ᠳᠡᠯᠭᠡᠷ ᠵᠤᠨ ᠤ᠋ ᠤᠯᠠᠷᠢᠯ ᠳ᠋ᠤ ᠲᠦᠩᠯᠢᠶᠣᠣ ᠬᠤᠳᠠ ᠶ᠋ᠢᠨ ᠺᠠᠢᠯᠤ ᠰᠢᠶᠠᠨ ᠤ᠋ ᠾᠧᠢ ᠯᠦᠩ ᠪᠠ ᠪᠠᠯᠭᠠᠰᠤ ᠵᠢᠨ ᠾᠧᠢ ᠯᠦᠩ ᠪᠠ ᠲᠣᠰᠬᠣᠨ ᠤ᠋ ᠬᠠᠪᠤᠷ ᠤ᠋ᠨ ᠬᠦᠯᠡᠮᠵᠢ ᠶ᠋ᠢᠨ ᠦᠵᠦᠮ ᠢᠳᠡᠭᠡᠰᠢᠨ ᠪᠤᠯᠪᠠᠰᠤᠷᠠᠵᠠᠢ᠃ ᠢᠭᠴᠤᠷᠠᠳᠠᠯᠠ ᠰᠠᠭᠤᠭᠰᠠᠨ ᠦᠩᠭᠡ ᠪᠦᠷᠢ ᠶ᠋ᠢᠨ ᠦᠵᠦᠮ ᠳ᠋ᠤ ᠳᠠᠳᠠᠭᠳᠠᠭᠰᠠᠨ ᠵᠢᠭᠤᠯᠴᠢᠯᠠᠬᠰᠠᠳ ᠰᠠᠭᠰᠤ ᠰᠢᠭᠦᠷᠦᠨ ᠬᠦᠯᠡᠮᠵᠢ ᠳ᠋ᠤ ᠤᠷᠤᠵᠤ ᠥᠪᠡᠰᠥᠪᠡᠨ ᠦᠵᠦᠮ ᠳᠡᠭᠥᠬᠥ ᠵᠢᠨ ᠬᠠᠪᠤ ᠴᠡᠩᠬᠡᠯ ᠢ᠋ ᠡᠳ᠋ᠯᠡᠵᠡᠭᠡᠨᠠ᠃

ᠥᠵᠥᠮ ᠵᠢᠨᠨ ᠳᠡᠭᠡᠭᠡᠪᠥᠷᠢᠯᠡᠨᠡ
ᠾᠧᠢ ᠯᠦᠩ ᠪᠠ ᠲᠤᠰᠬᠤᠨ ᠤᠷᠤᠨ ᠨᠤᠳᠤᠭ ᠤ᠋ᠨ ᠵᠢᠡᠨ ᠬᠥᠷᠥᠰᠥ ᠰᠢᠷᠣᠢ ᠪᠠ ᠠᠭᠤᠷ ᠠᠮᠢᠰᠬᠤᠯ ᠤ᠋ᠨ ᠳᠠᠪᠠᠭᠤᠯᠢᠭ᠋ ᠲᠠᠭᠠᠨ ᠰᠠᠭᠤᠷᠢᠯᠠᠵᠤ᠂ ᠲᠥᠬᠥᠭᠡᠷᠦᠮᠵᠢᠲᠦ ᠲᠠᠷᠢᠶᠠᠯᠠᠩ ᠢ᠋ ᠶᠡᠬᠡ ᠪᠡᠷ ᠬᠥᠭᠵᠢᠭᠦᠯᠥᠨ᠂ ᠪᠠᠷᠢᠮᠵᠢᠶᠠᠵᠢᠭ᠍ᠰᠠᠨ ᠦᠵᠦᠮ ᠲᠠᠷᠢᠬᠤ ᠵᠢᠱ᠌ᠢᠶ᠎ᠡ ᠦᠵᠡᠭᠦᠯᠬᠦ ᠰᠠᠭᠤᠷᠢᠨ ᠢ᠋ ᠪᠠᠢᠭᠤᠯᠤᠭᠰᠠᠨ ᠶᠤᠮ᠃ ᠣᠳᠣ ᠪᠦᠬᠦ ᠲᠣᠰᠬᠣᠨ ᠳ᠋ᠤ ᠨᠡᠢᠳᠡ 150 ᠮᠦ᠍ ᠵᠢᠨ ᠬᠠᠪᠤᠷ ᠤ᠋ᠨ ᠫᠧᠩ ᠪᠤᠯᠤᠨ 