2026 ᠤᠨ ᠤ᠋ ᠳᠤᠮᠳᠠᠳᠤ ᠣᠷᠣᠰ ᠮᠣᠩᠭᠣᠯ ᠤ᠋ᠨ ᠵᠠᠯᠠᠭᠤᠴᠤᠳ ᠪᠠᠭᠠᠴᠤᠳ ᠤ᠋ᠨ ᠵᠤᠰᠠᠯᠠᠩ ᠤ᠋ᠨ ᠠᠵᠢᠯᠯᠠᠭ᠎ᠠ ᠡᠬᠢᠯᠡᠪᠡ
2026-07-05 12:23:15
ᠵᠣᠬᠢᠶᠠᠭ᠍ᠴᠢ᠄
ᠬᠦᠭᠵᠢᠯᠳᠦ
ᠣᠩᠱᠢᠭ᠍ᠰᠠᠨ ᠣᠳᠠᠭ᠎ᠠ᠄
★★★☆☆

7 ᠰᠠᠷ᠎ᠠ ᠶ᠋ᠢᠨ 2 ᠤ᠋ᠨ ᠡᠳᠦᠷ᠂ 2026 ᠤᠨ ᠤ᠋ ᠳᠤᠮᠳᠠᠳᠤ ᠣᠷᠣᠰ ᠮᠣᠩᠭᠣᠯ ᠤ᠋ᠨ ︽ᠲᠦᠮᠡᠨ ᠭᠠᠵᠠᠷ ᠤ᠋ᠨ ᠴᠠᠢ ᠶ᠋ᠢᠨ ᠵᠠᠮ︾ᠣᠯᠠᠨ ᠤᠯᠤᠰ ᠤ᠋ᠨ ᠵᠢᠭᠤᠯᠴᠢᠯᠠᠯ ᠤ᠋ᠨ ᠤᠬᠠᠭᠤᠯᠤᠨ ᠳᠡᠯᠭᠡᠷᠡᠭᠦᠯᠬᠦ ᠠᠵᠢᠯᠯᠠᠭ᠎ᠠ ᠶ᠋ᠢᠨ ᠭᠤᠤᠯ ᠠᠭᠤᠯᠭ᠎ᠠ ᠶ᠋ᠢᠨ ᠨᠢᠭᠡ ᠪᠣᠯᠤᠭᠰᠠᠨ ︽ᠮᠦᠩᠬᠡ ᠨᠥᠬᠥᠷᠯᠡᠯ·ᠡᠩᠬᠡ ᠲᠠᠢᠪᠤᠩ·ᠵᠠᠯᠠᠭᠤ ᠡᠯᠴᠢ︾ ᠳᠤᠮᠳᠠᠳᠤ ᠣᠷᠣᠰ ᠮᠣᠩᠭᠣᠯ ᠤ᠋ᠨ ᠵᠠᠯᠠᠭᠤᠴᠤᠳ ᠪᠠᠭᠠᠴᠤᠳ ᠤ᠋ᠨ ᠵᠤᠰᠠᠯᠠᠩ ᠤ᠋ᠨ ᠠᠵᠢᠯᠯᠠᠭ᠎ᠠ ᠬᠦᠬᠡᠬᠤᠳᠠ ᠳ᠋ᠡᠬᠢ ᠥᠪᠥᠷ ᠮᠣᠩᠭᠣᠯ ᠤ᠋ᠨ ᠣᠯᠠᠨ ᠤᠯᠤᠰ ᠤ᠋ᠨ ᠬᠤᠷᠠᠯ ᠦᠵᠡᠰᠬᠦᠯᠡᠩ ᠤ᠋ᠨ ᠲᠥᠪ ᠲᠦ᠍ ᠡᠬᠢᠯᠡᠪᠠ᠃

