ᠤᠯᠠᠭᠠᠨ ᠲᠤᠭ ᠢ᠋ ᠴᠸᠨᠭᠳ᠋ᠸ ᠫᠢᠨᠭᠴᠢᠤᠸᠠᠨ ᠨᠢᠨᠭᠴᠸᠩ ᠤᠷᠤᠨ ᠳ᠋ᠤ ᠨᠠᠮᠢᠷᠠᠭᠤᠯᠪᠠ
2026-06-26 09:48:01
ᠵᠣᠬᠢᠶᠠᠭ᠍ᠴᠢ᠄
ᠶᠠᠨ ᠱᠤᠤ ᠰᠢᠤᠸᠠᠨ
ᠣᠩᠱᠢᠭ᠍ᠰᠠᠨ ᠣᠳᠠᠭ᠎ᠠ᠄
★★★☆☆

ᠶᠠᠫᠣᠨ᠎ᠢ ᠡᠰᠡᠷᠭᠦᠴᠡᠬᠦ᠌ ᠳᠠᠶ᠋ᠢᠨ᠎ᠦ ᠦᠶ᠎ᠡ᠎ᠳᠦ ᠴᠧᠩᠳ᠋ᠧ᠂ ᠫᠢᠩᠴᠢᠤᠸᠠᠨ᠂ ᠨᠢᠩᠴᠧᠩ ᠣᠷᠣᠨ ᠪᠣᠯ ᠱᠠᠨ ᠰᠢ ᠴᠠᠬᠠᠷ ᠾᠸᠪᠸᠢ ᠵᠢᠨ ᠶᠠᠫᠣᠨ᠎ᠢ ᠡᠰᠡᠷᠭᠦᠴᠡᠬᠦ᠌ ᠰᠠᠭᠤᠷᠢᠨ ᠭᠠᠵᠠᠷ ᠪᠣᠯᠬᠤ ᠾᠸᠪᠸᠢ ᠿᠸᠾᠸ ᠯᠢᠶᠣᠤᠨᠢᠩ ᠣᠷᠣᠨ᠎ᠤ ᠪᠦᠷᠢᠯᠳᠦᠬᠦᠨ ᠬᠡᠰᠡᠭ ᠪᠣᠯᠤᠨ᠎ᠠ᠃ ᠡᠨᠡ ᠭᠠᠵᠠᠷ ᠣᠷᠣᠨ ᠪᠣᠯ ᠵᠡᠭᠦᠨ ᠬᠣᠶ᠋ᠢᠲᠤ᠌ ᠣᠷᠣᠨ ᠪᠣᠯᠤᠨ ᠤᠮᠠᠷᠠᠲᠤ᠌ ᠣᠷᠣᠨ᠂ ᠿᠸᠾᠸ ᠪᠣᠯᠤᠨ ᠡᠾᠸᠪᠸᠢ ᠵᠢᠨ ᠵᠡᠭᠦᠨ ᠬᠡᠰᠡᠭ᠎ᠢ ᠬᠣᠯᠪᠣᠭᠰᠠᠨ ᠴᠢᠬᠤᠯᠠ ᠬᠦᠢᠰᠤ ᠤᠷᠤᠨ ᠪᠣᠯᠬᠤ ᠪᠥᠭᠡᠳ ᠳᠠᠶ᠋ᠢᠰᠤᠨ ᠮᠠᠨ᠎ᠤ ᠬᠣᠶᠠᠷ ᠡᠲᠡᠭᠡᠳ᠎ᠦᠨ ᠪᠤᠯᠢᠶᠠᠯᠳᠤᠬᠤ ᠴᠢᠬᠤᠯᠠ ᠪᠠᠶ᠋ᠢᠯᠳᠤᠬᠤ ᠪᠤᠳ᠋ᠤᠯᠭ᠎ᠠ᠎ᠶᠢᠨ ᠣᠷᠣᠨ ᠪᠦᠰᠡ ᠪᠣᠯᠤᠨ᠎ᠠ᠃

