᠠᠯ ᠤ᠋ᠨ ᠨᠠᠢᠷ ᠨᠠᠭᠠᠳᠤᠮ ᠡᠷᠬᠢᠯᠡᠭᠦ ᠵᠡᠷᠭᠡ ᠣᠨᠴᠠᠯᠢᠭᠳᠤ IP ᠵᠢ ᠪᠤᠢ ᠪᠤᠯᠭᠠᠨ᠂ ᠳᠥᠷᠪᠡᠨ ᠤᠯᠠᠷᠢᠯ ᠎ᠵᠢᠡᠷ ᠵᠢᠭᠤᠯᠴᠢᠯᠠᠬᠤ ᠪᠦᠬᠦ ᠣᠷᠣᠨ ᠪᠦᠰᠡ ᠵᠢᠨ ᠪᠦᠬᠦ ᠤᠯᠠᠷᠢᠯ ᠤ᠋ᠨ ᠬᠥᠭᠵᠢᠯᠲᠡ ᠵᠢ ᠠᠬᠢᠭᠤᠯᠵᠤ᠂ ᠵᠥᠷᠢᠶᠡᠴᠢᠯᠡᠭᠰᠡᠨ ᠠᠮᠢ ᠠᠬᠤᠢ ᠵᠢᠨ ᠪᠦᠲᠦᠭᠡᠭᠳᠡᠬᠦᠨ ᠢ᠋ ᠪᠣᠢ ᠪᠣᠯᠭᠠᠬᠤ᠎ᠵᠢ ᠴᠢᠬᠤᠯᠠᠴᠢᠯᠠᠪᠠ᠃

ᠠᠮᠢ ᠠᠬᠤᠢ ᠵᠢᠨ ᠰᠤᠶᠤᠯ ᠵᠢᠭᠤᠯᠴᠢᠯᠠᠯ ᠢ᠋ ᠬᠥᠭᠵᠢᠭᠦᠯᠬᠦ ᠳ᠋ᠤ ᠠᠮᠢ ᠠᠬᠤᠢ ᠵᠢᠨ ᠬᠣᠷᠢᠭ᠎ᠠ ᠱᠤᠭᠤᠮ ᠢ᠋ ᠪᠠᠲᠤ ᠰᠠᠬᠢᠬᠤ ᠴᠢᠬᠤᠯᠠᠳᠠᠢ᠃ ᠪᠠᠢᠭᠠᠯᠢ ᠵᠢᠨ ᠬᠠᠮᠠᠭᠠᠯᠠᠯᠲᠠ ᠵᠢᠨ ᠭᠠᠵᠠᠷ᠂ ᠠᠮᠢ ᠠᠬᠤᠢ ᠵᠢᠨ ᠤᠯᠠᠭᠠᠨ ᠱᠤᠭᠤᠮ ᠳ᠋ᠤ ᠬᠤᠯᠪᠤᠭᠳᠠᠬᠰᠠᠨ ᠬᠠᠤᠯᠢ ᠲᠣᠭᠲᠠᠭᠠᠯ ᠢ᠋ ᠴᠢᠩᠭ᠎ᠠ ᠵᠢᠷᠤᠮᠯᠠᠨ᠂ ᠡᠮᠬᠢ ᠵᠢᠷᠤᠮ ᠦᠭᠡᠢ ᠪᠡᠷ ᠨᠡᠭᠡᠭᠡᠨ ᠬᠥᠭᠵᠢᠭᠦᠯᠬᠦ ᠳᠠᠪᠬᠤᠷᠳᠠᠭᠤᠯᠤᠨ ᠪᠦᠲᠦᠭᠡᠨ ᠪᠠᠢᠭᠤᠯᠬᠤ ᠵᠢ ᠬᠣᠷᠢᠭᠯᠠᠵᠤ᠂ 《ᠨᠡᠭᠡᠭᠡᠨ ᠬᠥᠭᠵᠢᠭᠦᠯᠬᠦ》 ᠪᠠ 《ᠬᠠᠮᠠᠭᠠᠯᠠᠬᠤ》 ᠶ᠋ᠢᠨ ᠵᠠᠭᠠᠭ ᠢ᠋ ᠲᠣᠳᠣᠷᠬᠠᠢ ᠢᠯᠭᠠᠬᠤ ᠪᠤᠯ ᠡᠷᠬᠡᠪᠰᠢ ᠠᠩᠬᠠᠷᠤᠭᠤᠰᠢᠳᠠᠢ ᠵᠦᠢᠯ᠃ ᠤᠳᠤᠬᠠᠨ ᠳ᠋ᠤ ᠦᠪᠦᠷ ᠮᠤᠩᠭᠤᠯ ᠪᠦᠳᠦᠭᠦᠯᠢᠭ ᠮᠠᠶᠢᠭ ᠤ᠋ᠨ ᠡᠬᠢ ᠪᠠᠶᠠᠯᠢᠭ ᠤ᠋ᠨ ᠬᠤᠷᠤᠭᠳᠠᠭᠤᠯᠤᠯ ᠡᠴᠡ ᠵᠠᠢᠯᠠᠰᠬᠢᠵᠤ᠂ ᠠᠮᠢ ᠠᠬᠤᠢ ᠵᠢ ᠬᠥᠭᠵᠢᠯᠲᠡ ᠵᠢᠨ ᠥᠷᠲᠡᠭ ᠪᠣᠯᠭᠠᠨ ᠬᠤᠪᠢᠷᠠᠭᠤᠯᠬᠤ ᠵᠢ ᠪᠠᠷᠢᠮᠲᠠᠯᠠᠵᠤ᠂ ᠣᠢ ᠰᠢᠭᠤᠢ ᠨᠤᠳᠤᠭ ᠪᠡᠯᠴᠢᠭᠡᠷ ᠨᠤᠭᠤ ᠭᠠᠵᠠᠷ ᠤ᠋ᠨ ᠡᠬᠢ ᠪᠠᠶᠠᠯᠢᠭ ᠲᠤ᠌ ᠲᠦᠰᠢᠭᠯᠡᠨ ᠮᠠᠯᠵᠢᠬᠤ ᠠᠮᠢᠳᠤᠷᠠᠯ ᠤ᠋ᠨ ᠵᠢᠭᠤᠯᠴᠢᠯᠠᠯ᠂ ᠣᠢ ᠰᠢᠭᠤᠢ ᠵᠢᠨ ᠰᠤᠳᠤᠯᠤᠨ ᠰᠤᠷᠤᠯᠴᠠᠯᠭ᠎ᠠ᠂ ᠡᠯᠡᠰᠦ ᠮᠠᠩᠬᠠᠨ ᠳ᠋ᠡᠬᠢ ᠰᠡᠯᠡᠭᠦᠴᠡᠯ ᠵᠡᠷᠭᠡ ᠵᠢ ᠬᠥᠭᠵᠢᠭᠦᠯᠵᠦ᠂ ᠨᠤᠮᠢᠨ ᠤᠰᠤ ᠬᠦᠬᠡᠮᠳᠦᠭ ᠠᠭᠤᠯᠠ ᠵᠢ ᠠᠯᠳᠠᠨ ᠠᠭᠤᠯᠠ ᠮᠦᠩᠭᠦᠨ ᠬᠠᠢᠷᠬᠠᠨ ᠪᠤᠯᠭᠠᠨ ᠬᠤᠪᠢᠷᠠᠭᠤᠯᠵᠤ᠂ ᠠᠮᠢ ᠠᠬᠤᠢ ᠵᠢᠨ ᠠᠵᠤ ᠦᠢᠯᠡᠰ ᠢ᠋ ᠠᠷᠠᠳ ᠤ᠋ᠨ ᠠᠮᠢᠳᠤᠷᠠᠯ ᠤ᠋ᠨ ᠦᠢᠯᠡᠰ ᠪᠣᠯᠭᠠᠨ ᠬᠥᠭᠵᠢᠭᠦᠯᠵᠤ ᠪᠤᠢ᠃

ᠠᠮᠢ ᠠᠬᠤᠢ ᠵᠢᠨ ᠰᠤᠶᠤᠯ ᠵᠢᠭᠤᠯᠴᠢᠯᠠᠯ ᠨᠢ ᠠᠮᠢ ᠠᠬᠤᠢ ᠪᠠᠷ ᠰᠠᠭᠤᠷᠢ ᠪᠣᠯᠭᠠᠨ᠂ ᠰᠣᠶᠣᠯ ᠵᠢᠠᠷ ᠰᠦᠭ ᠰᠦᠨᠡᠰᠦ ᠪᠣᠯᠭᠠᠵᠤ᠂ ᠠᠵᠤ ᠦᠢᠯᠡᠰ ᠵᠢᠡᠷ ᠬᠦᠭᠵᠢᠯᠳᠡ ᠵᠢᠨ ᠰᠤᠳᠠᠰᠤ ᠪᠣᠯᠭᠠᠳᠠᠭ᠃ ᠥᠪᠥᠷ ᠮᠣᠩᠭᠣᠯ ᠦᠪᠡᠷᠮᠢᠴᠡ ᠤᠨᠴᠠᠯᠢᠭᠳᠤ ᠠᠮᠢ ᠠᠬᠤᠢ ᠵᠢᠨ ᠰᠤᠶᠤᠯ ᠵᠢᠭᠤᠯᠴᠢᠯᠠᠯ ᠢ᠋ ᠬᠦᠭᠵᠢᠭᠦᠯᠵᠤ᠂ ᠮᠠᠨ ᠤ᠋ ᠤᠯᠤᠰ ᠤ᠋ᠨ ᠤᠮᠠᠷᠠᠲᠤ ᠵᠢᠨ ᠴᠢᠬᠤᠯᠠ ᠠᠮᠢ ᠠᠬᠤᠢ ᠵᠢᠨ ᠠᠮᠤᠷ ᠲᠦᠪᠰᠢᠨ ᠤ᠋ ᠬᠠᠯᠬᠠᠪᠴᠢ ᠵᠢ ᠪᠠᠳᠤ ᠴᠤᠭᠴᠠᠯᠠᠬᠤ᠎ᠳᠤ ᠠᠬᠢᠭᠤᠯᠬᠤ ᠦᠢᠯᠡᠳᠤᠯ ᠦᠵᠡᠬᠦᠯᠵᠤ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号