6 ᠰᠠᠷ᠎ᠠ ᠵᠢᠨ 26 ᠤ᠋ ᠤᠷᠤᠢ᠂ ᠰᠢᠨ᠎ᠡ ᠪᠡᠷ ᠥᠭᠡᠷᠡᠴᠢᠯᠡᠨ ᠨᠠᠢᠷᠠᠭᠤᠯᠵᠦ ᠳᠡᠰ ᠳᠡᠪᠰᠢᠭᠦᠯᠦᠭᠰᠡᠨ ᠳᠠᠭᠤᠤ ᠵᠢᠨ ᠦᠳᠡᠰᠢᠯᠡᠬᠡ︽ᠪᠢ ᠲᠠᠯ᠎ᠠ ᠨᠤᠲᠤᠭ ᠲᠠᠢ ᠪᠠᠨ ᠪᠣᠯᠵᠣᠭ᠎ᠠ ᠲᠠᠢ︾ᠲᠤᠭᠯᠠᠯᠳᠠ ᠬᠥᠬᠡᠬᠣᠲᠠ ᠵᠢᠨ ᠪᠡᠶ᠎ᠡ ᠵᠢᠨ ᠲᠠᠮᠢᠷ ᠤ᠋ᠨ ᠲᠥᠪ ᠲᠦ᠍ ᠨᠢᠵᠢᠬᠢᠷ ᠶᠠᠪᠤᠭᠳᠠᠪᠠ᠃ 2026 ᠤᠨ ᠤ᠋ ᠦᠪᠦᠷ ᠮᠤᠨᠭᠭᠤᠯ ᠤ᠋ᠨ ᠰᠤᠶᠤᠯ ᠤ᠋ᠨ ᠠᠵᠢᠯᠯᠠᠭ᠎ᠠ ᠵᠢᠨ ᠤᠯᠠᠷᠢᠯ ᠤ᠋ᠨ ᠰᠤᠳᠤᠨ ᠲᠤᠭᠯᠠᠯᠳᠠ ᠵᠢᠨ ᠭᠤᠤᠯ ᠠᠭᠤᠯᠭ᠎ᠠ ᠪᠤᠯᠤᠭᠰᠠᠨ ᠲᠤᠰ ᠦᠳᠡᠰᠢᠯᠡᠬᠡ ᠨᠢ ᠠᠭᠤᠯᠭ᠎ᠠ ᠪᠠᠶᠠᠯᠢᠭ᠂ ᠬᠡᠯᠪᠡᠷᠢ ᠰᠢᠨ᠎ᠠ ᠪᠡᠷ ᠵᠢᠡᠨ ᠤᠨᠴᠠᠯᠢᠭᠳᠠᠵᠦ᠂ ᠦᠪᠤᠷ ᠮᠤᠩᠭᠤᠯ ᠤ᠋ᠨ ᠵᠤᠨ ᠤ᠋ ᠤᠯᠠᠷᠢᠯ ᠤ᠋ᠨ ᠰᠤᠶᠤᠯ ᠵᠢᠭᠤᠯᠴᠢᠯᠠᠯ ᠤ᠋ᠨ ᠲᠤᠭᠯᠠᠯᠳᠠ ᠵᠢᠨ ᠭᠤᠤᠯᠳᠠᠯᠭ᠎ᠠ ᠲᠠᠢ ᠠᠵᠢᠯᠯᠠᠭ᠎ᠠ ᠪᠤᠯᠵᠠᠢ᠃
