ᠺᠣᠳ᠋ ᠰᠢᠷᠪᠢᠨ ᠰᠠᠨᠠᠭ᠎ᠠ ᠠᠮᠤᠷ ᠴᠠᠬᠢᠯᠭᠠᠨ ᠬᠡᠷᠡᠭᠯᠡᠬᠦ ᠪᠤᠯᠤᠯ᠎ᠠ!
2026-07-13 10:57:52
ᠵᠣᠬᠢᠶᠠᠭ᠍ᠴᠢ᠄
ᠵᠢᠶᠠ ᠰᠢᠤᠸᠠᠢ
ᠣᠩᠱᠢᠭ᠍ᠰᠠᠨ ᠣᠳᠠᠭ᠎ᠠ᠄
★★★☆☆

7 ᠰᠠᠷ᠎ᠠ᠎ᠶᠢᠨ 1 ᠎ᠤ᠋ ᠦᠳᠡ᠎ᠶᠢᠨ ᠬᠣᠢᠨᠠᠬᠢ 3 ᠴᠠᠭ᠎ᠲᠤ ᠲᠦᠩᠯᠢᠶᠣᠣ᠎ᠶᠢᠨ ᠠᠵᠤ ᠠᠬᠤᠢ ᠮᠡᠷᠭᠡᠵᠢᠯ᠎ᠦᠨ ᠨᠡᠭᠡᠭᠡᠯᠳᠡ᠎ᠶᠢᠨ ᠲᠣᠭᠣᠷᠢᠭ᠋᠎ᠤᠨ ᠵᠢᠶᠠ ᠵᠢᠶᠠ ᠴᠡᠴᠡᠷᠯᠢᠭ᠎ᠦᠨ ᠰᠥᠨᠢ᠎ᠶᠢᠨ ᠵᠠᠬ᠎ᠠ᠎ᠳᠡᠭᠡᠷ᠎ᠡ ᠳᠡᠯᠭᠡᠭᠦᠷ᠎ᠦᠨ ᠡᠵᠡᠨ ᠦ᠋ ᠰᠦᠢ ᠵᠠᠨ ᠥᠩᠭᠡᠷᠡᠭᠰᠡᠨ᠎ᠲᠠᠢ᠎ᠪᠡᠨ ᠠᠳᠠᠯᠢ᠎ᠪᠠᠷ ᠲᠣᠭᠲᠠᠭᠰᠠᠨ ᠴᠠᠭ᠎ᠲᠠᠭᠠᠨ ᠳᠡᠯᠭᠡᠭᠦᠷ᠎ᠳᠡᠬᠡᠨ ᠬᠦᠷᠴᠦ ᠢᠷᠡᠪᠡ᠃ ᠠᠵᠢᠯ᠎ᠤᠨ ᠬᠤᠪᠴᠠᠰᠤ ᠡᠮᠦᠰᠦᠭᠰᠡᠨ ᠬᠡᠳᠦᠨ ᠠᠵᠢᠯᠲᠠᠨ ᠬᠦᠷᠴᠦ ᠢᠷᠡᠬᠦ ᠵᠢ ᠦᠵᠡᠮᠡᠭᠴᠡ ᠳᠡᠷᠡ ᠭᠠᠷ᠎ᠲᠠᠬᠢ ᠠᠵᠢᠯ᠎ᠢᠶᠠᠨ ᠲᠠᠯᠪᠢᠭᠠᠳ᠄ 《ᠪᠠᠢᠴᠠᠭᠠᠵᠤ ᠦᠵᠡᠬᠦ ᠪᠡᠷ ᠢᠷᠡᠪᠡᠦ!》 ᠭᠡᠵᠦ ᠲᠡᠳᠡᠨ᠎ᠲᠠᠢ ᠮᠡᠨᠳᠦᠴᠢᠯᠡᠯ᠎ᠠ᠃

《ᠡᠨᠡ ᠬᠤᠭᠤᠷᠤᠨᠳᠤ ᠬᠠᠮᠲᠤ᠎ᠪᠠᠷ ᠡᠳ᠋ᠯᠡᠬᠦ ᠴᠠᠬᠢᠯᠭᠠᠨ ᠡᠭᠦᠰᠬᠡᠭᠴᠢ ᠶ᠋ᠢ ᠬᠡᠷᠡᠭᠯᠡᠬᠡᠳ ᠶᠠᠮᠠᠷ ᠵᠡᠷᠭᠡ ᠪᠤᠶ? ᠰᠠᠨᠠᠯ ᠰᠠᠨᠠᠭᠤᠯᠭ᠎ᠠ ᠪᠠᠢᠨ᠎ᠠ ᠦᠦ ?》ᠴᠠᠬᠢᠯᠭᠠᠨ᠎ᠤ ᠠᠵᠢᠯᠲᠠᠨ ᠶᠠᠩ ᠲᠤᠤ ᠴᠠᠬᠢᠯᠭᠠᠨ ᠡᠭᠦᠰᠬᠡᠭᠴᠢ᠎ᠶᠢᠨ ᠪᠠᠢᠳᠠᠯ᠎ᠢ ᠪᠠᠢᠴᠠᠭᠠᠨ ᠦᠵᠡᠬᠦ᠎ᠶᠢᠨ ᠳᠠᠭᠠᠤ 《ᠠᠰᠠᠭᠤᠯᠲᠠ᠎ᠶᠢᠨ ᠬᠠᠭᠤᠳᠠᠰᠤ᠎ᠶᠢᠨ ᠪᠠᠢᠴᠠᠭᠠᠯᠲᠠ》 ᠬᠢᠵᠦ ᠭᠠᠷᠤᠯ᠎ᠠ᠃

ᠺᠣᠳ᠋ ᠰᠢᠷᠪᠢᠬᠡᠳ ᠵᠣᠭᠣᠰ ᠨᠡᠮᠡᠬᠦ᠎ᠲᠠᠢ ᠵᠡᠷᠬᠡ ᠴᠠᠬᠢᠯᠭᠠᠨ ᠴᠡᠨᠡᠭᠯᠡᠬᠦ ᠬᠠᠢᠷᠴᠠᠭ᠎ᠤᠨ ᠡᠭᠦᠳᠡ ᠨᠡᠭᠡᠭᠡᠭᠳᠡᠴᠢᠬᠡᠯ᠎ᠡ ᠁ ᠦ᠋ ᠰᠦᠢ ᠵᠠᠨ ᠪᠣᠯᠪᠠᠰᠤᠷᠠᠩᠭᠤᠢ᠎ᠪᠠᠷ ᠮᠠᠭᠠᠵᠢ᠎ᠶᠢᠨ ᠡᠬᠡᠳᠡᠡᠭ᠎ᠢ ᠨᠤᠨᠳᠠᠭᠯᠠᠬᠤ ᠮᠠᠰᠢᠨ᠎ᠤ ᠪᠠᠨ ᠴᠠᠬᠢᠯᠭᠠᠨ᠎ᠢ ᠵᠠᠯᠭᠠᠭᠠᠳ᠄ 《ᠳᠡᠯᠭᠡᠭᠡ ᠮᠠᠢᠮᠠᠢ ᠬᠢᠬᠦ᠎ᠳᠤ ᠴᠠᠬᠢᠯᠭᠠᠨ ᠭᠠᠷᠭᠠᠬᠤ ᠮᠠᠰᠢᠨ᠎ᠢ ᠠᠪᠴᠤ ᠶᠠᠪᠤᠬᠤ ᠬᠡᠷᠡᠭ ᠦᠭᠡᠢ ᠪᠤᠯᠤᠭᠰᠠᠨ᠂  ᠡᠨᠡ ᠨᠢ ᠪᠢᠳᠡᠨ ᠳ᠋ᠤ ᠮᠠᠰᠢ ᠲᠦᠬᠦᠮ ᠪᠤᠯᠤᠭᠰᠠᠨ ᠵᠢᠡᠷ ᠪᠠᠷᠠᠬᠤ ᠦᠭᠡᠢ ᠥᠪᠡᠷ᠎ᠦᠨ ᠦᠷᠳᠡᠭ᠎ᠢ᠎ᠴᠦ ᠪᠠᠭ᠎ᠠ ᠪᠤᠰᠤ ᠪᠠᠭᠤᠷᠠᠭᠤᠯᠵᠠᠢ》 ᠭᠡᠵᠦ ᠢᠨᠢᠶᠡᠮᠰᠦᠭᠯᠡᠨ ᠬᠡᠯᠡᠪᠠ᠃

《ᠪᠢ ᠰᠢᠲᠠᠭᠠᠯᠭ᠎ᠠ᠎ᠶᠢᠨ ᠲᠣᠰᠣ᠌᠎ᠪᠠᠷ ᠴᠠᠬᠢᠯᠭᠠᠨ ᠭᠠᠷᠭᠠᠬᠤ᠎ᠳᠤ ᠨᠢᠭᠡ ᠴᠠᠭ᠎ᠲᠤ 7 — 8 ᠲᠥᠭᠥᠷᠢᠭ ᠬᠡᠷᠡᠭᠰᠡᠨ᠎ᠡ᠂ ᠨᠢᠭᠡ ᠤᠳᠠᠭ᠎ᠠ ᠵᠢᠨ ᠮᠠᠢᠮᠠᠢ ᠳ᠋ᠤ ᠬᠣᠷᠢ ᠭᠤᠴᠢᠨ ᠲᠥᠭᠥᠷᠢᠭ ᠵᠠᠷᠤᠴᠢᠬᠠᠨ᠎ᠠ᠂ ᠬᠠᠮᠲᠤ᠎ᠪᠠᠷ ᠡᠳ᠋ᠯᠡᠬᠦ ᠴᠠᠬᠢᠯᠭᠠᠨ ᠡᠭᠦᠰᠬᠡᠭᠴᠢ᠎ᠶᠢᠨ ᠨᠢᠭᠡ ᠭᠷᠠᠳᠦ᠋ᠰ ᠴᠠᠬᠢᠯᠭᠠᠨ ᠰᠠᠶᠢ ᠲᠠᠯᠠᠨ ᠮᠥᠩᠭᠥ᠂ ᠨᠢᠭᠡ ᠤᠳᠠᠭ᠎ᠠ ᠵᠢᠨ ᠮᠠᠢᠮᠠᠢ ᠳ᠋ᠤ 5 ᠲᠥᠭᠥᠷᠢᠭ ᠤᠷᠴᠢᠮ ᠯᠡ ᠬᠡᠷᠡᠭᠰᠡᠨ᠎ᠡ᠂ ᠨᠢᠭᠡ ᠰᠠᠷ᠎ᠠ ᠰᠢᠬᠠᠮ ᠬᠡᠷᠡᠭᠯᠡᠬᠡᠳ 600 ᠭᠠᠷᠤᠢ ᠲᠥᠭᠥᠷᠢᠭ ᠠᠷᠪᠢᠯᠠᠭᠰᠠᠨ ᠰᠢᠸ᠋! ᠮᠠᠨ᠎ᠤ ᠡᠨᠡ ᠴᠢᠨᠢ 〈ᠥᠪᠡᠷ᠎ᠦᠨ ᠥᠷᠲᠡᠭ ᠢ᠋ ᠪᠠᠭᠤᠷᠠᠭᠤᠯᠤᠨ ᠦᠷ᠎ᠡ ᠠᠰᠢᠭ᠋  ᠢ᠋ ᠨᠡᠮᠡᠭᠳᠡᠭᠦᠯᠦᠭᠰᠡᠨ᠎ᠳᠦ ᠲᠣᠭᠠᠴᠠᠭᠳᠠᠨ᠎ᠠ!》 ᠭᠡᠵᠦ ᠲᠡᠷᠡ  ᠪᠠᠶᠠᠷᠯᠠᠭᠰᠠᠨ ᠰᠡᠳᠬᠢᠯᠬᠡ ᠪᠠᠨ ᠳᠠᠷᠤᠵᠤ ᠶᠠᠳᠠᠨ ᠬᠡᠯᠡᠨ᠎ᠡ᠃

