1949 ᠣᠨ᠎ᠤ 1 ᠰᠠᠷ᠎ᠠ᠎ᠳᠤ ᠫᠢᠩ ᠵᠢᠨ᠎ᠦ ᠳᠠᠢᠯᠠᠯᠳᠤᠭᠠᠨ ᠢᠯᠠᠯᠲᠠ ᠣᠯᠣᠭᠰᠠᠨ᠎ᠤ ᠲᠠᠷᠠᠭ᠎ᠠ᠂ ᠰᠦᠢᠶᠤᠸᠠᠨ᠎ᠤ ᠭᠣᠮᠢᠨᠳᠠᠩ᠎ᠤᠨ ᠴᠡᠷᠢᠭ ᠭᠦᠢᠰᠦ᠋ᠢ(ᠣᠳᠤ᠎ᠶᠢᠨ ᠭᠦᠭᠡᠬᠤᠲᠠ)᠂ ᠪᠤᠭᠤᠲᠤ ᠣᠷᠴᠢᠮ ᠲᠣᠱᠠᠬᠲᠠᠵᠦ᠂ ᠰᠦᠢᠶᠤᠸᠠᠨ᠎ᠢ ᠴᠢᠯᠦᠭᠡᠯᠡᠬᠦ ᠨᠢ ᠨᠢᠭᠡᠨᠲᠡ ᠬᠣᠷᠢᠭ᠍ᠯᠠᠭᠳᠠᠰᠢ ᠦᠭᠡᠢ ᠲᠡᠦᠬᠡ᠎ᠶᠢᠨ ᠬᠠᠨᠳᠤᠰᠢ ᠪᠣᠯᠤᠭᠰᠠᠨ ᠪᠠᠢᠨ᠎ᠠ᠃ ᠪᠧᠢᠫᠢᠩᠤᠨ ᠨᠠᠢᠷᠠᠮᠳᠠᠯ᠎ᠤᠨ ᠬᠡᠯᠡᠯᠴᠡᠭᠡᠷ᠎ᠤᠨ ᠬᠤᠭᠤᠴᠠᠭᠠᠨ᠎ᠳᠤ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ᠎ᠠᠴᠠ ᠰᠦᠢᠶᠤᠸᠠᠨ᠎ᠤ ᠠᠰᠠᠭᠤᠳᠠᠯ᠎ᠢ ᠨᠠᠢᠷᠠᠮᠳᠠᠯ᠎ᠢᠶᠠᠷ ᠰᠢᠢᠳᠪᠦᠷᠢᠯᠡᠬᠦ ᠵᠣᠷᠢᠯᠲᠠ᠎ᠶᠢ ᠳᠤᠷᠠᠳᠤᠨ ᠭᠠᠷᠭᠠᠵᠠᠢ ᠃
3 ᠰᠠᠷ᠎ᠠ᠎ᠶᠢᠨ 5᠎ᠤ᠋ ᠡᠳᠦᠷ᠂ ᠮᠠᠤ ᠽᠧ ᠳ᠋ᠦᠩ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠳᠣᠯᠣᠳᠤᠭᠠᠷ ᠬᠤᠭᠤᠴᠠᠭᠠᠨ᠎ᠤ ᠲᠥᠪ ᠬᠣᠷᠢᠶᠠᠨ᠎ᠤ ᠬᠣᠶᠠᠳᠤᠭᠠᠷ ᠪᠦᠭᠦᠳᠡ ᠬᠤᠷᠠᠯ ᠳᠡᠭᠡᠷ᠎ᠡ 《ᠰᠦᠢᠶᠤᠸᠠᠨ᠎ᠤ ᠠᠷᠭ᠎ᠠ ᠮᠠᠶᠢᠬ》᠎ᠢ᠋ ᠵᠢᠩᠬᠢᠨᠢ᠎ᠪᠡᠷ ᠳᠤᠷᠠᠳᠤᠨ ᠭᠠᠷᠭᠠᠭᠰᠠᠨ ᠪᠥᠭᠡᠳ ᠲᠠᠢᠯᠪᠤᠷᠢᠯᠠᠭᠰᠠᠨ ᠪᠠᠢᠨ᠎ᠠ᠃ ᠲᠤᠬᠠᠢᠯᠠᠪᠠᠯ 《ᠭᠣᠮᠢᠨᠳᠠᠩ᠎ᠤᠨ ᠨᠢᠭᠡ ᠪᠦᠯᠦᠭ ᠴᠡᠷᠢᠭ᠎ᠢ ᠰᠠᠨᠠᠭᠠᠴᠢᠯᠠᠭ᠎ᠠ᠎ᠲᠠᠢ᠎ᠪᠠᠷ ᠬᠠᠮᠠᠭᠠᠯᠠᠵᠤ᠂ ᠲᠡᠭᠦᠨ᠎ᠢ ᠣᠷᠣᠨ ᠡᠴᠡ ᠨᠢ ᠬᠦᠲᠡᠯᠭᠡᠬᠦ ᠦᠭᠡᠢ ᠪᠤᠶᠤ ᠶᠡᠬᠡ ᠲᠥᠯᠥᠪ ᠬᠥᠳᠡᠯᠭᠡᠬᠦ ᠦᠭᠡᠢ ᠪᠠᠢᠯᠭᠠᠨ᠎ᠠ᠂ ᠥᠭᠡᠷ᠎ᠡ᠎ᠪᠡᠷ ᠬᠡᠯᠡᠪᠡᠯ ᠡᠨᠡ ᠨᠢᠭᠡ ᠪᠦᠯᠦᠭ ᠴᠡᠷᠢᠭ᠎ᠲᠦ ᠲᠦᠷ ᠴᠠᠭ ᠨᠠᠢᠷ ᠲᠠᠯᠪᠢᠵᠦ᠂ ᠲᠡᠳᠡᠨ᠎ᠢ ᠣᠯᠣᠰ ᠲᠦᠷᠦ᠎ᠶᠢᠨ ᠲᠠᠯ᠎ᠠ ᠪᠡᠷ ᠪᠢᠳᠡᠨ᠎ᠤ ᠲᠠᠯ᠎ᠠ ᠳ᠋ᠦ ᠵᠣᠬᠰᠣᠬᠣ᠎ᠶᠢ ᠲᠡᠮᠡᠴᠡᠨ ᠣᠯᠬᠣ ᠪᠣᠶᠣ ᠬᠡᠪ᠎ᠢᠶᠡᠷ ᠨᠢ ᠪᠠᠢᠯᠭᠠᠵᠣ᠂ ᠬᠦᠴᠦ᠎ᠪᠡᠨ ᠲᠥᠪᠯᠡᠷᠡᠭᠦᠯᠦᠨ ᠭᠣᠮᠢᠨᠳᠠᠩ᠎ᠤᠨ ᠦᠯᠡᠳᠡᠭᠳᠡᠯ ᠬᠦᠴᠦᠨ᠎ᠦ ᠭᠣᠣᠯ ᠬᠡᠰᠡᠭ᠎ᠢ ᠰᠢᠢᠳᠪᠦᠷᠢᠯᠡᠬᠦ᠎ᠳᠦ ᠳᠥᠭᠦᠮ ᠪᠣᠯᠭᠠᠨ᠎ᠠ᠃ ᠨᠡᠯᠢᠶᠡᠳ ᠬᠡᠰᠡᠭ ᠬᠣᠭᠣᠴᠠᠭ᠎ᠠ᠎ᠶᠢᠨ ᠲᠠᠷᠠᠭ᠎ᠠ (ᠲᠣᠬᠠᠢᠯᠠᠪᠠᠯ ᠬᠡᠳᠦᠨ ᠰᠠᠷ᠎ᠠ᠂ ᠬᠠᠭᠠᠰ ᠵᠢᠯ ᠪᠣᠶᠣ ᠨᠢᠭᠡ ᠵᠢᠯ᠎ᠦᠨ ᠳᠠᠷᠠᠭ᠎ᠠ) ᠠᠷᠠᠳ᠎ᠤᠨ ᠴᠢᠯᠦᠭᠡᠯᠡᠬᠦ ᠴᠡᠷᠢᠭ᠎ᠦᠨ ᠪᠠᠢᠭᠤᠯᠤᠯ᠎ᠢᠶᠠᠷ ᠡᠨᠡ ᠪᠦᠯᠦᠭ ᠴᠡᠷᠢᠭ ᠠᠩᠬᠢ᠎ᠶᠢ ᠠᠷᠠᠳ᠎ᠤᠨ ᠴᠢᠯᠦᠭᠡᠯᠡᠬᠦ ᠴᠡᠷᠢᠭ ᠪᠣᠯᠭᠠᠨ ᠥᠭᠡᠷᠡᠴᠢᠯᠡᠨ ᠪᠠᠢᠭᠤᠯᠤᠨ᠎ᠠ᠃ ᠴᠠᠭ᠎ᠤᠨ ᠪᠠᠢᠳᠠᠯ᠎ᠤᠨ ᠬᠥᠭᠵᠢᠯᠲᠡ ᠬᠤᠪᠢᠷᠠᠯᠲᠠ᠎ᠶᠢ ᠳᠠᠭᠠᠯᠳᠤᠨ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ ᠪᠣᠯᠣᠨ ᠮᠠᠤ ᠽᠧ ᠳ᠋ᠦᠩ᠂ ᠵᠧᠦ ᠧᠨ ᠯᠠᠢ ᠨᠠᠷ ᠰᠦᠢᠶᠤᠸᠠᠨ᠎ᠤ ᠠᠰᠠᠭᠤᠳᠠᠯ᠎ᠢ ᠰᠢᠢᠳᠪᠦᠷᠢᠯᠡᠬᠦ᠎ᠳᠦ ᠪᠠᠰᠠ ᠣᠯᠠᠨ ᠤᠳᠠᠭᠠᠨ᠎ᠤ ᠴᠢᠬᠤᠯᠠ ᠵᠢᠭᠠᠪᠤᠷᠢ ᠥᠭᠴᠦ᠂ 《ᠰᠦᠢᠶᠤᠸᠠᠨ᠎ᠤ ᠠᠷᠭ᠎ᠠ ᠮᠠᠶᠢᠬ》 ᠢ᠋ ᠴᠢᠨᠠᠬᠰᠢᠲᠠ ᠲᠡᠭᠦᠯᠳᠡᠷᠵᠢᠭᠦᠯᠪᠡ᠃
3 ᠰᠠᠷ᠎ᠠ᠎ᠶᠢᠨ ᠡᠬᠢ᠎ᠪᠡᠷ᠂ ᠰᠦᠢᠶᠤᠸᠠᠨ᠎ᠤ ᠠᠰᠠᠭᠤᠳᠠᠯ᠎ᠤᠨ ᠲᠤᠬᠠᠢ ᠬᠡᠯᠡᠯᠴᠡᠭᠡ ᠪᠧᠢᠫᠢᠩ ᠳ᠋ᠦ ᠡᠬᠢᠯᠡᠪᠡ᠃ 3 ᠰᠠᠷ᠎ᠠ᠎ᠶᠢᠨ 2 ᠤ᠋ᠨ ᠡᠳᠦᠷ᠎ᠡᠴᠡ 6᠎ᠤ᠋ ᠡᠳᠦᠷ ᠪᠤᠯᠲᠠᠯ᠎ᠠ᠂ ᠯᠥᠸᠧ ᠿᠦᠩ ᠬᠤᠸᠠᠨ᠂ ᠲᠤᠤ ᠵᠦ᠍᠂ ᠫᠠᠨ ᠵᠢᠢ ᠸᠧᠨ ᠨᠠᠷ ᠹᠦ ᠽᠦᠸᠧ ᠢ᠎ᠶᠢᠨ ᠲᠦᠯᠦᠭᠡᠯᠡᠭᠴᠢ ᠳ᠋ᠧᠩ ᠪᠦᠦ ᠱᠠᠨ᠂ ᠸᠠᠩ ᠺᠧ ᠵᠢᠶᠦᠢ᠍ᠨ᠂ ᠵᠧᠦ ᠪᠧᠢ ᠹᠧᠩ ᠯᠣᠭᠡ ᠪᠧᠢᠫᠢᠩᠳᠦ ᠠᠩᠬ᠎ᠠ ᠤᠳᠠᠭ᠎ᠠ ᠬᠡᠯᠡᠯᠴᠡᠭᠡ ᠬᠢᠪᠡ᠃ ᠲᠤᠬᠠᠢ᠎ᠶᠢᠨ ᠦᠶ᠎ᠡ᠎ᠳᠦ ᠹᠦ ᠽᠦᠸᠧ ᠢ ᠭᠣᠮᠢᠨᠳᠠᠩ ᠬᠢᠭᠡᠳ ᠡᠪ ᠬᠠᠮᠲᠤ ᠨᠠᠮ᠎ᠤᠨ ᠪᠦᠭᠦ ᠲᠠᠯ᠎ᠠ᠎ᠶᠢᠨ ᠬᠡᠯᠡᠯᠴᠡᠭᠡ ᠬᠢᠬᠦ᠎ᠳᠦ ᠬᠡᠢ ᠬᠦᠰᠡᠯ ᠡᠪᠦᠷᠯᠡᠵᠦ ᠪᠠᠢᠭᠰᠠᠨ ᠪᠣᠯᠬᠣᠷ ᠣᠪᠣᠷ ᠨᠢ ᠢᠳᠡᠪᠬᠢᠲᠡᠢ ᠪᠣᠰᠣ ᠪᠠᠢᠵᠦ᠂ ᠬᠡᠯᠡᠯᠴᠡᠭᠡ ᠴᠦ᠍ ᠪᠣᠳᠠᠲᠠᠢ ᠦᠷ᠎ᠡ ᠪᠦᠲᠦᠮᠵᠢ ᠣᠯᠣᠭᠰᠠᠨ ᠦᠭᠡᠢ᠃ ᠴᠢᠯᠦᠭᠡᠯᠡᠬᠦ ᠳᠠᠢᠨ᠎ᠤ ᠵᠠᠯᠭᠠᠭ᠎ᠠ ᠪᠡᠷ ᠢᠯᠠᠯᠲᠠ ᠣᠯᠬᠣ᠎ᠶᠢ ᠳᠠᠭᠠᠯᠳᠤᠨ᠂ ᠣᠯᠠᠨ ᠡᠭᠡᠯᠵᠢ᠎ᠶᠢᠨ ᠬᠡᠯᠡᠯᠴᠡᠭᠡ ᠪᠡᠷ ᠲᠠᠮᠵᠢᠭᠠᠳ ᠬᠣᠶᠠᠷ ᠡᠳᠡᠭᠡᠳ᠎ᠤᠨ ᠲᠥᠯᠥᠭᠡᠯᠡᠭᠴᠢᠳ ᠰᠦᠢᠶᠤᠸᠠᠨ᠎ᠢ ᠨᠠᠢᠷᠠᠮᠳᠠᠯ᠎ᠢᠶᠠᠷ ᠴᠢᠯᠦᠭᠡᠯᠡᠬᠦ ᠬᠡᠯᠡᠯᠴᠡᠭᠡᠷ᠎ᠦᠨ ᠲᠤᠬᠠᠢ ᠰᠠᠨᠠᠯ ᠨᠢᠭᠡᠳᠪᠡ᠃ 6 ᠰᠠᠷ᠎ᠠ᠎ᠶᠢᠨ 8᠎ᠤ᠋ ᠡᠳᠦᠷ᠂ 《ᠰᠦᠢᠶᠤᠸᠠᠨ᠎ᠤ ᠠᠰᠠᠭᠤᠳᠠᠯ᠎ᠢ ᠵᠥᠪᠯᠡᠬᠦ ᠺᠣᠮᠢᠰ᠎ᠤᠨ ᠰᠦᠢᠶᠤᠸᠠᠨ᠎ᠤ ᠬᠢᠯᠢ ᠲᠣᠬᠲᠠᠭᠠᠬᠣ᠂ ᠵᠠᠮ ᠬᠠᠷᠢᠯᠴᠠᠭ᠎ᠠ᠂ ᠮᠥᠩᠭᠥᠨ ᠭᠦᠢᠯᠭᠡᠭᠡᠨ᠂ ᠠᠷᠠᠯᠵᠢᠶ᠎ᠠ᠂ ᠭᠦᠢᠰᠦ᠋ᠢ᠎ᠳᠦ ᠰᠠᠭᠤᠭ᠎ᠠ ᠬᠣᠯᠪᠤᠭ᠎ᠠ ᠠᠪᠬᠤ ᠪᠠᠢᠭᠤᠯᠤᠮᠵᠢ ᠵᠡᠷᠭᠡ ᠪᠣᠳᠠᠲᠠᠢ ᠠᠰᠠᠭᠤᠳᠠᠯ᠎ᠤᠨ ᠲᠤᠬᠠᠢ ᠬᠡᠯᠡᠯᠴᠡᠭᠡᠷ》 (ᠳᠥᠭᠥᠮᠴᠢᠯᠡᠭᠡᠳ 《ᠰᠦᠢᠶᠤᠸᠠᠨ᠎ᠤ ᠬᠡᠯᠡᠯᠴᠡᠭᠡᠷ》) ᠲᠦ᠍ ᠪᠧᠢᠫᠢᠩᠳᠦ ᠭᠠᠷᠤᠨ ᠦᠰᠦᠭ ᠵᠢᠷᠤᠵᠠᠢ᠃ ᠵᠠᠯᠭᠠᠭᠠᠳ ᠹᠦ ᠽᠦᠸᠧ ᠢ ᠸᠠᠩ ᠺᠧ ᠵᠢᠶᠦᠢ᠍ᠨ ᠵᠡᠷᠭᠡ ᠬᠥᠮᠥᠰ᠎ᠢ ᠲᠣᠮᠢᠯᠠᠨ 《ᠰᠦᠢᠶᠤᠸᠠᠨ᠎ᠤ ᠬᠡᠯᠡᠯᠴᠡᠭᠡᠷ》᠎ᠢ᠋ ᠠᠪᠴᠤ ᠭᠦᠢᠰᠦ᠋ᠢ᠎ᠳᠦ ᠣᠴᠢᠵᠤ᠂ ᠳ᠋ᠦᠩ ᠴᠢ ᠦ᠋ ᠳ᠋ᠦ ᠬᠠᠮᠵᠢᠨ 《ᠰᠦᠢᠶᠤᠸᠠᠨ᠎ᠤ ᠬᠡᠯᠡᠯᠴᠡᠭᠡᠷ》 ᠤ᠋ᠨ ᠬᠠᠮᠢᠶ᠎ᠠ ᠪᠦᠬᠦᠢ ᠠᠵᠢᠯ᠎ᠢ ᠨᠠᠢᠳᠠᠪᠤᠷᠢᠵᠢᠭᠤᠯᠵᠤ᠂ ᠰᠦᠢᠶᠤᠸᠠᠨ᠎ᠤ ᠴᠡᠷᠢᠭ ᠵᠠᠰᠠᠭ᠎ᠤᠨ ᠡᠯ᠎ᠡ ᠡᠲᠡᠭᠡᠳ᠎ᠦᠨ ᠬᠢᠨᠢ ᠨᠠᠢᠷᠠᠮᠲᠠᠯ ᠶ᠋ᠢᠡᠷ ᠴᠢᠯᠦᠭᠡᠯᠡᠬᠦ ᠲᠠᠯ᠎ᠠ ᠪᠡᠷ ᠬᠢ ᠦᠵᠡᠯ ᠰᠠᠨᠠᠭ᠎ᠠ ᠲᠠᠨᠢᠯᠲᠠ᠎ᠪᠠᠨ ᠨᠢᠭᠡᠳᠬᠡᠬᠦ᠎ᠶᠢ ᠠᠬᠢᠭᠤᠯᠪᠠ᠃
ᠰᠦᠢᠶᠤᠸᠠᠨ᠎ᠤ ᠠᠰᠠᠭᠤᠳᠠᠯ᠎ᠤᠨ ᠲᠤᠬᠠᠢ ᠨᠠᠢᠷᠠᠮᠳᠠᠯ᠎ᠤᠨ ᠬᠡᠯᠡᠯᠴᠡᠭᠡ ᠪᠠ 《ᠰᠦᠢᠶᠤᠸᠠᠨ᠎ᠤ ᠬᠡᠯᠡᠯᠴᠡᠭᠡᠷ》᠎ᠢ᠋ ᠲᠤᠭᠤᠰᠢᠯᠠᠭᠤᠯᠤᠨ ᠬᠡᠷᠡᠭᠵᠢᠭᠦᠯᠬᠦ ᠶᠠᠪᠤᠴᠠ᠎ᠳᠤ᠂ ᠳᠤᠮᠳᠠᠳᠤ ᠤᠯᠤᠰ᠎ᠤᠨ ᠡᠪ ᠬᠠᠮᠲᠤ ᠨᠠᠮ ᠪᠣᠯᠣᠨ ᠭᠣᠮᠢᠨᠳᠠᠩ᠎ᠤᠨ ᠲᠡᠷᠰᠯᠡᠭᠦᠴᠦᠳ᠂ ᠳᠠᠪᠰᠢᠩᠭᠤᠢ ᠬᠦᠴᠦᠨ ᠪᠣᠯᠣᠨ ᠲᠡᠷᠰᠯᠡᠭᠦᠦ ᠬᠦᠴᠦᠨ᠎ᠦ ᠬᠣᠭᠣᠷᠣᠨᠳᠤ ᠶᠡᠷᠦ᠎ᠡᠴᠡ ᠢᠯᠡ ᠪᠣᠶᠣ ᠲᠠᠯᠲᠠᠭᠣᠷ ᠰᠢᠷᠦᠭᠦᠨ ᠲᠡᠮᠡᠴᠡᠯ ᠦᠷᠨᠢᠬᠦᠯᠦᠭᠰᠡᠭᠡᠷ ᠪᠠᠢᠪᠠ᠃ ᠭᠣᠮᠢᠨᠳᠠᠩ᠎ᠤᠨ ᠡᠷᠬᠡ ᠪᠠᠷᠢᠭ᠍ᠴᠢᠳ ᠬᠡᠳᠦᠢᠪᠡᠷ ᠭᠤᠸᠠᠩᠵᠧᠦ᠎ᠳᠦ ᠲᠣᠲᠠᠭᠠᠨ ᠣᠴᠢᠬᠰᠠᠨ ᠪᠤᠯᠪᠠᠴᠤ ᠰᠦᠢᠶᠤᠸᠠᠨ ᠳ᠋ᠡᠬᠢ ᠡᠵᠡᠮᠰᠢᠯ᠎ᠤᠨ ᠡᠷᠬᠡ ᠪᠠᠨ ᠠᠯᠲᠠᠬᠣ ᠲᠣᠷ᠎ᠠ ᠦᠭᠡᠢ ᠪᠠᠢᠵᠦ᠂ ᠰᠦᠢᠶᠤᠸᠠᠨ᠎ᠢ ᠨᠠᠢᠷᠠᠮᠳᠠᠯ᠎ᠢᠶᠠᠷ ᠴᠢᠯᠦᠭᠡᠯᠡᠬᠦ᠎ᠶᠢ ᠴᠢᠨᠡᠭᠡ ᠮᠡᠳᠡᠨ ᠬᠣᠷᠢᠬᠯᠠᠨ ᠲᠦᠢᠪᠡᠭᠡᠵᠦ ᠪᠠᠢᠯ᠎ᠠ᠃ ᠯᠢ ᠽᠥᠩ ᠷᠧᠨ ᠳ᠋ᠦᠩ ᠴᠢ ᠦ᠋ᠳᠦ ᠵᠠᠬᠢᠳᠠᠯ ᠢᠯᠡᠭᠡᠵᠦ᠂ ᠲᠡᠭᠦᠨ᠎ᠢ ᠴᠡᠷᠢᠭ ᠠᠩᠭᠢ᠎ᠪᠠᠨ ᠳᠠᠭᠠᠭᠤᠯᠤᠨ ᠪᠠᠷᠠᠭᠤᠨᠰᠢ ᠤᠬᠤᠷᠢᠬᠤ ᠵᠢ ᠢᠳᠬᠠᠵᠤ᠂ ᠨᠢᠩᠰᠢᠶᠠ᠂ ᠭᠠᠨᠰᠤ᠂ ᠬᠥᠬᠡᠨᠠᠭᠤᠷ᠎ᠤᠨ ᠬᠦᠴᠦᠨ ᠲᠠᠢ ᠬᠣᠯᠪᠣᠭᠠᠯᠠᠨ ᠪᠠᠷᠠᠭᠤᠨ ᠬᠣᠢᠲᠤ ᠣᠷᠣᠨ᠎ᠢ ᠪᠡᠬᠢᠵᠢᠭᠦᠯᠵᠦ᠂ ᠪᠤᠷᠤᠩᠬᠤᠢᠯᠠᠨ ᠡᠰᠡᠷᠭᠦᠴᠡᠬᠦ᠎ᠪᠡᠷ ᠰᠠᠨᠠᠭᠠᠷᠬᠠᠵᠦ ᠪᠠᠢᠪᠠ᠃ ᠶᠠᠨ ᠰᠢ ᠱᠠᠨ ᠰᠦᠢᠶᠤᠸᠠᠨ᠎ᠤ ᠴᠡᠷᠢᠭ ᠠᠩᠭᠢ ᠯᠤᠭ᠎ᠠ᠎ᠶᠢᠨ ᠬᠠᠷᠢᠴᠠᠭ᠎ᠠ᠎ᠪᠠᠨ ᠠᠰᠢᠭ᠍ᠯᠠᠨ᠂ ᠳᠡᠭᠡᠳᠦ ᠵᠡᠷᠭᠡ᠎ᠶᠢᠨ ᠬᠡᠰᠡᠭ ᠵᠠᠩᠵᠤᠨ ᠨᠠᠷ᠎ᠢ ᠦᠲᠦᠭᠡᠨ ᠲᠠᠲᠠᠵᠤ᠂ ᠵᠠᠪᠰᠠᠷᠲᠠᠭᠣᠯᠬᠣ ᠠᠷᠭ᠎ᠠ ᠬᠡᠷᠡᠭᠯᠡᠨ ᠤᠷᠪᠠᠯᠭᠠᠨ ᠭᠠᠷᠭᠠᠬᠤ᠎ᠪᠠᠷ ᠣᠷᠣᠯᠲᠣᠪᠠ᠃ ᠡᠭᠦᠨ᠎ᠡᠴᠡ ᠭᠠᠳᠠᠨ᠎ᠠ᠂ ᠢᠯᠡ᠎ᠪᠡᠷ ᠳᠡᠪᠰᠢᠬᠦᠯᠵᠦ ᠳᠠᠯᠳᠠᠭᠤᠷ ᠪᠠᠭᠣᠷᠠᠭᠣᠯᠬᠣ ᠠᠷᠭ᠎ᠠ ᠠᠪᠴᠤ᠂ ᠳ᠋ᠦᠩ ᠴᠢ ᠦ᠋ᠶᠢ ᠪᠠᠷᠠᠭᠤᠨ ᠬᠣᠢᠲᠤ᠎ᠶᠢᠨ ᠴᠡᠷᠢᠭ ᠵᠠᠰᠠᠭ᠎ᠤᠨ ᠵᠥᠪᠯᠡᠯ᠎ᠦᠨ ᠳᠡᠳ᠋ ᠳᠠᠷᠤᠭ᠎ᠠ ᠪᠥᠭᠡᠳ ᠰᠦᠢᠶᠤᠸᠠᠨ᠎ᠤ ᠵᠢᠯᠤᠭᠣᠳᠬᠤ ᠭᠠᠵᠠᠷ᠎ᠤᠨ ᠡᠷᠭᠢᠯᠡᠭᠴᠢ᠎ᠪᠡᠷ ᠲᠣᠮᠢᠯᠠᠨ᠂ ᠶᠢᠰᠦᠲᠦᠭᠡᠷ ᠪᠢᠩᠲ᠋ᠤᠸᠠᠨ᠎ᠢ ᠵᠣᠬᠢᠶᠠᠨ ᠪᠠᠢᠭᠤᠯᠵᠤ᠂ ᠰᠦᠨ ᠯᠠᠨ ᠹᠧᠩ᠎ᠢ ᠰᠧᠯᠢᠩ᠎ᠢᠶᠡᠷ ᠲᠣᠮᠢᠯᠠᠵᠤ᠂ ᠳ᠋ᠦᠩ ᠴᠢ ᠦ᠋᠎ᠶᠢᠨ ᠴᠡᠷᠢᠭ᠎ᠦᠨ ᠡᠷᠬᠡ᠎ᠶᠢ ᠪᠠᠭᠤᠷᠠᠭᠤᠯᠪᠠ᠃ ᠲᠡᠷᠡᠴᠢᠯᠡᠨ ᠬᠡᠳᠦᠨ ᠰᠠᠷ᠎ᠠ᠎ᠶᠢᠨ ᠲᠣᠷᠰᠢ ᠴᠡᠷᠢᠭ᠎ᠦᠨ ᠵᠠᠷᠤᠳᠠᠯ ᠪᠣᠯᠣᠨ ᠨᠥᠬᠥᠪᠦᠷᠢ ᠣᠯᠭᠣᠬᠣ ᠦᠭᠡᠢ ᠠᠷᠭ᠎ᠠ ᠪᠠᠨ ᠥᠭᠡᠷᠡᠴᠢᠯᠡᠵᠦ᠂ ᠰᠦᠢᠶᠤᠸᠠᠨ᠎ᠤ ᠴᠡᠷᠢᠭ ᠠᠩᠬᠢ ᠳ᠋ᠦ 1900 ᠯᠠᠩ ᠰᠢᠵᠢᠷ ᠠᠯᠲᠠ ᠬᠣᠪᠢᠶᠠᠨ ᠦᠭᠴᠦ᠂ ᠳ᠋ᠦᠩ ᠴᠢ ᠦ᠋ᠶᠢ ᠪᠡᠶ᠎ᠡ ᠳ᠋ᠡᠭᠡᠨ ᠲᠠᠲᠠᠬᠤ᠎ᠪᠠᠷ ᠤᠷᠤᠯᠳᠤᠪᠠ᠃ ᠭᠦᠢᠰᠦ᠋ᠢ᠎ᠳᠦ ᠪᠠᠢᠭᠰᠠᠨ ᠲᠡᠷᠰᠯᠡᠭᠦᠴᠦᠳ ᠪᠠᠰᠠ ᠡᠪᠳᠡᠯᠡᠬᠦ ᠠᠵᠢᠯᠯᠠᠭ᠎ᠠ᠎ᠪᠠᠨ ᠱᠠᠯᠠᠪᠳᠠᠨ ᠬᠢᠵᠦ ᠪᠠᠢᠵᠠᠢ᠃ ᠭᠣᠮᠢᠨᠳᠠᠩ᠎ᠤᠨ ᠲᠠᠩᠨᠠᠭᠤᠯ᠎ᠤᠳ ᠤᠬᠠᠭᠤᠯᠭ᠎ᠠ᠎ᠶᠢᠨ ᠬᠠᠭᠤᠳᠠᠰᠤ ᠲᠠᠷᠬᠠᠭᠠᠵᠤ᠂ ᠸᠠᠩ ᠺᠧ ᠵᠢᠶᠦᠢ᠍ᠨᠢ ᠭᠦᠳᠬᠡᠨ ᠰᠦᠷᠳᠡᠭᠦᠯᠵᠦ᠂ ᠲᠡᠮᠡᠴᠡᠯ ᠡᠳᠦᠷ᠎ᠦᠨ ᠰᠣᠨᠢᠨ᠎ᠤ ᠬᠣᠷᠢᠶ᠎ᠠ᠎ᠶᠢ ᠪᠠᠯᠪᠠᠴᠢᠵᠤ᠂ ᠳᠠᠪᠰᠢᠩᠭᠤᠢ ᠨᠠᠢᠷᠠᠭᠤᠯᠤᠭ᠍ᠴᠢ᠎ᠶᠢ ᠦᠯᠲᠡᠨ ᠬᠥᠭᠡᠭᠡᠵᠦ᠂ ᠤᠮᠠᠷᠠᠲᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠭᠦᠢᠰᠦ᠋ᠢ᠎ᠳᠦ ᠰᠠᠭᠤᠭ᠎ᠠ ᠠᠵᠢᠯᠲᠠᠨ ᠸᠠᠩ ᠱᠢ ᠰᠢᠨ᠎ᠢ ᠫᠤᠤᠳᠠᠨ ᠠᠯᠠᠵᠦ᠂ ᠲᠤᠤ ᠵᠢᠶᠦᠢ᠍ᠨ ᠪᠣᠯᠣᠨ ᠭᠤᠸᠠᠩ ᠳᠢᠶᠢ ᠰᠢᠷᠬᠠᠲᠣᠭᠣᠯᠣᠬᠰᠠᠨ ᠬᠠᠷᠠᠰᠠᠯᠲᠤ ᠬᠡᠷᠡᠭ᠎ᠢ ᠦᠢᠯᠡᠳᠦᠨ᠂ 《ᠰᠦᠢᠶᠤᠸᠠᠨ᠎ᠤ ᠬᠡᠯᠡᠯᠴᠡᠭᠡᠷ》 ᠲᠦ᠍ ᠬᠠᠷᠰᠢ ᠰᠠᠭᠠᠳ ᠤᠴᠠᠷᠠᠭᠤᠯᠤᠭᠰᠠᠨ ᠪᠠᠢᠨ᠎ᠠ᠃