《ᠢᠨᠢᠶᠡᠮᠰᠤᠭ᠌ ᠴᠢᠷᠠᠢ ᠵᠢ ᠴᠢᠨᠢ ᠬᠠᠷᠠᠶᠤ ᠭᠡᠳ/ ᠡᠭᠡᠰᠢᠭᠳᠦ ᠳᠠᠭᠤᠤ ᠵᠢ ᠴᠢᠨᠢ ᠰᠤᠨᠤᠰᠤᠶᠤ ᠭᠡᠳ》 ᠁︽ᠪᠢ ᠲᠠᠯ᠎ᠠ ᠨᠤᠲᠤᠭ ᠲᠠᠢ ᠪᠠᠨ ᠪᠣᠯᠵᠣᠭ᠎ᠠ ᠲᠠᠢ︾ᠳᠠᠭᠤᠤ ᠦᠪᠦᠷ ᠮᠤᠨᠭᠭᠤᠯ ᠳ᠋ᠤ 20 ᠵᠢᠯ ᠳᠠᠭᠤᠯᠠᠭᠳᠠᠬᠤ ᠳ᠋ᠠᠭᠠᠨ ᠰᠤᠨᠤᠰᠤᠭᠰᠠᠨ ᠪᠤᠯᠭᠠᠨ ᠳ᠋ᠤ ᠦᠪᠦᠷ ᠮᠤᠨᠭᠭᠤᠯ ᠵᠢᠡᠷ ᠵᠤᠭᠠᠯᠠᠬᠤ ᠤᠷᠮ᠎ᠠ ᠦᠭᠴᠦ᠂ ᠦᠪᠦᠷ ᠮᠤᠨᠭᠭᠤᠯ ᠤ᠋ᠨ ᠰᠤᠶᠤᠯ ᠵᠢᠭᠤᠯᠴᠢᠯᠠᠯ ᠤ᠋ᠨ ᠠᠯᠳᠠᠨ ᠬᠠᠭᠤᠳᠠᠰᠤ ᠪᠤᠯᠤᠭᠰᠠᠭᠠᠷ ᠢᠷᠡᠵᠡᠢ᠃ ᠲᠤᠰ ᠦᠳᠡᠰᠢᠯᠡᠬᠡ ᠳ᠋ᠤ᠂ ᠬᠤᠨᠠᠠ ᠤ᠋ ᠶᠠᠪᠠᠭᠠᠨ ᠳᠠᠭᠤᠤ 《ᠯᠢᠦ ᠶᠠᠩ ᠾᠸ ᠭᠤᠤᠯ》 ᠬᠢᠭᠡᠳ ᠳᠠᠯ᠎ᠠ ᠨᠤᠲᠤᠭ ᠤ᠋ᠨ ᠳᠠᠭᠤᠤ 《ᠰᠠᠢᠬᠠᠨ ᠳ᠋ᠠ》 ᠵᠢ ᠡᠯᠬᠦᠯᠴᠡᠨ ᠳᠠᠭᠤᠯᠠᠵᠦ᠂ ᠪᠤᠳᠠᠰ ᠤ᠋ᠨ ᠪᠤᠰᠤ ᠰᠤᠶᠤᠯ ᠤ᠋ᠨ ᠦᠪᠯᠡᠨ ᠤᠯᠠᠮᠵᠢᠯᠠᠭᠴᠢ ᠬᠠᠢᠴᠢᠩᠰᠢᠪᠠᠭᠤ ᠡᠴᠡ 《ᠵᠢᠷᠤᠭ᠎ᠠ ᠮᠤᠷᠢᠨ ᠤ᠋ ᠮᠠᠭᠳᠠᠭᠠᠯ》 ᠬᠤᠯᠪᠤᠭ᠎ᠠ ᠬᠡᠯᠡᠵᠦ᠂ ᠰᠦᠯᠵᠢᠶᠡᠨ ᠤᠳᠤᠨ ᠪᠤᠯᠤᠭᠰᠠᠨ ᠵᠠᠯᠠᠭᠤ ᠳᠠᠭᠤᠴᠢᠨ ᠡᠦ ᠯᠠᠨ ᠯᠠᠨ ᠡᠴᠡ 《ᠴᠢᠨᠳᠠᠭᠠᠨ ᠴᠠᠭᠠᠨ ᠮᠤᠷᠢᠨ ᠤ᠋ ᠮᠠᠭᠳᠠᠭᠠᠯ》 ᠳᠠᠭᠤᠤ ᠵᠢ ᠬᠠᠪᠰᠤᠷᠭᠠᠨ ᠳᠠᠭᠤᠯᠠᠨ᠂ ᠦᠭᠡᠳᠡᠷᠭᠡᠭ ᠦᠭᠬᠢᠶᠡᠮᠦᠷᠴᠢ ᠦᠪᠦᠷ ᠮᠤᠨᠭᠭᠤᠯ ᠤ᠋ᠨ ᠠᠷᠠᠳ ᠲᠦᠮᠡᠨ ᠤ᠋ ᠵᠠᠩ ᠠᠷᠠᠨᠰᠢᠨ ᠢ᠋ ᠬᠠᠷᠠᠭᠤᠯᠵᠦ᠂ ᠮᠤᠷᠢᠨ ᠬᠤᠭᠤᠷ ᠤ᠋ᠨ ᠬᠠᠪᠰᠤᠷᠤᠯᠭ᠎ᠠ ᠲᠠᠢ 《ᠲᠦᠷᠪᠡᠨ ᠨᠠᠰᠤᠳᠠᠢ ᠬᠠᠯᠢᠭᠤᠨ》 ᠳᠠᠭᠤᠤ ᠨᠢ ᠬᠤᠷᠠᠭᠰᠠᠨ ᠤᠯᠠᠨ ᠢ᠋ ᠤᠤᠬᠠᠢᠯᠠᠭᠤᠯᠤᠨᠠ᠃ 《ᠦᠳᠡᠰᠢᠯᠡᠬᠡ ᠳ᠋ᠤ ᠮᠠᠨ ᠤ᠋ ᠬᠠᠮᠳᠤᠯᠢᠭ 〈ᠬᠤᠷᠴᠠ ᠤᠯᠠᠭᠠᠨ ᠴᠡᠴᠡᠭ〉 ᠵᠡᠷᠬᠡ 2 ᠳᠠᠭᠤᠤ ᠵᠢ ᠳᠠᠬᠢᠨ ᠨᠠᠢᠷᠠᠭᠤᠯᠤᠨ ᠳᠠᠭᠤᠯᠠᠵᠦ᠂ ᠦᠪᠦᠷ ᠮᠤᠨᠭᠭᠤᠯ ᠤ᠋ᠨ ᠤᠳᠬ᠎ᠠ ᠤᠷᠠᠯᠢᠭ ᠤ᠋ᠨ ᠠᠭᠤᠯᠭ᠎ᠠ ᠵᠢᠨ ᠬᠠᠮᠤᠷᠬᠤ ᠬᠡᠪᠴᠢᠶ᠎ᠠ ᠵᠢ ᠦᠷᠬᠡᠳᠬᠡᠨ᠂ ᠬᠤᠪᠢᠰᠬᠠᠯ ᠤ᠋ᠨ ᠵᠤᠷᠢᠭ ᠰᠠᠨᠠᠭ᠎ᠠ ᠵᠢ ᠤᠯᠠᠮᠵᠢᠯᠠᠵᠤ᠂ ᠦᠨᠤᠳᠤᠷ ᠤ᠋ᠨ ᠵᠤᠯ ᠵᠢᠷᠭᠠᠯᠳᠦ ᠠᠮᠢᠳᠤᠷᠠᠯ ᠵᠢᠡᠨ ᠵᠠᠪᠠᠯ ᠨᠠᠨᠳᠢᠩᠨᠠᠬᠤ ᠤᠳᠭ᠎ᠠ ᠰᠠᠨᠠᠭ᠎ᠠ ᠵᠢ ᠳᠠᠮᠵᠢᠭᠤᠯᠤᠭᠰᠠᠨ ᠶᠤᠮ》 ᠭᠡᠵᠦ A-minor ᠬᠠᠮᠳᠤᠯᠢᠭ ᠤ᠋ᠨ ᠠᠬᠠᠯᠠᠭᠴᠢ ᠴᠤᠯᠮᠤᠨ ᠬᠡᠯᠡᠨ᠎ᠠ᠃