ᠦ᠋ ᠰᠦᠢ ᠵᠠᠨ᠎ᠤ ᠦᠨᠡᠯᠡᠯᠲᠡ ᠶ᠋ᠢ ᠰᠣᠨᠣᠰᠤᠭᠠᠳ ᠡᠷᠭᠢᠨ ᠲᠣᠭᠣᠷᠢᠨ᠎ᠤ ᠳᠡᠯᠭᠡᠭᠦᠷ᠎ᠦᠨ ᠡᠵᠡᠳ ᠴᠥᠮ — 《ᠦᠨᠡᠬᠡᠷ ᠰᠠᠢᠨ᠂ ᠬᠡᠵᠢᠶ᠎ᠠ ᠵᠠᠷᠤᠶ᠎ᠠ ᠬᠡᠪᠡᠯ ᠬᠡᠵᠢᠶ᠎ᠠ ᠵᠠᠷᠤᠴᠢᠬᠠᠨ᠎ᠠ》᠂ 《ᠳᠥᠭᠥᠮ ᠮᠦᠷᠳᠡᠬᠡᠨ ᠠᠮᠤᠷ ᠲᠦᠪᠰᠢᠨ》 ᠭᠡᠵᠦ ᠪᠠᠶᠠᠷᠳᠠᠢᠬᠠᠨ ᠶᠠᠷᠢᠵᠠᠭᠠᠨ᠎ᠠ᠃ ᠬᠡᠳᠦᠢᠪᠡᠷ ᠣᠳᠣ᠌ ᠦᠵᠡᠬᠦ ᠳ᠋ᠤ ᠣᠯᠠᠨ᠎ᠢᠶᠠᠷ᠎ᠢᠶᠠᠨ ᠴᠠᠬᠢᠯᠭᠠᠨ ᠬᠡᠷᠡᠭᠯᠡᠬᠦ᠎ᠳᠦ ᠶᠡᠬᠡ ᠲᠦᠬᠦᠮ ᠪᠤᠯᠤᠭᠰᠠᠨ ᠴᠸ᠋ ᠨᠢᠭᠡ ᠰᠠᠷ᠎ᠠ᠎ᠶᠢᠨ ᠡᠮᠦᠨ᠎ᠡ ᠡᠨᠳᠡᠬᠢ᠎ᠶᠢᠨ ᠴᠠᠬᠢᠯᠭᠠᠨ ᠬᠡᠷᠡᠭᠯᠡᠵᠦ ᠪᠠᠢᠭᠰᠠᠨ ᠪᠠᠢᠳᠠᠯ ᠦᠰᠦᠳ ᠤᠨᠳᠤᠤ ᠪᠠᠢᠭᠰᠠᠨ᠃ ᠰᠥᠨᠢ᠎ᠶᠢᠨ ᠵᠠᠬ᠎ᠠ ᠵᠢᠨ ᠳᠡᠯᠭᠡᠭᠦᠷ ᠠᠷᠪᠢᠨ᠂ ᠴᠠᠬᠢᠯᠭᠠᠨ ᠬᠡᠷᠡᠭᠯᠡᠬᠦ ᠨᠢ ᠲᠠᠷᠠᠬᠠᠢ ᠪᠤᠲᠠᠷᠬᠠᠢ ᠪᠠᠢᠵᠤ᠂ ᠥᠩᠭᠡᠷᠡᠭᠰᠡᠨ᠎ᠳᠦ ᠴᠥᠭᠡᠨ ᠪᠤᠰᠤ ᠬᠤᠳᠠᠯᠳᠤᠭᠠᠴᠢᠨ ᠬᠤᠪᠢ᠎ᠪᠠᠷ᠎ᠢᠶᠠᠨ ᠲᠦᠷ ᠴᠠᠭ᠎ᠤᠨ ᠤᠲᠠᠰᠤ ᠲᠠᠲᠠᠵᠤ ᠳᠤᠷ᠎ᠠ᠎ᠪᠠᠷ᠎ᠢᠶᠠᠨ ᠴᠠᠬᠢᠯᠭᠠᠨ ᠵᠠᠯᠭᠠᠵᠤ ᠪᠠᠢᠭᠰᠠᠨ ᠪᠤᠶᠤ ᠦ᠋ ᠰᠦᠢ ᠵᠠᠨ ᠰᠢᠭ᠋ ᠰᠢᠲᠠᠭᠠᠯᠭ᠎ᠠ᠎ᠶᠢᠨ ᠲᠤᠰᠤᠨ᠎ᠤ ᠴᠠᠬᠢᠯᠭᠠᠨ ᠭᠠᠷᠭᠠᠬᠤ ᠮᠠᠰᠢᠨ᠎ᠢ ᠥᠪᠡᠰᠦᠪᠡᠨ ᠪᠡᠯᠡᠳᠬᠡᠵᠦ ᠴᠠᠬᠢᠯᠭᠠᠨ ᠬᠠᠩᠭᠠᠵᠤ ᠪᠠᠢᠵᠠᠢ᠃ ᠴᠠᠬᠢᠯᠭᠠᠨ ᠤᠳᠠᠰᠤ ᠨᠢ ᠬᠠᠭᠤᠴᠢᠷᠠᠵᠤ ᠡᠮᠬᠢ ᠵᠠᠮᠪᠠᠷᠠᠭ᠎ᠠ ᠦᠭᠡᠢ᠂ ᠤᠲᠠᠰᠤ ᠵᠠᠯᠭᠠᠭᠰᠠᠨ ᠨᠢ ᠵᠢᠷᠤᠮᠵᠢᠯ ᠦᠭᠡᠢ᠂ ᠴᠠᠬᠢᠯᠭᠠᠨ ᠭᠠᠷᠭᠠᠬᠤ ᠮᠠᠰᠢᠨ ᠢ᠋ ᠲᠣᠭᠲᠠᠭᠠᠯ  ᠠ᠋ᠴᠠ ᠵᠥᠷᠢᠴᠡᠨ ᠬᠡᠷᠡᠭᠯᠡᠵᠦ ᠪᠠᠢᠭᠰᠠᠨ ᠁ ᠡᠳᠡᠭᠡᠷ ᠡᠮᠬᠢ ᠵᠠᠮᠪᠠᠷᠠᠭ᠎ᠠ ᠦᠭᠡᠢ ᠦᠵᠡᠭᠳᠡᠯ ᠨᠢ ᠡᠵᠡᠩᠨᠡᠯᠲᠡ  ᠶ᠋ᠢᠨ ᠣᠷᠴᠢᠨ ᠲᠣᠭᠣᠷᠢᠨ ᠢ᠋ ᠨᠥᠯᠥᠭᠡᠯᠡᠵᠦ ᠪᠠᠢᠭᠰᠠᠨ ᠵᠢᠡᠷ ᠪᠠᠷᠠᠬᠤ ᠦᠭᠡᠢ ᠨᠡᠩ ᠴᠤ᠌ ᠠᠮᠤᠷ ᠲᠦᠪᠰᠢᠨ᠎ᠦ ᠳᠠᠯᠳᠠ ᠭᠡᠮ ᠨᠢᠭᠤᠭᠳᠠᠵᠤ ᠪᠠᠢᠭᠰᠠᠨ ᠶᠤᠮ᠃

ᠬᠤᠳᠠᠯᠳᠤᠭ᠎ᠠ ᠮᠠᠢᠮᠠᠢᠴᠢᠨ᠎ᠤ ᠪᠤᠬᠢᠨᠢᠳᠤᠵᠤ ᠪᠠᠢᠭ᠎ᠠ ᠶᠠᠪᠤᠳᠠᠯ ᠪᠣᠯ ᠳᠠᠷᠤᠢ ᠵᠠᠰᠠᠭ᠎ᠤᠨ ᠣᠷᠳᠣᠨ᠎ᠤ ᠰᠡᠳᠬᠢᠯ᠎ᠳ᠋ᠡᠬᠡᠨ ᠪᠤᠳᠤᠬᠤ ᠶᠠᠪᠤᠳᠠᠯ ᠪᠣᠯᠣᠨ᠎ᠠ᠃ ᠲᠦᠩᠯᠢᠶᠣᠣ᠎ᠶᠢᠨ ᠠᠵᠤ ᠠᠬᠤᠢ ᠮᠡᠷᠭᠡᠵᠢᠯ᠎ᠦᠨ ᠨᠡᠭᠡᠭᠡᠯᠳᠡ ᠵᠢᠨ ᠲᠣᠭᠣᠷᠢᠭ᠋᠎ᠤᠨ ᠬᠠᠮᠢᠶᠠᠷᠤᠯᠲᠠ᠎ᠶᠢᠨ ᠵᠥᠪᠯᠡᠯ᠎ᠦᠨ ᠬᠢᠨ ᠰᠥᠨᠢ᠎ᠶᠢᠨ ᠵᠠᠬ᠎ᠠ ᠵᠢᠨ  ᠴᠠᠬᠢᠯᠭᠠᠨ ᠬᠡᠷᠡᠭᠯᠡᠬᠦ ᠠᠮᠤᠷ ᠲᠦᠪᠰᠢᠨ᠎ᠢ ᠭᠣᠣᠯᠳᠠᠯᠭ᠎ᠠ᠎ᠲᠠᠢ ᠠᠷᠠᠳ᠎ᠤᠨ ᠠᠮᠢᠳᠤᠷᠠᠯ᠎ᠤᠨ ᠦᠢᠯᠡᠴᠢᠯᠡᠭᠡᠨ᠎ᠦ ᠨᠠᠷᠢᠨ ᠳᠠᠩᠰᠠᠨ᠎ᠳᠤ ᠣᠷᠣᠭᠤᠯᠵᠤ᠂ 《ᠴᠠᠬᠢᠯᠭᠠᠨ ᠬᠡᠷᠡᠭᠯᠡᠬᠦ᠎ᠳᠦ ᠬᠦᠴᠢᠷᠲᠡᠢ᠂ ᠴᠠᠬᠢᠯᠭᠠᠨ ᠬᠡᠷᠡᠭᠯᠡᠬᠦ᠎ᠨᠢ ᠡᠮᠬᠢ ᠵᠢᠷᠤᠮ ᠦᠬᠡᠢ》 ᠡᠪᠡᠷᠰᠢᠶᠡᠯ᠎ᠳᠦ ᠴᠢᠭᠯᠡᠭᠦᠯᠦᠨ ᠰᠠᠨᠠᠭᠠᠴᠢᠯᠠᠭ᠎ᠠ᠎ᠠᠴᠠ᠎ᠪᠠᠨ ᠲᠦᠷᠦᠭᠦᠯᠡᠨ ᠬᠠᠮᠢᠶ᠎ᠠ ᠪᠦᠬᠦᠢ ᠨᠢᠭᠡᠴᠢ᠎ᠶᠢ ᠵᠣᠬᠢᠴᠠᠭᠤᠯᠵᠤ ᠪᠠᠢᠭᠠᠳ 《ᠬᠠᠮᠲᠤ᠎ᠪᠠᠷ ᠡᠳ᠋ᠯᠡᠬᠦ ᠴᠠᠬᠢᠯᠭᠠᠨ ᠡᠭᠦᠰᠬᠡᠭᠴᠢ》 ᠶ᠋ᠢᠨ ᠰᠢᠢᠳᠪᠦᠷᠢᠯᠡᠬᠦ ᠲᠥᠰᠥᠯ᠎ᠢ ᠣᠷᠣᠭᠤᠯᠵᠠᠢ᠃

6 ᠰᠠᠷ᠎ᠠ᠎ᠶ᠋ᠢᠨ 1᠎ᠤ᠋ ᠡᠳᠦᠷ᠂ ᠤᠯᠤᠰ᠎ᠤᠨ ᠴᠠᠬᠢᠯᠭᠠᠨ ᠲᠣᠤᠷ᠎ᠤᠨ ᠰᠢᠨ᠎ᠡ ᠬᠤᠲᠠ ᠲᠣᠭᠤᠷᠢᠭ᠎ᠤᠨ ᠴᠠᠬᠢᠯᠭᠠᠨ ᠬᠠᠩᠭᠠᠬᠤ ᠺᠣᠮᠫᠠᠨᠢ᠎ᠶ᠋ᠢᠨ ᠴᠠᠬᠢᠯᠭᠠᠨ ᠬᠦᠴᠦᠨ᠎ᠤ ᠠᠵᠢᠯᠴᠢᠨ ᠵᠢᠶᠠ ᠵᠢᠶᠠ ᠴᠡᠴᠡᠷᠯᠢᠭ᠎ᠤᠨ ᠰᠥᠨᠢ᠎ᠶ᠋ᠢᠨ ᠵᠠᠬ᠎ᠠ᠎ᠳᠦ ᠬᠦᠷᠴᠦ᠍᠂ 7 ᠰᠢᠨ᠎ᠡ ᠬᠡᠯᠪᠡᠷᠢ᠎ᠶ᠋ᠢᠨ 《ᠬᠠᠮᠲᠤ ᠪᠠᠷ ᠡᠳ᠋ᠯᠡᠬᠦ᠌ ᠴᠠᠬᠢᠯᠭᠠᠨ ᠡᠭᠦᠰᠭᠡᠭᠴᠢ》 ᠶ᠋ᠢᠨ ᠲᠥᠬᠦᠭᠡᠷᠦᠮᠵᠢ ᠵᠢ ᠤᠭᠰᠠᠷᠠᠬᠰᠠᠨ ᠵᠢᠡᠷ 14 ᠬᠤᠳᠠᠯᠳᠤᠭᠠᠨ᠎ᠤ ᠡᠷᠦᠬᠡ᠎ᠵᠢᠨ  ᠴᠠᠬᠢᠯᠭᠠᠨ᠎ᠤ ᠬᠡᠷᠡᠭᠴᠡᠭᠡ ᠵᠢ ᠬᠠᠮᠳᠤ ᠳ᠋ᠤᠨᠢ ᠬᠠᠨᠭᠭᠠᠵᠤ ᠲᠠᠢᠯᠬᠦ ᠪᠤᠯᠵᠠᠢ᠃ ᠲᠥᠬᠦᠭᠡᠷᠦᠮᠵᠢ᠎ᠳᠤ ᠣᠶᠤᠨᠴᠢᠯᠠᠭᠰᠠᠨ ᠺᠣᠳ᠋ ᠰᠢᠷᠪᠢᠵᠦ᠍ ᠴᠠᠬᠢᠯᠭᠠᠨ ᠬᠡᠷᠡᠭᠯᠡᠬᠦ᠌ ᠵᠠᠭᠪᠤᠷ᠎ᠢ ᠬᠡᠷᠡᠭᠯᠡᠨ᠂ ᠭᠠᠷ ᠤᠲᠠᠰᠤ ᠪᠡᠷ ᠵᠢᠡᠨ ᠺᠣᠳ᠋ ᠰᠢᠷᠪᠢᠵᠤ ᠵᠤᠭᠤᠰ ᠨᠡᠮᠡᠪᠡᠯ ᠲᠠᠷᠤᠢ ᠬᠡᠷᠡᠭᠯᠡᠵᠤ᠂ ᠬᠤᠪᠢ᠎ᠪᠠᠷ᠎ᠢᠶᠠᠨ ᠲᠠᠳᠠᠵᠤ ᠳᠤᠷ᠎ᠠ᠎ᠪᠠᠷ ᠵᠠᠯᠭᠠᠬᠤ᠎ᠶ᠋ᠢ ᠡᠬᠢ ᠡᠭᠦᠰᠦᠯ᠎ᠠᠴᠠ᠎ᠨᠢ ᠬᠤᠷᠢᠭᠯᠠᠨ ᠵᠣᠭᠰᠤᠭᠠᠵᠤ᠂ ᠠᠮᠤᠷ ᠲᠦᠪᠰᠢᠨ᠎ᠤ ᠳᠠᠯᠳᠠ ᠬᠡᠮ᠎ᠢ ᠠᠷᠢᠯᠭᠠᠭᠰᠠᠨ᠎ᠢᠶᠠᠷ ᠪᠠᠷᠠᠬᠤ ᠥᠬᠡᠢ ᠬᠤᠳᠠᠯᠳᠤᠭᠠᠨ᠎ᠤ ᠡᠷᠦᠬᠡ᠎ᠶ᠋ᠢᠨ ᠡᠵᠡᠩᠨᠡᠯᠲᠡ᠎ᠶ᠋ᠢᠨ ᠥᠪᠡᠷ᠎ᠤᠨ ᠥᠷᠲᠡᠭ᠎ᠢ᠎ᠴᠦ᠍ ᠪᠠᠭᠤᠷᠠᠭᠤᠯᠤᠭᠰᠠᠨ ᠪᠠᠶ᠋ᠢᠨ᠎ᠠ᠃

《ᠬᠡᠷᠪᠡ ᠪᠥᠬᠦ᠌ ᠬᠤᠲᠠ᠎ᠶ᠋ᠢᠨ ᠥᠷᠯᠦᠭᠡ᠎ᠶ᠋ᠢᠨ ᠪᠠ ᠦᠳᠡᠰᠢ᠎ᠶ᠋ᠢᠨ ᠵᠠᠬ᠎ᠠ ᠳᠡᠯᠭᠡᠭᠦᠷ ᠲᠸ᠋ ᠬᠠᠮᠲᠤ᠎ᠪᠠᠷ ᠡᠳ᠋ᠯᠡᠬᠦ᠌ ᠴᠠᠬᠢᠯᠭᠠᠨ ᠡᠭᠦᠰᠭᠡᠭᠴᠢ ᠵᠢ ᠤᠬᠰᠠᠷᠠᠪᠠᠯ ᠮᠢᠨᠦ᠍ ᠡᠵᠡᠩᠨᠡᠯᠲᠡ᠎ᠶ᠋ᠢᠨ ᠬᠡᠪᠴᠢᠶ᠎ᠡ ᠪᠠᠰᠠ ᠥᠷᠭᠡᠳᠴᠦ᠍ ᠪᠣᠯᠤᠨ᠎ᠠ》 ᠡᠦ ᠰᠦᠢ ᠵᠠᠨ ᠶᠠᠭᠠᠷᠠᠨ ᠠᠵᠢᠯᠯᠠᠬᠤ᠎ᠶ᠋ᠢᠨ ᠳᠠᠭᠠᠤ ᠨᠡᠩ ᠰᠠᠷᠠᠭᠤᠯ ᠢᠷᠡᠭᠡᠳᠦᠢ᠎ᠶ᠋ᠢ ᠬᠦᠰᠡᠨ ᠰᠠᠨᠠᠭᠠᠯᠵᠠᠨ᠎ᠠ᠃

《ᠪᠤᠯᠤᠨ᠎ᠠ ᠰᠢᠦ᠂ ᠡᠨᠡ ᠪᠣᠯ ᠮᠠᠨ᠎ᠤ ᠲᠤᠷᠰᠢᠯᠲᠠ᠎ᠶ᠋ᠢᠨ ᠴᠡᠭ ᠮᠥᠨ᠂ ᠬᠡᠰᠡᠭ ᠬᠤᠭᠤᠴᠠᠭ᠎ᠠ ᠠᠵᠢᠯᠯᠠᠭᠰᠠᠨ᠎ᠤ ᠳᠠᠷᠠᠭ᠎ᠠ ᠪᠥᠬᠦ᠌ ᠬᠤᠲᠠ᠎ᠳᠤ ᠳᠡᠯᠭᠡᠷᠡᠭᠦᠯᠬᠦ᠌ ᠪᠣᠯᠤᠨ᠎ᠠ》 ᠬᠡᠵᠤ ᠶᠠᠩ ᠲᠤᠤ ᠢᠨᠢᠶᠡᠮᠰᠦᠭᠯᠡᠨ ᠬᠠᠷᠢᠭᠤᠯᠦᠨ᠎ᠠ᠃

ᠦᠳᠡᠰᠢ ᠵᠢᠨ ᠪᠦᠷᠤᠢ ᠪᠤᠯᠬᠤ ᠳ᠋ᠤ  ᠵᠢᠶᠠ ᠵᠢᠶᠠ ᠴᠡᠴᠡᠷᠯᠢᠭ᠎ᠤᠨ ᠰᠥᠨᠢ᠎ᠶ᠋ᠢᠨ ᠵᠠᠬ᠎ᠠ ᠤᠯᠠᠮ᠎ᠢᠶᠠᠷ ᠬᠥᠭᠵᠢᠶᠡᠨ᠎ᠲᠡᠢ ᠪᠣᠯᠪᠠ᠃  ᠳ᠋ᠧᠩ᠎ᠦᠨ ᠭᠡᠷᠡᠯ ᠳᠣᠤᠷ᠎ᠠ ᠬᠤᠳᠠᠯᠳᠤᠭᠠᠴᠢᠳ ᠢᠷᠡᠭᠰᠡᠨ ᠵᠤᠴᠢᠳ᠎ᠢᠶᠡᠨ ᠬᠠᠯᠠᠭᠤᠨ᠎ᠢᠶᠡᠷ ᠤᠬᠳᠤᠨ ᠳᠤᠳᠤᠨᠤᠰᠤᠭ ᠵᠤᠴᠢᠯᠠᠵᠦ ᠶᠠᠭᠠᠷᠠᠯᠳᠤᠨ᠎ᠠ᠃ ᠥᠩᠭᠡᠷᠡᠭᠰᠡᠨ᠎ᠤ ᠬᠢ᠎ᠲᠡᠢ ᠠᠳᠠᠯᠢ᠎ᠦᠭᠡᠢ ᠨᠢ ᠬᠡᠪᠡᠯ ᠡᠨᠳᠡ ᠡᠷᠦᠢ ᠬᠤᠷᠤᠢ᠎ᠦᠭᠡᠢ ᠴᠠᠬᠢᠯᠭᠠᠨ ᠤᠲᠠᠰᠤ᠂ ᠴᠢᠬᠢ ᠬᠦᠨᠭᠬᠢᠨᠡᠮ᠎ᠠ ᠰᠢᠲᠠᠭᠠᠯᠭ᠎ᠠ ᠵᠢᠨ ᠲᠤᠰᠤᠨ ᠎ᠤ ᠴᠠᠬᠢᠯᠭᠠᠨ ᠭᠠᠷᠭᠠᠬᠤ ᠮᠠᠰᠢᠨ ᠪᠠᠢᠬᠤ᠎ᠦᠭᠡᠢ ᠪᠤᠯᠵᠤ᠂ ᠦᠨᠤ ᠲᠡᠬᠦᠨ᠎ᠢ ᠤᠷᠤᠯᠠᠭᠰᠠᠨ ᠨᠢ ᠲᠣᠭᠲᠠᠪᠤᠷᠢᠳᠠᠢ ᠪᠥᠭᠡᠳ ᠨᠠᠢᠳᠠᠪᠤᠷᠢᠲᠠᠢ ᠬᠠᠮᠲᠤ᠎ᠪᠠᠷ ᠡᠳ᠋ᠯᠡᠬᠦ᠌ ᠴᠠᠬᠢᠯᠭᠠᠨ ᠡᠭᠦᠰᠭᠡᠭᠴᠢ ᠪᠤᠯᠤᠨ᠎ᠠ — ᠵᠠᠯᠭᠠᠭᠤᠷ᠎ᠢ ᠵᠠᠯᠭᠠᠪᠠᠯ ᠴᠠᠬᠢᠯᠭᠠᠨ᠎ᠢ ᠲᠣᠭᠲᠠᠭᠤᠨ᠎ᠢᠶᠠᠷ ᠬᠦᠷᠭᠡᠨ᠎ᠡ; ᠠᠪᠳᠠᠷ᠎ᠠ᠎ᠶ᠋ᠢᠨ ᠡᠭᠦᠳᠡ ᠵᠢ ᠬᠠᠭᠠᠪᠠᠯ ᠳᠠᠯᠳᠠ ᠭᠡᠮ ᠡᠴᠡ ᠵᠠᠢᠯᠠᠨ᠎ᠠ᠃  ᠡᠨᠡ᠎ᠬᠦ᠌ ᠠᠮᠤᠷ ᠲᠦᠪᠰᠢᠨ᠂ ᠵᠢᠷᠤᠮᠵᠢᠯ᠎ᠲᠠᠢ᠂ ᠲᠠᠰᠤᠯᠳᠠᠯ᠎ᠦᠭᠡᠢ ᠴᠠᠬᠢᠯᠭᠠᠨ ᠬᠦᠴᠦᠨ᠎ᠤ ᠪᠠᠲᠤᠯᠠᠭ᠎ᠠ᠎ᠨᠢ ᠬᠤᠳᠠᠯᠳᠤᠭᠠᠴᠢᠳ᠎ᠤᠨ ᠰᠡᠳᠬᠢᠯ ᠎ᠢ ᠭᠡᠷᠡᠯᠲᠦᠭᠦᠯᠦᠭᠰᠡᠨ᠎ᠢᠶᠠᠷ ᠪᠠᠷᠠᠬᠤ᠎ᠦᠭᠡᠢ  ᠪᠠᠰᠠ ᠬᠤᠳᠠ᠎ᠶ᠋ᠢᠨ ᠰᠦᠨᠢ ᠵᠢᠨ ᠠᠵᠤ ᠠᠬᠤᠢ᠎ᠳᠦ ᠬᠦᠷ ᠨᠠᠷᠬᠢᠶᠠᠨ ᠨᠡᠮᠡᠷᠢᠯᠡᠵᠦ ᠂ ᠠᠮᠤᠷ ᠲᠦᠪᠰᠢᠨ᠎ᠤ ᠲᠥᠷᠦᠭᠳᠡᠯ᠎ᠢ ᠨᠡᠩ ᠨᠡᠮᠡᠭᠳᠡᠬᠦᠯᠦᠭᠰᠡᠨ ᠪᠠᠢᠨ᠎ᠠ᠃


[ᠰᠤᠷᠪᠤᠯᠵᠢᠯᠠᠭᠴᠢ᠎ᠶ᠋ᠢᠨ ᠡᠪᠤᠷ ᠲᠡᠮᠳᠡᠭᠯᠡᠯ]

ᠰᠤᠷᠪᠤᠯᠵᠢᠯᠠᠬᠤ᠎ᠠᠴᠠ ᠡᠮᠦᠨ᠎ᠡ ᠪᠢ  ᠰᠦᠨᠢ ᠵᠢᠨ ᠴᠤᠬᠯᠠᠭ᠎ᠠ ᠮᠠᠢᠮᠠᠢ ᠵᠢᠨ ᠲᠦᠷᠰᠤ ᠪᠠᠢᠳᠠᠯ᠎ᠢ ᠳᠠᠭᠠᠮᠠᠭᠯᠠᠨ ᠪᠤᠳᠤᠵᠦ ᠦᠩᠭᠡᠷᠡᠪᠡ᠃ ᠭᠡᠪᠡᠴᠦ᠍ ᠲᠡᠳᠡᠭᠡᠷ ᠳᠤᠷ᠎ᠠ᠎ᠪᠠᠷ᠎ᠵᠢᠡᠨ  ᠲᠡᠳᠡᠵᠤ ᠲᠤᠷ᠎ᠠ ᠪᠡᠷ᠎ᠢᠶᠡᠨ ᠵᠠᠯᠭᠠᠵᠤ ᠪᠠᠢᠭ᠎ᠠ ᠴᠠᠬᠢᠯᠭᠠᠨ ᠤᠲᠠᠰᠤ᠎ᠶ᠋ᠢ ᠨᠢᠳᠦ᠎ᠪᠡᠷ᠎ᠵᠢᠡᠨ ᠦᠵᠡᠵᠦ᠍᠂ ᠰᠢᠳᠠᠭᠠᠯᠭ᠎ᠠ ᠵᠢᠨ ᠲᠣᠰᠤᠨ᠎ᠤ ᠴᠠᠬᠢᠯᠭᠠᠨ ᠭᠠᠷᠭᠠᠬᠤ ᠮᠠᠰᠢᠨ᠎ᠤ ᠬᠦᠷᠴᠢᠬᠢᠨᠡᠬᠦ ᠲᠠᠭᠤᠨ᠎ᠢ ᠴᠢᠬᠢ ᠪᠡᠷ᠎ᠢᠶᠡᠨ ᠰᠣᠨᠤᠰᠤᠭᠠᠳ ᠰᠠᠶᠢ ᠡᠮᠬᠢ ᠵᠠᠮᠪᠠᠷᠠᠭ᠎ᠠ᠎ᠦᠭᠡᠢ ᠠᠶᠤᠯ ᠲᠦᠭᠰᠢᠭᠦᠷᠢᠳᠤ ᠪᠠᠢᠳᠠᠯ᠎ᠢ ᠤᠢᠯᠠᠭᠠᠬᠰᠠᠨ ᠪᠠᠢᠨ᠎ᠠ᠃ ᠦ᠋ ᠰᠦᠢ ᠵᠠᠨ᠎ᠤ ᠬᠤᠷᠤᠭᠤ᠎ᠲᠠᠷᠤᠵᠤ ᠳᠠᠩᠰᠠ ᠪᠣᠳᠤᠵᠤ ᠪᠠᠢᠭᠰᠠᠨ ᠶᠠᠪᠤᠳᠠᠯ ᠨᠢ ᠨᠠᠳᠠ᠎ᠳᠤ ᠭᠦᠨ ᠰᠠᠭᠤᠭᠳᠠᠯ ᠥᠯᠡᠳᠡᠭᠡᠵᠡᠢ᠄ ᠬᠣᠷᠢ ᠭᠤᠴᠢᠨ ᠲᠥᠭᠦᠷᠢᠭ᠎ᠡᠴᠡ ᠲᠠᠪᠤᠨ ᠲᠥᠭᠦᠷᠢᠭ ᠬᠦᠷᠳᠡᠯ᠎ᠠ᠂ ᠠᠷᠪᠢᠯᠠᠭᠰᠠᠨ ᠮᠦᠨᠭᠬᠦ ᠨᠢ ᠢᠷᠡᠬᠡᠳᠦᠢ ᠵᠢᠨ ᠡᠵᠡᠩᠨᠡᠯᠲᠡ᠎ᠶ᠋ᠢᠨ ᠢᠲᠡᠭᠡᠯ ᠵᠣᠷᠢᠭ ᠪᠣᠯᠤᠨ ᠬᠦᠪᠴᠢᠯᠡᠭᠳᠡᠨ᠎ᠠ᠃

