ᠡᠪᠡᠰᠦᠨ ᠦᠷ᠎ᠡ᠎ᠶᠢ ᠬᠣᠯᠢᠵᠤ ᠳᠠᠷᠢᠬᠤ ᠮᠠᠰᠢᠨ᠂ ᠲᠡᠵᠢᠭᠡᠯ ᠡᠪᠡᠰᠦᠨ᠎ᠦ ᠦᠷ᠎ᠡ ᠵᠢ ᠬᠤᠷᠢᠶᠠᠬᠤ ᠮᠠᠰᠢᠨ᠂ ᠨᠠᠢᠯᠵᠠᠭᠤᠷ ᠤ᠋ᠨ ᠦᠷ᠎ᠡ ᠵᠢ ᠬᠤᠷᠢᠶᠠᠬᠤ ᠮᠠᠰᠢᠨ᠂ ᠪᠣᠳᠠ ᠰᠥᠭᠡᠭ ᠤ᠋ᠨ ᠡᠯᠡᠰᠦᠨ ᠬᠠᠯᠬᠠᠪᠴᠢ ᠳᠠᠷᠢᠬᠤ ᠮᠠᠰᠢᠨ ᠁ ᠠᠯᠢ ᠤᠯᠠᠨ ᠡᠯᠡᠰᠦ᠎ᠶᠢ ᠵᠠᠰᠠᠬᠤ ᠮᠠᠰᠢᠨ ᠲᠥᠬᠦᠭᠡᠷᠦᠮᠵᠢ ᠲᠡᠷᠢ ᠲᠡᠭᠰᠢ ᠵᠢᠭ᠍ᠰᠠᠭᠠᠭᠳᠠᠨᠠ᠃
— ᠲᠠᠨ᠎ᠤ ᠡᠨᠡ ᠬᠦ᠌ ᠬᠣᠯᠢᠵᠤ ᠳᠠᠷᠢᠬᠤ ᠮᠠᠰᠢᠨ ᠵᠢᠡᠷ ᠨᠢᠭᠡ ᠤᠳᠠᠭ᠎ᠠ᠎ᠳᠤ ᠠᠳᠠᠯᠢ ᠪᠤᠰᠤ ᠡᠪᠡᠰᠦᠨ ᠦᠷ᠎ᠡ ᠵᠢ ᠳᠠᠷᠢᠵᠤ ᠴᠢᠳᠠᠬᠤ ᠪᠤᠯᠪᠠᠴᠤ ᠶᠡᠬᠡ ᠪᠠᠭ᠎ᠠ ᠨᠢ ᠠᠳᠠᠯᠢ ᠪᠤᠰᠤ ᠡᠪᠡᠰᠦᠨ ᠦᠷ᠎ᠡ᠎ᠶᠢ ᠵᠢᠭᠳᠡ᠎ᠪᠡᠷ ᠳᠠᠷᠢᠬᠤ᠎ᠶᠢ ᠬᠡᠷᠬᠢᠨ ᠪᠠᠲᠤᠯᠠᠬᠤ ᠪᠣᠶ?
— ᠪᠢᠳᠡ ᠦᠷ᠎ᠡ ᠵᠢᠨ ᠬᠠᠢᠷᠴᠠᠭ᠎ᠤᠨ ᠳᠣᠣᠷ᠎ᠠ ᠲᠠᠯ᠎ᠠ᠎ᠳᠤ ᠠᠳᠠᠯᠢ ᠪᠤᠰᠤ ᠬᠡᠪ ᠪᠠᠷᠢᠮᠵᠢᠶ᠎ᠠ᠎ᠲᠠᠢ ᠦᠷ᠎ᠡ ᠰᠠᠴᠤᠬᠤ ᠣᠩᠭᠣᠴᠠᠲᠤ ᠬᠦᠷᠳᠦ ᠵᠢ ᠲᠣᠬᠢᠷᠠᠭᠤᠯᠵᠤ᠂ ᠵᠢᠭᠳᠡ ᠬᠤᠷᠳᠤᠴᠠ᠎ᠪᠠᠷ ᠦᠷ᠎ᠡ ᠰᠠᠴᠤᠵᠤ᠂ ᠵᠢᠭᠳᠡ ᠪᠠᠷ ᠲᠠᠷᠢᠬᠤ᠎ᠶᠢ ᠪᠠᠲᠤᠯᠠᠪᠠ᠃
ᠲᠦᠷᠦᠭᠦᠬᠡᠨ ᠳ᠋ᠤ᠂ ᠥᠪᠥᠷ ᠮᠣᠩᠭᠣᠯ᠎ᠤᠨ ᠠᠵᠤ ᠦᠢᠯᠡᠳᠪᠦᠷᠢ᠎ᠶᠢᠨ ᠶᠡᠬᠡ ᠰᠤᠷᠭᠠᠭᠤᠯᠢ᠎ᠶᠢᠨ ᠮᠧᠬᠠᠨᠢᠭ᠋᠎ᠤᠨ ᠢᠨᠵᠧᠨᠧᠷᠢᠩ᠎ᠦᠨ ᠳᠡᠭᠡᠳᠦ ᠰᠤᠷᠭᠠᠭᠤᠯᠢ ᠨᠢ 2026 ᠣᠨ᠎ᠤ ᠵᠢᠩᠬᠢᠨᠢ ᠠᠩᠭᠢ᠎ᠶᠢᠨ ᠰᠢᠯᠢᠳᠡᠭ ᠲᠡᠭᠦᠰᠬᠦ ᠵᠢᠷᠤᠭ ᠲᠥᠯᠥᠪᠯᠡᠭᠡ᠎ᠶᠢᠨ ᠤᠷᠤᠯᠳᠤᠭᠠᠨ᠎ᠢᠶᠠᠨ ᠬᠢᠴᠢᠶᠡᠯ᠎ᠦᠨ ᠲᠠᠩᠬᠢᠮ᠎ᠡᠴᠡ ᠭᠡᠷ ᠤ᠋ᠨ ᠭᠠᠳᠠᠨ᠎ᠠ ᠨᠡᠭᠦᠯᠭᠡᠵᠦ᠂ ᠰᠤᠷᠤᠭ᠍ᠴᠢᠳ᠎ᠢᠶᠠᠷ ᠭᠣᠣᠯ ᠴᠣᠭᠴᠠ ᠪᠣᠯᠭᠠᠨ ᠰᠤᠳᠤᠯᠤᠨ ᠦᠢᠯᠡᠳᠦᠭᠰᠡᠨ ᠡᠯ᠎ᠡ ᠲᠥᠷᠥᠯ᠎ᠦᠨ ᠡᠯᠡᠰᠦ᠎ᠶᠢ ᠵᠠᠰᠠᠬᠤ ᠲᠣᠨᠣᠭᠯᠠᠯ᠎ᠢ ᠲᠤᠰᠬᠠᠢ ᠮᠡᠷᠭᠡᠵᠢᠯ᠎ᠦᠨ ᠪᠠᠭ᠍ᠰᠢ᠂ ᠠᠵᠤ ᠠᠬᠤᠢᠯᠠᠯ᠎ᠤᠨ ᠬᠠᠷᠢᠭᠤᠴᠠᠯᠭᠠᠲᠠᠨ᠎ᠡᠴᠡ ᠬᠠᠮᠲᠤᠷᠠᠨ ᠲᠤᠬᠠᠢ᠎ᠶᠢᠨ ᠲᠠᠯᠠᠪᠠᠶ᠎ᠳᠤ ᠬᠢᠨᠠᠨ ᠲᠣᠭᠲᠠᠭᠠᠵᠤ᠂ ᠰᠤᠷᠤᠭ᠍ᠴᠢᠳ ᠡᠴᠠ ᠮᠠᠰᠢᠨ ᠪᠠᠭᠠᠵᠢ᠎ᠪᠠᠨ ᠨᠠᠷᠢᠨ ᠲᠣᠳᠣᠷᠬᠠᠢ ᠲᠠᠢᠯᠪᠤᠷᠢᠯᠠᠯᠳᠠ ᠬᠢᠵᠡᠬᠡᠪᠠ᠃
ᠡᠳᠡᠭᠡᠷ ᠡᠯᠡᠰᠦ᠎ᠶᠢ ᠵᠠᠰᠠᠬᠤ ᠲᠣᠨᠣᠭ ᠲᠦᠬᠦᠭᠡᠷᠦᠮᠵᠢ ᠨᠢ ᠥᠪᠥᠷ ᠮᠣᠩᠭᠣᠯ᠎ᠤᠨ ᠠᠵᠤ ᠦᠢᠯᠡᠳᠪᠦᠷᠢ᠎ᠶᠢᠨ ᠶᠡᠬᠡ ᠰᠤᠷᠭᠠᠭᠤᠯᠢ᠎ᠶᠢᠨ ᠮᠧᠬᠠᠨᠢᠭ᠋᠎ᠤᠨ ᠢᠨᠵᠧᠨᠧᠷᠢᠩ᠎ᠦᠨ ᠳᠡᠭᠡᠳᠦ ᠰᠤᠷᠭᠠᠭᠤᠯᠢ᠎ᠶᠢᠨ ᠱᠧᠦ ᠵᠦᠸᠸ ᠦᠢᠯᠡᠳᠬᠡᠯ᠎ᠦᠨ ᠣᠨᠴᠠᠯᠢᠭ᠍ᠲᠤ ᠬᠥᠮᠥᠨ ᠬᠥᠮᠥᠵᠢᠭᠦᠯᠬᠦ ᠵᠠᠭᠪᠤᠷ᠎ᠤᠨ ᠦᠷ᠎ᠡ ᠪᠦᠲᠦᠭᠡᠯ ᠪᠣᠯᠣᠨ᠎ᠠ᠃ ᠱᠧᠦ ᠵᠦᠸᠸ ᠦᠢᠯᠡᠳᠭᠡᠯ ᠤ᠋ᠨ ᠪᠠᠭᠰᠢ ᠰᠤᠷᠤᠭᠴᠢᠳ ᠤ᠋ᠨ ᠨᠠᠮ ᠤ᠋ᠨ ᠡᠭᠦᠷ 《ᠪᠦᠯᠬᠦᠮ ᠨᠡᠢᠳᠡ ᠪᠡᠷ ᠬᠦᠮᠦᠨ ᠬᠦᠮᠦᠵᠢᠭᠦᠯᠵᠦ·ᠡᠯᠡᠰᠦ ᠵᠢ ᠵᠠᠰᠠᠵᠤ ᠤᠯᠤᠰ ᠲᠠᠭᠠᠨ ᠵᠢᠳᠬᠦᠶ᠎ᠡ》 ᠭᠡᠬᠥ ᠥᠷᠲᠡᠭ᠎ᠦᠨ ᠤᠳᠤᠷᠢᠳᠤᠮᠵᠢ᠎ᠳᠤ ᠠᠩᠬᠠᠷᠤᠯ᠎ᠢᠶᠠᠨ ᠲᠥᠪᠯᠡᠷᠡᠭᠦᠯᠵᠦ᠂ ᠰᠤᠷᠭᠠᠨ ᠬᠥᠮᠦᠵᠢᠯ ᠰᠢᠨᠵᠢᠯᠡᠬᠦ ᠤᠬᠠᠭᠠᠨ ᠠᠵᠤ ᠦᠢᠯᠡᠰ᠎ᠢ ᠬᠠᠮᠵᠢᠯᠴᠠᠭᠤᠯᠤᠨ ᠬᠥᠮᠥᠨ ᠬᠥᠮᠥᠵᠢᠭᠦᠯᠬᠦ ᠠᠵᠢᠯ᠎ᠢ ᠥᠷᠨᠢᠭᠦᠯᠪᠡ᠃ 2025 ᠣᠨ᠎ᠤ 7 ᠰᠠᠷ᠎ᠠ᠎ᠳᠤ᠂ ᠱᠧᠦ ᠵᠦᠸᠸ ᠦᠢᠯᠡᠳᠭᠡᠯ ᠤ᠋ᠨ ᠪᠠᠭ᠍ᠰᠢ ᠰᠤᠷᠤᠭ᠍ᠴᠢᠳ᠎ᠤᠨ ᠪᠦᠯᠬᠦᠮ ᠪᠣᠯᠣᠨ ᠮᠧᠩ ᠼᠤᠤ ᠪᠦᠯᠦᠭᠯᠡᠯ ᠤ᠋ᠨ ᠵᠠᠯᠠᠭᠤᠴᠤᠳ᠎ᠤᠨ ᠪᠣᠯᠪᠠᠰᠤᠷᠠᠯ᠎ᠤᠨ ᠬᠤᠸᠠᠷᠠᠨ ᠬᠠᠮᠲᠤᠷᠠᠯᠴᠠᠭᠠᠨ᠎ᠤ ᠲᠥᠯᠥᠪᠯᠡᠭᠡ ᠥᠷᠨᠢᠭᠦᠯᠵᠦ᠂ ᠰᠤᠷᠤᠭ᠍ᠴᠢᠳ᠎ᠢ ᠠᠵᠤ ᠠᠬᠤᠢᠯᠠᠯ᠎ᠤᠨ ᠠᠮᠢ ᠠᠬᠤᠢ᠎ᠶᠢ ᠰᠡᠷᠭᠦᠭᠡᠬᠦ ᠲᠤᠨᠤᠭ ᠲᠥᠬᠦᠭᠡᠷᠦᠮᠵᠢ᠎ᠶᠢ ᠰᠤᠳᠤᠯᠤᠨ ᠨᠡᠭᠡᠭᠡᠬᠦ ᠠᠵᠤ ᠦᠢᠯᠡᠰ᠎ᠦᠨ ᠰᠤᠳᠤᠯᠭᠠᠨ᠎ᠤ ᠰᠡᠳᠦᠪ᠎ᠦᠨ ᠬᠠᠷᠢᠭᠤᠴᠠᠯᠭᠠᠲᠠᠨ ᠪᠣᠯᠭᠠᠵᠤ᠂ ᠣᠬᠣᠷᠬᠠᠨ ᠨᠢᠭᠡ ᠵᠢᠯ᠎ᠦᠨ ᠬᠤᠭᠤᠴᠠᠭᠠᠨ᠎ᠳᠤ ᠡᠯᠪᠡᠭ ᠪᠠᠶᠠᠯᠢᠭ᠋ ᠦᠷ᠎ᠡ ᠪᠦᠲᠦᠭᠡᠯ ᠣᠯᠪᠠ᠃