ᠦᠳᠡᠰᠢᠯᠡᠬᠡ ᠳ᠋ᠤ ᠠᠷᠠᠳ ᠤ᠋ᠨ ᠳᠠᠭᠤᠤ 《ᠵᠧᠳᠡᠷ ᠨᠠ ᠨᠠ》᠂ 《ᠠᠷᠢᠬᠢᠨ ᠳᠠᠭᠤᠤ》 ᠵᠡᠷᠭᠡ ᠰᠤᠩᠭᠤᠳᠠᠭ ᠠᠶ᠎ᠠ ᠬᠦᠭᠵᠢᠮ ᠨᠢ ᠦᠪᠦᠷ ᠮᠤᠨᠭᠭᠤᠯ ᠤ᠋ᠨ ᠤᠳᠬ᠎ᠠ ᠤᠷᠠᠯᠢᠭ ᠤ᠋ᠨ ᠦᠪ ᠤᠯᠠᠮᠵᠢᠯᠠᠯ ᠢ᠋ ᠵᠠᠯᠭᠠᠮᠵᠢᠯᠠᠵᠦ᠂ ᠳᠠᠯ᠎ᠠ ᠨᠤᠲᠤᠭ ᠤ᠋ᠨ ᠳᠠᠭᠤᠤ 《ᠠᠪᠤ ᠡᠵᠢ ᠵᠢᠨ ᠨᠤᠲᠤᠭ ᠤᠰᠤᠨ》 ᠨᠢ ᠦᠪᠦᠷ ᠮᠤᠨᠭᠭᠤᠯ ᠤ᠋ᠨ ᠪᠠᠢᠭᠠᠯᠢ ᠠᠬᠤᠢ ᠨᠤᠲᠤᠭ ᠤᠰᠤᠨ ᠤ᠋ ᠰᠠᠢᠨ ᠰᠠᠢᠬᠠᠨ ᠮᠦᠷᠦᠭᠡᠳᠦᠯ ᠢ᠋ ᠳᠠᠭᠤᠯᠠᠨ᠎ᠠ᠃ ᠬᠥᠭᠡᠮᠡᠢ᠂ ᠢᠷᠠᠭᠤ ᠡᠭᠡᠰᠢᠭᠲᠦ ᠮᠣᠷᠢᠨ ᠬᠤᠭᠤᠷ ᠪᠠ ᠦᠨᠳᠦᠰᠦᠲᠡᠨ ᠤ᠋ ᠨᠠᠢᠷᠠᠯ ᠳᠠᠭᠤᠤ ᠡᠭᠡᠯᠵᠢᠯᠡᠵᠤ᠂ ᠣᠯᠠᠨ ᠶᠠᠩᠵᠤ ᠵᠢᠨ᠂ ᠤᠷᠤᠰᠬᠠᠯ ᠳᠠᠭᠠᠭᠰᠠᠨ ᠳᠠᠭᠤᠤ ᠬᠥᠭᠵᠢᠮ ᠤ᠋ᠨ ᠦᠪᠡᠳᠡᠭᠰᠢ ᠴᠤᠭᠯᠠᠭᠠᠨ ᠨᠢ ᠵᠤᠨ ᠤ᠋ ᠦᠳᠡᠰᠢ ᠵᠢᠨ ᠬᠦᠬᠡᠬᠤᠳᠠ ᠵᠢ ᠰᠤᠶᠤᠯ ᠤᠷᠠᠯᠢᠭ ᠤ᠋ᠨ ᠳᠠᠩᠰᠤᠭ ᠨᠠᠢᠷ ᠲᠦ᠍ ᠰᠤᠭᠳᠤᠭᠤᠷᠠᠭᠤᠯᠪᠠ᠃ 《ᠲᠤᠰ ᠦᠳᠡᠰᠢᠯᠡᠬᠡ ᠨᠢ ᠳᠠᠭᠤᠤ ᠵᠢᠨ ᠰᠠᠨᠠᠭ᠎ᠠ ᠠᠬᠤᠢ᠂ ᠵᠤᠬᠢᠶᠠᠭᠳᠠᠵᠦ ᠳᠠᠭᠤᠯᠠᠭᠳᠠᠳᠠᠭ ᠤᠷᠴᠢᠨ ᠠᠬᠤᠢ ᠪᠤᠯᠤᠨ ᠳᠠᠭᠤᠤ ᠵᠢᠨ ᠰᠡᠳᠬᠢᠯᠬᠡ ᠵᠢ ᠨᠡᠬᠦᠳᠡᠯ ᠳᠠᠢᠰᠠ᠂ ᠦᠵᠡᠭᠴᠢᠳ ᠤ᠋ᠨ ᠤᠷᠤᠯᠴᠠᠯᠭ᠎ᠠ᠂ ᠬᠡᠷᠡᠯᠳᠤᠬᠦᠯᠬᠡ᠂ ᠵᠦᠴᠦᠭᠡᠴᠢᠯᠡᠭᠰᠡᠨ ᠳᠠᠢᠯᠪᠤᠷᠢ ᠦᠬᠡ᠂ ᠲᠤᠭᠯᠠᠭᠴᠢᠳ ᠤ᠋ᠨ ᠪᠦᠵᠢᠭ ᠪᠠ ᠠᠪᠢᠶᠠᠯᠠᠭ᠎ᠠ ᠵᠡᠷᠭᠡ ᠤᠯᠠᠨ ᠰᠢᠨ᠎ᠠ ᠠᠭᠤᠯᠭ᠎ᠠ ᠰᠢᠨ᠎ᠠ ᠬᠡᠯᠪᠡᠷᠢ ᠪᠡᠷ ᠢᠯᠡᠳᠬᠡᠵᠦ᠂ ᠵᠢᠪ ᠵᠢᠩᠬᠢᠨᠢ ᠬᠦᠨᠵᠡᠬᠡᠢ ᠪᠡᠶᠡᠴᠢᠯᠡᠨ ᠤᠢᠯᠠᠭᠠᠬᠤ ᠬᠤᠳᠠᠯᠳᠤᠭᠠᠨ ᠤ᠋ ᠲᠤᠭᠯᠠᠯᠳᠠ ᠵᠢ ᠪᠦᠳᠦᠭᠡᠭᠰᠡᠨ ᠡᠴᠡ ᠦᠵᠡᠭᠴᠢᠳ ᠡᠴᠡ ᠲᠤᠭᠯᠠᠭᠴᠢᠳ ᠬᠦᠷᠳᠡᠯ᠎ᠠ ᠪᠦᠷ ᠶᠡᠬᠡ ᠰᠤᠨᠢᠭᠤᠴᠢᠯᠠᠵᠦ᠂ ᠪᠠᠬᠠᠷᠬᠠᠵᠦ ᠪᠠᠢᠨ᠎ᠠ》 ᠬᠡᠵᠦ ᠦᠪᠦᠷ ᠮᠤᠨᠭᠭᠤᠯ ᠤ᠋ᠨ ᠤᠷᠠᠯᠢᠭ ᠵᠦᠴᠦᠭᠡ ᠵᠢᠨ ᠬᠦᠷᠢᠶᠡᠯᠡᠩ ᠤ᠋ᠨ ᠤᠳᠤ ᠦᠶ᠎ᠠ ᠵᠢᠨ ᠤᠷᠠᠯᠢᠭ ᠤ᠋ᠨ ᠪᠦᠯᠬᠦᠮ ᠤ᠋ᠨ ᠬᠠᠷᠢᠭᠤᠴᠠᠯᠭᠠᠳᠠᠨ ᠲᠠᠨᠢᠯᠴᠠᠭᠤᠯᠤᠨ᠎ᠠ᠃
ᠲᠤᠰ ᠦᠳᠡᠰᠢᠯᠡᠬᠡ ᠳ᠋ᠤ ᠥᠪᠥᠷ ᠮᠣᠩᠭᠣᠯ ᠤ᠋ᠨ ᠥᠪᠡᠷᠮᠢᠴᠡ ᠰᠠᠢᠬᠠᠨ ᠪᠠᠢᠭᠠᠯᠢ ᠠᠬᠤᠢ ᠪᠣᠯᠤᠨ ᠥᠨᠢ ᠤᠳᠠᠭᠠᠨ ᠲᠡᠤᠬᠡ ᠰᠣᠶᠣᠯ ᠳ᠋ᠤ ᠰᠠᠭᠤᠷᠢᠯᠠᠨ᠂ ᠠᠭᠤᠯᠠ ᠤᠰᠤ ᠤᠢ ᠮᠤᠳᠤ ᠭᠠᠵᠠᠷ ᠲᠠᠷᠢᠶ᠎ᠠ ᠨᠠᠭᠤᠷ ᠪᠦᠷᠢᠳᠤ ᠨᠤᠳᠤᠬ ᠪᠡᠯᠴᠢᠭᠡᠷ ᠵᠢᠡᠷ ᠳᠡᠪᠢᠰᠬᠡᠷᠯᠡᠭᠰᠡᠨ ᠪᠠᠢᠭᠠᠯᠢ ᠵᠢᠨ ᠰᠠᠨᠠᠭ᠎ᠠ ᠠᠬᠤᠢ ᠪᠡᠷ ᠲᠠᠢᠰᠠᠨ ᠤ᠋ ᠦᠵᠡᠭᠳᠡᠯ ᠪᠤᠯᠭᠠᠵᠦ᠂ 《ᠰᠠᠨᠠᠭ᠎ᠠ ᠠᠬᠤᠢ + ᠳᠠᠭᠤᠤ ᠬᠥᠭᠵᠢᠮ + ᠭᠡᠷᠡᠯ ᠰᠡᠭᠦᠳᠡᠷ + ᠪᠡᠶᠡᠴᠢ ᠤᠢᠯᠠᠭᠠᠯᠳᠠ》 ᠶ᠋ᠢ ᠤᠶᠠᠯᠳᠤᠭᠤᠯᠤᠭᠰᠠᠨ ᠴᠤ ᠰᠢᠨ᠎ᠡ ᠲᠣᠭᠯᠠᠯᠲᠠ ᠵᠢᠨ ᠵᠠᠭᠪᠤᠷ ᠢ᠋ ᠡᠭᠦᠳᠴᠦ᠂ 《ᠪᠦᠬᠦ ᠳᠠᠯᠠᠪᠠᠢ ᠪᠡᠷ ᠵᠢᠡᠨ ᠦᠵᠡᠮᠵᠢ ᠪᠤᠯᠵᠦ᠂ ᠠᠭᠠᠵᠢᠮ ᠢ᠋ᠶ᠋ᠠᠷ ᠰᠠᠨᠠᠭ᠎ᠠ ᠠᠬᠤᠢ ᠳ᠋ᠠᠭᠠᠨ ᠣᠷᠣᠵᠤ》᠂ ᠲᠤᠳᠤᠷᠬᠠᠢ ᠵᠠᠭᠠᠭ ᠬᠢᠵᠠᠭᠠᠷ ᠢ᠋ ᠳᠡᠪᠴᠢᠵᠤ ᠬᠦᠨᠵᠡᠬᠡᠢ ᠪᠡᠶᠡᠴᠢ ᠤᠢᠯᠠᠭᠠᠯᠳᠠ ᠵᠢᠨ ᠣᠷᠣᠨ ᠵᠠᠢ ᠵᠢ ᠪᠣᠢ ᠪᠣᠯᠭᠠᠭᠰᠠᠨ ᠵᠢᠡᠷ ᠤᠯᠠᠨ ᠤ᠋ ᠠᠩᠬᠠᠷᠤᠯ ᠢ᠋ ᠳᠠᠳᠠᠯ᠎ᠠ᠃ ᠦᠳᠡᠰᠢᠯᠡᠬᠡ ᠳ᠋ᠡᠬᠢ ᠰᠣᠩᠭᠣᠳᠠᠭ ᠳᠠᠭᠤᠤ ᠨᠢ ᠰᠠᠨᠠᠭ᠎ᠠ ᠠᠬᠤᠢ ᠵᠢ ᠦᠵᠡᠬᠦᠯᠦᠭᠰᠡᠨ ᠨᠠᠷᠢᠯᠢᠭ ᠦᠵᠡᠭᠳᠡᠯ ᠲᠠᠢ᠂ ᠰᠡᠳᠬᠢᠯ ᠳ᠋ᠤ ᠬᠦᠷᠦᠭᠰᠡᠨ ᠬᠦᠦᠷᠨᠢᠯ ᠪᠣᠯᠵᠤ᠂ ᠦᠵᠡᠭᠴᠢᠳ ᠲᠣᠭᠲᠠᠭᠰᠠᠨ ᠰᠠᠭᠤᠳᠠᠯ ᠳ᠋ᠠᠭᠠᠨ ᠬᠢᠵᠠᠭᠠᠷᠯᠠᠭᠳᠠᠬᠤ ᠦᠭᠡᠢ᠂ ᠲᠠᠯᠠᠪᠠᠢ ᠣᠷᠳᠣᠨ ᠤ᠋ ᠶᠠᠮᠠᠷ ᠪᠠᠢᠷᠢᠨ ᠳ᠋ᠤ ᠰᠠᠭᠤᠭᠰᠠᠨ ᠴᠤ᠌ ᠪᠦᠷ ᠥᠪᠥᠷ ᠮᠣᠩᠭᠣᠯ ᠤ᠋ᠨ ᠳᠥᠷᠪᠡᠨ ᠤᠯᠠᠷᠢᠯ ᠤ᠋ᠨ ᠭᠣᠶᠣ ᠦᠵᠡᠮᠵᠢ ᠵᠢ ᠤᠯᠵᠤ ᠰᠤᠨᠢᠷᠬᠠᠨ᠂ ᠣᠢᠷ᠎ᠠ ᠵᠠᠢ ᠠ᠋ᠴᠠ ᠪᠠᠢᠭᠠᠯᠢ ᠵᠢᠨ ᠥᠩᠭᠡ ᠦᠵᠡᠮᠵᠢ ᠪᠣᠯᠤᠨ ᠳᠠᠭᠤᠤ ᠬᠥᠭᠵᠢᠮ ᠤ᠋ᠨ ᠠᠭᠤᠰᠤᠯᠴᠠᠯ ᠤ᠋ᠨ ᠭᠠᠢᠬᠠᠮᠰᠢᠭ ᠢ᠋ ᠮᠡᠳᠡᠷᠡᠵᠡᠢ᠃
ᠲᠤᠰ ᠦᠳᠡᠰᠢᠯᠡᠬᠡ ᠳ᠋ᠤ︽ᠲᠣᠭᠯᠠᠯᠲᠠ + ᠤᠷᠤᠯᠳᠤᠭᠠᠨ︾ᠤ᠋ ᠰᠣᠶᠣᠯ ᠲᠠᠮᠢᠷ ᠤ᠋ᠨ ᠠᠭᠤᠰᠤᠯᠴᠠᠯ ᠤ᠋ᠨ ᠰᠢᠨ᠎ᠡ ᠲᠣᠭᠯᠠᠯᠲᠠ ᠵᠢᠨ ᠬᠡᠯᠪᠡᠷᠢ ᠵᠢ ᠬᠠᠢᠨ ᠰᠦᠪᠡᠭᠴᠢᠯᠡᠵᠦ᠂ ᠲᠠᠮᠢᠷ ᠤ᠋ᠨ ᠲᠠᠯᠠᠪᠠᠢ ᠣᠷᠳᠣᠨ ᠤ᠋ ᠦᠵᠡᠮᠵᠢ ᠵᠢ ᠰᠢᠨᠡᠴᠢᠯᠡᠨ᠂ ᠤᠯᠠᠮᠵᠢᠯᠠᠯᠳᠦ ᠮᠠᠶᠢᠭ ᠤ᠋ᠨ ᠲᠤᠭᠳᠠᠮᠠᠯ ᠲᠠᠢᠰᠠᠨ ᠤ᠋ ᠪᠠᠢᠷᠢᠯᠠᠭᠤᠯᠤᠯᠳᠠ ᠵᠢ ᠦᠭᠡᠷᠡᠴᠢᠯᠡᠵᠦ᠂ ᠬᠥᠩᠭᠡᠨ ᠠᠪᠰᠠᠷ᠂ ᠤᠯᠠᠨ ᠵᠢᠵᠢᠭ ᠨᠡᠬᠦᠳᠡᠯ ᠳᠠᠢᠰᠠ ᠵᠢ ᠪᠦᠲᠦᠭᠡᠯᠴᠢ ᠪᠡᠷ ᠲᠦᠰᠦᠪᠯᠡᠨ ᠬᠡᠷᠡᠭᠯᠡᠵᠦ᠂ ᠲᠠᠮᠢᠷ ᠤ᠋ᠨ ᠤᠷᠤᠯᠳᠤᠭᠠᠨ ᠤ᠋ ᠲᠠᠯᠠᠪᠠᠢ ᠵᠢ ᠳᠠᠬᠢᠨ ᠬᠡᠷᠡᠭᠯᠡᠬᠦ ᠬᠡᠷᠡᠭᠴᠡᠭᠡ ᠱᠠᠭᠠᠷᠳᠠᠯᠭ᠎ᠠ ᠵᠢ ᠪᠦᠷᠢᠨ ᠭᠦᠢᠴᠡᠳ ᠬᠠᠩᠭᠠᠵᠠᠢ᠃ ᠦᠳᠡᠰᠢᠯᠡᠬᠡ ᠳ᠋ᠤ ᠰᠣᠶᠣᠯ ᠵᠢᠭᠤᠯᠴᠢᠯᠠᠯ ᠤ᠋ᠨ ᠲᠣᠭᠯᠠᠯᠲᠠ ᠵᠢᠨ ᠰᠢᠨ᠎ᠡ ᠵᠠᠮ ᠢ᠋ ᠰᠦᠪᠡᠭᠴᠢᠯᠡᠬᠦ ᠵᠢᠨ ᠬᠠᠮᠲᠤ ᠠᠷᠠᠳ ᠲᠤ᠌ ᠠᠰᠢᠭ ᠬᠦᠷᠲᠡᠭᠡᠬᠦ ᠪᠢᠯᠧᠲ ᠭᠠᠷᠭᠠᠨ᠂ ᠬᠠᠮᠤᠭ ᠤ᠋ᠨ ᠬᠢᠮᠳᠠ ᠪᠢᠯᠧᠲ ᠨᠢ 9.9 ᠲᠥᠭᠥᠷᠢᠭ ᠪᠠᠢᠵᠤ᠂ ᠦᠪᠦᠷ ᠮᠤᠨᠭᠭᠤᠯ ᠤ᠋ᠨ ᠰᠤᠶᠤᠯ ᠤ᠋ᠨ ᠠᠵᠢᠯᠯᠠᠭ᠎ᠠ ᠵᠢᠨ ᠤᠯᠠᠷᠢᠯ ᠤ᠋ᠨ 《ᠤᠷᠠᠯᠢᠭ ᠤ᠋ᠨ ᠦᠪᠡᠳᠡᠭᠰᠢ ᠴᠤᠭᠯᠠᠭᠠᠨ᠂ ᠠᠷᠠᠳ ᠲᠦᠮᠡᠨ ᠤ᠋ ᠨᠢᠵᠢᠬᠢᠷ ᠪᠠᠶᠠᠷ》 ᠤ᠋ᠨ ᠵᠤᠷᠢᠯᠳᠠ ᠵᠢ ᠪᠤᠳᠠᠳᠠᠢ ᠳ᠋ᠤ ᠦᠢᠯᠡᠳᠦᠯᠭᠡᠵᠢᠬᠦᠯᠪᠠ᠃