ᠨᠠᠳᠠ᠎ᠳᠤ 《ᠬᠠᠮᠲᠤ᠎ᠪᠠᠷ ᠡᠳ᠋ᠯᠡᠬᠦ᠌ ᠴᠠᠬᠢᠯᠭᠠᠨ ᠡᠭᠦᠰᠭᠡᠭᠴᠢ》 ᠶ᠋ᠢᠨ ᠠᠷᠤ᠎ᠳᠠᠬᠢ ᠵᠠᠰᠠᠯᠳᠠ ᠵᠢᠨ ᠯᠣᠭᠢᠭ ᠨᠢ ᠨᠠᠩ ᠭᠦᠨ ᠲᠥᠷᠦᠭᠳᠡᠯ ᠦᠯᠡᠳᠡᠭᠡᠪᠠ᠃ ᠬᠠᠮᠢᠶᠠᠷᠤᠯᠲᠠ᠎ᠶ᠋ᠢᠨ ᠵᠥᠪᠯᠡᠯ ᠰᠠᠨᠠᠭᠠᠴᠢᠯᠠᠭ᠎ᠠ᠎ᠠᠴᠠ᠎ᠪᠠᠨ ᠲᠦᠷᠦᠭᠦᠯᠡᠨ ᠬᠢᠵᠦ᠍᠂ ᠴᠠᠬᠢᠯᠭᠠᠨ ᠬᠠᠩᠭᠠᠬᠤ ᠺᠣᠮᠫᠠᠨᠢ ᠦᠳᠲᠡᠷ ᠲᠦᠷᠭᠡᠨ ᠴᠤᠤᠷᠢᠶᠠᠲᠤᠨ ᠳᠠᠭᠠᠵᠤ᠂ 7 ᠰᠠᠭᠤᠷᠢ ᠲᠥᠬᠦᠭᠡᠷᠦᠮᠵᠢ ᠵᠢ 1 ᠡᠳᠦᠷ ᠲᠸ᠋ ᠨᠠᠶ᠋ᠢᠳᠠᠪᠤᠷᠢᠵᠢᠭᠤᠯᠪᠠ — ᠬᠤᠳᠠᠯᠳᠤᠭᠠᠨ᠎ᠤ ᠡᠷᠦᠭᠡ ᠵᠢᠨ ᠰᠠᠨᠠᠭᠠᠰᠢᠷᠠᠯ ᠵᠤᠪᠠᠨᠢᠯ᠎ᠨᠢ ᠵᠠᠰᠠᠭ᠎ᠤᠨ ᠣᠷᠳᠤᠨ᠎ᠤ ᠶᠡᠭᠡ ᠶᠠᠪᠤᠳᠠᠯ ᠪᠣᠯᠵᠠᠢ᠃ ᠡᠢᠮᠦᠷᠬᠦᠦ 《ᠤᠷᠤᠭᠰᠢ ᠪᠠᠨ ᠨᠢᠭᠡ ᠠᠯᠬᠤᠭᠰᠠᠨ》 ᠳᠦᠷᠢ ᠲᠥᠷᠬᠦ᠎ᠨᠢ ᠶᠠᠭ ᠦᠨᠳᠦᠰᠦᠨ ᠱᠠᠲᠤᠨ᠎ᠤ ᠵᠠᠰᠠᠯᠲᠠ᠎ᠳᠦ ᠬᠠᠮᠤᠭ᠎ᠤᠨ ᠬᠡᠷᠡᠭᠲᠠᠢ ᠬᠠᠯᠠᠭᠤᠨ ᠲᠤᠯᠠᠭᠠᠨ ᠬᠠᠢᠷ᠎ᠠ ᠬᠠᠯᠠᠮᠵᠢ ᠪᠣᠯᠤᠨ᠎ᠠ᠃ ᠡᠢᠮᠦᠷᠬᠦᠤ ᠯᠠᠪᠳᠠᠭᠤᠨ ᠲᠤᠬᠳᠠᠭᠤᠨ ᠴᠠᠬᠢᠯᠭᠠᠨ᠎ᠤ ᠬᠠᠩᠭᠠᠯᠭ᠎ᠠ ᠨᠢ ᠬᠤᠳᠠᠯᠳᠤᠭᠠᠨ᠎ᠤ ᠡᠷᠦᠭᠡ ᠵᠢᠨ ᠰᠡᠳᠬᠢᠯ᠎ᠢ ᠭᠡᠷᠡᠯᠲᠦᠭᠦᠯᠦᠭᠰᠡᠨ᠎ᠢᠶᠡᠷ ᠪᠠᠷᠠᠬᠤ ᠦᠭᠡᠢ ᠬᠤᠳᠠ᠎ᠶ᠋ᠢᠨ ᠰᠥᠨᠢ᠎ᠶ᠋ᠢᠨ ᠴᠤᠬᠯᠠᠭ᠎ᠠ ᠮᠠᠢᠮᠠᠢ ᠵᠢ ᠨᠡᠩ ᠬᠦᠷ ᠬᠦᠭᠵᠢᠶᠠᠨ ᠲᠠᠢ ᠪᠤᠯᠭᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号