ᠤᠮᠠᠷᠠᠲᠤ ᠥᠷᠭᠡᠷᠢᠭ ᠤ᠋ᠨ 40 ᠭᠷᠡᠳᠦ᠋ᠰ ᠤ᠋ᠨ ᠰᠢᠵᠢᠷ ᠠᠯᠳᠠᠨ ᠲᠠᠷᠢᠮᠠᠯ ᠤ᠋ᠨ ᠪᠦᠰᠡ ᠳ᠋ᠤ ᠤᠷᠤᠰᠢᠬᠤ ᠬᠠᠩᠭᠢᠨ ᠬᠣᠰᠢᠭᠤᠨᠤ 6 ᠰᠠᠷ᠎ᠠ ᠵᠢᠨ ᠴᠢᠬᠢᠭᠤᠨ ᠦᠨᠦᠷ ᠲᠠᠢ ᠰᠠᠯᠬᠢᠨᠳᠤ ᠬᠦᠷᠦᠰᠦᠨᠤ ᠦᠨᠦᠷ ᠰᠡᠩᠬᠢᠨᠡᠵᠦ᠂ ᠲᠤᠯᠬᠢᠶᠠᠯᠠᠨ ᠤᠷᠤᠰᠬᠤ ᠬᠠᠳᠤᠨ ᠭᠤᠤᠯ᠂ ᠰᠢᠵᠢᠷᠳᠦᠨ ᠦᠷᠬᠦᠯᠵᠢᠯᠡᠬᠦ ᠬᠦᠪᠴᠢ ᠵᠢᠨ ᠡᠯᠡᠰᠦ ᠠᠮᠢ ᠠᠮᠢᠵᠢᠷᠠᠯᠤᠨ ᠤᠶᠠᠩᠭᠠᠨ ᠨᠤᠲᠢ ᠴᠢᠪᠠᠭᠳᠠᠨ᠂ ᠰᠢᠬᠢᠷ ᠡᠪᠡᠰᠦᠨᠤ 《ᠰᠢᠳᠢᠳᠦ ᠦᠯᠢᠭᠡᠷ》ᠢ ᠬᠦᠦᠷᠨᠢᠨ᠎ᠡ᠃
ᠵᠢᠷᠭᠠᠯᠠᠩᠲᠤ ᠪᠠᠯᠭᠠᠰᠤ ᠵᠢᠨ ᠵᠢᠶᠠᠨ ᠬᠦᠢ ᠲᠣᠰᠬᠣᠨ ᠳ᠋ᠤ ᠪᠠᠢᠷᠢᠯᠠᠭ᠎ᠠ ᠥᠪᠥᠷ ᠮᠣᠩᠭᠣᠯ ᠤ᠋ᠨ ᠪᠧᠢ ᠰᠠᠢ ᠺᠠᠩ ᠳᠠ ᠡᠮ ᠤ᠋ᠨ ᠦᠢᠯᠡᠰ ᠤ᠋ᠨ ᠬᠢᠵᠠᠭᠠᠷᠲᠤ ᠺᠣᠮᠫᠠᠨᠢ ᠵᠢᠨ ᠦᠢᠯᠡᠳᠪᠦᠷᠢ ᠵᠢᠨ ᠲᠣᠭᠣᠷᠢᠭ ᠤ᠋ᠨ ᠬᠦᠷᠢᠶᠡᠨ ᠲᠤᠲᠤᠷᠠᠰᠢᠬᠢᠷ ᠡᠪᠡᠰᠦ ᠪᠣᠯᠣᠨ ᠬᠤᠨᠴᠢᠷ ᠣᠪᠣᠭᠠᠷᠠᠵᠤ᠂ ᠠᠵᠢᠯᠴᠢᠳ ᠰᠢᠭᠰᠢᠨ ᠰᠤᠩᠭᠤᠵᠦ᠂ ᠤᠬᠢᠶᠠᠨ ᠬᠡᠷᠴᠢᠵᠦ᠂ ᠬᠠᠭᠰᠠᠭᠠᠬᠤ ᠦᠢᠯᠡᠳᠪᠦᠷᠢ ᠵᠢᠨ ᠲᠠᠰᠤᠭ ᠳᠣᠲᠣᠷᠠᠬᠢ ᠮᠠᠰᠢᠨ ᠬᠦᠷᠴᠢᠭᠢᠨᠡᠨ᠂ ᠬᠡᠰᠡᠭ ᠬᠡᠰᠡᠭ ᠵᠢᠡᠷ ᠬᠡᠷᠴᠢᠭᠰᠡᠨ ᠰᠢᠬᠢᠷ ᠡᠪᠡᠰᠦ ᠤᠭᠤᠲᠠᠨ ᠳ᠋ᠤ ᠰᠠᠪᠠᠯᠠᠭᠳᠠᠵᠤ᠂ ᠲᠦᠭᠦᠬᠡᠢ ᠮᠠᠲᠧᠷᠢᠶᠠᠯ ᠡᠴᠡ ᠠᠩᠬᠠᠨᠤ ᠦᠢᠯᠡᠳᠬᠦᠨ ᠪᠣᠯᠵᠤ ᠬᠤᠪᠢᠷᠠᠪᠠ᠃
