ᠤᠢᠷ᠎ᠠ ᠢ᠋ᠢᠨ ᠵᠢᠯ ᠦᠬᠠᠶ ᠬᠣᠲᠠ ᠤᠰᠤᠨ ᠤ᠋ ᠡᠬᠢ ᠪᠠᠶᠠᠯᠢᠭ ᠳᠤᠲᠠᠭᠳᠠᠵᠤ ᠪᠠᠶ᠋ᠢᠭ᠎ᠠ ᠬᠦᠴᠢᠷ ᠠᠰᠠᠭᠤᠳᠠᠯ ᠢ᠋ ᠰᠢᠢᠳᠪᠦᠷᠢᠯᠡᠬᠦ᠌ ᠢ᠋ᠢᠨ ᠲᠥᠯᠥᠭᠡ᠂ ᠲᠦᠷᠢᠮ᠂ ᠲᠤᠯᠭᠠᠭᠤᠷᠢᠯᠠᠯ᠂ ᠦᠢᠯᠡᠳᠦᠯᠭᠡ᠂ ᠦᠨᠡᠯᠡᠯᠲᠡ ᠵᠡᠷᠭᠡ 《ᠳᠥᠷᠪᠡᠨ ᠰᠢᠰᠲ᠋ᠧᠮ》 ᠢ᠋ ᠰᠢᠨ᠎ᠡ ᠪᠡᠷ ᠡᠭᠦᠳᠦᠨ ᠪᠠᠶ᠋ᠢᠭᠤᠯᠵᠤ᠂ ᠤᠰᠤᠨ ᠤ᠋ ᠲᠥᠰᠦᠪ ᠢ᠋ ᠨᠠᠷᠢᠯᠢᠬᠵᠢᠭᠤᠯᠤᠨ ᠬᠠᠮᠢᠶᠠᠷᠬᠤ ᠲᠤᠷᠰᠢᠯᠲᠠ ᠢ᠋ᠢᠨ ᠴᠡᠭ ᠤ᠋ᠨ ᠪᠠᠶ᠋ᠢᠭᠤᠯᠤᠯᠲᠠ ᠢ᠋ᠢ ᠪᠥᠬᠥ᠌ ᠲᠠᠯ᠎ᠠ ᠪᠡᠷ ᠠᠬᠢᠭᠤᠯᠵᠤ ᠂ ᠤᠰᠤ ᠳᠤᠲᠠᠭᠳᠠᠵᠤ ᠪᠠᠶ᠋ᠢᠭ᠎ᠠ ᠭᠠᠵᠠᠷ ᠣᠷᠣᠨ ᠤ᠋ ᠤᠰᠤᠨ ᠤ᠋ ᠡᠬᠢ ᠪᠠᠶᠠᠯᠢᠭ ᠢ᠋ ᠥᠨᠳᠥᠷ ᠪᠦᠲᠦᠮᠵᠢᠲᠡᠶ ᠪᠡᠷ ᠠᠰᠢᠭᠯᠠᠬᠤ ᠰᠢᠨ᠎ᠡ ᠠᠷᠭ᠎ᠠ ᠵᠠᠮ ᠢ᠋ ᠨᠡᠭᠡᠭᠡᠪᠡ᠃
ᠦᠬᠠᠶ ᠬᠣᠲᠠ 8 ᠵᠦᠢᠯ ᠤ᠋ᠨ ᠲᠦᠷᠢᠮ ᠤ᠋ᠨ ᠵᠢᠷᠤᠮᠵᠢᠯ ᠨᠡᠶ᠋ᠢᠲᠡᠯᠡᠵᠦ᠍᠂ ᠬᠢᠨᠠᠨ ᠵᠥᠪᠰᠢᠶᠡᠷᠡᠬᠦ᠌᠂ ᠲᠣᠭᠠᠴᠠᠭ᠎ᠠ ᠬᠢᠬᠦ᠌᠂ ᠠᠷᠠᠯᠵᠢᠶᠠᠯᠠᠬᠤ᠂ ᠬᠢᠨᠠᠨ ᠬᠠᠮᠢᠶᠠᠷᠬᠤ ᠪᠥᠬᠥ᠌ ᠶᠠᠪᠤᠴᠠ ᠢ᠋ᠢ ᠬᠠᠮᠤᠷᠪᠠ᠃ ᠤᠰᠤ ᠬᠡᠷᠡᠭᠯᠡᠬᠦ᠌ ᠬᠣᠷᠢᠭ᠎ᠠ ᠴᠠᠭᠠᠵᠠᠲᠠᠶ ᠵᠦᠢᠯᠡᠰ ᠤ᠋ᠨ ᠨᠠᠷᠢᠨ ᠬᠠᠭᠤᠳᠠᠰᠤ ᠢ᠋ᠢ ᠪᠠᠶ᠋ᠢᠭᠤᠯᠵᠤ᠂ ᠭᠠᠵᠠᠷ ᠳᠤᠤᠷᠠᠬᠢ ᠤᠰᠤ ᠢ᠋ᠢ ᠬᠡᠲᠦᠷᠡᠲᠡᠯ᠎ᠡ ᠲᠠᠲᠠᠬᠤ ᠢ᠋ᠢ ᠴᠢᠩᠭ᠎ᠠ ᠬᠢᠵᠠᠭᠠᠷᠯᠠᠵᠤ᠂ 107 ᠬᠤᠪᠢ ᠤᠰᠤᠨ ᠤ᠋ ᠡᠷᠬᠡ ᠢ᠋ᠢᠨ ᠠᠷᠠᠯᠵᠢᠶᠠᠬᠢᠵᠤ᠂ 《ᠤᠰᠤᠨ ᠤ᠋ ᠡᠷᠬᠡ ᠢ᠋ᠢᠨ ᠵᠢᠭᠡᠯᠡᠯᠭᠡ》 ᠢ᠋ᠢᠨ ᠪᠠᠯᠠ ᠬᠤᠷᠠᠮᠳᠤᠭᠤᠯᠭ᠎ᠠ ᠢ᠋ᠢᠨ ᠵᠠᠭᠪᠤᠷ ᠤ᠋ᠨ ᠰᠢᠨ᠎ᠡ ᠢ᠋ᠢ ᠡᠭᠦᠳᠴᠦ᠍᠂ 5.2 ᠳ᠋ᠦᠩᠰᠢᠭᠤᠷ ᠲᠥᠭᠥᠷᠢᠭ ᠤ᠋ᠨ ᠵᠢᠭᠡᠯᠡᠯᠭᠡ ᠲᠠᠯᠪᠢᠵᠤ ᠥᠪᠡᠷ ᠤ᠋ᠨ ᠥᠷᠲᠡᠭ ᠢ᠋ ᠪᠠᠭᠤᠷᠠᠭᠤᠯᠤᠨ ᠣᠷᠣᠯᠭ᠎ᠠ ᠢ᠋ᠢ ᠨᠡᠮᠡᠭᠳᠡᠭᠦᠯᠬᠦ᠌ ᠬᠤᠤᠰ ᠠᠰᠢᠭ ᠢ᠋ ᠪᠡᠶᠡᠯᠡᠭᠦᠯᠪᠡ; ᠣᠶᠤᠨᠴᠢᠯᠠᠭᠰᠠᠨ ᠬᠠᠮᠢᠶᠠᠷᠤᠯᠲᠠ ᠢ᠋ᠢ ᠠᠬᠢᠭᠤᠯᠵᠤ᠂ 7 ᠶᠡᠬᠡ ᠬᠡᠷᠡᠭᠯᠡᠭᠡᠨᠦ ᠰᠢᠰᠲ᠋ᠧᠮ ᠢ᠋ ᠪᠠᠶ᠋ᠢᠭᠤᠯᠵᠤ᠂ ᠤᠰᠤ ᠲᠠᠲᠠᠵᠤ ᠬᠡᠷᠡᠭᠯᠡᠬᠦ᠌ ᠡᠷᠦᠬᠡ ᠢ᠋ᠢ ᠪᠦᠬᠦᠨ ᠢ᠋ ᠰᠦᠯᠵᠢᠶᠡᠨ ᠳᠡᠭᠡᠷ᠎ᠡ ᠬᠡᠮᠵᠢᠬᠦ᠌ ᠢ᠋ᠢ ᠪᠡᠶᠡᠯᠡᠭᠦᠯᠵᠡᠢ᠃
ᠰᠢᠨ᠎ᠡ ᠢ᠋ᠢ ᠡᠭᠦᠳᠬᠦ᠌ ᠪᠡᠷ ᠬᠥᠳᠡᠯᠭᠡᠭᠦᠷ ᠪᠣᠯᠭᠠᠵᠤ᠂ ᠬᠠᠭᠤᠯᠪᠤᠷᠢᠯᠠᠵᠤ ᠪᠣᠯᠬᠤᠶ᠋ᠢᠴᠠ ᠤᠰᠤ ᠠᠷᠪᠢᠯᠠᠬᠤ ᠮᠡᠷᠭᠡᠵᠢᠯ ᠤ᠋ᠨ 20 ᠨᠡᠢᠲᠡᠯᠢᠭ ᠵᠢᠱ᠌ᠢᠶ᠎ᠡ ᠢ᠋ᠢ ᠪᠣᠶ ᠪᠣᠯᠭᠠᠪᠠ᠃ ᠥᠪᠥᠷ ᠮᠣᠩᠭᠣᠯ ᠤ᠋ᠨ ᠠᠩᠬᠠᠳᠠᠭᠴᠢ ᠤᠰᠤ ᠠᠷᠪᠢᠯᠠᠬᠤ ᠠᠵᠤ ᠦᠢᠯᠡᠰ ᠤ᠋ᠨ ᠬᠣᠯᠪᠣᠭ᠎ᠠ ᠢ᠋ᠢ ᠪᠠᠶ᠋ᠢᠭᠤᠯᠵᠤ᠂ 2 ᠥᠪᠡᠷᠲᠡᠭᠡᠨ ᠵᠠᠰᠠᠬᠤ ᠣᠷᠣᠨ ᠤ᠋ ᠲᠠᠰ ᠤ᠋ᠨ ᠤᠰᠤ ᠠᠷᠪᠢᠯᠠᠬᠤ ᠬᠡᠯᠪᠡᠷᠢ ᠢ᠋ᠢᠨ ᠬᠦᠷᠢᠶᠡᠯᠡᠩ ᠲᠣᠭᠣᠷᠢᠭ᠂ 2 ᠤᠰᠤ ᠠᠷᠪᠢᠯᠠᠬᠤ ᠬᠡᠪ ᠳᠠᠭᠤᠷᠢᠶᠠᠯᠳᠤ ᠠᠵᠤ ᠠᠬᠤᠶ᠋ᠢᠯᠠᠯ᠂ 16 ᠤᠰᠤ ᠠᠷᠪᠢᠯᠠᠬᠤ ᠬᠡᠯᠪᠡᠷᠢ ᠢ᠋ᠢᠨ ᠠᠵᠤ ᠠᠬᠤᠶ᠋ᠢᠯᠠᠯ ᠢ᠋ ᠡᠭᠦᠳᠦᠨ ᠪᠠᠶ᠋ᠢᠭᠤᠯᠪᠠ; ᠪᠥᠬᠥ᠌ ᠬᠡᠯᠬᠢᠶ᠎ᠠ ᠢ᠋ᠢᠨ ᠬᠠᠮᠢᠶᠠᠷᠤᠨ ᠡᠵᠡᠮᠳᠡᠬᠦ᠌ ᠲᠣᠭᠲᠠᠴᠠ ᠢ᠋ᠢ ᠪᠠᠶ᠋ᠢᠭᠤᠯᠵᠤ᠂ ᠲᠥᠷᠥᠯ ᠵᠦᠢᠯ ᠢ᠋ ᠵᠥᠪᠰᠢᠶᠡᠷᠡᠨ ᠣᠷᠣᠭᠤᠯᠬᠤᠲᠣᠭᠲᠠᠭᠰᠠᠨ ᠨᠣᠷᠮ᠎ᠠ ᠢ᠋ᠢᠨ ᠪᠠᠷᠢᠮᠵᠢᠶ᠎ᠠ ᠢ᠋ᠢ ᠴᠢᠩᠭ᠎ᠠ ᠬᠡᠷᠡᠭᠵᠢᠭᠦᠯᠦᠨ᠂ ᠬᠣᠭᠣᠯᠠᠶ ᠲᠤᠤᠷ ᠤ᠋ᠨ ᠤᠰᠤ ᠬᠤᠷᠤᠭᠳᠠᠭᠤᠯᠬᠤ ᠬᠡᠮᠵᠢᠶ᠎ᠠ ᠢ᠋ᠢ 8% ᠢ᠋ᠢᠨ ᠳᠣᠲᠣᠷ᠎ᠠ ᠴᠢᠩᠭ᠎ᠠ ᠡᠵᠡᠮᠳᠡᠵᠦ᠍᠂ ᠰᠢᠨ᠎ᠡ ᠪᠡᠷ ᠪᠠᠶ᠋ᠢᠭᠤᠯᠬᠤ ᠲᠥᠷᠥᠯ ᠵᠦᠢᠯ ᠤ᠋ᠨ ᠳᠠᠬᠢᠯᠲᠠ ᠤᠰᠤ ᠢ᠋ᠢᠨ ᠠᠰᠢᠭᠯᠠᠯᠲᠠ ᠢ᠋ᠢᠨ ᠨᠣᠷᠮ᠎ᠠ ᠢ᠋ᠢ 80% ᠡᠴᠡ ᠳᠡᠭᠡᠭᠰᠢ ᠳ᠋ᠤ ᠬᠦᠷᠭᠡᠪᠠ᠃