100 ᠮᠦ᠍ ᠵᠢᠨ ᠬᠠᠪᠤᠷ ᠤ᠋ᠨ ᠬᠥᠯᠡᠮᠵᠢ ᠲᠠᠢ ᠪᠤᠯᠵᠤ᠂ ᠦᠵᠦᠮ ᠲᠠᠷᠢᠬᠰᠠᠨ ᠲᠠᠯᠠᠪᠠᠢ ᠨᠢ 120 ᠮᠦ᠍ᠳᠦ ᠬᠦᠷᠴᠦ᠂ ᠵᠢᠯ ᠳ᠋ᠤ 30 ᠲᠦᠮᠡᠨ ᠵᠢᠩ ᠤ᠋ᠨ ᠤᠬᠢ ᠰᠠᠢᠨ ᠦᠵᠦᠮ ᠬᠤᠷᠢᠶᠠᠵᠤ᠂ 30 ᠭᠠᠷᠤᠢ ᠲᠠᠷᠢᠶᠠᠯᠠᠬᠤ ᠡᠷᠦᠬᠡ ᠶ᠋ᠢ ᠳᠠᠢᠴᠢᠯᠠᠨ ᠲᠤᠰᠬᠤᠨ ᠳ᠋ᠠᠭᠠᠨ ᠠᠵᠢᠯ ᠣᠯᠵᠤ ᠣᠷᠣᠯᠭᠠᠪᠠᠨ ᠨᠡᠮᠡᠭᠳᠡᠭᠦᠯᠬᠦ ᠶ᠋ᠢ ᠪᠡᠶᠡᠯᠡᠭᠦᠯᠵᠠᠢ᠃

ᠵᠢᠭᠤᠯᠴᠢᠯᠠᠬᠰᠠᠳ ᠥᠵᠤᠮ ᠳᠡᠭᠥᠵᠤ ᠪᠠᠢᠭ᠎ᠠ ᠨᠢ
ᠥᠢᠷ᠎ᠠ ᠵᠢᠨ ᠵᠢᠯ ᠳ᠋ᠤ ᠺᠠᠢᠯᠤ ᠰᠢᠶᠠᠨ ᠲᠥᠬᠥᠭᠡᠷᠦᠮᠵᠢᠲᠦ ᠲᠠᠷᠢᠶᠠᠯᠠᠩ ᠢ᠋ ᠠᠷᠠᠳ ᠢ᠋ ᠪᠠᠶᠠᠵᠢᠭᠤᠯᠬᠤ ᠤᠨᠴᠠᠯᠢᠭᠳᠤ ᠠᠵᠤ ᠦᠢᠯᠡᠰ ᠪᠤᠯᠭᠠᠨ ᠡᠷᠴᠢᠮᠳᠠᠢ ᠠᠳᠬᠤᠵᠤ᠂ ᠪᠥᠬᠥ ᠰᠢᠶᠠᠨ ᠤ᠋ ᠲᠥᠬᠥᠭᠡᠷᠦᠮᠵᠢᠲᠦ ᠲᠠᠷᠢᠶᠠᠯᠠᠩ ᠤ᠋ᠨ ᠲᠠᠯᠠᠪᠠᠢ 1.3 ᠲᠦᠮᠡᠨ ᠮᠦ᠍ ᠳ᠋ᠤ ᠬᠥᠷᠴᠦ᠂ ᠮᠦ᠍ ᠪᠦᠷᠢ ᠶ᠋ᠢᠨ ᠳᠤᠮᠳᠠᠴᠢ ᠠᠰᠢᠭ᠋ ᠣᠷᠣᠯᠭ᠎ᠠ ᠨᠢ 8000 — 10000 ᠲᠥᠭᠥᠷᠢᠭ ᠲᠦ᠍ ᠬᠦᠷᠴᠤ᠂ ᠬᠥᠳᠡᠭᠡ ᠲᠣᠰᠬᠣᠨ ᠢ᠋ ᠬᠥᠭᠵᠢᠭᠦᠯᠦᠨ ᠮᠠᠨᠳᠤᠭᠤᠯᠬᠤ ᠳ᠋ᠤ ᠴᠢᠬᠤᠯᠠ ᠬᠦᠳᠡᠯᠭᠡᠬᠦ ᠬᠦᠴᠦᠨ ᠨᠡᠮᠡᠷᠢᠯᠡᠪᠠ᠃