ᠠᠵᠢᠯᠯᠠᠭ᠎ᠠ ᠶ᠋ᠢᠨ ᠡᠬᠢᠯᠡᠯᠳᠡ ᠵᠢᠨ ᠶᠤᠰᠤᠯᠠᠯ ᠳ᠋ᠦ ᠳᠤᠮᠳᠠᠳᠤ ᠣᠷᠣᠰ ᠮᠣᠩᠭᠣᠯ ᠭᠤᠷᠪᠠᠨ ᠤᠯᠤᠰ ᠤ᠋ᠨ ᠵᠠᠯᠠᠭᠤᠴᠤᠳ ᠪᠠᠭᠠᠴᠤᠳ ᠡᠭᠡᠯᠵᠢᠯᠡᠨ ᠲᠠᠢᠰᠠᠨ ᠳ᠋ᠦ ᠭᠠᠷᠴᠤ᠂ ᠤᠯᠤᠰ ᠤᠯᠤᠰ ᠤ᠋ᠨ ᠢ᠋ᠶ᠋ᠡᠨ ᠣᠨᠴᠠᠯᠢᠭ ᠪᠦᠬᠦᠢ ᠤᠷᠠᠨ ᠰᠠᠢᠬᠠᠨ ᠤ᠋ ᠲᠣᠭᠯᠠᠯᠲᠠ᠎ᠭᠠᠷᠭᠠᠨ᠂ ᠵᠠᠯᠠᠭᠤᠴᠤᠳ ᠪᠠᠭᠠᠴᠤᠳ ᠤ᠋ᠨ ᠴᠤᠭ ᠵᠤᠯᠢ ᠵᠢ ᠪᠠᠳᠠᠷᠠᠭᠤᠯᠵᠠᠢ᠃ ᠲᠤᠮᠳᠠᠳᠦ ᠤᠯᠤᠰ ᠤ᠋ᠨ ᠵᠠᠯᠠᠭᠤᠴᠤᠳ ᠪᠠᠭᠠᠴᠤᠳ ᠴᠣᠪᠣᠭᠣ ᠳᠡᠭᠵᠢᠨ ᠭᠣᠶᠣ ᠰᠠᠢᠬᠠᠨ ᠦᠨᠳᠦᠰᠦᠲᠡᠨ ᠤ᠋ ᠪᠥᠵᠢᠭ ᠢ᠋ᠶ᠋ᠡᠷ ᠢ᠋ᠶ᠋ᠡᠨ ᠳᠣᠷᠣᠨᠠᠳᠠᠬᠢᠨ ᠤ᠋ ᠥᠩᠭᠡ ᠭᠢᠯᠪᠠᠭ᠎ᠠ ᠵᠢ ᠭᠠᠢᠬᠠᠭᠤᠯᠵᠤ᠂ ᠣᠷᠣᠰ ᠤ᠋ᠨ ᠵᠠᠯᠠᠭᠤᠴᠤᠳ ᠪᠠᠭᠠᠴᠤᠳ ᠡᠷᠬᠢᠮᠰᠤᠭ᠌ ᠰᠣᠩᠭᠣᠳᠠᠭ ᠪᠢᠯᠧᠲ ᠪᠦᠵᠢᠭ ᠪᠦᠵᠢᠬᠯᠡᠨ ᠷᠣᠮᠠᠨᠲ᠋ᠢᠭ ᠬᠡᠪ ᠨᠠᠮᠪᠠ  ᠪᠠᠨ ᠢᠯᠡᠷᠡᠭᠦᠯᠵᠦ᠂ ᠮᠣᠩᠭᠣᠯ ᠤᠯᠤᠰ ᠤ᠋ᠨ ᠵᠠᠯᠠᠭᠤᠴᠤᠳ ᠪᠠᠭᠠᠴᠤᠳ ᠤᠷᠠᠨ ᠨᠡᠮᠡᠬᠦᠨ ᠮᠣᠩᠭᠣᠯ ᠪᠥᠵᠢᠭ ᠢ᠋ᠶ᠋ᠡᠷ ᠢ᠋ᠶ᠋ᠡᠨ ᠲᠠᠯ᠎ᠠ ᠨᠤᠲᠤᠭ ᠤ᠋ᠨ ᠠᠷᠠᠳ ᠲᠦᠮᠡᠨ ᠤ᠋ ᠵᠠᠩ ᠠᠭᠠᠯᠢ ᠴᠣᠭ ᠵᠢᠪᠬᠤᠭ᠎ᠠ ᠶ᠋ᠢ ᠬᠠᠷᠠᠭᠤᠯᠪᠠ᠃ ᠭᠤᠷᠪᠠᠨ ᠤᠯᠤᠰ ᠤ᠋ᠨ ᠪᠠᠭᠠᠴᠤᠳ ᠤᠷᠠᠨ ᠪᠥᠵᠢᠭ ᠢ᠋ᠶ᠋ᠡᠷ ᠵᠠᠭᠤᠴᠢ ᠪᠣᠯᠭᠠᠨ᠂ ᠪᠠᠶᠠᠷᠲᠤ ᠰᠡᠳᠬᠢᠯᠭᠡ ᠪᠡᠷ ᠪᠢᠯᠬᠠᠮ᠎ᠠ ᠰᠠᠢᠬᠠᠨ ᠲᠣᠭᠯᠠᠯᠲᠠ ᠪᠠᠷ ᠵᠢᠡᠨ ᠣᠯᠠᠨ ᠡᠰᠢᠲᠦ ᠰᠣᠶᠣᠯ ᠤ᠋ᠨ ᠰᠤᠳᠤᠨ ᠰᠠᠢᠬᠠᠨ ᠢ᠋ ᠠᠭᠤᠰᠬᠠᠵᠤ᠂ ᠤᠷᠢ ᠵᠠᠯᠠᠭᠤ ᠨᠠᠰᠤᠨ ᠤ᠋ ᠤᠮᠤᠭᠯᠠᠩ ᠪᠠᠢᠳᠠᠯ ᠢ᠋ᠶ᠋ᠠᠷ ᠡᠩᠬᠡ ᠲᠠᠢᠪᠤᠩ ᠪᠠ ᠨᠥᠬᠥᠷᠯᠡᠯ ᠢ᠋ ᠲᠤᠳᠤᠷᠬᠠᠢᠯᠠᠵᠤ᠂ ᠤᠯᠤᠰ ᠠᠯᠤᠰᠯᠠᠭᠰᠠᠨ ᠰᠣᠶᠣᠯ ᠤ᠋ᠨ ᠰᠣᠯᠢᠯᠴᠠᠭ᠎ᠠ ᠳ᠋ᠦ ᠭᠠᠯ ᠵᠠᠯᠠᠭᠤ ᠨᠠᠰᠤᠨ ᠤ᠋ ᠴᠣᠭ ᠵᠢᠪᠬᠤᠭ᠎ᠠ ᠵᠢ ᠨᠡᠮᠡᠷᠢᠯᠡᠭᠰᠡᠨ ᠪᠠᠢᠨ᠎ᠠ᠃

ᠲᠤᠰ ᠠᠵᠢᠯᠯᠠᠭ᠎ᠠ ᠨᠢ ᠳᠤᠮᠳᠠᠳᠤ ᠣᠷᠣᠰ ᠮᠣᠩᠭᠣᠯ ᠤ᠋ᠨ ︽ᠲᠦᠮᠡᠨ ᠭᠠᠵᠠᠷ ᠤ᠋ᠨ ᠴᠠᠢ ᠶ᠋ᠢᠨ ᠵᠠᠮ︾ ᠳᠠᠭᠠᠤ ᠶ᠋ᠢᠨ ᠰᠣᠶᠣᠯ ᠵᠢᠭᠤᠯᠴᠢᠯᠠᠯ ᠤ᠋ᠨ ᠬᠠᠮᠲᠤᠷᠠᠯᠴᠠᠭᠠᠨ ᠤ᠋ ᠦᠷ᠎ᠡ ᠪᠦᠲᠦᠭᠡᠯ ᠢ᠋ ᠲᠥᠪᠯᠡᠷᠡᠭᠦᠯᠦᠨ ᠳᠡᠯᠭᠡᠨ ᠦᠵᠡᠭᠦᠯᠬᠦ ᠴᠤᠩᠬᠤᠪᠴᠢ ᠪᠣᠯᠬᠤ ᠪᠥᠭᠡᠳ ᠪᠠᠰᠠ ᠴᠤ᠌ ᠭᠤᠷᠪᠠᠨ ᠤᠯᠤᠰ ᠤ᠋ᠨ ᠵᠠᠯᠠᠭᠤᠴᠤᠳ ᠪᠠᠭᠠᠴᠤᠳ ᠤ᠋ᠨ ᠰᠣᠯᠢᠯᠴᠠᠭ᠎ᠠ᠎ᠶ᠋ᠢ ᠭᠦᠨᠵᠡᠭᠡᠢᠷᠡᠭᠦᠯᠬᠦ᠂ ᠨᠥᠬᠥᠷᠯᠡᠯ ᠢ᠋ᠶ᠋ᠡᠨ ᠵᠤᠵᠠᠭᠠᠳᠬᠠᠬᠤ᠂ ᠢᠷᠡᠭᠡᠳᠦᠢ ᠪᠡᠨ ᠬᠠᠮᠲᠤ᠎ᠪᠠᠷ ᠴᠤᠭᠴᠠᠯᠠᠬᠤ ᠰᠤᠯᠢᠯᠴᠠᠭᠠᠨ ᠤ᠋ ᠴᠢᠬᠤᠯᠠ ᠲᠠᠪᠴᠠᠩ ᠪᠣᠯᠤᠨ᠎ᠠ᠃ ︽ᠮᠦᠩᠬᠡ ᠨᠥᠬᠥᠷᠯᠡᠯ·ᠡᠩᠬᠡ ᠲᠠᠢᠪᠤᠩ·ᠵᠠᠯᠠᠭᠤ ᠡᠯᠴᠢ︾ᠳᠤᠮᠳᠠᠳᠤ ᠣᠷᠣᠰ ᠮᠣᠩᠭᠣᠯ ᠤ᠋ᠨ ᠵᠠᠯᠠᠭᠤᠴᠤᠳ ᠪᠠᠭᠠᠴᠤᠳ ᠤ᠋ᠨ ᠰᠣᠯᠢᠯᠴᠠᠭᠠᠨ ᠤ᠋ ᠠᠵᠢᠯᠯᠠᠭ᠎ᠠ ᠶ᠋ᠢ 2013 ᠣᠨ ᠳ᠋ᠦ ᠭᠤᠷᠪᠠᠨ ᠤᠯᠤᠰ ᠬᠠᠮᠲᠤᠷᠠᠨ ᠡᠭᠦᠰᠬᠡᠵᠦ᠂ ᠣᠳᠣᠬᠠᠨ ᠪᠣᠯᠲᠠᠯ᠎ᠠ 10 ᠭᠠᠷᠤᠢ ᠵᠢᠯ ᠦᠷᠭᠦᠯᠵᠢᠯᠡᠨ ᠶᠠᠪᠤᠭᠳᠠᠵᠦ᠂ ᠨᠢᠭᠡᠨᠲᠡ ᠲᠤᠢᠯ ᠤ᠋ᠨ ᠶᠡᠬᠡ ᠨᠥᠯᠥᠭᠡᠯᠡᠬᠦ ᠬᠦᠴᠦᠨ ᠲᠡᠢ ᠳᠤᠮᠳᠠᠳᠤ ᠣᠷᠣᠰ ᠮᠣᠩᠭᠣᠯ ᠤ᠋ᠨ ᠵᠠᠯᠠᠭᠤᠴᠤᠳ ᠪᠠᠭᠠᠴᠤᠳ ᠤ᠋ᠨ ᠰᠣᠶᠣᠯ ᠤ᠋ᠨ ᠰᠣᠯᠢᠯᠴᠠᠭᠠᠨ ᠤ᠋ ᠣᠨᠴᠠᠯᠢᠭᠳᠦ IP ᠢ᠋ ᠴᠤᠭᠴᠠᠯᠠᠪᠠ᠃ ᠥᠩᠭᠡᠷᠡᠭᠰᠡᠨ ᠬᠤᠭᠤᠴᠠᠭᠠᠨ ᠤ᠋ ᠬᠢ ᠲᠡᠢ ᠬᠠᠷᠢᠴᠠᠭᠤᠯᠪᠠᠯ᠂ ᠡᠨᠡ ᠵᠢᠯ ᠤ᠋ᠨ ᠵᠤᠰᠠᠯᠠᠩ ᠤ᠋ᠨ ᠠᠵᠢᠯᠯᠠᠭ᠎ᠠ ᠨᠢ ᠳᠤᠮᠳᠠᠳᠤ ᠣᠷᠣᠰ ᠮᠣᠩᠭᠣᠯ ᠤ᠋ᠨ︽ᠲᠦᠮᠡᠨ ᠭᠠᠵᠠᠷ ᠤ᠋ᠨ ᠴᠠᠢ ᠶ᠋ᠢᠨ ᠵᠠᠮ︾ ᠤ᠋ᠨ ᠴᠠᠢ ᠶ᠋ᠢᠨ ᠠᠮᠢᠳᠤᠷᠠᠯ ᠤ᠋ᠨ ᠰᠣᠳᠣᠨ ᠪᠦᠲᠦᠭᠡᠯ ᠤ᠋ᠨ ᠦᠵᠡᠰᠬᠦᠯᠡᠩ ᠢ᠋ ᠬᠠᠮᠲᠤᠷᠠᠨ ᠦᠵᠡᠭᠦᠯᠵᠦ᠂︽ᠲᠦᠮᠡᠨ ᠭᠠᠵᠠᠷ ᠤ᠋ᠨ ᠴᠠᠢ ᠶ᠋ᠢᠨ ᠵᠠᠮ︾ ᠤ᠋ᠨ ᠭᠣᠣᠯ ᠰᠡᠳᠦᠪᠲᠦ ᠦᠵᠡᠬᠦᠯᠬᠡ᠂ ᠴᠠᠢ ᠶ᠋ᠢᠨ ᠰᠣᠶᠣᠯ ᠤ᠋ᠨ ᠣᠨᠴᠠᠯᠢᠭᠲᠤ ᠦᠵᠡᠭᠦᠯᠭᠡ᠂ ᠴᠠᠢ ᠶ᠋ᠢᠨ ᠠᠵᠤ ᠦᠢᠯᠡᠰ ᠪᠠ ᠴᠠᠢ ᠶ᠋ᠢᠨ ᠠᠮᠢᠳᠤᠷᠠᠯ ᠤ᠋ᠨ ᠦᠷ᠎ᠡ ᠪᠦᠲᠦᠭᠡᠯ ᠤ᠋ᠨ ᠦᠵᠡᠭᠦᠯᠭᠡ ᠵᠡᠷᠭᠡ ᠪᠡᠷ ᠳᠠᠮᠵᠢᠨ ᠵᠠᠯᠠᠭᠤᠴᠤᠳ ᠪᠠᠭᠠᠴᠤᠳ ᠲᠦ᠍ ᠴᠠᠢ ᠶ᠋ᠢᠨ ᠵᠠᠮ ᠤ᠋ᠨ ᠭᠦᠨ ᠵᠤᠵᠠᠭᠠᠨ ᠲᠡᠦᠬᠡ ᠪᠠ ᠥᠪᠡᠷᠮᠢᠴᠡ ᠰᠣᠶᠣᠯ ᠤ᠋ᠨ ᠳᠣᠲᠣᠭᠠᠳᠤ ᠴᠥᠮ᠎ᠡ ᠵᠢ ᠮᠡᠳᠡᠷᠡᠬᠦᠯᠵᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号