ᠮᠤᠬᠤᠷ᠎ᠤᠨ ᠮᠤᠬᠤᠰᠢ ᠦᠭᠡᠢ ᠴᠢᠷᠮᠠᠢᠯᠭ᠎ᠠ
2026-08-17 10:38:05
ᠵᠣᠬᠢᠶᠠᠭ᠍ᠴᠢ᠄
ᠸᠠᠩ ᠲᠠᠨ᠎ᠠ
ᠣᠩᠱᠢᠭ᠍ᠰᠠᠨ ᠣᠳᠠᠭ᠎ᠠ᠄
★★★☆☆

ᠤᠩᠰᠢᠯᠭ᠎ᠠ ᠵᠢᠨ ᠬᠦᠳᠦᠯᠦᠮᠵᠢ

ᠮᠤᠬᠤᠷ ᠭᠡᠵᠤ ᠶᠠᠳᠠᠭᠤ ᠡᠴᠡ ᠠᠩᠭᠢᠵᠢᠷᠠᠭᠤᠯᠤᠭᠰᠠᠨ ᠲᠦᠷᠦ ᠵᠢᠨ ᠪᠤᠳᠤᠯᠭ᠎ᠠ ᠵᠢᠨ ᠠᠰᠢᠭ ᠢ᠋ ᠬᠦᠷᠳᠡᠭᠰᠡᠨ ᠣᠢ ᠬᠠᠮᠠᠭᠠᠯᠠᠭᠴᠢ᠃ 2019 ᠣᠨ᠎ᠳ᠋ᠤ ᠣᠢ ᠬᠠᠮᠠᠭᠠᠯᠠᠭᠴᠢ ᠪᠣᠯᠤᠭᠰᠠᠨ ᠡᠴᠡ ᠨᠠᠭᠠᠰᠢ᠂ ᠲᠠᠷᠠ ᠰᠠᠯᠬᠢ ᠰᠢᠭᠤᠷᠭ᠎ᠠ ᠪᠤᠷᠤᠭᠠᠨ ᠴᠠᠰᠤ ᠵᠢ ᠬᠠᠢᠬᠤᠷᠤᠯ ᠦᠭᠡᠢ ᠡᠳᠦᠷ ᠲᠤᠵᠢ 10 ᠭᠠᠷᠤᠢ ᠺᠢᠯᠤᠮᠧᠲᠷ ᠤ᠋ᠨ ᠲᠣᠭᠤᠷᠢᠨ ᠴᠠᠭᠳᠠᠬᠤ ᠡᠬᠦᠷᠭᠡ ᠪᠠᠨ ᠴᠠᠭ ᠲᠤᠬᠠᠢ᠎ᠳᠤᠨᠢ ᠪᠠᠶᠠᠯᠠᠬᠦᠯᠵᠤ ᠢᠷᠠᠵᠠᠢ᠃ 8 ᠵᠢᠯ᠎ᠤᠨ ᠲᠤᠷᠰᠢ᠂ ᠲᠠᠬᠦᠨ᠎ᠤ ᠬᠤᠪᠢᠳᠠᠨ ᠬᠠᠮᠢᠶᠠᠷᠴᠤ᠌ ᠪᠠᠢᠭ᠎ᠠ ᠬᠠᠷᠢᠭᠤᠴᠠᠯᠭ᠎ᠠ ᠵᠢᠨ ᠣᠷᠤᠨ ᠳ᠋ᠤᠨᠢ ᠬᠦᠨᠳᠦ ᠶᠡᠬᠡ ᠲᠤᠢᠮᠠᠷ᠎ᠤᠨ ᠠᠶᠤᠯ ᠵᠢᠴᠢ ᠶᠡᠬᠡ ᠬᠡᠪᠴᠢᠶᠡᠨ᠎ᠤ ᠡᠪᠡᠳᠴᠢᠨ ᠪᠠ ᠬᠣᠷᠤᠬᠠᠢ ᠵᠢᠨ ᠬᠥᠨᠦᠭᠡᠯ ᠡᠬᠦᠰᠦᠭᠰᠡᠨ ᠦᠭᠡᠢ ᠮᠦᠷᠳᠡᠭᠡᠨ ᠬᠠᠤᠯᠢ ᠲᠣᠭᠲᠠᠭᠠᠯ ᠡᠴᠡ ᠵᠥᠷᠢᠴᠡᠭᠰᠡᠨ ᠬᠡᠷᠡᠭ ᠭᠠᠷᠤᠭᠰᠠᠨ ᠦᠭᠡᠢ ᠶᠤᠮ᠃


ᠨᠠᠮᠤᠷ ᠤ᠋ᠨ ᠠᠭᠤᠷ ᠤᠷᠤᠬᠤ ᠡᠴᠡ ᠡᠮᠦᠨ᠎ᠡ᠂ ᠤᠯᠠᠭᠠᠨᠬᠠᠳᠠ ᠬᠤᠲᠠ ᠵᠢᠨ ᠪᠠᠭᠠᠷᠢᠨ ᠪᠠᠷᠠᠭᠤᠨ ᠬᠤᠰᠢᠭᠤᠨ ᠤ᠋ ᠰᠤᠪᠤᠷᠭ᠎ᠠ ᠪᠠᠯᠭᠠᠰᠤᠨ ᠤ᠋ ᠷᠠᠰᠢᠶᠠᠨ ᠠᠢᠯ ᠭᠠᠴᠠᠭ᠎ᠠ ᠪᠠᠷ ᠠᠭᠠᠬᠢᠮ᠎ᠠ ᠬᠠᠯᠠᠭᠤᠨ ᠪᠠᠢᠵᠤ᠂ ᠬᠦᠮᠤᠰ ᠰᠡᠷᠢᠬᠦᠨ ᠭᠠᠵᠠᠷ ᠡᠷᠢᠵᠤ ᠰᠡᠷᠢᠬᠦᠴᠡᠨ᠎ᠠ᠃ ᠣᠢ ᠬᠠᠮᠠᠭᠠᠯᠠᠭᠴᠢ ᠮᠤᠬᠤᠷ ᠬᠠᠷᠢᠨ 20 ᠭᠠᠷᠤᠢ ᠵᠢᠩ ᠤ᠋ᠨ ᠬᠦᠨᠳᠦ ᠡᠮᠳᠤ ᠰᠦᠷᠴᠢᠭᠦᠷ ᠪᠠᠭᠠᠵᠢ ᠪᠠᠨ ᠡᠭᠦᠷᠦᠨ᠂ ᠠᠰᠬ᠎ᠠ ᠬᠢᠷ᠎ᠠ ᠪᠠᠷ ᠠᠪᠠᠷᠢᠵᠤ᠂ ᠨᠠᠷᠠᠰᠤᠨ ᠮᠤᠳᠤᠨ᠎ᠳᠤ ᠡᠮ ᠰᠦᠷᠴᠢᠵᠤ ᠬᠤᠷᠤᠬᠠᠢ᠎ᠵᠢᠨ ᠬᠦᠨᠤᠭᠡᠯ᠎ᠢ ᠰᠡᠷᠭᠡᠢᠯᠡᠨ᠎ᠠ᠃ ᠪᠤᠵᠠᠷ ᠡᠪᠡᠰᠦ ᠮᠤᠳᠤᠨ ᠰᠠᠯᠠᠭ᠎ᠠ ᠲᠡᠭᠦᠨ ᠤ᠋ ᠭᠠᠷ ᠢ᠋ ᠬᠤᠰᠤᠵᠤ᠂ ᠡᠷᠢᠶᠡᠨ ᠦᠩᠭᠡᠲᠡᠢ ᠬᠤᠪᠴᠠᠰᠤ ᠨᠢ ᠠᠯᠢ ᠡᠷᠲᠡ ᠬᠦᠯᠦᠰᠦᠨ ᠳ᠋ᠤᠨᠢ ᠳᠡᠪᠲᠦᠭᠡᠭᠳᠡᠵᠠᠢ᠃ 《ᠡᠨᠡ ᠬᠡᠳᠦᠨ ᠮᠣᠳᠤᠨ ᠨᠠᠪᠴᠢ ᠦᠨᠡᠰᠦᠨ ᠦᠩᠭᠡ ᠤᠷᠤᠯ᠎ᠠ᠂ ᠲᠡᠮᠳᠡᠭᠯᠡᠵᠦ᠍ ᠠᠪᠤᠭᠠᠳ ᠮᠠᠷᠭᠠᠰᠢ ᠣᠢ ᠰᠢᠭᠤᠢ ᠵᠢᠨ ᠥᠷᠲᠡᠭᠡ ᠲᠡᠢ ᠬᠠᠷᠢᠯᠴᠠᠵᠤ ᠲᠥᠪᠯᠡᠷᠡᠭᠦᠯᠦᠨ ᠡᠮ ᠰᠦᠷᠴᠢᠨ ᠰᠡᠷᠭᠡᠢᠯᠡᠬᠦ ᠴᠢᠬᠤᠯᠠᠲᠠᠢ》 ᠭᠡᠵᠤ ᠮᠤᠬᠤᠷ ᠠᠵᠢᠯ᠎ᠵᠢᠡᠨ ᠲᠦᠯᠦᠪᠯᠡᠨ᠎ᠠ᠃


00be5e82-07e6-4c5f-9615-25cfe38bf318.png


ᠡᠨᠡ ᠵᠢᠯ 43 ᠨᠠᠰᠤᠲᠠᠢ ᠮᠤᠬᠤᠷ ᠪᠤᠯ ᠶᠠᠳᠠᠭᠤ ᠡᠴᠡ ᠠᠩᠭᠢᠵᠢᠷᠠᠭᠤᠯᠤᠭᠰᠠᠨ ᠲᠦᠷᠦ ᠵᠢᠨ ᠪᠤᠳᠤᠯᠭ᠎ᠠ ᠵᠢᠨ ᠠᠰᠢᠭ ᠢ᠋ ᠬᠦᠷᠳᠡᠭᠰᠡᠨ ᠣᠢ ᠬᠠᠮᠠᠭᠠᠯᠠᠭᠴᠢ᠃ 2019 ᠣᠨ᠎ᠳ᠋ᠤ ᠣᠢ ᠬᠠᠮᠠᠭᠠᠯᠠᠭᠴᠢ᠎ᠵᠢᠨ ᠠᠵᠢᠯ᠎ᠢ ᠬᠤᠪᠢᠳᠠᠨ ᠬᠢᠵᠤ᠂ ᠨᠢᠭᠡᠨᠳᠠ8 ᠬᠠᠪᠤᠷ ᠨᠠᠮᠤᠷ᠎ᠢ ᠤᠭᠳᠤᠨ ᠠᠪᠴᠠᠢ᠃ ᠵᠢᠯ ᠤ᠋ᠨ ᠳᠦᠷᠪᠡᠨ ᠤᠯᠠᠷᠢᠯ ᠎ᠵᠢᠡᠷ ᠲᠡᠷᠡ ᠰᠠᠯᠬᠢ ᠰᠢᠭᠤᠷᠭ᠎ᠠ ᠪᠤᠷᠤᠭᠠᠨ ᠴᠠᠰᠤ ᠵᠢ ᠬᠠᠢᠬᠤᠷᠤᠯ ᠦᠭᠡᠢ ᠪᠡᠷ ᠡᠳᠦᠷ ᠪᠣᠯᠭᠠᠨ 10 ᠭᠠᠷᠤᠢ ᠺᠢᠯᠤᠮᠧᠲᠷ ᠤ᠋ᠨ ᠲᠣᠭᠤᠷᠢᠨ ᠬᠠᠮᠠᠭᠠᠯᠠᠬᠤ ᠠᠵᠢᠯ᠎ᠵᠢᠡᠨ ᠬᠢᠨᠠᠮᠠᠭᠠᠢ ᠬᠦᠢᠴᠡᠳᠭᠡᠵᠤ᠂ 8 ᠵᠢᠯ ᠤ᠋ᠨ ᠲᠤᠷᠰᠢ ᠨᠡᠶ᠋ᠢᠲᠡ 1 ᠲᠦᠮᠡᠨ ᠺᠢᠯᠤᠮᠧᠲᠷ ᠠᠶᠠᠯᠠᠵᠤ᠂ ᠬᠡᠳᠦᠨ ᠠᠷᠪᠠᠨ ᠬᠤᠤᠰ ᠱᠠᠬᠠᠢ ᠵᠢ ᠦᠷᠦᠭᠡᠵᠦ᠍᠂ ᠤᠢ ᠬᠠᠮᠠᠭᠠᠯᠠᠭᠴᠢ ᠵᠢᠨ ᠡᠬᠦᠷᠭᠡ ᠬᠠᠷᠢᠭᠤᠴᠠᠯᠭ᠎ᠠ ᠪᠠᠨ ᠰᠠᠢᠳᠤᠷ ᠪᠠᠶᠠᠯᠠᠬᠦᠯᠵᠤ ᠢᠷᠠᠪᠠ᠃

ᠡᠪᠡᠳᠴᠢᠨ ᠲᠠᠢ ᠦᠳᠡᠯᠦᠭᠡ ᠡᠵᠢ ᠪᠠᠨ ᠠᠰᠠᠷᠠᠬᠤ᠂ ᠠᠬ᠎ᠠ ᠳᠡᠭᠦᠦ ᠭᠤᠷᠪᠠᠭᠤᠯᠠ ᠵᠢᠨ ᠠᠮᠢᠳᠤᠷᠠᠯ ᠵᠢᠡᠨ ᠠᠷᠭᠠᠴᠠᠭᠠᠬᠤ ᠮᠠᠳᠤ᠎ᠵᠢᠨ ᠶᠠᠪᠤᠳᠠᠯ᠎ᠢ ᠲᠠᠷᠠ ᠭᠠᠭᠴᠠᠭᠠᠷ᠎ᠵᠢᠡᠨ ᠡᠬᠦᠷᠭᠡᠯᠡᠵᠤ ᠡᠷᠤᠭᠡ ᠭᠡᠷ᠎ᠤᠨ᠎ᠵᠢᠡᠨ ᠲᠤᠯᠭᠠᠭᠤᠷᠢ ᠪᠤᠯᠵᠤ ᠪᠠᠢᠳᠠᠭ᠃ 《ᠤᠢ ᠬᠠᠮᠠᠭᠠᠯᠠᠭᠴᠢ ᠪᠤᠯᠤᠭᠰᠠᠨ᠎ᠤ ᠲᠠᠷᠠᠭ᠎ᠠ ᠣᠷᠤᠯᠭ᠎ᠠ ᠨᠡᠮᠡᠭᠳᠡᠵᠤ᠂ ᠠᠮᠢᠳᠤᠷᠠᠯ ᠴᠦ᠍ ᠰᠠᠢᠵᠢᠷᠠᠯ᠎ᠠ》 ᠭᠡᠵᠦ ᠮᠤᠬᠤᠷ ᠪᠠᠶᠠᠷᠳᠠᠢᠬᠠᠨ ᠭᠡᠯᠡᠨ᠎ᠠ᠃


cf2f85ed-4518-4965-bcd7-790fe42c064f.png


ᠠᠭᠤᠯᠠᠨ ᠤᠢ           ᠯᠢ ᠹᠦ   ᠰᠡᠭᠦᠳᠡᠷᠯᠡᠪᠡ


ᠤᠢ ᠮᠤᠳᠤᠨ ᠤ᠋ ᠡᠪᠡᠳᠴᠢᠨ ᠪᠠ ᠬᠤᠷᠤᠬᠠᠢ ᠵᠢᠨ ᠬᠥᠨᠦᠭᠡᠯ ᠢ᠋ ᠣᠨᠤᠪᠴᠢᠲᠠᠢ ᠰᠡᠷᠭᠡᠢᠯᠡᠨ ᠵᠠᠰᠠᠬᠤ ᠵᠢᠨ ᠲᠥᠯᠦᠭᠡ᠂ ᠮᠤᠬᠤᠷ ᠬᠠᠮᠢᠶ᠎ᠠ ᠪᠦᠬᠦᠢ ᠮᠡᠳᠡᠯᠭᠡ ᠵᠢ ᠥᠪᠡᠰᠤᠪᠠᠨ ᠰᠤᠷᠤᠯᠴᠠᠵᠤ᠂ ᠵᠢᠯ ᠪᠦᠷᠢ ᠬᠠᠮᠢᠶ᠎ᠠ ᠪᠦᠬᠦᠢ ᠰᠠᠯᠠᠭ᠎ᠠ ᠮᠦᠴᠢᠷ ᠲᠠᠢ ᠬᠠᠮᠵᠢᠯᠴᠠᠨ ᠬᠤᠷᠤᠬᠠᠢ ᠵᠢᠨ ᠬᠦᠨᠦᠭᠡᠯ ᠤ᠋ᠨ ᠪᠠᠢᠳᠠᠯ ᠢ᠋ ᠬᠢᠨᠠᠨ ᠬᠡᠮᠵᠢᠬᠦ᠌ ᠪᠠ ᠡᠮ ᠰᠦᠷᠴᠢᠳᠡᠭ᠃ ᠲᠡᠷᠡ ᠦᠷᠭᠦᠯᠵᠢ ᠮᠣᠳᠤᠨ ᠨᠠᠪᠴᠢ ᠵᠢᠨ ᠥᠩᠭᠡ ᠬᠤᠪᠢᠷᠠᠬᠤ᠂ ᠬᠣᠷᠤᠬᠠᠢ ᠵᠢᠨ ᠨᠦᠬᠡ ᠵᠡᠷᠭᠡ ᠬᠡᠪ ᠤ᠋ᠨ ᠪᠤᠰᠤ ᠪᠠᠢᠳᠠᠯ ᠢ᠋ ᠪᠠᠢᠴᠠᠭᠠᠨ ᠰᠢᠨᠵᠢᠵᠤ᠂ ᠡᠪᠡᠳᠴᠢᠨ ᠪᠠ ᠬᠣᠷᠤᠬᠠᠢ ᠵᠢᠨ ᠬᠥᠨᠦᠭᠡᠯ ᠢ᠋ ᠴᠠᠭ ᠲᠤᠬᠠᠢ ᠳ᠋ᠤᠨᠢ ᠢᠯᠡᠷᠡᠭᠦᠯᠳᠡᠭ᠃ ᠬᠣᠷᠤᠬᠠᠢ ᠵᠢᠨ ᠬᠥᠨᠦᠭᠡᠯ ᠶᠡᠬᠡᠲᠡᠢ ᠤᠯᠠᠷᠢᠯ ᠪᠣᠯᠬᠤ ᠪᠦᠷᠢ ᠮᠣᠬᠤᠷ ᠡᠮᠳᠤ ᠰᠦᠷᠴᠢᠭᠦᠷ ᠪᠠᠭᠠᠵᠢ ᠪᠠᠨ ᠡᠭᠦᠷᠦᠨ ᠣᠢ ᠵᠢᠨ ᠳᠤᠮᠳᠠᠭᠤᠷ ᠰᠦᠯᠵᠢᠯᠳᠦᠨ᠂ ᠬᠣᠷᠤᠬᠠᠢ ᠵᠢᠨ ᠬᠦᠨᠦᠭᠡᠯ ᠤ᠋ᠨ ᠪᠠᠢᠳᠠᠯ ᠢ᠋ ᠬᠢᠨᠠᠨ ᠬᠡᠮᠵᠢᠵᠦ᠍᠂ ᠴᠠᠭ ᠲᠤᠬᠠᠢ ᠳ᠋ᠤᠨᠢ ᠡᠮ ᠰᠦᠷᠴᠢᠳᠡᠭ᠃

ᠬᠠᠪᠤᠷ ᠤ᠋ᠨ ᠤᠯᠠᠷᠢᠯ ᠤ᠋ᠨ ᠲᠦᠢᠮᠡᠷ ᠰᠡᠷᠭᠡᠢᠯᠡᠬᠦ᠌ ᠬᠤᠭᠤᠴᠠᠭᠠᠨ ᠳ᠋ᠤ ᠡᠭᠦᠰᠦᠭᠰᠡᠨ ᠨᠢᠭᠡ ᠤᠳᠠᠭᠠᠨ ᠤ᠋ ᠭᠠᠯ ᠤᠨᠲᠠᠷᠠᠭᠠᠭᠰᠠᠨ ᠶᠠᠪᠤᠳᠠᠯ ᠨᠢ ᠣᠳᠤ ᠪᠣᠯᠲᠠᠯ᠎ᠠ ᠭᠠᠴᠠᠭᠠᠨ ᠤ᠋ ᠤᠯᠠᠨ ᠲᠦᠮᠡᠨ᠎ᠤ ᠪᠠᠨ ᠲᠤᠮᠳᠠ ᠬᠠᠯᠠᠭᠤᠨ ᠵᠤᠭᠤᠭ ᠪᠤᠯᠤᠨ ᠲᠠᠯᠭᠡᠭᠳᠡᠭᠰᠠᠭᠡᠷ᠃ ᠲᠤᠬᠠᠢ ᠵᠢᠨ ᠵᠢᠯ ᠳ᠋ᠦ ᠂ ᠵᠡᠷᠭᠡᠯᠡᠳᠡᠭᠡ ᠲᠣᠰᠭᠤᠨ ᠤ᠋ ᠨᠢᠭᠡᠨ ᠮᠠᠯᠴᠢᠨ ᠡᠰᠢ ᠰᠦᠷᠡᠯ ᠎ᠵᠢᠡᠨ ᠰᠢᠲᠠᠭᠠᠬᠤ ᠳ᠋ᠠᠭᠠᠨ ᠬᠢᠴᠢᠶᠡᠮᠵᠢ ᠦᠭᠡᠢ ᠡᠴᠡ ᠪᠤᠯᠵᠤ ᠭᠠᠯ ᠨᠢ ᠰᠠᠯᠬᠢᠨ ᠤ᠋ ᠦᠯᠢᠶᠡᠯᠲᠡ ᠵᠢ ᠳᠠᠭᠠᠨ ᠨᠠᠷᠠᠰᠤᠨ ᠤᠢ ᠎ᠵᠢ ᠳᠠᠭᠠᠷᠢᠪᠠ᠃ ᠠᠭᠤᠯᠠᠨ ᠤᠢ ᠪᠠᠷ ᠲᠣᠭᠤᠷᠢᠨ ᠪᠠᠢᠴᠠᠭᠠᠵᠤ ᠪᠠᠢᠭᠰᠠᠨ ᠮᠣᠬᠤᠷ ᠬᠠᠷ᠎ᠠ ᠤᠲᠤᠭ᠎ᠠ ᠵᠢ ᠤᠯᠵᠤ ᠬᠠᠷᠠᠮᠠᠭᠴᠠ ᠳᠠᠷᠤᠢ ᠳ᠋ᠤᠨᠢ ᠲᠡᠭᠡᠷ᠎ᠠ ᠱᠠᠲᠤᠨ ᠳ᠋ᠤ ᠪᠠᠢᠳᠠᠯ ᠢ᠋ ᠮᠡᠳᠡᠭᠳᠡᠬᠦ᠎ᠵᠢᠨ ᠬᠠᠮᠳᠤ ᠡᠷᠭᠢᠨ ᠲᠣᠭᠤᠷᠢᠨ ᠤ᠋ ᠪᠠᠨ ᠮᠠᠯᠴᠢᠳ ᠢ᠋ ᠵᠤᠬᠢᠶᠠᠨ ᠪᠠᠢᠭᠤᠯᠤᠨ ᠭᠠᠯ ᠤᠨᠲᠠᠷᠠᠭᠠᠪᠠ᠃ ᠲᠡᠷᠡ ᠬᠠᠵᠠᠭᠤ ᠳ᠋ᠠᠭᠠᠨ ᠪᠠᠢᠭᠰᠠᠨ ᠮᠤᠳᠤᠨ ᠰᠠᠯᠠᠭ᠎ᠠ ᠵᠢ ᠬᠠᠮᠤᠷᠤᠨ ᠠᠳᠬᠤᠨ ᠬᠠᠮᠤᠭ ᠤ᠋ᠨ ᠡᠮᠦᠨ᠎ᠡ ᠨᠢ ᠰᠢᠭᠤᠷᠬᠠᠢᠯᠠᠵᠤ᠂ ᠬᠡᠳᠦᠨ ᠴᠠᠭ ᠪᠠᠢᠯᠳᠤᠵᠤ ᠠᠷᠠᠢ ᠭᠡᠵᠤ ᠭᠠᠯ ᠢ᠋ ᠤᠨᠲᠠᠷᠠᠭᠠᠵᠠᠢ᠃ ᠭᠡᠪᠡᠴᠦ ᠮᠤᠬᠤᠷ ᠤ᠋ᠨ ᠬᠠᠴᠠᠷ ᠨᠢᠭᠤᠷ ᠨᠢ ᠰᠢᠷᠬᠠᠳᠤᠵᠤ᠂ ᠬᠤᠪᠴᠠᠰᠤ ᠬᠤᠨᠠᠷ ᠨᠢ ᠰᠢᠲᠠᠭᠠᠭᠳᠠᠪᠠ᠃ ᠭᠠᠴᠠᠭᠠᠨ ᠤ᠋ ᠨᠠᠮ ᠤ᠋ᠨ ᠡᠭᠦᠷ ᠤ᠋ᠨ ᠱᠦᠵᠢ ᠰᠡᠴᠡᠨᠪᠠᠭᠠᠲᠤᠷ᠄ 《ᠮᠤᠬᠤᠷ ᠬᠠᠮᠤᠭ ᠤ᠋ᠨ ᠲᠦᠷᠦᠭᠦᠨ ᠳ᠋ᠦ ᠳᠠᠭᠠᠷᠢᠨ ᠣᠷᠤᠵᠤ ᠭᠠᠯ ᠢ᠋ ᠤᠨᠲᠠᠷᠠᠭᠠᠭᠰᠠᠨ ᠦᠭᠡᠢ ᠪᠤᠯ ᠰᠦᠢᠳᠤᠯ ᠮᠠᠰᠢ ᠶᠡᠭᠡ ᠪᠤᠯᠤᠨ᠎ᠠ》 ᠭᠡᠵᠤ ᠲᠤᠬᠠᠢ᠎ᠵᠢᠨ ᠦᠶ᠎ᠠ᠎ᠵᠢᠨ ᠪᠠᠢᠳᠠᠯ᠎ᠢ ᠡᠷᠬᠢᠴᠡᠬᠦᠯᠤᠨ ᠭᠡᠯᠡᠨ᠎ᠠ᠃

ᠮᠤᠬᠤᠷ ᠭᠡᠵᠤ ᠬᠤᠪᠢᠳᠠᠭᠰᠠᠨ ᠠᠵᠢᠯ᠎ᠳᠠᠭᠠᠨ ᠮᠠᠰᠢ ᠬᠠᠷᠢᠭᠤᠴᠠᠯᠭ᠎ᠠ ᠲᠠᠢ ᠬᠦᠮᠦᠨ᠃ ᠨᠢᠳᠤᠨᠤᠨ ᠵᠤᠨ᠂ ᠨᠢᠭᠡᠨ ᠰᠠᠳᠤᠨ ᠨᠢ ᠲᠡᠭᠦᠨ ᠢ᠋ ᠡᠷᠢᠵᠤ  ᠬᠡᠳᠦᠨ ᠮᠣᠳᠤ ᠣᠭᠲᠤᠯᠵᠤ ᠰᠢᠨ᠎ᠡ ᠭᠡᠷ ᠪᠠᠷᠢᠬᠤ ᠰᠠᠨᠠᠭ᠎ᠠ ᠪᠠᠨ ᠴᠤᠬᠤᠢᠯᠭᠠᠪᠠ᠃ ᠡᠭᠦᠨ ᠳ᠋ᠤ ᠮᠤᠬᠤᠷ ᠤᠬᠳᠤ ᠵᠦᠪᠰᠢᠶᠡᠷᠡᠭᠰᠡᠨ ᠦᠭᠡᠢ᠃ 《ᠲᠥᠷᠦ ᠵᠢᠨ ᠪᠣᠳᠤᠯᠭ᠎ᠠ ᠵᠥᠪᠰᠢᠶᠡᠷᠡᠬᠦ ᠦᠭᠡᠢ ᠪᠣᠯ ᠬᠡᠨ ᠴᠦ᠍ ᠵᠤᠷᠰᠢᠯ ᠢ᠋ ᠡᠪᠳᠡᠵᠦ᠍ ᠪᠣᠯᠬᠤ ᠦᠭᠡᠢ! ᠤᠢ ᠰᠢᠭᠤᠢ ᠪᠣᠯ ᠭᠠᠴᠠᠭᠠᠨ ᠤ᠋ ᠪᠦᠬᠦ᠌ ᠠᠷᠠᠳ ᠤ᠋ᠨ ᠬᠢ》 ᠭᠡᠵᠦ ᠮᠤᠬᠤᠷ ᠶᠠᠷᠢᠵᠦ᠂ ᠬᠤᠤᠰ ᠬᠡᠯᠡ ᠪᠠᠷ ᠳᠠᠷᠤᠮᠠᠯᠯᠠᠨ ᠵᠣᠬᠢᠶᠠᠭᠰᠠᠨ 《ᠣᠢ ᠰᠢᠭᠤᠢ ᠵᠢᠨ ᠬᠠᠤᠯᠢ》 ᠵᠢᠨ ᠤᠬᠠᠭᠤᠯᠭ᠎ᠠ ᠵᠢᠨ ᠳᠡᠪᠲᠡᠷ ᠵᠢᠡᠨ ᠭᠠᠷᠭᠠᠵᠤ᠂ ᠰᠠᠳᠤᠨ ᠳ᠋ᠠᠭᠠᠨ ᠠᠮᠢ ᠠᠬᠤᠢ ᠵᠢᠨ ᠬᠠᠮᠠᠭᠠᠯᠠᠯᠲᠠ ᠵᠢᠨ ᠲᠥᠷᠦ ᠵᠢᠨ ᠪᠣᠳᠤᠯᠭ᠎ᠠ ᠵᠢ ᠵᠤᠷᠪᠤᠰ ᠳᠠᠷᠠᠭᠠᠯᠠᠨ ᠲᠠᠢᠯᠪᠤᠷᠢᠯᠠᠨ ᠥᠭᠴᠦ᠍᠂ ᠬᠦᠯᠢᠴᠡᠩᠭᠦᠢ ᠪᠠᠷ ᠢᠳᠭᠠᠨ ᠬᠤᠷᠢᠭᠯᠠᠵᠠᠢ᠃ ᠡᠩ ᠤ᠋ᠨ ᠴᠠᠭ ᠲᠦ᠍᠂ ᠮᠤᠬᠤᠷ ᠤᠢ ᠰᠢᠭᠤᠢ ᠪᠡᠷ ᠲᠤᠭᠤᠷᠢᠨ ᠪᠠᠢᠴᠠᠭᠠᠵᠤ ᠶᠠᠪᠤᠬᠤ ᠳ᠋ᠠᠭᠠᠨ᠂ ᠵᠢᠭᠤᠯᠴᠢᠯᠠᠨ ᠨᠠᠭᠠᠳᠴᠤ ᠪᠠᠢᠭ᠎ᠠ ᠬᠦᠮᠦᠰ ᠲᠠᠢ ᠲᠠᠭᠠᠷᠠᠯᠳᠤᠪᠠᠯ᠂ ᠭᠠᠯ ᠰᠡᠷᠭᠡᠢᠯᠡᠬᠦ᠂ ᠮᠣᠳᠤ ᠣᠭᠲᠤᠯᠬᠤ ᠵᠢ ᠴᠠᠭᠠᠵᠠᠯᠠᠬᠤ ᠮᠡᠳᠤ᠎ᠵᠢᠨ ᠬᠠᠮᠢᠶ᠎ᠠ ᠪᠦᠬᠦᠢ ᠲᠣᠭᠲᠠᠭᠠᠯ ᠢ᠋ ᠬᠤᠤᠰ ᠬᠡᠯᠡ ᠪᠠᠷ ᠤᠬᠠᠭᠤᠯᠤᠨ ᠲᠠᠢᠯᠪᠤᠷᠢᠯᠠᠵᠤ ᠦᠭᠳᠡᠭ᠃

ᠵᠢᠯ ᠪᠦᠷᠢ᠎ᠵᠢᠨ ᠮᠣᠳᠤ ᠲᠠᠷᠢᠵᠤ ᠣᠢᠵᠢᠭᠤᠯᠬᠤ᠂ ᠨᠤᠲᠤᠭ ᠪᠡᠯᠴᠢᠭᠡᠷ ᠢ᠋ ᠬᠦᠷᠢᠶᠡᠯᠡᠨ ᠪᠢᠲᠡᠭᠦᠮᠵᠢᠯᠡᠬᠦ᠌ ᠬᠤᠭᠤᠴᠠᠭᠠᠨ᠎ᠳᠤ᠂ ᠮᠤᠬᠤᠷ ᠶᠠᠷᠤᠨᠢ ᠲᠤᠬᠠᠢ ᠵᠢᠨ ᠲᠠᠯᠠᠪᠠᠢ ᠳ᠋ᠤ ᠬᠠᠮᠤᠭ ᠤ᠋ᠨ ᠡᠷᠲᠡ ᠬᠦᠷᠴᠦ ᠬᠠᠮᠤᠭ ᠤ᠋ᠨ ᠣᠷᠤᠢ ᠪᠤᠴᠠᠳᠠᠭ᠃ ᠨᠢᠳᠤᠨᠤᠨ ᠬᠠᠪᠤᠷ᠂ ᠭᠠᠴᠠᠭ᠎ᠠ ᠡᠴᠡ ᠮᠢᠩᠭᠠᠨ ᠮᠤ᠌ ᠵᠢᠨ ᠬᠠᠯᠬᠠᠪᠴᠢ ᠣᠢ ᠵᠢᠨ ᠢᠨᠵᠧᠨᠧᠷᠢᠩ ᠢ᠋ ᠬᠡᠷᠡᠭᠵᠢᠭᠦᠯᠬᠦ ᠳ᠋ᠤ᠂ ᠲᠡᠷᠡ ᠰᠠᠨᠠᠭᠠᠴᠢᠯᠠᠭ᠎ᠠ ᠡᠴᠡ ᠪᠠᠨ 70 ᠭᠠᠷᠤᠢ ᠬᠥᠮᠦᠨ ᠢ᠋ ᠳᠠᠢᠴᠢᠯᠠᠨ ᠮᠣᠳᠤ ᠲᠠᠷᠢᠬᠤ ᠤᠷ᠎ᠠ ᠮᠡᠷᠭᠡᠵᠢᠯ ᠢ᠋ ᠵᠢᠭᠠᠨ ᠵᠢᠯᠤᠭᠤᠳᠴᠦ᠂ ᠬᠠᠭᠠᠰ ᠰᠠᠷ᠎ᠠ ᠤᠢᠵᠢᠭᠤᠯᠤᠯᠳᠠ ᠬᠢᠵᠤ ᠡᠭᠦᠷᠭᠡ ᠪᠠᠨ ᠲᠠᠪᠠᠭᠤᠯᠤᠨ ᠪᠡᠶᠡᠯᠡᠭᠦᠯᠪᠠ᠃ 《ᠮᠤᠬᠤᠷ᠎ᠤᠨ ᠤᠷᠤᠯᠴᠠᠯᠭ᠎ᠠ ᠪᠠᠷ ᠪᠢᠳᠠᠨ ᠤ᠋ ᠠᠮᠢ ᠠᠬᠤᠢ ᠵᠢᠨ ᠪᠦᠲᠦᠭᠡᠨ ᠪᠠᠢᠭᠤᠯᠤᠯᠲᠠ ᠵᠢᠨ ᠠᠵᠢᠯ ᠤᠷᠤᠭᠰᠢᠲᠠᠢ ᠶᠠᠪᠤᠭᠳᠠᠵᠠᠢ᠂ ᠲᠡᠷᠡ ᠬᠦᠴᠢᠷ ᠡᠴᠡ ᠠᠶᠤᠬᠤ ᠦᠭᠡᠢ ᠰᠢᠭᠤᠷᠬᠠᠢᠯᠠᠨ ᠠᠵᠢᠯᠯᠠᠳᠠᠬ ᠡᠴᠡ ᠭᠠᠴᠠᠭᠠᠨ᠎ᠤ ᠤᠯᠠᠨ ᠲᠦᠮᠡᠨ ᠲᠠᠬᠦᠨ ᠲᠠᠢ ᠬᠠᠮᠳᠤ ᠠᠵᠢᠯᠯᠠᠬᠤ ᠲᠤᠷᠠᠳᠠᠢ》 ᠭᠡᠵᠦ ᠰᠤᠪᠤᠷᠭ᠎ᠠ ᠪᠠᠯᠭᠠᠰᠤᠨ ᠤ᠋ ᠬᠠᠷᠢᠭᠤᠴᠠᠯᠭᠠᠲᠠᠨ ᠭᠡᠯᠡᠨ᠎ᠠ᠃

ᠮᠤᠬᠤᠷ ᠣᠢ ᠬᠠᠮᠠᠭᠠᠯᠠᠭᠴᠢ ᠵᠢᠨ ᠠᠵᠢᠯ ᠵᠢᠡᠨ ᠣᠨᠴᠠᠭᠠᠢ ᠨᠠᠨᠳᠢᠩᠨᠠᠳᠠᠭ ᠪᠦᠭᠡᠳ ᠳᠡᠷᠭᠡᠳᠡᠬᠢ ᠶᠠᠳᠠᠭᠤ ᠡᠴᠡ ᠠᠩᠭᠢᠵᠢᠷᠠᠭᠰᠠᠨ ᠤᠯᠠᠨ ᠲᠦᠮᠡᠨ ᠢ᠋ ᠲᠠᠢᠴᠢᠯᠠᠨ ᠤᠢ ᠬᠠᠮᠠᠭᠠᠯᠠᠬᠤ ᠠᠵᠢᠯ ᠳ᠋ᠤ ᠤᠷᠤᠯᠴᠠᠭᠤᠯᠳᠠᠭ᠃ ᠳᠡᠷᠡ 5 ᠬᠥᠮᠦᠨ ᠎ᠵᠢᠡᠷ ᠪᠦᠷᠢᠯᠳᠦᠭᠰᠡᠨ ᠲᠣᠭᠤᠷᠢᠨ ᠬᠠᠮᠠᠭᠠᠯᠠᠬᠤ ᠪᠠᠭ᠎ᠠ ᠠᠩᠭᠢ ᠵᠢ ᠵᠣᠬᠢᠶᠠᠨ ᠪᠠᠢᠭᠤᠯᠵᠤ᠂ ᠲᠣᠭᠤᠷᠢᠨ ᠪᠠᠢᠴᠠᠭᠠᠬᠤ  ᠭᠡᠮ ᠰᠣᠭᠤᠭ ᠢ᠋ ᠢᠯᠭᠠᠨ ᠲᠠᠨᠢᠬᠤ ᠤᠷ᠎ᠠ ᠮᠡᠷᠭᠡᠵᠢᠯ ᠢ᠋ ᠤᠯᠠᠮᠵᠢᠯᠠᠵᠤ᠂ ᠪᠠᠰᠠ ᠤᠢ ᠳᠤᠳᠤᠷ᠎ᠠ ᠡᠪᠡᠰᠦᠨ ᠡᠮ ᠤ᠋ᠨ ᠮᠠᠲᠧᠷᠢᠶᠠᠯ ᠲᠠᠷᠢᠬᠤ ᠵᠡᠷᠭᠡ ᠤᠢ ᠳᠤᠳᠤᠷᠠᠬᠢ ᠠᠵᠤ ᠠᠬᠤᠢ ᠵᠢ ᠬᠥᠭᠵᠢᠭᠦᠯᠵᠦ᠍᠂ ᠨᠤᠮᠢᠨ ᠤᠰᠤ ᠬᠦᠭᠡᠮᠳᠦᠭ ᠠᠭᠤᠯᠠ ᠪᠠᠨ ᠬᠠᠮᠲᠤ ᠪᠠᠷ ᠰᠠᠬᠢᠨ ᠬᠠᠮᠠᠭᠠᠯᠠᠬᠤ᠎ᠵᠢᠨ ᠲᠠᠭᠠᠤ ᠠᠵᠤ ᠠᠬᠤᠢ᠎ᠵᠢᠨ ᠣᠷᠤᠯᠭ᠎ᠠ ᠪᠠᠨ ᠲᠣᠭᠲᠠᠭᠤᠨ ᠵᠢᠠᠷ ᠨᠡᠮᠡᠭᠳᠡᠭᠦᠯᠵᠦ᠍᠂ ᠠᠮᠢᠳᠤᠷᠠᠯ ᠦᠢᠯᠡᠳᠪᠤᠷᠢᠯᠡᠯ᠎ᠵᠢᠡᠨ ᠦᠭᠡᠳᠡ ᠲᠠᠳᠠᠵᠤ ᠶᠠᠪᠤᠨ᠎ᠠ᠃

ᠶᠠᠳᠠᠭᠤ ᠡᠴᠡ ᠠᠩᠭᠢᠵᠢᠷᠠᠭᠤᠯᠤᠭᠰᠠᠨ ᠲᠦᠷᠦ ᠵᠢᠨ ᠪᠤᠳᠤᠯᠭ᠎ᠠ ᠵᠢᠨ ᠠᠰᠢᠭ ᠬᠦᠷᠲᠡᠭᠴᠢ ᠡᠴᠡ ᠣᠯᠠᠨ ᠲᠦᠮᠡᠨ ᠢ᠋ ᠳᠠᠶ᠋ᠢᠴᠢᠯᠠᠨ ᠪᠠᠶᠠᠵᠢᠯ᠎ᠤᠨ ᠬᠤᠰᠢᠭᠤᠴᠢ ᠪᠤᠯᠳᠠᠯ᠎ᠠ᠂ ᠮᠤᠬᠤᠷ ᠤᠢ ᠬᠠᠮᠠᠭᠠᠯᠠᠬᠴᠢ᠎ᠵᠢᠨ ᠡᠬᠦᠷᠭᠡ ᠬᠠᠷᠢᠭᠤᠴᠠᠯᠭ᠎ᠠ ᠪᠠᠨ ᠵᠤᠷᠢᠭᠳᠠᠢ ᠡᠭᠦᠷᠭᠡᠯᠡᠨ ᠡᠷᠴᠢᠮᠳᠠᠢ ᠬᠦᠢᠴᠡᠳᠭᠡᠵᠤ᠂ ᠨᠤᠳᠤᠭ ᠤ᠋ᠨ ᠠᠭᠤᠯᠠ ᠤᠰᠤ ᠪᠠᠨ ᠳᠡᠭᠡᠳᠦᠯᠡᠨ ᠬᠦᠮᠦᠨ ᠠᠷᠠᠳ ᠵᠢᠡᠨ ᠪᠠᠶᠠᠰᠬᠠᠨ᠎ᠠ᠃ ᠤᠳᠤ ᠲᠡᠷᠡ ᠡᠷᠴᠢ ᠵᠤᠷᠢᠭ᠎ᠵᠢᠡᠨ ᠬᠦᠪᠴᠢᠯᠡᠵᠤ ᠡᠷᠡᠮᠡᠭᠡᠢᠯᠡᠨ ᠠᠵᠢᠯᠯᠠᠵᠤ᠂ ᠨᠤᠮᠢᠨ ᠤᠰᠤ ᠬᠥᠬᠡᠮᠳᠦᠭ ᠠᠭᠤᠯᠠ ᠪᠠᠨ ᠰᠠᠬᠢᠨ ᠬᠠᠮᠠᠭᠠᠯᠠᠬᠤ ᠡᠭᠦᠷᠭᠡ ᠬᠠᠷᠢᠭᠤᠴᠠᠯᠭ᠎ᠠ ᠪᠠᠨ ᠦᠷᠬᠦᠯᠵᠢᠯᠡᠨ ᠰᠠᠢᠳᠤᠷ ᠬᠦᠢᠴᠡᠳᠭᠡᠵᠤ᠂ ᠰᠡᠳᠬᠢᠯ ᠬᠥᠳᠡᠯᠭᠡᠮ᠎ᠡ ᠤᠢᠯᠠ ᠠᠵᠢᠯᠯᠠᠭ᠎ᠠ ᠪᠠᠷ᠎ᠵᠢᠡᠨ ᠡᠭᠡᠯ ᠵᠢᠷ᠎ᠤᠨ ᠤᠢ ᠬᠠᠮᠠᠭᠠᠯᠠᠭᠴᠢ᠎ᠵᠢᠨ ᠦᠯᠢᠭᠡᠷ᠎ᠢ ᠪᠢᠴᠢᠭᠯᠡᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号