《ᠡᠮᠦᠨᠡᠬᠢ ᠬᠤᠭᠤᠴᠠᠭᠠᠨ᠎ᠤ ᠨᠠᠷᠢᠨ ᠬᠢᠨᠠᠮᠠᠭᠠᠢ ᠰᠢᠨᠵᠢᠯᠡᠨ ᠪᠠᠢᠴᠠᠭᠠᠯᠲᠠ᠎ᠪᠠᠷ ᠳᠠᠮᠵᠢᠨ᠂ ᠪᠢᠳᠡ ᠤᠯᠤᠰ᠎ᠤᠨ ᠳᠡᠰ᠎ᠤᠨ ᠠᠮᠢ ᠠᠬᠤᠢ᠎ᠶᠢ ᠰᠡᠷᠭᠦᠭᠡᠬᠦ ᠲᠤᠨᠤᠭ ᠲᠥᠬᠦᠭᠡᠷᠦᠮᠵᠢ᠎ᠶᠢ ᠰᠤᠳᠤᠯᠤᠨ ᠨᠡᠭᠡᠭᠡᠬᠦ ᠠᠵᠤ ᠦᠢᠯᠡᠰ᠎ᠦᠨ ᠰᠤᠳᠤᠯᠭᠠᠨ᠎ᠤ ᠰᠡᠳᠦᠪ᠎ᠢ ᠱᠧᠦ ᠵᠦᠸᠸ ᠦᠢᠯᠡᠳᠭᠡᠯ ᠤ᠋ᠨ ᠪᠠᠭ᠍ᠰᠢ ᠰᠤᠷᠤᠭ᠍ᠴᠢᠳ᠎ᠤᠨ ᠪᠦᠯᠬᠦᠮ᠎ᠳᠦ ᠲᠤᠰᠢᠶᠠᠨ ᠥᠭᠴᠦ᠂ ᠰᠤᠷᠤᠭ᠍ᠴᠢᠳ ᠠᠵᠤ ᠠᠬᠤᠢᠯᠠᠯ᠎ᠳᠤ ᠳᠠᠳᠤᠯᠭ᠎ᠠ ᠬᠢᠵᠦ᠂ ᠰᠤᠳᠤᠯᠭᠠᠨ᠎ᠤ ᠰᠡᠳᠦᠪ᠎ᠦᠨ ᠬᠠᠷᠢᠭᠤᠴᠠᠯᠭᠠᠲᠠᠨ ᠪᠣᠯᠵᠤ᠂ ᠮᠠᠨ᠎ᠤ ᠠᠵᠤ ᠠᠬᠤᠢᠯᠠᠯ᠎ᠤᠨ ᠰᠤᠳᠤᠯᠤᠨ ᠨᠡᠭᠡᠭᠡᠬᠦ ᠢᠨᠵᠧᠨᠧᠷ᠎ᠲᠠᠢ ᠬᠠᠮᠲᠤ᠎ᠪᠠᠷ ᠬᠦᠴᠢᠷ᠎ᠢ ᠲᠤᠭᠤᠯᠤᠨ ᠪᠡᠷᠬᠡ᠎ᠶᠢ ᠳᠠᠪᠠᠵᠤ᠂ ᠨᠢᠭᠡᠨᠲᠡ ᠮᠠᠰᠢ ᠤᠯᠠᠨ ᠦᠷ᠎ᠡ ᠪᠦᠲᠦᠭᠡᠯ ᠣᠯᠣᠭᠰᠠᠨ ᠪᠥᠭᠡᠳ ᠥᠪᠥᠷ ᠮᠣᠩᠭᠣᠯ᠎ᠤᠨ ᠡᠯᠡᠰᠦᠷᠬᠡᠭᠵᠢᠯ᠎ᠢ ᠰᠡᠷᠭᠡᠢᠯᠡᠨ ᠡᠯᠡᠰᠦ ᠵᠢ ᠵᠠᠰᠠᠬᠤ ᠡᠮᠦᠨ᠎ᠡ ᠹᠷᠣᠨᠲ᠎ᠲᠤ ᠬᠡᠷᠡᠭᠯᠡᠵᠤ ᠡᠭᠢᠯᠡᠵᠠᠢ》᠃ ᠮᠧᠩ ᠼᠤᠤ ᠪᠦᠯᠦᠭᠯᠡᠯ᠎ᠦᠨ ᠣᠶᠤᠨᠲᠤ ᠲᠣᠨᠣᠭ ᠲᠦᠬᠦᠭᠡᠷᠦᠮᠵᠢ ᠵᠢᠨ ᠰᠤᠳᠤᠯᠭᠠᠨ᠎ᠤ ᠬᠦᠷᠢᠶᠡᠯᠡᠩ᠎ᠦᠨ ᠳᠠᠷᠤᠭ᠎ᠠ ᠸᠠᠩ ᠯᠧᠢ ᠤᠷᠢᠯᠭ᠎ᠠ᠎ᠪᠠᠷ ᠲᠣᠰ ᠤᠳᠠᠭᠠᠨ᠎ᠤ ᠲᠡᠭᠦᠰᠬᠦ ᠵᠢᠷᠤᠭ ᠲᠥᠯᠥᠪᠯᠡᠭᠡ᠎ᠶᠢᠨ ᠬᠢᠨᠠᠨ ᠲᠤᠭᠳᠠᠭᠠᠯᠳᠠ᠎ᠳᠤ ᠣᠷᠣᠯᠴᠠᠵᠤ᠂ ᠰᠤᠷᠭᠠᠨ ᠬᠥᠮᠦᠵᠢᠯ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠬᠠᠮᠵᠢᠯᠴᠠᠨ ᠬᠥᠮᠥᠨ ᠬᠥᠮᠥᠵᠢᠭᠦᠯᠬᠦ ᠰᠠᠷᠠᠭᠤᠯ ᠢᠷᠡᠭᠡᠳᠦᠢ᠎ᠶᠢ ᠮᠠᠰᠢ ᠰᠠᠢᠨ ᠭᠡᠵᠦ ᠦᠵᠡᠪᠡ᠃
ᠱᠧᠦ ᠵᠦᠸᠸ ᠦᠢᠯᠡᠳᠭᠡᠯ ᠤ᠋ᠨ ᠳᠥᠷᠪᠡᠳᠦᠭᠡᠷ ᠣᠨ᠎ᠤ ᠣᠶᠤᠲᠠᠨ ᠴᠠᠩ ᠰᠢᠨ ᠪᠢᠨ ᠪᠣᠯ ᠦᠷ᠎ᠡ ᠲᠠᠷᠢᠬᠤ ᠲᠣᠨᠣᠭ ᠲᠦᠬᠦᠭᠡᠷᠦᠮᠵᠢ ᠵᠢᠨ ᠲᠥᠷᠥᠯ ᠵᠦᠢᠯ᠎ᠦᠨ ᠳᠤᠭᠤᠢᠯᠠᠩ᠎ᠤᠨ ᠬᠠᠷᠢᠭᠤᠴᠠᠯᠭᠠᠲᠠᠨ ᠪᠤᠯᠤᠨ᠎ᠠ᠂ 260 ᠲᠦᠮᠡ ᠰᠢᠬᠠᠮ ᠲᠦᠭᠦᠷᠢᠭ ᠤ᠋ᠨ ᠲᠣᠮᠣ᠌ ᠲᠥᠷᠥᠯ ᠵᠦᠢᠯ ᠨᠢ ᠲᠡᠭᠦᠨ᠎ᠳᠦ ᠠᠪᠴᠤ ᠬᠡᠯᠡᠪᠡᠯ ᠦᠷᠢᠰᠦᠯᠳᠦᠭᠡᠨ ᠪᠤᠯᠬᠤ ᠪᠡᠷ ᠪᠠᠷᠠᠬᠤ ᠦᠭᠡᠢ ᠨᠠᠩ ᠴᠤ᠌ ᠵᠤᠷᠢᠭᠵᠢᠭᠤᠯᠤᠯ ᠪᠣᠯᠣᠨ᠎ᠠ᠄ 《ᠠᠵᠤ ᠠᠬᠤᠢᠯᠠᠯ ᠡᠴᠡ ᠡᠢᠮᠦ ᠴᠢᠬᠤᠯᠠ ᠶᠡᠬᠡ ᠲᠥᠷᠥᠯ ᠵᠦᠢᠯ᠎ᠢ ᠮᠠᠨ᠎ᠤ ᠰᠤᠷᠭᠠᠭᠤᠯᠢ᠎ᠳᠤ ᠪᠠᠢᠭ᠎ᠠ ᠣᠶᠤᠲᠠᠳ᠎ᠲᠤ ᠲᠤᠰᠢᠶᠠᠨ ᠬᠠᠷᠢᠭᠤᠴᠠᠭᠤᠯᠤᠭᠰᠠᠨ ᠳ᠋ᠤ ᠪᠦᠯᠬᠦᠮ ᠨᠡᠶ᠋ᠢᠲᠡ᠎ᠶᠢᠨ ᠪᠠᠭ᠍ᠰᠢ ᠰᠤᠷᠤᠭ᠍ᠴᠢᠳ ᠴᠥᠮ ᠡᠷᠴᠢ ᠵᠣᠷᠢᠭ᠋᠎ᠢᠶᠠᠨ ᠬᠥᠪᠴᠢᠯᠡᠨ ᠠᠵᠢᠯᠯᠠᠵᠤ᠂ ᠠᠵᠤ ᠠᠬᠤᠢᠯᠠᠯ᠎ᠤᠨ ᠢᠲᠡᠭᠡᠯ᠎ᠢ ᠬᠥᠰᠡᠷᠳᠡᠭᠦᠯᠬᠦ ᠦᠭᠡᠢ ᠶᠤᠮ》 ᠭᠡᠪᠡ᠃ ᠨᠢᠭᠡ ᠵᠢᠯ ᠪᠣᠯᠣᠭ᠎ᠠ ᠦᠭᠡᠢ ᠬᠤᠭᠤᠴᠠᠭᠠᠨ᠎ᠳᠤ᠂ ᠴᠠᠩ ᠰᠢᠨ ᠪᠢᠨ᠎ᠤ ᠳᠠᠭᠠᠭᠤᠯᠭ᠎ᠠ ᠳᠣᠣᠷ᠎ᠠ᠂ ᠳᠥᠷᠪᠡᠳᠦᠭᠡᠷ ᠦᠶ᠎ᠡ᠎ᠶᠢᠨ ᠲᠠᠴᠢᠷᠳᠠᠭᠰᠠᠨ ᠨᠤᠲᠤᠭ ᠪᠡᠯᠴᠢᠭᠡᠷ᠎ᠲᠤ ᠣᠯᠠᠨ ᠵᠦᠢᠯ᠎ᠦᠨ ᠡᠪᠡᠰᠦᠨ ᠦᠷ᠎ᠡ ᠬᠣᠯᠢᠵᠤ ᠳᠠᠷᠢᠬᠤ ᠮᠠᠰᠢᠨ᠎ᠢ ᠰᠤᠳᠤᠯᠤᠨ ᠨᠡᠭᠡᠭᠡᠬᠦ ᠠᠵᠢᠯ ᠴᠢᠬᠤᠯᠠ ᠶᠡᠬᠡ ᠠᠬᠢᠯᠲᠠ᠎ᠲᠠᠢ ᠪᠣᠯᠵᠤ᠂ ᠦᠢᠯᠡᠳᠪᠦᠷᠢᠯᠡᠯ ᠤ᠋ᠨ ᠱᠤᠭᠤᠮ ᠳ᠋ᠤ ᠤᠷᠤᠬᠤ ᠡᠴᠡ ᠡᠮᠦᠨᠡᠬᠢ ᠲᠤᠷᠰᠢᠯᠲᠠ ᠵᠢᠨ ᠱᠠᠲᠤᠨ᠎ᠳᠤ ᠣᠷᠣᠵᠤ᠂ ᠤᠯᠠᠮᠵᠢᠯᠠᠯᠲᠤ ᠦᠷ᠎ᠡ ᠰᠠᠴᠤᠬᠤ ᠮᠠᠰᠢᠨ᠎ᠤ ᠪᠤᠳᠤᠯᠢᠶᠠᠨᠲᠠᠢ ᠲᠠᠴᠢᠷᠳᠠᠭᠰᠠᠨ ᠨᠤᠲᠤᠭ ᠪᠡᠯᠴᠢᠭᠡᠷ᠎ᠦᠨ ᠭᠠᠵᠠᠷ᠎ᠤᠨ ᠭᠠᠳᠠᠷᠭᠤ᠎ᠳᠤ ᠦᠷᠡᠬᠠᠳᠬᠤᠬᠤᠳᠤ ᠬᠦᠴᠢᠷ᠂ ᠨᠠᠬᠢᠶᠠᠯᠠᠬᠤ ᠨᠣᠷᠮ᠎ᠠ ᠳᠣᠣᠷ᠎ᠠ ᠵᠡᠷᠭᠡ ᠬᠦᠴᠢᠷ ᠠᠰᠠᠭᠤᠳᠠᠯ᠎ᠢ ᠰᠢᠢᠳᠪᠦᠷᠢᠯᠡᠪᠡ᠃
ᠣᠳᠣᠬᠠᠨ᠎ᠳᠤ᠂ ᠶᠠᠭ ᠡᠯᠡᠰᠦᠷᠬᠡᠭ ᠭᠠᠵᠠᠷ᠎ᠢ ᠨᠣᠭᠣᠭᠠᠷᠠᠭᠤᠯᠬᠤ ᠵᠠᠩᠭᠢᠯᠠᠭ᠎ᠠ᠎ᠶᠢᠨ ᠴᠠᠭ ᠦᠶ᠎ᠡ᠎ᠳᠦ ᠣᠷᠣᠵᠤ᠂ ᠱᠸᠤ ᠵᠦᠸᠸ ᠦᠢᠯᠡᠳᠭᠡᠯ᠎ᠤᠨ ᠭᠠᠵᠠᠷ᠎ᠤᠨ ᠪᠠᠭ᠍ᠰᠢ ᠰᠤᠷᠤᠭ᠍ᠴᠢᠳ᠎ᠤᠨ ᠪᠦᠯᠬᠦᠮ᠎ᠦᠨ ᠰᠤᠳᠤᠯᠤᠨ ᠨᠡᠭᠡᠭᠡᠭᠰᠡᠨ ᠳᠠᠷᠠᠬᠠᠶ ᠬᠡᠯᠪᠡᠷᠢ᠎ᠶᠢᠨ ᠪᠣᠳᠠ ᠮᠣᠳᠣᠨ ᠡᠯᠡᠰᠦᠨ ᠬᠠᠯᠬᠠᠪᠴᠢ᠎ᠶᠢ ᠵᠠᠢᠯᠠᠬᠤ ᠲᠥᠬᠦᠭᠡᠷᠦᠮᠵᠢ᠎ᠶᠢᠨ ᠲᠤᠷᠰᠢᠯᠲᠠ᠎ᠶᠢᠨ ᠵᠠᠭᠪᠤᠷ ᠮᠠᠰᠢᠨ᠎ᠢ ᠶᠠᠭ ᠰᠢᠯᠢ᠎ᠶᠢᠨ ᠭᠣᠣᠯ ᠠᠢᠮᠠᠭ᠎ᠤᠨ ᠰᠢᠯᠤᠭᠤᠨ ᠬᠥᠬᠡ ᠬᠣᠰᠢᠭᠤᠨ᠎ᠤ ᠬᠤᠯᠠᠨ ᠰᠢᠷᠭ᠎ᠠ ᠲᠠᠭ᠎ᠠ᠎ᠶᠢᠨ ᠡᠯᠡᠰᠦᠷᠬᠡᠭ ᠭᠠᠵᠠᠷ᠎ᠲᠦ ᠲᠤᠷᠰᠢᠨ ᠠᠵᠢᠯᠯᠠᠭᠤᠯᠵᠤ ᠪᠣᠶ᠃ 《ᠡᠨᠡ ᠮᠠᠰᠢᠨ᠎ᠤ ᠳᠠᠷᠢᠬᠤ ᠦᠷ᠎ᠡ ᠪᠦᠲᠦᠮᠵᠢ ᠨᠢ ᠮᠠᠰᠢ ᠥᠨᠳᠥᠷ᠂ ᠬᠥᠮᠥᠨ᠎ᠦ ᠬᠦᠴᠦ ᠪᠡᠷ ᠠᠵᠢᠯᠯᠠᠬᠤ᠎ᠵᠢᠨ 30 ᠳᠠᠬᠢᠨ ᠪᠠᠢᠵᠤ᠂ ᠡᠯᠡᠰᠦ᠎ᠶᠢ ᠵᠠᠰᠠᠬᠤ ᠪᠠᠰᠠ ᠨᠢᠭᠡᠨ ᠬᠤᠷᠴᠠ ᠵᠡᠪᠰᠡᠭ ᠪᠣᠯᠣᠨ᠎ᠠ!》 ᠭᠡᠵᠦ ᠸᠠᠩ ᠯᠧᠢ ᠪᠠᠶᠠᠷᠳᠠᠢ ᠬᠡᠯᠡᠪᠡ᠃
ᠠᠮᠢ ᠠᠬᠤᠢ᠎ᠶᠢ ᠰᠡᠷᠭᠦᠭᠡᠬᠦ ᠬᠦᠷᠢᠶᠡᠨ᠎ᠦ ᠪᠣᠳᠠᠲᠠᠢ ᠬᠡᠷᠡᠭᠴᠡᠭᠡ᠎ᠳᠦ ᠠᠩᠬᠠᠷᠤᠯ᠎ᠢᠶᠠᠨ ᠲᠥᠪᠯᠡᠷᠡᠭᠦᠯᠵᠦ᠂ ᠵᠠᠯᠠᠭᠤᠴᠤᠳ᠎ᠤᠨ ᠪᠣᠯᠪᠠᠰᠤᠷᠠᠯ᠎ᠤᠨ ᠬᠤᠸᠠᠷᠠᠨ ᠨᠡᠢ᠍ᠢᠳᠡ 8 ᠲᠦᠷᠦᠯ ᠵᠦᠢᠯ᠎ᠦᠨ ᠳᠤᠭᠤᠢᠯᠠᠩ ᠪᠠᠢᠭᠤᠯᠵᠤ᠂ ᠡᠪᠡᠰᠦ ᠲᠠᠷᠢᠬᠤ᠂ ᠡᠯᠡᠰᠦᠨ ᠬᠠᠯᠬᠠᠪᠴᠢ ᠲᠠᠷᠢᠵᠤ ᠳᠡᠪᠢᠰᠬᠦ᠂ ᠪᠤᠲᠠᠯᠢᠭ ᠡᠪᠡᠰᠦᠲᠦ ᠤᠷᠭᠤᠮᠠᠯ᠎ᠤᠨ ᠦᠷ᠎ᠡ ᠬᠤᠷᠢᠶᠠᠬᠤ ᠵᠡᠷᠭᠡ ᠤᠯᠠᠨ ᠰᠤᠳᠤᠯᠭᠠᠨ᠎ᠤ ᠬᠦᠷᠢᠶ᠎ᠡ᠎ᠶᠢ ᠬᠠᠮᠤᠷᠬᠤ ᠪᠡᠷ ᠲᠦᠯᠦᠪᠯᠡᠪᠡ᠃ ᠬᠣᠣᠰ ᠵᠢᠯᠣᠭᠣᠳᠤᠭ᠍ᠴᠢ ᠪᠠᠭ᠍ᠰᠢ᠎ᠶᠢᠨ ᠳᠦᠷᠢᠮ᠎ᠢ ᠬᠡᠷᠡᠭᠵᠢᠭᠦᠯᠵᠦ᠂ ᠠᠵᠤ ᠠᠬᠤᠢᠯᠠᠯ᠎ᠤᠨ ᠮᠡᠷᠭᠡᠵᠢᠯ᠎ᠦᠨ ᠭᠣᠣᠯᠯᠠᠭ᠍ᠴᠢ ᠬᠦᠴᠦᠨ ᠬᠢᠭᠡᠳ ᠶᠡᠬᠡ ᠳᠡᠭᠡᠳᠦ ᠰᠤᠷᠭᠠᠭᠤᠯᠢ᠎ᠶᠢᠨ ᠪᠠᠭ᠍ᠰᠢ᠎ᠶᠢ ᠬᠦᠮᠦᠨ ᠬᠥᠮᠥᠵᠢᠭᠦᠯᠬᠦ ᠪᠦᠯᠬᠦᠮ ᠨᠡᠶ᠋ᠢᠲᠡ᠎ᠳᠦ ᠣᠷᠣᠭᠤᠯᠬᠤ᠎ᠶᠢᠨ ᠬᠠᠮᠲᠤ᠂ ᠳᠡᠭᠡᠷ᠎ᠡ ᠣᠨ᠎ᠤ ᠰᠤᠷᠤᠭᠴᠢ ᠳᠣᠣᠷ᠎ᠠ ᠤᠨ᠎ᠤ ᠰᠤᠷᠤᠭᠴᠢ᠎ᠶᠢ ᠳᠠᠢᠴᠢᠯᠠᠬᠤ 《ᠤᠯᠠᠮᠵᠢᠯᠠᠬᠤ ᠬᠠᠪᠰᠤᠷᠬᠤ ᠳᠠᠭᠠᠭᠤᠯᠬᠤ》 ᠵᠠᠭᠪᠤᠷ᠎ᠢ ᠬᠡᠷᠡᠭᠯᠡᠵᠦ᠂ ᠰᠤᠷᠤᠭ᠍ᠴᠢᠳ᠎ᠢ ᠲᠥᠷᠥᠯ ᠵᠦᠢᠯ᠎ᠦᠨ ᠡᠬᠢᠨ᠎ᠦ ᠦᠶ᠎ᠡ᠎ᠡᠴᠡ ᠲᠥᠷᠥᠯ ᠵᠦᠢᠯ᠎ᠦᠨ ᠲᠥᠰᠥᠯ᠎ᠢ ᠨᠤᠲᠠᠯᠠᠬᠤ᠂ ᠰᠤᠳᠤᠯᠤᠨ ᠨᠡᠭᠡᠭᠡᠵᠦ ᠦᠢᠯᠡᠳᠬᠦ᠂ ᠬᠡᠮᠵᠢᠨ ᠲᠤᠷᠰᠢᠬᠤ᠎ᠶᠢ ᠰᠢᠯᠢᠳᠡᠭᠵᠢᠭᠦᠯᠬᠦ ᠪᠥᠬᠥ ᠶᠠᠪᠤᠴᠠ᠎ᠳᠤ ᠭᠦᠨᠵᠡᠭᠡᠢ ᠣᠷᠣᠯᠴᠠᠭᠤᠯᠪᠠ᠃