《2025 ᠣᠨ ᠤ᠋ ᠡᠴᠦᠰᠲᠦ ᠪᠢᠳᠡ ᠡᠨᠳᠡ ᠦᠢᠯᠡᠳᠪᠦᠷᠢ ᠵᠢᠨ ᠪᠠᠢᠰᠢᠩ ᠲᠦᠷᠢᠶᠡᠰᠦᠯᠡᠨ ᠭᠣᠣᠯᠳᠠᠭᠤ ᠬᠢᠲᠠᠳ ᠡᠮ ᠤ᠋ᠨ ᠮᠠᠲᠧᠷᠢᠶᠠᠯ ᠢ᠋ ᠵᠠᠬᠢᠶᠠᠯᠠᠨ ᠡᠳ᠋ᠰᠢᠭᠦᠯᠬᠦ ᠠᠵᠢᠯ ᠬᠢᠵᠦ᠂ ᠡᠭᠦᠨ ᠳ᠋ᠤ ᠵᠢᠶᠠᠨ ᠬᠦᠶ ᠲᠣᠰᠬᠣᠨ ᠤ᠋ ᠰᠢᠬᠢᠷ ᠡᠪᠡᠰᠦ 50% ᠭᠠᠷᠤᠢ ᠵᠢ ᠡᠵᠡᠯᠡᠵᠦ ᠪᠠᠢᠨ᠎ᠠ》 ᠭᠡᠵᠦ ᠲᠤᠰ ᠺᠣᠮᠫᠠᠨᠢ ᠵᠢᠨ ᠬᠠᠷᠢᠭᠤᠴᠠᠯᠭᠠᠲᠠᠨ ᠯᠢᠦ ᠱᠢ ᠬᠠᠩ ᠲᠠᠨᠢᠯᠴᠠᠭᠤᠯᠪᠠ᠃
ᠠᠵᠤ ᠠᠬᠤᠢᠯᠠᠯ ᠨᠤᠲᠤᠭ᠍ᠰᠢᠨ ᠰᠠᠭᠤᠷᠢᠰᠢᠵᠤ᠂ ᠲᠣᠰᠬᠣᠨ ᠤ᠋ ᠠᠷᠠᠳ ᠣᠢᠷ᠎ᠠ ᠬᠠᠪᠢᠳᠠᠭᠠᠨ ᠠᠵᠢᠯ ᠬᠥᠳᠡᠯᠮᠦᠷᠢ ᠬᠢᠬᠦ ᠪᠤᠯᠪᠠ᠃ ᠠᠵᠤ ᠠᠬᠤᠢᠯᠠᠯ ᠪᠣᠯᠣᠨ ᠲᠣᠰᠬᠣᠨ ᠤ᠋ ᠬᠠᠮᠲᠤ ᠨᠡᠶ᠋ᠢᠲᠡᠵᠢᠨ ᠠᠵᠤ ᠠᠬᠤᠢ ᠬᠠᠮᠳᠤ ᠪᠠᠷ ᠬᠥᠭᠵᠢᠵᠦ ᠬᠠᠮᠲᠤᠷᠠᠯᠴᠠᠵᠤ ᠬᠠᠮᠲᠤ ᠪᠡᠷ ᠠᠰᠢᠭ᠋ ᠬᠦᠷᠲᠡᠨ᠂ ᠵᠢᠯ ᠪᠦᠷᠢ ᠲᠣᠰᠬᠣᠨ ᠤ᠋ ᠬᠠᠮᠲᠤ ᠨᠡᠢᠲᠡ ᠳ᠋ᠤ 6 ᠲᠦᠮᠡᠨ ᠲᠥᠭᠥᠷᠢᠭ ᠤ᠋ᠨ ᠦᠢᠯᠡᠳᠪᠦᠷᠢ ᠵᠢᠨ ᠪᠠᠢᠰᠢᠩ ᠤ᠋ᠨ ᠲᠦᠷᠢᠶᠡᠰᠦᠨ ᠮᠥᠩᠭᠥ ᠲᠤᠰᠢᠶᠠᠵᠤ᠂ ᠤᠳᠤ ᠲᠣᠰᠬᠣᠨ ᠤ᠋ ᠠᠷᠠᠳ ᠤ᠋ᠨ ᠲᠠᠷᠢᠵᠤ ᠮᠠᠯᠲᠠᠭᠰᠠᠨ 400 ᠭᠠᠷᠤᠢ ᠲᠣᠨ ᠰᠢᠨ᠎ᠡ ᠰᠣᠷᠭᠣᠭ ᠰᠢᠬᠢᠷ ᠡᠪᠡᠰᠦ ᠶ᠋ᠢ ᠬᠤᠳᠠᠯᠳᠤᠨ ᠠᠪᠬᠤ ᠵᠢᠨ ᠬᠠᠮᠲᠤ ᠶᠡᠬᠡ ᠬᠡᠮᠵᠢᠶᠡᠨ ᠤ᠋ ᠲᠣᠰᠬᠣᠨ ᠤ᠋ ᠠᠷᠠᠳᠢ ᠡᠳ᠋ᠰᠢᠭᠦᠯᠦᠨ ᠦᠢᠯᠡᠳᠪᠦᠷᠢᠯᠡᠬᠦ ᠵᠡᠷᠭᠡ ᠠᠵᠢᠯ ᠳ᠋ᠤ ᠣᠷᠣᠯᠴᠠᠭᠤᠯᠵᠤ ᠪᠠᠢᠨ᠎ᠠ᠃
ᠬᠦᠬᠡ ᠮᠤᠳᠤ ᠪᠠᠯᠭᠠᠰᠤᠨ ᠤ᠋ ᠵᠢᠨ ᠱᠦᠢ ᠸᠠᠨ ᠤ᠋ ᠦᠷᠡᠯ ᠰᠢᠬᠢᠷ ᠡᠪᠡᠰᠦ ᠶ᠋ᠢ ᠪᠠᠷᠢᠮᠵᠢᠶᠠᠵᠢᠭᠤᠯᠤᠨ ᠲᠠᠷᠢᠬᠤ ᠰᠠᠭᠤᠷᠢᠨ ᠤ᠋ ᠲᠤᠷᠰᠢᠯᠲᠠ ᠵᠢᠨ ᠲᠠᠷᠢᠶᠠᠨ ᠳ᠋ᠤ ᠥᠪᠥᠷ ᠮᠣᠩᠭᠣᠯ ᠤ᠋ᠨ ᠰᠢ ᠼᠤᠤ ᠠᠮᠢᠳᠤ ᠪᠣᠳᠠᠰ ᠤ᠋ᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤ᠋ᠨ ᠬᠢᠵᠠᠭᠠᠷᠲᠤ ᠺᠣᠮᠫᠠᠨᠢ ᠵᠢᠨ ᠲᠤᠬᠠᠢ ᠵᠢᠨ ᠲᠠᠯᠠᠪᠠᠢ ᠵᠢᠨ ᠬᠠᠷᠢᠭᠤᠴᠠᠯᠭᠠᠲᠠᠨ ᠶᠠᠩ ᠰᠢᠦᠢ ᠫᠢᠩ ᠭᠠᠷ ᠤᠲᠠᠰᠤ ᠪᠡᠷ ᠰᠢᠬᠢᠷ ᠡᠪᠡᠰᠦ ᠲᠠᠷᠢᠬᠤ ᠮᠦᠷᠳᠡᠬᠦ ᠰᠢᠰᠲᠧᠮᠢ ᠠᠵᠢᠯᠯᠠᠭᠤᠯᠵᠤ ᠪᠠᠢᠯ᠎ᠠ᠃ 《ᠡᠨᠡ ᠬᠦ᠌ ᠰᠢᠰᠲᠧᠮ ᠨᠢ ᠪᠥᠬᠥ ᠵᠢᠯ ᠳ᠋ᠤ ᠲᠤᠷᠰᠢᠯᠲᠠ ᠵᠢᠨ ᠲᠠᠷᠢᠶᠠᠨ ᠤ᠋ ᠬᠥᠷᠥᠰᠥ ᠰᠢᠷᠣᠢ ᠵᠢᠨ PH ᠬᠡᠮᠵᠢᠭᠳᠡᠯ᠂ ᠴᠢᠭᠢᠭ ᠤ᠋ᠨ ᠬᠡᠮᠵᠢᠶ᠎ᠡ᠂ ᠳᠤᠯᠠᠭᠠᠨ ᠤ᠋ ᠬᠡᠮᠵᠢᠶ᠎ᠡ᠂ ᠴᠠᠭ ᠠᠭᠤᠷ ᠵᠡᠷᠭᠡ ᠲᠣᠭ᠎ᠠ ᠪᠠᠷᠢᠮᠲᠠ ᠶ᠋ᠢ ᠴᠠᠭ ᠲᠤᠬᠠᠢ ᠳ᠋ᠤᠨᠢ ᠲᠡᠮᠳᠡᠭᠯᠡᠵᠦ᠂ ᠪᠢᠳᠡᠨ ᠤ᠋ ᠬᠠᠩᠭᠢᠨ ᠬᠣᠰᠢᠭᠤᠨ ᠤ᠋ ᠰᠢᠬᠢᠷ ᠡᠪᠡᠰᠦ ᠶ᠋ᠢ ᠵᠢᠷᠤᠮᠵᠢᠭᠤᠯᠬᠤ ᠮᠡᠷᠭᠡᠵᠢᠯ ᠤ᠋ᠨ ᠪᠠᠷᠢᠮᠵᠢᠶ᠎ᠠ ᠬᠢᠭᠡᠳ ᠳᠠᠷᠢᠬᠤ ᠳᠦᠷᠢᠮ ᠲᠣᠭᠲᠠᠭᠠᠬᠤ ᠳ᠋ᠤ ᠨᠠᠢᠳᠠᠪᠤᠷᠢᠲᠠᠢ ᠦᠨᠳᠦᠰᠦᠯᠡᠯ ᠬᠠᠩᠭᠠᠵᠤ ᠪᠤᠢ》 ᠬᠡᠵᠦ ᠶᠠᠩ ᠰᠢᠦᠢ ᠫᠢᠩ ᠬᠡᠯᠡᠬᠦ ᠵᠢᠨ ᠳᠠᠭᠠᠤ ᠭᠠᠷ ᠤᠲᠠᠰᠤᠨ ᠤ᠋ ᠳᠡᠯᠭᠡᠴᠡ ᠶ᠋ᠢ ᠲᠤᠪᠴᠢᠳᠠᠮᠠᠭᠴᠠ᠂ ᠬᠥᠷᠥᠰᠥ ᠰᠢᠷᠣᠢ ᠶ᠋ᠢ ᠬᠢᠨᠠᠨ ᠬᠡᠮᠵᠢᠬᠦ 3 ᠥᠷᠲᠡᠭᠡ᠂ ᠴᠠᠭ ᠠᠭᠤᠷ ᠤ᠋ᠨ 1 ᠥᠷᠲᠡᠭᠡ ᠲᠡᠷᠡ ᠳᠠᠷᠤᠢ ᠠᠵᠢᠯᠯᠠᠵᠤ ᠡᠬᠢᠯᠡᠪᠡ᠃
ᠡᠭᠦᠨ ᠤ᠋ ᠬᠠᠮᠲᠤ ᠵᠢᠩᠬᠢᠨᠢ ᠡᠮ ᠤ᠋ᠨ ᠮᠠᠲᠧᠷᠢᠶᠠᠯ ᠤ᠋ᠨ ᠠᠵᠤ ᠦᠢᠯᠡᠰ ᠤ᠋ᠨ ᠰᠤᠳᠤᠯᠭᠠᠨ ᠤ᠋ ᠳ᠋ᠣᠺᠲ᠋ᠣᠷ ᠤ᠋ᠨ ᠠᠵᠢᠯ ᠤ᠋ᠨ ᠥᠷᠲᠡᠭᠡ ᠴᠦ᠍ ᠡᠨᠳᠡ ᠪᠠᠢᠭᠤᠯᠤᠭᠳᠠᠵᠤ᠂ ᠪᠡᠭᠡᠵᠢᠩ᠂ ᠱᠠᠩᠬᠠᠢ᠂ ᠭᠠᠨᠰᠤ ᠵᠡᠷᠭᠡ ᠭᠠᠵᠠᠷ ᠡᠴᠡ ᠬᠦᠷᠦᠯᠴᠡᠨ ᠢᠷᠡᠭᠰᠡᠨ 6 ᠳ᠋ᠣᠺᠲ᠋ᠣᠷ ᠲᠤᠰᠬᠠᠢ ᠮᠡᠷᠭᠡᠵᠢᠯᠲᠡᠨ ᠲᠤᠷᠰᠢᠯᠲᠠ ᠵᠢᠨ ᠲᠠᠷᠢᠶᠠᠨᠳᠠᠬᠢ ᠰᠢᠬᠢᠷ ᠡᠪᠡᠰᠦᠨ ᠳ᠋ᠤ ᠲᠣᠭᠲᠠᠮᠠᠯ ᠬᠤᠭᠤᠴᠠᠭ᠎ᠠ ᠲᠠᠢ 《ᠬᠠᠨᠳᠤᠯᠭᠠᠲᠤ ᠴᠢᠨᠠᠷᠲᠠᠢ ᠪᠡᠷ ᠡᠮᠴᠢᠯᠡᠭᠡ ᠬᠢᠬᠦ》 ᠵᠢᠨ ᠬᠠᠮᠲᠤ ᠲᠤᠰᠬᠠᠢ ᠮᠡᠷᠭᠡᠵᠢᠯ ᠤ᠋ᠨ ᠴᠢᠳᠠᠪᠤᠷᠢᠲᠠᠨ ᠤ᠋ ᠦᠰᠦᠨ ᠪᠣᠶ᠋ᠢᠵᠢᠯᠲᠠ ᠶ᠋ᠢ ᠳᠠᠶ᠋ᠢᠴᠢᠯᠠᠪᠠ᠃ 《ᠬᠠᠭᠤᠷᠠᠢ ᠭᠠᠵᠠᠷᠢ ᠨᠦᠬᠡᠯᠡᠵᠦ ᠰᠦᠯᠢᠶᠤᠤ ᠪᠦᠷᠬᠦᠪᠴᠢ ᠲᠡᠪᠢᠰᠦᠨ ᠴᠢᠬᠢᠭ ᠪᠠᠷᠢᠭᠤᠯᠵᠦ ᠲᠠᠷᠢᠬᠤ ᠮᠡᠷᠭᠡᠵᠢᠯ ᠪᠣᠯ ᠮᠡᠷᠭᠡᠵᠢᠯ ᠤ᠋ᠨ ᠪᠦᠯᠬᠦᠮ ᠤ᠋ᠨ ᠵᠠᠩ ᠱᠧᠩ ᠵᠢᠶᠦ᠋ᠨ ᠪᠠᠭ᠍ᠰᠢ ᠵᠢᠨ ᠰᠤᠳᠤᠯᠤᠨ ᠦᠢᠯᠡᠳᠦᠭᠰᠡᠨ ᠰᠢᠨ᠎ᠡ ᠡᠭᠦᠳᠦᠯᠲᠡ ᠵᠢᠨ ᠦᠷ᠎ᠡ ᠪᠦᠲᠦᠭᠡᠯ ᠮᠥᠨ᠃ ᠰᠢᠬᠢᠷ ᠡᠪᠡᠰᠦ ᠵᠢᠨ ᠴᠢᠬᠢᠯᠡᠬᠦ ᠨᠤᠷᠮ᠎ᠠ ᠶ᠋ᠢ 85% ᠡᠴᠡ ᠳᠡᠭᠡᠭᠰᠢ ᠳ᠋ᠤ ᠬᠦᠷᠭᠡᠵᠦ᠂ ᠮᠦ᠍ ᠪᠦᠷᠢ ᠵᠢᠨ ᠤᠨᠠᠯᠲᠠ ᠵᠢ 1.3 ᠲᠣᠨ ᠡᠴᠡ ᠳᠡᠭᠡᠭᠰᠢ ᠬᠦᠷᠭᠡᠬᠦ ᠪᠡᠷ ᠵᠢᠱ᠌ᠢᠵᠦ ᠪᠤᠢ》 ᠭᠡᠵᠤ ᠶᠠᠩ ᠰᠢᠦᠢ ᠫᠢᠩ ᠬᠡᠯᠡᠨ᠎ᠡ᠃
ᠯᠢᠦᠢ ᠠᠢ ᠶᠶ᠋ᠨ ᠪᠣᠯ ᠵᠢᠷᠭᠠᠯᠠᠩᠲᠤ ᠪᠠᠯᠭᠠᠰᠤ ᠵᠢᠨ ᠵᠢᠶᠠᠨ ᠬᠦᠢ ᠲᠣᠰᠬᠣᠨ ᠤ᠋ ᠠᠷᠠᠳ ᠪᠣᠯᠣᠨ᠎ᠠ᠃ ᠲᠡᠷᠡ ᠨᠢᠭᠡ ᠲᠠᠯ᠎ᠠ ᠪᠡᠷ ᠪᠸᠢ ᠰᠠᠢ ᠺᠠᠩ ᠳᠠ ᠡᠮ ᠤ᠋ᠨ ᠦᠢᠯᠡᠰ ᠤ᠋ᠨ ᠬᠢᠵᠠᠭᠠᠷᠲᠤ ᠺᠣᠮᠫᠠᠨᠢ ᠳ᠋ᠤ ᠠᠵᠢᠯᠯᠠᠵᠤ᠂ ᠴᠢᠯᠦᠭᠡ ᠵᠠᠪᠢᠶᠠᠷᠢᠶᠠᠨ ᠥᠪᠡᠷ ᠤ᠋ᠨ ᠳᠠᠷᠢᠭ᠍ᠰᠠᠨ 50 ᠮᠦ᠍ ᠰᠢᠬᠢᠷ ᠡᠪᠡᠰᠦᠨ ᠤ᠋ ᠲᠠᠷᠢᠶ᠎ᠠ ᠪᠡᠨ ᠠᠷᠠᠴᠢᠯᠠᠨ᠎ᠠ᠃ 《ᠪᠢ ᠭᠡᠷ ᠤ᠋ᠨ ᠡᠭᠦᠳᠡᠨᠳᠡᠭᠡᠨ ᠬᠥᠯᠥᠰᠦᠨ ᠠᠵᠢᠯ ᠬᠢᠵᠦ᠂ ᠡᠳᠦᠷ ᠪᠦᠷᠢ 160 ᠲᠥᠭᠥᠷᠢᠭ ᠣᠯᠣᠨ᠎ᠠ᠂ ᠰᠢᠬᠢᠷ ᠡᠪᠡᠰᠦ ᠮᠠᠨ ᠤ᠋ ᠠᠮᠢᠳᠤᠷᠠᠯ ᠢ᠋ ᠮᠠᠰᠢ ᠵᠣᠯ ᠵᠢᠷᠭᠠᠯᠲᠠᠢ ᠪᠤᠯᠭᠠᠵᠤ ᠪᠠᠢᠨ᠎ᠠ》 ᠭᠡᠵᠤ ᠲᠡᠷᠡ ᠰᠡᠳᠭᠢᠯ ᠬᠠᠨᠤᠮᠵᠢᠲᠠᠢ ᠬᠡᠯᠡᠨ᠎ᠡ᠃
ᠯᠢᠦᠢ ᠠᠢ ᠶᠶ᠋ᠨ ᠤ᠋ ᠣᠷᠣᠯᠭ᠎ᠠ ᠨᠡᠮᠡᠭᠳᠡᠭᠰᠡᠨ ᠲᠠᠩᠰᠠ ᠪᠣᠯ ᠵᠢᠶᠠᠨ ᠬᠦᠶ ᠲᠣᠰᠬᠣᠨ ᠤ᠋ ᠬᠠᠮᠲᠤ ᠪᠡᠷ ᠪᠠᠶᠠᠵᠢᠭ᠍ᠰᠠᠨ ᠲᠠᠩᠰᠠ ᠳᠣᠲᠣᠷᠠᠬᠢ ᠠᠮᠢᠳᠤᠯᠢᠭ᠋ ᠵᠢᠱ᠌ᠢᠶ᠎ᠡ ᠪᠣᠯᠣᠨ᠎ᠠ᠃ 2025 ᠣᠨ ᠤ᠋ ᠡᠴᠦᠰᠲᠦ ᠪᠥᠬᠥ ᠲᠣᠰᠬᠣᠨ ᠤ᠋ ᠰᠢᠬᠢᠷ ᠡᠪᠡᠰᠤᠨ ᠤ᠋ ᠲᠠᠷᠢᠮᠠᠯ ᠤ᠋ᠨ ᠲᠠᠯᠠᠪᠠᠶ 2 ᠲᠦᠮᠡ ᠭᠠᠷᠤᠢ ᠮᠦ᠍ ᠳ᠋ᠤ ᠬᠦᠷᠴᠦ᠂ ᠡᠭᠦᠨ ᠳ᠋ᠤ ᠮᠠᠯᠲᠠᠵᠤ ᠪᠣᠯᠬᠤ ᠰᠢᠬᠢᠷ ᠡᠪᠡᠰᠤᠨ ᠤ᠋ ᠶᠡᠷᠦᠩᠬᠡᠢ ᠭᠠᠷᠤᠯᠲᠠ 4000 ᠲᠣᠨ ᠪᠠᠢᠵᠤ᠂ ᠺᠢᠯᠣᠭ᠌ᠷᠠᠮ ᠪᠦᠷᠢᠶ᠋ᠢ 5 ᠲᠥᠭᠥᠷᠢᠭ ᠵᠢᠡᠷ ᠬᠤᠳᠠᠯᠳᠤᠨ ᠠᠪᠬᠤᠪᠡᠷ ᠪᠤᠳᠤᠪᠠᠯ᠂ ᠲᠠᠷᠢᠮᠠᠯ ᠤ᠋ᠨ ᠡᠷᠦᠬᠡ ᠳ᠋ᠤ 2000 ᠲᠦᠮᠡᠨ ᠲᠥᠭᠥᠷᠢᠭ ᠤ᠋ᠨ ᠣᠷᠣᠯᠭ᠎ᠠ ᠡᠭᠦᠳᠬᠦ ᠪᠣᠯᠣᠨ᠎ᠠ᠃
ᠣᠳᠣᠬᠠᠨ ᠪᠣᠯᠲᠠᠯ᠎ᠠ ᠬᠠᠩᠭᠢᠨ ᠬᠣᠰᠢᠭᠤᠨ ᠤ᠋ ᠰᠢᠬᠢᠷ ᠡᠪᠡᠰᠦᠨ ᠤ᠋ ᠲᠠᠷᠢᠮᠠᠯ ᠤ᠋ᠨ ᠬᠦᠷᠢᠶ᠎ᠡ ᠬᠡᠪᠴᠢᠶ᠎ᠡ 42.5 ᠲᠦᠮᠡᠨ ᠮᠦ᠍ ᠳ᠋ᠤ ᠬᠦᠷᠴᠦ᠂ ᠡᠭᠦᠨ ᠳ᠋ᠤ ᠬᠡᠭᠡᠷ᠎ᠡ ᠵᠢᠨ ᠰᠢᠬᠢᠷ ᠡᠪᠡᠰᠦ ᠪᠠᠷᠤᠭ 33 ᠲᠦᠮᠡᠨ ᠮᠦ᠍ ᠪᠠᠢᠵᠤ᠂ ᠪᠥᠬᠥ ᠵᠢᠯ ᠤ᠋ᠨ ᠰᠢᠬᠢᠷ ᠡᠪᠡᠰᠦᠨ ᠤ᠋ ᠭᠠᠷᠤᠯᠲᠠ ᠶ᠋ᠢ 9.5 ᠲᠦᠮᠡᠨ ᠲᠣᠨ ᠣᠷᠴᠢᠮ ᠳ᠋ᠤ ᠲᠣᠭᠲᠠᠪᠤᠷᠢᠵᠢᠭᠤᠯᠤᠨ᠂ ᠮᠠᠯᠴᠢᠨ ᠲᠠᠷᠢᠶᠠᠴᠢᠨ ᠤ᠋ ᠣᠷᠣᠯᠭ᠎ᠠ ᠶ᠋ᠢ ᠨᠡᠮᠡᠭᠳᠡᠭᠦᠯᠬᠦ ᠶ᠋ᠢ ᠳᠠᠢᠴᠢᠯᠠᠬᠤ᠂ ᠬᠠᠮᠲᠤ ᠪᠡᠷ ᠪᠠᠶᠠᠵᠢᠬᠤ ᠶ᠋ᠢ ᠪᠡᠶᠡᠯᠡᠭᠦᠯᠬᠦ 《ᠰᠢᠵᠢᠷ ᠠᠯᠲᠠᠨ ᠡᠪᠡᠰᠦ》 ᠪᠣᠯᠵᠠᠢ᠃
ᠰᠤᠷᠪᠤᠯᠵᠢᠯᠠᠭ᠍ᠴᠢ ᠵᠢᠨ ᠡᠪᠦᠷ ᠲᠡᠮᠳᠡᠭᠯᠡᠯ᠄
ᠬᠤᠵᠢᠷᠯᠢᠭ᠋ ᠭᠠᠵᠠᠷ ᠪᠠ ᠡᠯᠡᠰᠦᠷᠬᠡᠭ ᠣᠷᠣᠨ ᠳ᠋ᠤ ᠲᠠᠷᠢᠮᠠᠯ ᠲᠠᠷᠢᠵᠦ ᠳᠡᠢᠯᠬᠦ ᠦᠭᠡᠢ ᠭᠡᠵᠦ ᠬᠡᠨ ᠬᠡᠯᠡᠪᠡ? ᠬᠠᠩᠭᠢᠨ ᠤ᠋ ᠰᠢᠬᠢᠷ ᠡᠪᠡᠰᠦ ᠪᠣᠯ ᠬᠠᠮᠤᠭ ᠤ᠋ᠨ ᠰᠠᠢᠨ ᠵᠢᠱ᠌ᠢᠶ᠎ᠡ ᠪᠤᠯᠤᠨ᠎ᠠ᠃ ᠲᠤᠬᠠᠢ ᠵᠢᠨ ᠭᠠᠵᠠᠷ ᠤ᠋ᠨ ᠬᠢᠨ ᠭᠠᠵᠠᠷ ᠣᠷᠣᠨ ᠤ᠋ ᠪᠠᠢᠳᠠᠯᠳᠠᠭᠠᠨ ᠲᠣᠬᠢᠷᠠᠭᠤᠯᠤᠨ ᠲᠥᠷᠥᠯ ᠲᠡᠮᠳᠡᠭ ᠤ᠋ᠨ ᠠᠵᠤ ᠦᠢᠯᠡᠰᠢ ᠬᠥᠭᠵᠢᠭᠦᠯᠦᠨ ᠪᠤᠵᠠᠭᠠᠢᠷᠠᠭᠤᠯᠵᠤ᠂ ᠰᠢᠬᠢᠷ ᠡᠪᠡᠰᠦᠨ ᠤ᠋ ᠠᠵᠤ ᠦᠢᠯᠡᠰ ᠤ᠋ᠨ ᠠᠭᠤᠯᠤᠭᠳᠠᠬᠤᠨᠢ ᠲᠠᠰᠤᠷᠠᠯᠲᠠ ᠦᠭᠡᠢ ᠪᠠᠶᠠᠯᠢᠭ᠍ᠵᠢᠭᠤᠯᠵᠤ ᠪᠤᠢ᠃ ᠡᠨᠡ ᠪᠣᠯ ᠳᠠᠷᠤᠢ ᠡᠯᠡᠰᠦᠨ ᠴᠦᠯ ᠤ᠋ᠨ ᠬᠠᠯᠬᠠᠯᠠᠵᠤ ᠦᠯᠦ ᠴᠢᠳᠠᠬᠤ ᠰᠢᠷᠬᠡᠭ ᠡᠪᠡᠰᠦᠨᠤ ᠠᠮᠢᠵᠢᠷᠠᠯ ᠤ᠋ᠨ ᠬᠦᠴᠦᠨ; ᠨᠡᠩ ᠴᠤ᠌ ᠠᠵᠤ ᠦᠢᠯᠡᠰ ᠤ᠋ᠨ ᠬᠡᠯᠬᠢᠶ᠎ᠡ᠂ ᠡᠯᠡᠰᠦ ᠶ᠋ᠢ ᠵᠠᠰᠠᠬᠤ ᠪᠠ ᠪᠠᠶᠠᠵᠢᠨ ᠴᠢᠨᠡᠭᠡᠯᠢᠭᠵᠢᠬᠦ ᠬᠠᠮᠲᠤ ᠪᠡᠷ ᠠᠰᠢᠭ᠋ ᠬᠦᠷᠲᠡᠭᠰᠡᠨ ᠠᠮᠢᠳᠤ ᠵᠢᠱ᠌ᠢᠶ᠎ᠡ ᠪᠣᠯᠣᠨ᠎ᠠ᠃
ᠣᠯᠠᠨ ᠵᠢᠯ ᠤ᠋ᠨ ᠲᠤᠷᠰᠢ ᠡᠯᠡᠰᠦ ᠤᠷᠤᠭᠰᠢᠯᠠᠵᠤ ᠬᠥᠮᠥᠨ ᠤᠬᠤᠷᠢᠵᠤ ᠪᠠᠢᠭᠰᠠᠨ ᠡᠴᠡ ᠪᠡᠨ ᠬᠥᠮᠥᠨ ᠡᠯᠡᠰᠦ ᠳᠠᠢᠯᠠᠯᠳᠤᠵᠤ ᠳᠠᠬᠢᠨ ᠬᠥᠮᠥᠨ ᠡᠯᠡᠰᠦ ᠡᠶ᠎ᠡ ᠵᠣᠬᠢᠴᠠᠩᠭᠤᠢ ᠬᠠᠮᠲᠤ ᠤᠷᠤᠰᠢᠬᠤ ᠬᠦᠷᠲᠡᠯ᠎ᠡ᠂ ᠬᠠᠩᠭᠢᠨ ᠬᠣᠰᠢᠭᠤᠨ ᠤ᠋ ᠦᠨᠳᠦᠰᠦᠲᠡᠨᠨᠦᠭᠦᠳ ᠤ᠋ᠨ ᠣᠯᠠᠨ ᠲᠦᠮᠡᠨᠤ ᠡᠯᠡᠰᠦᠨᠳᠤ ᠡᠷᠳᠡᠨᠢ ᠤᠷᠭᠤᠭᠤᠯᠤᠭᠰᠠᠨ ᠴᠤᠴᠠᠰᠢ ᠦᠭᠡᠢ ᠴᠢᠷᠮᠠᠢᠯᠭ᠎ᠠ ᠪᠤᠯ ᠲᠠᠷᠤᠢ ᠰᠢᠬᠢᠷ ᠡᠪᠡᠰᠦᠨ ᠤ᠋ ᠠᠵᠤ ᠦᠢᠯᠡᠰᠢ ᠬᠥᠭᠵᠢᠭᠦᠯᠬᠦ ᠡᠨᠡ ᠬᠦ᠌ ᠡᠯᠡᠰᠦ ᠶ᠋ᠢ ᠵᠠᠰᠠᠬᠤ ᠵᠣᠷᠢᠭ᠋ ᠰᠠᠨᠠᠭᠠᠨ ᠤ᠋ ᠭᠦᠨ ᠴᠥᠮ᠎ᠡ ᠮᠥᠨ᠂ ᠨᠠᠩ ᠴᠤ᠌ 《ᠨᠤᠮᠢᠨ ᠤᠰᠤ ᠬᠦᠬᠡᠮᠳᠦᠭ ᠠᠭᠤᠯᠠ ᠪᠤᠯ ᠠᠯᠲᠠᠨ ᠠᠭᠤᠯᠠ ᠮᠦᠩᠭᠦᠨ ᠬᠠᠢᠷᠬᠠᠨ ᠮᠦᠨ》 ᠭᠡᠬᠦ ᠣᠢᠯᠠᠭᠠᠭᠳᠠᠬᠤᠨ ᠤ᠋ ᠬᠠᠮᠤᠭ ᠤ᠋ᠨ ᠠᠮᠢᠳᠤᠯᠢᠭ᠋ ᠲᠠᠢᠯᠪᠤᠷᠢ ᠮᠥᠨ᠃