8 ᠰᠠᠷ᠎ᠠ᠎ᠳᠤ᠂ 《ᠰᠦᠢᠶᠤᠸᠠᠨ᠎ᠤ ᠬᠡᠯᠡᠯᠴᠡᠭᠡᠷ》᠎ᠢ᠋ ᠠᠬᠢᠭᠤᠯᠬᠤ᠎ᠶᠢᠨ ᠲᠥᠯᠥᠭᠡ ᠮᠠᠤ ᠽᠧ ᠳ᠋ᠦᠩ᠎ᠦᠨ ᠵᠥᠪᠰᠢᠶᠡᠷᠡᠯ᠎ᠢᠶᠡᠷ ᠹᠦ ᠽᠦᠸᠧ ᠢ᠂ ᠳ᠋ᠧᠩ ᠪᠤᠤ ᠱᠠᠨ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶᠠᠨ᠎ᠤ ᠲᠤᠰᠬᠠᠢ ᠵᠥᠪᠰᠢᠶᠡᠷᠡᠭᠰᠡᠨ ᠵᠠᠷᠤᠳᠠᠯ ᠪᠣᠯᠣᠨ ᠲᠣᠬᠣᠨᠢᠭᠤᠯᠬᠤ ᠪᠣᠳᠠᠰ᠎ᠢ ᠠᠪᠴᠤ ᠭᠦᠢᠰᠦ᠋ᠢ᠎ᠳᠦ ᠭᠦᠷᠴᠦ ᠢᠷᠡᠪᠡ᠃ ᠲᠡᠳᠡ ᠳ᠋ᠦᠩ ᠴᠢ ᠦ᠋ᠳᠦ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶᠠᠨ᠎ᠤ ᠪᠠᠢᠷᠢᠯᠠᠭᠤᠯᠤᠯᠲᠠ ᠪᠠ ᠮᠠᠤ ᠽᠧ ᠳ᠋ᠦᠩ᠎ᠦᠨ ᠰᠦᠢᠶᠤᠸᠠᠨ᠎ᠤ ᠪᠣᠰᠣᠯᠭ᠎ᠠ᠎ᠶᠢᠨ ᠲᠣᠬᠠᠢ ᠵᠢᠭᠠᠪᠤᠷᠢ᠎ᠶᠢᠨ ᠵᠣᠷᠢᠭ᠋ ᠰᠠᠨᠠᠭ᠎ᠠ᠎ᠶᠢ ᠤᠯᠠᠮᠵᠢᠯᠠᠭᠰᠠᠨ ᠪᠥᠭᠡᠳ ᠵᠠᠩ ᠴᠢᠨ᠂ ᠢᠦᠢ ᠼᠦᠨ ᠬᠤᠤ᠂ ᠶᠠᠨ ᠰᠦ᠍ ᠵᠡᠷᠭᠡ ᠣᠷᠣᠨ ᠨᠤᠲᠤᠭ᠎ᠤᠨ ᠨᠡᠷᠡᠲᠦ ᠬᠥᠮᠥᠰ ᠪᠣᠯᠣᠨ ᠠᠵᠢᠯᠴᠢᠨ ᠲᠠᠷᠢᠶᠠᠴᠢᠨ᠎ᠤ ᠲᠥᠯᠥᠭᠡᠯᠡᠭᠴᠢ᠂ ᠴᠡᠷᠢᠭ ᠵᠠᠰᠠᠭ᠎ᠤᠨ ᠡᠯ᠎ᠡ ᠱᠠᠲᠤᠨ᠎ᠤ ᠬᠥᠮᠥᠰ᠎ᠲᠠᠢ ᠠᠭᠤᠯᠵᠠᠵᠦ᠂ ᠲᠡᠳᠡᠨ᠎ᠤ ᠰᠠᠨᠠᠯ᠎ᠢ ᠰᠣᠨᠣᠰᠴᠤ᠂ ᠨᠠᠢᠷᠠᠮᠲᠠᠯᠤᠨ ᠪᠣᠰᠣᠯᠭ᠎ᠠ ᠨᠢ ᠰᠦᠢᠶᠤᠸᠠᠨ᠎ᠤ ᠴᠡᠷᠢᠭ ᠵᠠᠰᠠᠭ᠎ᠤᠨ ᠡᠷᠬᠡ ᠪᠠᠷᠢᠭ᠍ᠴᠢᠳ᠎ᠤᠨ ᠣᠯᠠᠩᠬᠢ ᠳᠡᠭᠡᠳᠦ ᠵᠡᠷᠭᠡ᠎ᠶᠢᠨ ᠨᠣᠶᠠᠳ᠎ᠤᠨ ᠵᠥᠪᠰᠢᠶᠡᠷᠡᠯ᠎ᠢ ᠣᠯᠵᠤ᠂ ᠲᠠᠢᠲᠣᠬᠣ ᠪᠡᠷ ᠵᠢᠳᠬᠦᠵᠦ ᠪᠠᠢᠬᠰᠠᠨ ᠬᠡᠰᠡᠭ ᠴᠡᠷᠢᠭ᠎ᠤᠨ ᠵᠠᠩᠵᠤᠨ ᠨᠠᠷ ᠴᠤ᠌ ᠮᠤᠵᠢᠭᠤᠳᠠ ᠦᠵᠡᠯᠲᠡ᠎ᠪᠠᠨ ᠲᠠᠶᠠᠭᠳᠠᠭᠰᠠᠨ ᠪᠠᠢᠨ᠎ᠠ᠃ 8 ᠰᠠᠷ᠎ᠠ᠎ᠶᠢᠨ 26᠎ᠤ᠋ ᠡᠳᠦᠷ᠎ᠡᠴᠡ 9 ᠰᠠᠷ᠎ᠠ᠎ᠶᠢᠨ 6᠎ᠤ᠋ ᠡᠳᠦᠷ ᠪᠤᠯᠲᠠᠯ᠎ᠠ᠂ ᠹᠦ ᠽᠦᠸᠧ ᠢ ᠬᠣᠶᠠᠷ ᠤᠳᠠᠭ᠎ᠠ ᠴᠡᠷᠢᠭ ᠠᠩᠭᠢ᠎ᠶᠢ ᠰᠢᠯᠭᠠᠨ ᠦᠵᠡᠵᠦ᠂ ᠲᠣᠬᠣᠨᠢᠭᠤᠯᠬᠤ ᠮᠥᠩᠭᠥ ᠲᠠᠷᠬᠠᠭᠠᠨ᠂ ᠬᠣᠷᠢᠶ᠎ᠠ᠎ᠠᠴᠠ ᠳᠡᠭᠡᠭᠰᠢᠬᠢ ᠴᠡᠷᠢᠭ᠎ᠦᠨ ᠨᠣᠶᠠᠳ᠎ᠲᠠᠢ ᠠᠭᠤᠯᠵᠠᠵᠤ᠂ ᠴᠡᠷᠢᠭ ᠠᠩᠭᠢ᠎ᠶᠢ ᠡᠵᠡᠮᠰᠢᠪᠡ᠃
ᠭᠣᠮᠢᠨᠳᠠᠩ᠎ᠤᠨ ᠡᠷᠬᠡ ᠪᠠᠷᠢᠭ᠍ᠴᠢᠳ ᠹᠦ ᠽᠦᠸᠧ ᠢ ᠰᠦᠢᠶᠤᠸᠠᠨ᠎ᠳᠤ ᠭᠦᠷᠦᠭᠰᠡᠨᠢ ᠮᠡᠳᠡᠭᠰᠡᠨ᠎ᠤ ᠳᠠᠷᠠᠭ᠎ᠠ᠂ ᠵᠢᠶᠠᠩ ᠵᠢᠶᠧ ᠱᠢ᠂ ᠯᠢ ᠽᠥᠩ ᠷᠧᠨ᠂ ᠶᠠᠨ ᠰᠢ ᠱᠠᠨ ᠪᠣᠯᠣᠨ ᠢᠷᠭᠡᠨ᠎ᠦ ᠵᠠᠰᠠᠭ᠎ᠤᠨ ᠣᠷᠳᠣᠨ᠎ᠤ ᠴᠡᠷᠢᠭ᠎ᠦᠨ ᠵᠠᠷᠯᠢᠭ᠋᠎ᠤᠨ ᠬᠡᠯᠲᠡᠰ᠎ᠦᠨ ᠳᠠᠷᠤᠭ᠎ᠠ ᠰᠢᠦᠢ ᠶᠦᠩ ᠴᠠᠩ ᠴᠠᠭᠢᠯᠭᠠᠨ ᠮᠡᠳᠡᠭᠡ ᠢᠷᠡᠬᠦᠯᠬᠦ ᠪᠤᠶᠤ ᠬᠥᠮᠥᠨ ᠲᠣᠮᠢᠯᠠᠨ ᠢᠷᠡᠬᠦᠯᠵᠦ ᠠᠷᠭᠠᠲᠠᠨ ᠲᠠᠲᠠᠬᠰᠠᠨ ᠪᠣᠯᠪᠠᠴᠣ ᠹᠦ ᠽᠦᠸᠧ ᠢ ᠣᠢᠰᠢᠶᠠᠭᠰᠠᠨ ᠦᠭᠡᠢ᠃ ᠮᠣᠣ ᠷᠧᠨ ᠹᠧᠩ ᠲᠠᠩᠨᠠᠭᠤᠯ ᠶ᠋ᠢᠡᠨ ᠵᠠᠷᠯᠢᠬᠲᠠᠵᠦ ᠹᠦ ᠽᠦᠸᠧ ᠢᠶᠢ ᠬᠣᠣᠷᠯᠠᠬᠤ᠎ᠪᠠᠷ ᠣᠷᠣᠯᠲᠣᠪᠠ᠃ ᠹᠦ ᠽᠦᠸᠧ ᠢ ᠴᠠᠬ ᠲᠣᠬᠠᠢ ᠳ᠋ᠣᠨᠢ ᠪᠤᠭᠤᠲᠤ᠎ᠶᠢᠨ ᠴᠡᠷᠢᠭ᠎ᠦᠨ ᠶᠠᠪᠤᠳᠠᠯ᠎ᠤᠨ ᠪᠠᠢᠷᠢᠯᠠᠭᠤᠯᠤᠯᠲᠠ᠎ᠳᠤ ᠲᠣᠬᠢᠷᠠᠭᠤᠯᠤᠯᠲᠠ ᠬᠢᠵᠦ᠂ ᠪᠤᠭᠤᠲᠤ ᠭᠦᠢᠰᠦ᠋ᠢ ᠣᠷᠴᠢᠮ᠎ᠤᠨ ᠴᠡᠷᠢᠭ ᠠᠩᠭᠢ᠎ᠶᠢ ᠡᠷᠬᠡᠰᠢᠶᠡᠯ᠎ᠳᠡᠭᠡᠨ ᠣᠷᠣᠭᠤᠯᠵᠠᠢ᠃ 9 ᠰᠠᠷ᠎ᠠ᠎ᠶᠢᠨ 3᠎ᠤ᠋ ᠡᠳᠦᠷ᠂ ᠳ᠋ᠦᠩ ᠴᠢ ᠦ᠋᠂ ᠳ᠋ᠧᠩ ᠪᠦᠦ ᠱᠠᠨ ᠤᠷᠢᠳ ᠬᠣᠵᠢᠳ ᠪᠤᠭᠤᠲᠤ᠎ᠳᠤ ᠬᠦᠷᠴᠦ᠂ ᠹᠦ ᠽᠦᠸᠧ ᠢᠶᠢ ᠬᠠᠪᠰᠤᠷᠤᠨ ᠨᠠᠢᠷᠠᠮᠳᠠᠯ᠎ᠤᠨ ᠪᠣᠰᠣᠯᠭ᠎ᠠ ᠭᠠᠷᠭᠠᠬᠤ ᠪᠡᠯᠡᠳᠬᠡᠯ ᠠᠵᠢᠯ᠎ᠢ ᠬᠢᠪᠡ᠃
9 ᠰᠠᠷ᠎ᠠ᠎ᠶᠢᠨ 17᠎ᠤ᠋ ᠡᠳᠦᠷ᠂ ᠰᠢᠦᠢ ᠶᠦᠩ ᠴᠠᠩ ᠨᠠᠷ ᠨᠢᠰᠭᠡᠯ ᠶ᠋ᠢᠡᠷ ᠪᠤᠭᠤᠲᠤ᠎ᠳᠤ ᠬᠦᠷᠴᠦ᠂ ᠵᠢᠶᠠᠩ ᠵᠢᠶᠸ ᠱᠢ᠂ ᠯᠢ ᠽᠥᠩ ᠷᠧᠨ᠂ ᠶᠠᠨ ᠰᠢ ᠱᠠᠨ᠎ᠤ ᠭᠠᠷᠤᠨ ᠦᠰᠦᠭ ᠲᠠᠢ ᠪᠢᠴᠢᠭ᠎ᠢ ᠠᠪᠴᠣ ᠹᠦ ᠽᠦᠸᠧ ᠢ ᠲᠠᠢ ᠠᠭᠣᠯᠵᠠᠨ᠂ ᠡᠴᠦᠰ᠎ᠤᠨ ᠣᠲᠠᠭ᠎ᠠ ᠹᠦ ᠽᠦᠸᠧ ᠢᠶᠢ ᠦᠲᠦᠭᠡᠨ ᠲᠠᠲᠠᠵᠦ᠂ ᠭᠤᠸᠠᠩᠵᠧᠦ᠎ᠳᠦ ᠬᠦᠷᠴᠦ ᠬᠠᠮᠲᠣ ᠪᠡᠷ ᠶᠡᠬᠡ ᠦᠢᠯᠡᠰ᠎ᠢ ᠵᠦᠪᠲᠡᠬᠦ ᠭᠡᠵᠡᠢ᠃ ᠹᠦ ᠽᠦᠸᠧ ᠢ ᠡᠬᠦᠨ᠎ᠢ ᠡᠷᠡᠰ ᠲᠡᠪᠴᠢᠪᠡ᠃ 9 ᠰᠠᠷ᠎ᠠ᠎ᠶᠢᠨ 18᠎ᠤ᠋ ᠡᠳᠦᠷ᠂ ᠳ᠋ᠦᠩ ᠴᠢ ᠦ᠋ ᠵᠡᠷᠭᠡ 38 ᠬᠥᠮᠥᠨ ᠪᠣᠰᠣᠯᠭ᠎ᠠ ᠭᠠᠷᠭᠠᠬᠣ᠎ᠶᠢ ᠨᠡᠢᠲᠡᠯᠡᠭᠰᠡᠨ ᠴᠠᠬᠢᠯᠭᠠᠨ ᠮᠡᠳᠡᠭᠡ ᠳᠡᠭᠡᠷ᠎ᠡ ᠭᠠᠷᠤᠨ ᠦᠰᠦᠭ ᠵᠢᠷᠤᠪᠠ᠃ ᠹᠦ ᠽᠦᠸᠧ ᠢ ᠢᠲᠡᠭᠡᠯ ᠵᠢᠷᠤᠮ᠂ ᠠᠰᠢᠭ᠋ ᠬᠣᠣᠷ᠎ᠤᠨ ᠲᠣᠬᠠᠢ ᠠᠬᠢᠨ ᠲᠠᠬᠢᠨ ᠢᠳᠬᠠᠵᠦ ᠦᠬᠦᠯᠡᠬᠦ᠎ᠪᠠᠷ ᠳᠠᠮᠵᠢᠭᠠᠳ᠂ ᠰᠦᠨ ᠯᠠᠨ ᠹᠧᠩ ᠴᠦ᠍ 19 ᠤ᠋ ᠥᠷᠯᠥᠭᠡ ᠴᠠᠭᠢᠯᠭᠠᠨ ᠮᠡᠳᠡᠭᠡ ᠳᠡᠭᠡᠷ᠎ᠡ ᠭᠠᠷᠤᠨ ᠦᠰᠦᠭ ᠵᠢᠷᠤᠵᠠᠢ᠃
9 ᠰᠠᠷ᠎ᠠ᠎ᠶᠢᠨ 19 ᠤ᠋ ᠦᠳᠡ᠎ᠶᠢᠨ ᠡᠮᠦᠨ᠎ᠡ᠂ ᠳ᠋ᠦᠩ ᠴᠢ ᠦ᠋ ᠭᠣᠮᠢᠨᠳᠠᠩ᠎ᠤᠨ ᠰᠦᠢᠶᠤᠸᠠᠨ᠎ᠤ ᠴᠡᠷᠢᠭ ᠵᠠᠰᠠᠭ᠎ᠤᠨ ᠺᠠᠳ᠋ᠷ ᠪᠣᠯᠣᠨ ᠣᠷᠣᠨ ᠨᠤᠲᠤᠭ᠎ᠤᠨ ᠡᠯ᠎ᠡ ᠦᠨᠳᠦᠰᠦᠲᠡᠨ᠎ᠦ ᠡᠯ᠎ᠡ ᠡᠲᠡᠭᠡᠳ᠎ᠦᠨ ᠲᠥᠯᠥᠭᠡᠯᠡᠭᠴᠢ 39 ᠬᠥᠮᠥᠨ᠎ᠢ ᠳᠠᠭᠠᠭᠤᠯᠤᠨ᠂ ᠰᠦᠢᠶᠤᠸᠠᠨ ᠮᠤᠵᠢ᠎ᠶᠢᠨ ᠭᠣᠮᠢᠨᠳᠠᠩ᠎ᠤᠨ ᠴᠡᠷᠢᠭ᠎ᠦᠨ ᠪᠦᠭᠦ ᠳᠠᠷᠤᠭ᠎ᠠ ᠪᠠᠢᠯᠳᠤᠭ᠍ᠴᠢ ᠪᠣᠯᠣᠨ ᠡᠯ᠎ᠡ ᠱᠠᠲᠤᠨ᠎ᠤ ᠵᠠᠰᠠᠭ ᠵᠠᠬᠢᠷᠭᠠᠨ᠎ᠤ ᠬᠥᠮᠥᠰ᠎ᠢ ᠲᠥᠯᠥᠭᠡᠯᠡᠨ ᠪᠣᠰᠣᠯᠭ᠎ᠠ ᠭᠠᠷᠭᠠᠬᠰᠠᠨᠢ ᠨᠡᠢᠲᠡᠯᠡᠪᠡ᠃ ᠢᠩᠬᠢᠭᠡᠳ ᠰᠦᠢᠶᠤᠸᠠᠨ᠎ᠢ ᠨᠠᠢᠷᠠᠮᠳᠠᠯ᠎ᠢᠶᠠᠷ ᠴᠢᠯᠦᠭᠡᠯᠡᠭᠰᠡᠨ ᠪᠠᠢᠨ᠎ᠠ᠃