ᠰᠤᠷᠤᠭ᠍ᠴᠢᠳ ᠠᠵᠤ ᠠᠬᠤᠢᠯᠠᠯ᠎ᠤᠨ ᠪᠣᠳᠠᠲᠤ ᠠᠵᠢᠯᠯᠠᠭᠠᠨ᠎ᠤ ᠰᠡᠳᠦᠪᠲᠦ ᠭᠦᠨᠵᠡᠭᠡᠢ ᠣᠷᠣᠯᠴᠠᠵᠤ᠂ ᠲᠤᠰᠬᠠᠢ ᠮᠡᠷᠭᠡᠵᠢᠯ᠎ᠦᠨ ᠴᠢᠳᠠᠪᠤᠷᠢ᠎ᠶᠢᠨ ᠳᠡᠭᠡᠭᠰᠢᠯᠡᠯᠲᠡ ᠮᠠᠰᠢ ᠲᠦᠷᠭᠡᠨ ᠪᠠᠢᠵᠤ᠂ ᠲᠡᠭᠦᠰᠦᠮᠡᠭᠴᠡ᠎ᠪᠡᠨ ᠠᠵᠢᠯ ᠣᠯᠵᠤ᠂ ᠴᠢᠨᠠᠭᠰᠢᠯᠠᠪᠠᠯ ᠠᠵᠤ ᠠᠬᠤᠢᠯᠠᠯ᠎ᠤᠨ ᠭᠣᠣᠯᠯᠠᠭ᠍ᠴᠢ ᠬᠦᠴᠦᠨ ᠪᠣᠯᠪᠠ᠃ ᠸᠠᠩ ᠱᠣ᠌ ᠬᠠᠨ ᠪᠣᠯ ᠨᠠᠢᠯᠵᠠᠭᠤᠷ ᠬᠠᠷᠭᠠᠨ᠎ᠠ᠎ᠵᠢᠨ ᠦᠷ᠎ᠡ ᠬᠤᠷᠢᠶᠠᠬᠤ ᠮᠠᠰᠢᠨ᠎ᠢ ᠰᠤᠳᠤᠯᠤᠨ ᠨᠡᠭᠡᠭᠡᠬᠦ ᠲᠥᠷᠥᠯ ᠵᠦᠢᠯ᠎ᠦᠨ ᠬᠠᠷᠢᠭᠤᠴᠠᠯᠭᠠᠲᠠᠨ ᠪᠣᠯᠣᠨ᠎ᠠ᠂ ᠨᠠᠢᠯᠵᠠᠭᠤᠷ ᠬᠠᠷᠭᠠᠨ᠎ᠠ᠎ᠵᠢᠨ ᠦᠷ᠎ᠡ ᠬᠤᠷᠢᠶᠠᠬᠤ ᠬᠤᠭᠤᠴᠠᠭ᠎ᠠ ᠣᠬᠣᠷ᠂ ᠲᠤᠰᠬᠠᠢ ᠲᠣᠨᠣᠭ ᠲᠥᠬᠦᠭᠡᠷᠦᠮᠵᠢ ᠳᠤᠲᠠᠭᠳᠠᠵᠤ ᠪᠠᠢᠬᠤ ᠵᠡᠷᠭᠡ ᠠᠵᠢᠯ ᠲᠥᠷᠥᠯ᠎ᠦᠨ ᠬᠦᠴᠢᠷ ᠠᠰᠠᠭᠤᠳᠠᠯ᠎ᠢ ᠰᠢᠢᠳᠪᠦᠷᠢᠯᠡᠬᠦ᠎ᠶᠢᠨ ᠲᠥᠯᠥᠭᠡ᠂ ᠲᠡᠷᠡ ᠲᠥᠷᠥᠯ ᠵᠦᠢᠯ᠎ᠦᠨ ᠪᠦᠯᠬᠦᠮ ᠨᠡᠶ᠋ᠢᠲᠡ᠎ᠶᠢ ᠵᠣᠬᠢᠶᠠᠨ ᠪᠠᠢᠭᠤᠯᠵᠤ ᠯᠠᠪᠳᠠᠭᠤᠨ ᠪᠠᠲᠤᠲᠠᠢ᠎ᠪᠠᠷ ᠲᠤᠬᠠᠢ᠎ᠶᠢᠨ ᠭᠠᠵᠠᠷ ᠲᠤᠨᠢ ᠪᠠᠢᠴᠠᠭᠠᠨ ᠰᠤᠳᠤᠯᠬᠤ ᠠᠵᠢᠯ ᠥᠷᠨᠢᠭᠦᠯᠵᠦ᠂ ᠨᠡᠢᠳᠡᠮ ᠬᠡᠷᠡᠭᠯᠡᠭᠡᠨ᠎ᠦ ᠮᠠᠰᠢᠨ᠎ᠤ ᠰᠠᠯᠠᠭ᠎ᠠ ᠮᠦᠴᠢᠷ᠎ᠢ ᠭᠡᠮᠲᠦᠭᠡᠭᠦ ᠨᠣᠷᠮ᠎ᠠ ᠥᠨᠳᠥᠷ ᠪᠠᠢᠬᠤ ᠵᠡᠷᠭᠡ ᠡᠪᠡᠷᠰᠢᠶᠡᠯ᠎ᠢ ᠲᠣᠳᠣᠷᠬᠠᠢ ᠣᠢᠯᠠᠭᠠᠭᠰᠠᠨ ᠪᠥᠭᠡᠳ ᠪᠠᠢᠴᠠᠭᠠᠨ ᠰᠤᠳᠤᠯᠤᠯᠲᠠ᠎ᠶᠢᠨ ᠲᠣᠭ᠎ᠠ ᠪᠠᠷᠢᠮᠲᠠ ᠪᠣᠯᠣᠨ ᠲᠤᠷᠰᠢᠯᠲᠠ᠎ᠶᠢᠨ ᠳ᠋ᠦᠩᠨᠡᠯᠲᠡ᠎ᠶᠢ ᠦᠨᠳᠦᠰᠦᠯᠡᠨ ᠤᠶᠠᠨ ᠴᠢᠨᠠᠷᠲᠠᠢ ᠬᠡᠯᠪᠡᠯᠵᠡᠭᠦᠯᠦᠨ ᠲᠡᠭᠦᠬᠦ ᠮᠡᠷᠭᠡᠵᠢᠯ᠎ᠦᠨ ᠱᠤᠭᠤᠮ᠎ᠢ ᠲᠣᠭᠲᠠᠭᠠᠪᠠ᠃ ᠣᠳᠣᠬᠠᠨ᠎ᠳᠤ᠂ ᠲᠣᠰ ᠥᠯᠢᠭᠡᠷ ᠮᠠᠰᠢᠨ᠎ᠢ ᠦᠢᠯᠡᠳᠪᠦᠷᠢᠯᠡᠬᠦ ᠠᠵᠢᠯ ᠶᠠᠭ ᠡᠮᠬᠢ ᠵᠢᠷᠤᠮ᠎ᠲᠠᠢ ᠶᠠᠪᠤᠭᠳᠠᠵᠤ ᠪᠠᠢᠨ᠎ᠠ᠃ ᠲᠡᠭᠦᠰᠦᠭᠰᠡᠨ᠎ᠦ ᠳᠠᠷᠠᠭ᠎ᠠ᠂ ᠲᠡᠷᠡ ᠦᠷᠭᠦᠯᠵᠢᠯᠡᠨ ᠮᠧᠩ ᠼᠤᠤ ᠪᠦᠯᠦᠭᠯᠡᠯ᠎ᠳᠦ ᠦᠯᠡᠳᠡᠵᠦ ᠣᠶᠤᠨᠴᠢ ᠲᠥᠬᠦᠭᠡᠷᠦᠮᠵᠢ᠎ᠶᠢ ᠰᠤᠳᠤᠯᠤᠨ ᠨᠡᠭᠡᠭᠡᠬᠦ ᠠᠵᠢᠯ ᠥᠷᠨᠢᠭᠦᠯᠦᠨ᠎ᠡ᠃ 《ᠥᠪᠡᠷ᠎ᠦᠨ ᠰᠤᠷᠤᠭᠰᠠᠨ ᠮᠡᠳᠡᠯᠭᠡ᠎ᠪᠡᠷ᠎ᠢᠶᠡᠨ ᠡᠯᠡᠰᠦᠷᠬᠡᠭᠵᠢᠯ᠎ᠢ ᠰᠡᠷᠭᠡᠢᠯᠡᠨ ᠡᠯᠡᠰᠦ᠎ᠵᠢ ᠵᠠᠰᠠᠬᠤ ᠠᠵᠢᠯ᠎ᠳᠤ ᠬᠦᠴᠦᠨ ᠴᠢᠳᠠᠯ᠎ᠢᠶᠠᠨ ᠡᠷᠭᠦᠬᠦ ᠪᠣᠯᠤᠭᠰᠠᠨ᠎ᠳᠠᠭᠠᠨ ᠮᠠᠰᠢ ᠣᠮᠣᠭᠰᠢᠵᠤ ᠪᠠᠢᠨ᠎ᠠ!》 ᠭᠡᠵᠦ ᠸᠠᠩ ᠱᠣ᠌ ᠬᠠᠨ ᠬᠡᠯᠡᠪᠡ᠃
《ᠡᠯᠡᠰᠦ᠎ᠶᠢ ᠵᠠᠰᠠᠬᠤ᠎ᠨᠢ ᠠᠮᠢ ᠠᠬᠤᠢ᠎ᠶᠢ ᠰᠡᠷᠭᠦᠭᠡᠬᠦ᠎ᠪᠡᠷ ᠪᠠᠷᠠᠬᠤ ᠦᠭᠡᠢ ᠨᠡᠩ ᠴᠤ᠌ ᠴᠢᠳᠠᠪᠤᠷᠢᠲᠠᠨ᠎ᠢ ᠬᠥᠮᠥᠵᠢᠭᠦᠯᠵᠦ ᠪᠠᠢᠨ᠎ᠠ᠃ ᠪᠢᠳᠡ ᠤᠯᠤᠰ᠎ᠤᠨ ᠬᠡᠷᠡᠭᠴᠡᠭᠡ᠎ᠪᠡᠷ ᠬᠥᠮᠥᠨ ᠬᠥᠮᠥᠵᠢᠭᠦᠯᠵᠤ᠂ ᠠᠵᠤ ᠦᠢᠯᠡᠰ᠎ᠦᠨ ᠨᠢᠭᠡᠳᠦᠭᠡᠷ ᠹᠷᠣᠨᠲ᠎ᠢ ᠦᠰᠦᠨ ᠪᠣᠶ᠋ᠢᠵᠢᠯᠲᠠ᠎ᠶᠢᠨ ᠬᠢᠴᠢᠶᠡᠯ᠎ᠦᠨ ᠲᠠᠩᠬᠢᠮ ᠪᠣᠯᠭᠠᠵᠤ᠂ ᠰᠤᠷᠤᠭ᠍ᠴᠢᠳ᠎ᠲᠤ ᠦᠨᠡᠨ ᠪᠣᠳᠠᠲᠠᠢ ᠲᠥᠷᠥᠯ ᠵᠦᠢᠯ ᠳᠤᠮᠳᠠ᠎ᠡᠴᠡ ᠠᠰᠠᠭᠤᠳᠠᠯ᠎ᠢ ᠢᠯᠡᠷᠡᠭᠦᠯᠬᠦ᠂ ᠠᠰᠠᠭᠤᠳᠠᠯ᠎ᠢ ᠰᠢᠢᠳᠪᠦᠷᠢᠯᠡᠬᠦ᠎ᠶᠢ ᠰᠤᠷᠭᠠᠵᠤ᠂ ᠨᠡᠢᠭᠡᠮ᠎ᠳᠦ ᠦᠢᠯᠡᠴᠢᠯᠡᠬᠦ ᠳᠤᠮᠳᠠ ᠲᠣᠰ ᠪᠡᠶ᠎ᠡ᠎ᠶᠢᠨ ᠦᠨ᠎ᠡ ᠥᠷᠲᠡᠭ᠎ᠢᠶᠡᠨ ᠪᠡᠶᠡᠯᠡᠭᠦᠯᠵᠦ᠂ ᠤᠯᠤᠰ ᠪᠠ ᠠᠵᠢᠯ ᠲᠥᠷᠥᠯ᠎ᠳᠦ ᠵᠢᠩᠬᠢᠨᠢ ᠬᠡᠷᠡᠭᠴᠡᠭᠡ᠎ᠲᠠᠢ ᠴᠢᠳᠠᠪᠤᠷᠢᠲᠠᠨ ᠪᠣᠯᠬᠤ᠎ᠶᠢ ᠬᠦᠰᠡᠵᠦ ᠪᠠᠢᠨ᠎ᠠ》 ᠭᠡᠵᠦ ᠱᠧᠦ ᠵᠦᠸᠸ ᠦᠢᠯᠡᠳᠭᠡᠯ᠎ᠤᠨ ᠭᠠᠵᠠᠷ᠎ᠤᠨ ᠬᠠᠷᠢᠭᠤᠴᠠᠯᠭᠠᠲᠠᠨ ᠫᠧᠢ ᠴᠧᠩ ᠬᠤᠢ ᠫᠷᠤᠹᠸᠰᠰᠤᠷ ᠬᠡᠯᠡᠪᠡ᠃
[ᠰᠤᠷᠪᠤᠯᠵᠢᠯᠠᠭ᠍ᠴᠢ᠎ᠶᠢᠨ ᠡᠪᠦᠷ ᠲᠡᠮᠳᠡᠭᠯᠡᠯ]
ᠠᠭᠤᠯᠠ ᠤᠰᠤ ᠤᠢ ᠮᠣᠳᠣ᠌ ᠭᠠᠵᠠᠷ ᠲᠠᠷᠢᠶ᠎ᠠ ᠨᠠᠭᠤᠷ ᠪᠦᠷᠢᠳᠦ ᠨᠤᠲᠤᠭ ᠪᠡᠯᠴᠢᠭᠡᠷ ᠡᠯᠡᠰᠦ ᠮᠠᠩᠬ᠎ᠠ᠎ᠶᠢ ᠰᠢᠰᠲᠧᠮ᠎ᠲᠠᠢ ᠵᠠᠰᠠᠬᠤ᠎ᠶᠢ ᠨᠢᠭᠡᠳᠦᠯᠲᠡᠢ ᠲᠥᠯᠥᠪᠵᠢᠭᠦᠯᠵᠦ᠂ ᠮᠠᠨ᠎ᠤ ᠤᠯᠤᠰ᠎ᠤᠨ ᠤᠮᠠᠷᠠᠲᠤ᠎ᠶᠢᠨ ᠴᠢᠬᠤᠯᠠ ᠠᠮᠢ ᠠᠬᠤᠢ᠎ᠶᠢᠨ ᠠᠮᠤᠷ ᠲᠦᠪᠰᠢᠨ᠎ᠦ ᠬᠠᠯᠬᠠᠪᠴᠢ᠎ᠶᠢ ᠪᠠᠶ᠋ᠢᠭᠤᠯᠬᠤ ᠬᠦᠨᠳᠦ ᠡᠭᠦᠷᠭᠡ ᠦᠪᠦᠷ ᠮᠤᠨᠭᠭᠤᠯᠴᠤᠳ᠎ᠤᠨ ᠮᠦᠷᠦᠨ᠎ᠳᠦ ᠲᠠᠯᠪᠢᠭ᠍ᠳᠠᠵᠤ ᠪᠤᠢ! ᠠᠵᠤ ᠦᠢᠯᠡᠰ᠎ᠦᠨ ᠬᠦᠴᠢᠷ ᠠᠰᠠᠭᠤᠳᠠᠯ ᠪᠣᠯ ᠳᠠᠷᠤᠢ ᠪᠣᠭᠣᠮᠲᠠ ᠰᠢᠪᠲᠤᠯᠬᠤ ᠰᠡᠳᠦᠪ ᠪᠣᠯᠣᠨ᠎ᠠ᠃ ᠡᠯᠡᠰᠦᠷᠬᠡᠭᠵᠢᠯ᠎ᠢ ᠰᠡᠷᠭᠡᠢᠯᠡᠨ ᠡᠯᠡᠰᠦ᠎ᠶᠢ ᠵᠠᠰᠠᠬᠤ ᠡᠮᠦᠨ᠎ᠡ ᠹᠷᠣᠨᠲ ᠪᠣᠯ ᠰᠤᠷᠤᠭ᠍ᠴᠢᠳ᠎ᠤᠨ 《 ᠴᠡᠷᠢᠭ᠎ᠦᠨ ᠪᠣᠯᠪᠠᠰᠤᠷᠠᠯ᠎ᠤᠨ ᠲᠠᠯᠠᠪᠤᠷ 》 ᠪᠣᠯᠣᠨ᠎ᠠ᠂ ᠲᠠᠳᠠ ᠬᠢᠴᠢᠶᠡᠯ᠎ᠦᠨ ᠲᠠᠩᠬᠢᠮ᠎ᠡᠴᠡ ᠭᠠᠷᠴᠤ᠂ ᠠᠵᠤ ᠦᠢᠯᠡᠰ᠎ᠲᠦ ᠭᠦᠨᠵᠡᠭᠡᠢᠷᠡᠨ᠂ ᠦᠢᠯᠡᠳᠦᠯᠭᠡ᠎ᠶᠢᠨ ᠳᠤᠮᠳᠠ ᠮᠡᠳᠡᠯᠭᠡ ᠴᠢᠳᠠᠪᠤᠷᠢ᠎ᠪᠠᠨ ᠳᠠᠪᠲᠠᠨ ᠪᠣᠯᠪᠠᠰᠤᠷᠠᠭᠤᠯᠵᠤ᠂ ᠬᠢᠴᠢᠶᠡᠯ᠎ᠦᠨ ᠲᠠᠩᠬᠢᠮ᠎ᠳᠦ ᠰᠣᠷᠣᠭᠰᠠᠨ᠎ᠢᠶᠠᠨ ᠠᠵᠤ ᠦᠢᠯᠡᠰ᠎ᠦᠨ ᠬᠡᠷᠡᠭᠴᠡᠭᠡ ᠪᠣᠯᠭᠠᠨ ᠬᠤᠪᠢᠷᠠᠭᠤᠯᠵᠤ᠂ ᠡᠬᠡ ᠤᠯᠤᠰ᠎ᠤᠨ ᠬᠠᠮᠤᠭ᠎ᠤᠨ ᠬᠡᠷᠡᠭᠴᠡᠭᠡ᠎ᠲᠠᠢ ᠭᠠᠵᠠᠷ᠎ᠲᠤ ᠬᠡᠷᠡᠯ ᠭᠢᠯᠪᠠᠭ᠎ᠠ᠎ᠪᠠᠨ ᠰᠠᠴᠤᠷᠠᠭᠤᠯᠵᠤ ᠪᠠᠢᠨ᠎ᠠ᠃
ᠵᠠᠯᠠᠭᠤ ᠨᠠᠰᠤᠨ᠎ᠤ ᠤᠶᠤᠨ ᠤᠬᠠᠭᠠᠨ᠎ᠢᠶᠠᠷ ᠠᠵᠤ ᠦᠢᠯᠡᠰ᠎ᠦᠨ ᠬᠦᠴᠢᠷᠳᠡᠯ᠎ᠢ ᠰᠢᠢᠳᠪᠦᠷᠢᠯᠡᠵᠦ᠂ ᠤᠯᠤᠰ᠎ᠲᠠᠭᠠᠨ ᠵᠢᠳᠬᠦᠬᠦ ᠠᠵᠢᠯᠯᠠᠭ᠎ᠠ᠎ᠪᠠᠷ ᠴᠠᠭ ᠦᠶ᠎ᠡ᠎ᠶᠢᠨ ᠬᠠᠷᠢᠭᠤᠴᠠᠯᠭ᠎ᠠ᠎ᠶᠢ ᠡᠭᠦᠷᠭᠡᠯᠡᠨ᠎ᠡ᠃ ᠡᠨᠡ ᠨᠢ ᠶᠡᠬᠡ ᠳᠡᠭᠡᠳᠦ ᠰᠤᠷᠭᠠᠭᠤᠯᠢ᠎ᠶᠢᠨ ᠰᠤᠷᠭᠠᠨ ᠬᠥᠮᠦᠵᠢᠯ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠠᠵᠤ ᠦᠢᠯᠡᠰ ᠬᠠᠮᠵᠢᠯᠴᠠᠨ ᠬᠥᠮᠥᠨ ᠬᠥᠮᠥᠵᠢᠭᠦᠯᠬᠦ ᠰᠢᠨ᠎ᠡ᠎ᠶᠢ ᠡᠭᠦᠳᠬᠦ ᠦᠢᠯᠡᠳᠦᠯᠭᠡ ᠪᠣᠯᠬᠤ᠎ᠪᠠᠷ ᠪᠠᠷᠠᠬᠤ ᠦᠭᠡᠢ ᠨᠡᠩ ᠴᠤ᠌ ᠰᠢᠨ᠎ᠡ ᠴᠠᠭ ᠦᠶ᠎ᠡ᠎ᠶᠢᠨ ᠵᠠᠯᠠᠭᠤᠴᠤᠳ᠎ᠤᠨ ᠤᠯᠤᠰ᠎ᠢᠶᠠᠨ ᠬᠠᠢᠷᠠᠯᠠᠬᠤ ᠬᠠᠢᠷ᠎ᠠ ᠰᠡᠳᠬᠢᠯᠭᠡ᠎ᠶᠢ ᠵᠤᠵᠠᠭᠠᠳᠬᠠᠵᠤ᠂ ᠤᠯᠤᠰ᠎ᠲᠠᠭᠠᠨ ᠵᠢᠳᠬᠦᠬᠦ ᠵᠣᠷᠢᠯᠲᠠ᠎ᠪᠠᠨ ᠪᠠᠲᠤᠳᠬᠠᠵᠤ᠂ ᠤᠯᠤᠰ᠎ᠢᠶᠠᠨ ᠬᠦᠴᠦᠷᠬᠡᠭᠵᠢᠭᠦᠯᠬᠦ ᠴᠢᠳᠠᠪᠤᠷᠢ᠎ᠶᠢ ᠳᠠᠪᠲᠠᠨ ᠪᠣᠯᠪᠠᠰᠤᠷᠠᠭᠤᠯᠤᠭᠰᠠᠨ ᠠᠮᠢᠳᠤᠯᠢᠭ᠋ ᠵᠢᠷᠤᠭᠯᠠᠯ ᠪᠣᠯᠣᠨ᠎ᠠ᠃