ᠳᠤᠮᠳᠠᠳᠤ ᠤᠯᠤᠰ᠎ᠤᠨ ᠡᠪ ᠬᠠᠮᠲᠤ᠌ ᠨᠠᠮ ᠡᠨᠡ ᠬᠦ᠌ ᠭᠠᠵᠠᠷ ᠣᠷᠣᠨ᠎ᠤ ᠶᠠᠫᠣᠨ᠎ᠢ ᠡᠰᠡᠷᠭᠦᠴᠡᠬᠦ᠌ ᠲᠡᠮᠡᠴᠡᠯ᠎ᠢ ᠠᠨᠭᠬᠠᠷᠤᠬᠰᠠᠭᠠᠷ ᠢᠷᠠᠪᠠ᠃ ᠠᠯᠢ ᠡᠷᠲᠡ 1937 ᠣᠨ᠎ᠤ 8 ᠰᠠᠷ᠎ᠠ᠎ᠳᠤ ᠮᠠᠤ ᠽᠸ ᠳ᠋ᠦᠩ᠂ ᠵᠣ᠌ ᠳ᠋ᠸ᠂ ᠵᠧᠦ ᠡᠸᠨ ᠯᠠᠢ ᠵᠡᠷᠭᠡ ᠬᠥᠮᠦᠰ ᠨᠢᠭᠡ ᠪᠦᠯᠦᠭ ᠴᠡᠷᠢᠭ ᠠᠩᠭᠢ᠎ᠶᠢ ᠲᠣᠮᠢᠯᠠᠨ ᠿᠸᠾᠸ ᠳ᠋ᠤ ᠤᠴᠢᠭᠤᠯᠵᠤ᠂ ᠾᠸᠪᠸᠢ ᠿᠸᠾᠸ ᠴᠠᠬᠠᠷ᠎ᠤᠨ ᠫᠠᠷᠲ᠋ᠢᠽᠠᠨ ᠲᠠᠢ᠌ᠨ᠎ᠢ ᠥᠷᠨᠢᠭᠦᠯᠬᠦ᠌ ᠲᠥᠰᠦᠪᠯᠡᠯ᠎ᠢ ᠳᠤᠷᠠᠳᠴᠠᠢ᠃ 1940 ᠣᠨ᠎ᠤ 9 ᠰᠠᠷ᠎ᠠ᠎ᠳᠤ ᠨᠠᠢ᠍ᠮᠠᠳᠤᠭᠠᠷ ᠵᠠᠮ᠎ᠤᠨ ᠴᠡᠷᠢᠭ᠎ᠦᠨ ᠾᠸᠪᠸᠢ ᠵᠢᠨ ᠵᠡᠭᠦᠨ ᠬᠡᠰᠡᠭ᠎ᠦᠨ ᠬᠣᠶᠠᠳᠤᠭᠠᠷ ᠰᠠᠯᠪᠤᠷᠢ ᠠᠩᠬᠢ᠎ᠶᠢᠨ ᠭᠤᠷᠪᠠᠳᠤᠭᠠᠷ ᠶᠡᠷᠦᠩᠬᠡᠢ ᠠᠩᠬᠢ᠎ᠶᠢᠨ ᠲᠠᠨᠭᠨᠠᠭᠤᠯ᠎ᠤᠨ ᠶᠡᠬᠡ ᠠᠩᠬᠢ᠎ᠶᠢᠨ ᠵᠢᠭᠠᠨ ᠵᠢᠯᠤᠭᠤᠳᠤᠬᠴᠢ ᠵᠧᠦ ᡁᠢ ᠭᠦᠸᠧ ᠵᠡᠷᠭᠡ ᠬᠥᠮᠦᠰ ᠳᠤᠮᠳᠠᠳᠤ ᠤᠯᠤᠰ᠎ᠤᠨ ᠡᠪ ᠬᠠᠮᠲᠤ᠌ ᠨᠠᠮ᠎ᠤᠨ ᠾᠸᠪᠸᠢ ᠵᠢᠨ ᠵᠡᠭᠦᠨ ᠬᠡᠰᠡᠭ᠎ᠦᠨ ᠭᠠᠵᠠᠷ ᠣᠷᠣᠨ᠎ᠤ ᠨᠠᠮ᠎ᠤᠨ ᠬᠣᠷᠢᠶ᠎ᠠ᠎ᠶᠢᠨ ᠵᠢᠭᠠᠪᠤᠷᠢ᠎ᠶᠢ ᠦᠨᠳᠦᠰᠦᠯᠡᠨ᠂ ᠯᠣ᠌ ᠪᠸᠢ ᠤᠷᠤᠨ ᠤ᠋ ᠠᠵᠢᠯᠯᠠᠬᠤ ᠠᠩᠬᠢ᠎ᠶᠢ ᠵᠣᠬᠢᠶᠠᠨ ᠪᠠᠶ᠋ᠢᠭᠤᠯᠵᠤ᠂ ᠨᠢᠩᠴᠧᠩ ᠰᠢᠶᠠᠨ᠎ᠤ ᠾᠸᠢ ᠯᠢ ᠾᠧ ᠣᠷᠴᠢᠮ ᠵᠢᠡᠷ ᠭᠦᠨᠵᠡᠭᠡᠶ᠋ᠢᠷᠡᠵᠦ᠍᠂ ᠶᠠᠫᠣᠨ᠎ᠢ ᠡᠰᠡᠷᠭᠦᠴᠡᠬᠦ᠌ ᠵᠡᠪᠰᠡᠭᠲᠦ᠍ ᠬᠦᠴᠦᠨ᠎ᠢ ᠵᠣᠬᠢᠶᠠᠨ ᠪᠠᠶ᠋ᠢᠭᠤᠯᠵᠤ᠂ ᠨᠢᠩᠴᠧᠩ᠎ᠤᠨ ᠳᠧᠦ ᠳ᠋ᠤᠤ ᠶᠢᠩᠽᠢ ᠵᠢᠨ ᠯᠠᠮᠠ᠎ᠶᠢᠨ ᠠᠭᠤᠢ᠎ᠶᠢᠨ ᠤᠯᠠᠭᠠᠨ ᠫᠤᠤᠳᠤ ᠠᠨᠭᠭᠢ ᠵᠢᠨ ᠠᠬᠠᠯᠠᠬᠴᠢ ᠯᠢ ᠸᠸᠨ ᠪᠢᠶᠤᠤ᠂ ᠰᠢ ᠴᠢᠤᠸᠠᠨ ᠤ᠋ ᠹᠠᠨ ᠵᠠᠩ ᠽᠢ ᠵᠢᠨ ᠰᠢᠷ᠎ᠠ ᠫᠤᠤᠳᠤ ᠠᠨᠭᠭᠢ ᠵᠢᠨ ᠠᠬᠠᠯᠠᠬᠴᠢ ᠫᠸᠢ ᠸᠸᠨ ᠾᠧ᠎ᠨᠡᠷ᠎ᠢ ᠶᠠᠫᠣᠨ᠎ᠢ ᠡᠰᠡᠷᠭᠦᠴᠡᠬᠦ᠌ ᠭᠣᠣᠯᠯᠠᠭᠴᠢ ᠬᠦᠴᠦᠨ ᠪᠣᠯᠭᠠᠬᠤ᠎ᠪᠠᠷ ᠬᠥᠮᠦᠵᠢᠭᠦᠯᠦᠨ ᠵᠢᠯᠣᠭᠣᠳᠴᠤ᠌᠂ ᠤᠯᠠᠭᠠᠨ ᠫᠤᠤᠳᠤ ᠠᠨᠭᠭᠢ᠂ ᠰᠢᠷ᠎ᠠ ᠫᠤᠤᠳᠤ ᠠᠨᠭᠭᠢ ᠵᠢᠨ ᠨᠢᠭᠡ ᠪᠦᠯᠦᠭ ᠭᠡᠰᠢᠭᠦᠨ ᠪᠠ ᠵᠠᠯᠠᠭᠤ ᠲᠠᠷᠢᠶᠠᠴᠢᠳ᠎ᠢ ᠶᠠᠫᠤᠨ ᠢ᠋ ᠡᠰᠡᠷᠬᠦᠴᠡᠬᠦ ᠲᠠᠮᠡᠴᠡᠯ ᠳ᠋ᠤ ᠤᠷᠤᠯᠴᠠᠬᠤ ᠵᠢ ᠲᠠᠢᠴᠢᠯᠠᠵᠤ᠂ ᠹᠠᠨ ᠵᠠᠩ ᠽᠢ ᠳ᠋ᠤ ᠯᠣ᠌ ᠪᠸᠢ ᠵᠢᠨ ᠶᠠᠫᠤᠨ ᠢ᠋ ᠡᠰᠡᠷᠬᠦᠴᠡᠬᠦ ᠫᠠᠷᠲ᠋ᠢᠽᠠᠨ ᠠᠨᠭᠭᠢ ᠵᠢ ᠪᠠᠢᠭᠤᠯᠪᠠ᠃  1941 ᠣᠨ᠎ᠤ 3 ᠰᠠᠷ᠎ᠠ᠎ᠳᠤ ᠫᠠᠷᠲ᠋ᠢᠽᠠᠨ ᠠᠩᠬᠢ ᠪᠣᠭᠣᠮᠲᠠ᠎ᠶᠢᠨ ᠳᠣᠲᠣᠷ᠎ᠠ ᠴᠡᠭᠴᠡᠯᠡᠯᠳᠠ ᠪᠤᠯᠪᠠᠰᠤᠷᠠᠯ ᠦᠷᠨᠢᠬᠦᠯᠦᠭᠰᠡᠨ ᠤ᠋ ᠳᠠᠷᠠᠭ᠎ᠠ᠂ ᠫᠢᠩᠴᠢᠤᠸᠠᠨ᠎ᠤ ᠣᠷᠴᠢᠮ ᠠᠵᠢᠯᠯᠠᠭ᠎ᠠ ᠬᠢᠵᠦ᠍ ᠪᠠᠶ᠋ᠢᠭᠰᠠᠨ ᠰᠣ᠌ ᠪᠠᠢ ᠰᠢ᠎ᠶᠢᠨ ᠤᠳᠤᠷᠢᠳᠤᠭᠰᠠᠨ ᠶᠠᠫᠣᠨ᠎ᠢ ᠡᠰᠡᠷᠭᠦᠴᠡᠬᠦ᠌ ᠫᠠᠷᠲ᠋ᠢᠽᠠᠨ ᠠᠩᠬᠢ᠎ᠲᠠᠶ ᠨᠡᠶ᠋ᠢᠯᠡᠵᠦ᠍᠂ ᠴᠢᠩᠫᠢᠩ᠎ᠤᠨ ᠫᠠᠷᠲ᠋ᠢᠽᠠᠨ ᠠᠩᠬᠢ᠎ᠶᠢᠨ ᠬᠣᠶᠠᠳᠤᠭᠠᠷ ᠳᠤᠮᠳᠠ ᠠᠩᠬᠢ ᠪᠤᠯᠵᠤ᠂ ᠴᠧᠩᠳ᠋ᠸ ᠫᠢᠩᠴᠢᠤᠸᠠᠨ ᠨᠢᠩᠴᠸᠩ ᠣᠷᠣᠨ᠎ᠢᠶᠠᠷ ᠲᠤᠭᠤᠷᠢᠨ ᠪᠠᠶ᠋ᠢᠯᠳᠤᠵᠤ᠂ ᠿᠸᠾᠧ᠎ᠶᠢᠨ ᠡᠮᠦᠨᠡᠲᠦ᠍ ᠬᠡᠰᠡᠭ᠎ᠦᠨ ᠶᠠᠫᠣᠨ᠎ᠢ ᠡᠰᠡᠷᠭᠦᠴᠡᠬᠦ᠌ ᠰᠠᠭᠤᠷᠢᠨ ᠭᠠᠵᠠᠷ᠎ᠢ ᠨᠡᠭᠡᠭᠡᠬᠦ᠌᠎ᠳᠦ ᠰᠠᠭᠤᠷᠢ ᠲᠠᠯᠪᠢᠵᠠᠢ᠃

1942 ᠣᠨ᠎ᠤ 5 ᠰᠠᠷ᠎ᠠ᠎ᠳᠤ ᠳᠤᠮᠳᠠᠳᠤ ᠤᠯᠤᠰ᠎ᠤᠨ ᠡᠪ ᠬᠠᠮᠲᠤ᠌ ᠨᠠᠮ᠎ᠤᠨ ᠾᠸᠪᠸᠢ ᠵᠢᠨ ᠵᠡᠭᠦᠨ ᠬᠡᠰᠡᠭ᠎ᠦᠨ ᠭᠠᠵᠠᠷ ᠣᠷᠣᠨ᠎ᠤ ᠨᠠᠮ᠎ᠤᠨ ᠬᠣᠷᠢᠶ᠎ᠠ ᠳᠤᠮᠳᠠᠳᠤ ᠤᠯᠤᠰ᠎ᠤᠨ ᠡᠪ ᠬᠠᠮᠲᠤ᠌ ᠨᠠᠮ᠎ᠤᠨ ᠲᠥᠪ ᠬᠣᠷᠢᠶ᠎ᠠ ᠵᠢᠨ《ᠳᠠᠶ᠋ᠢᠰᠤᠨ᠎ᠤ ᠠᠷᠤ ᠲᠠᠯ᠎ᠠ᠎ᠵᠢᠴᠢ ᠲᠠᠢᠰᠤᠨ ᠳ᠋ᠤ ᠡᠵᠡᠯᠡᠭᠳᠡᠭᠰᠡᠨ ᠭᠤᠤᠯ ᠤᠷᠤᠨ ᠳ᠋ᠤ ᠬᠦᠨᠵᠡᠬᠡᠢᠷᠡᠬᠦ》ᠴᠢᠭᠯᠡᠯᠲᠡ ᠪᠣᠯᠤᠨ ᠱᠠᠨ ᠰᠢ ᠴᠠᠬᠠᠷ ᠾᠸᠪᠸᠢ ᠵᠢᠨ ᠬᠤᠪᠢᠶᠠᠷᠢ ᠲᠣᠪᠴᠢᠶ᠎ᠠ᠎ᠶᠢᠨ《ᠤᠷᠳᠤ ᠴᠠᠭᠠᠨ ᠭᠡᠷᠡᠮ ᠡᠴᠡ ᠲᠤᠳᠤᠨᠡᠬᠢ ᠵᠢ ᠪᠡᠬᠢᠵᠢᠭᠦᠯᠬᠦ᠌᠂ ᠤᠷᠳᠤ ᠴᠠᠭᠠᠨ ᠭᠡᠷᠡᠮ ᠡᠴᠡ ᠭᠠᠳᠠᠬᠰᠢ ᠪᠠᠨ ᠬᠥᠭᠵᠢᠬᠦ᠌᠂ ᠰᠠᠭᠤᠷᠢᠨ ᠭᠠᠵᠠᠷ᠎ᠢ ᠥᠷᠭᠡᠳᠬᠡᠬᠦ᠌᠂ ᠬᠠᠭᠤᠷᠮᠠᠭ ᠮᠠᠨᠵᠤ ᠤᠯᠤᠰ᠎ᠤᠨ ᠬᠢᠯᠢ ᠲᠤᠳᠤᠷ᠎ᠠ ᠵᠠᠪᠰᠡᠭᠳᠤ ᠬᠦᠴᠦᠨ᠎ᠢ  ᠪᠤᠵᠠᠭᠠᠢᠷᠠᠭᠤᠯᠬᠤ》ᠵᠢᠭᠠᠪᠤᠷᠢ᠎ᠶᠢ ᠦᠨᠳᠦᠰᠦᠯᠡᠵᠦ᠍᠂ 28 ᠬᠥᠮᠦᠨ᠎ᠢᠶᠡᠷ ᠪᠦᠷᠢᠯᠳᠦᠭᠰᠡᠨ ᠯᠣ᠌ ᠪᠸᠢ ᠵᠢᠨ ᠵᠡᠪᠰᠡᠭᠲᠦ᠍ ᠠᠵᠢᠯᠯᠠᠬᠤ ᠠᠩᠬᠢ᠎ᠶᠢ ᠵᠣᠬᠢᠶᠠᠨ ᠪᠠᠶ᠋ᠢᠭᠤᠯᠵᠤ᠂ ᠵᠢᠨᠵᠧᠦ᠎ᠡᠴᠡ ᠴᠧᠩᠳ᠋ᠧ ᠵᠢᠨ ᠯᠣ᠌ ᠪᠸᠢ ᠤᠷᠤᠨ ᠳ᠋ᠤ ᠬᠦᠷᠴᠦ᠍᠂ ᠤᠯᠠᠨ ᠲᠦᠮᠡᠨ᠎ᠢ ᠳᠠᠢ᠌ᠴᠢᠯᠠᠨ ᠶᠠᠫᠣᠨ᠎ᠢ ᠡᠰᠡᠷᠭᠦᠴᠡᠬᠦ᠌ ᠵᠡᠪᠰᠡᠭᠲᠦ᠍ ᠬᠦᠴᠦᠨ᠎ᠢ ᠪᠠᠶ᠋ᠢᠭᠤᠯᠪᠠ᠃ 6 ᠰᠠᠷ᠎ᠠ᠎ᠳᠤᠨᠢ ᠴᠧᠩᠳ᠋ᠸ ᠫᠢᠩᠴᠢᠤᠸᠠᠨ ᠨᠢᠩᠴᠸᠩ ᠣᠷᠣᠨ᠎ᠳᠤ ᠵᠠᠯᠭᠠᠭ᠎ᠠ᠎ᠪᠠᠷ 4 ᠲᠤᠭᠤᠷᠢᠭ᠎ᠤᠨ ᠲᠡᠰ᠎ᠤᠨ ᠶᠠᠫᠣᠨ᠎ᠢ ᠡᠰᠡᠷᠭᠦᠴᠡᠬᠦ᠌ ᠵᠠᠰᠠᠭ ᠤ᠋ᠨ ᠡᠷᠭᠡ ᠵᠢ ᠪᠠᠶ᠋ᠢᠭᠤᠯᠪᠠ᠃

1943 ᠣᠨ᠎ᠤ 5 ᠰᠠᠷ᠎ᠠ᠎ᠳᠤ ᠳᠤᠮᠳᠠᠳᠤ ᠤᠯᠤᠰ᠎ᠤᠨ ᠡᠪ ᠬᠠᠮᠲᠤ᠌ ᠨᠠᠮ᠎ᠤᠨ ᠾᠸᠪᠸᠢ ᠵᠢᠨ ᠵᠡᠭᠦᠨ ᠬᠡᠰᠡᠭ᠎ᠦᠨ ᠭᠠᠵᠠᠷ ᠣᠷᠣᠨ᠎ᠤ ᠨᠠᠮ ᠎ᠤᠨ ᠬᠣᠷᠢᠶ᠎ᠠ᠎ᠡᠴᠡ ᠴᠧᠩᠳ᠋ᠸ ᠫᠢᠩᠴᠢᠤᠸᠠᠨ ᠨᠢᠩᠴᠸᠩ ᠤ᠋ᠨ ᠶᠠᠫᠣᠨ᠎ᠢ ᠡᠰᠡᠷᠭᠦᠴᠡᠬᠦ᠌ ᠫᠠᠷᠲ᠋ᠢᠽᠠᠨ ᠲᠠᠢᠨ᠎ᠤ ᠰᠠᠭᠤᠷᠢᠨ ᠭᠠᠵᠠᠷ᠎ᠢ ᠪᠡᠬᠢᠵᠢᠭᠦᠯᠬᠦ᠌᠎ᠶᠢᠨ ᠲᠥᠯᠥᠭᠡ᠂ ᠶᠠᠩ ᠢᠦᠢ ᠮᠢᠨ᠎ᠢᠶᠡᠷ ᠱᠦᠵᠢ ᠪᠣᠯᠭᠠᠭᠰᠠᠨ ᠳᠤᠮᠳᠠᠳᠤ ᠤᠯᠤᠰ᠎ᠤᠨ ᠡᠪ ᠬᠠᠮᠲᠤ᠌ ᠨᠠᠮ᠎ᠤᠨ ᠴᠧᠩᠳ᠋ᠸ ᠫᠢᠩᠴᠢᠤᠸᠠᠨ ᠨᠢᠩᠴᠸᠩ᠎ᠤᠨ ᠬᠣᠯᠪᠣᠭᠠᠲᠤ᠌ ᠰᠢᠶᠠᠨ ᠎ᠤ ᠠᠵᠢᠯ ᠤ᠋ᠨ ᠬᠣᠷᠢᠶ᠎ᠠ᠎ᠶᠢ ᠪᠠᠶ᠋ᠢᠭᠤᠯᠵᠤ᠂ ᠵᠧᠦ ᡁᠢ ᠭᠦᠸᠧ᠎ᠪᠡᠷ ᠡᠷᠬᠢᠯᠡᠭᠴᠢ ᠪᠣᠯᠭᠠᠭᠰᠠᠨ ᠴᠧᠩᠳ᠋ᠸ ᠫᠢᠩᠴᠢᠤᠸᠠᠨ ᠨᠢᠩᠴᠸᠩ ᠤ᠋ᠨ ᠬᠣᠯᠪᠣᠭᠠᠲᠤ᠌ ᠰᠢᠶᠠᠨ᠎ᠤ ᠬᠡᠷᠡᠭ ᠡᠷᠬᠢᠯᠡᠬᠦ᠌ ᠭᠠᠵᠠᠷ᠎ᠢ ᠪᠠᠶ᠋ᠢᠭᠤᠯᠵᠤ᠂ ᠨᠠᠢ᠍ᠮᠠᠳᠤᠭᠠᠷ ᠵᠠᠮ᠎ᠤᠨ ᠴᠡᠷᠢᠭ᠎ᠦᠨ ᠱᠠᠨ ᠰᠢ ᠴᠠᠬᠠᠷ ᠾᠸᠪᠸᠢ ᠵᠢᠨ ᠴᠡᠷᠢᠭ᠎ᠦᠨ ᠬᠤᠪᠢᠶᠠᠷᠢ ᠲᠣᠭᠣᠷᠢᠭ᠎ᠤᠨ ᠰᠢᠨ᠎ᠡ᠎ᠪᠡᠷ ᠪᠠᠶ᠋ᠢᠭᠤᠯᠤᠭᠰᠠᠨ ᠭᠤᠷᠪᠠᠳᠤᠭᠠᠷ ᠲᠣᠭᠣᠷᠢᠭ᠎ᠤᠨ ᠠᠩᠬᠢ᠎ᠲᠠᠶ ᠬᠠᠮᠲᠤᠷᠠᠵᠤ᠂ 5 ᠰᠠᠷ᠎ᠠ᠎ᠶᠢᠨ ᠬᠢᠨᠢ ᠡᠴᠦᠰ᠎ᠢᠶᠡᠷ ᠫᠢᠩᠴᠢᠤᠸᠠᠨ ᠰᠢᠶᠠᠨ᠎ᠤ ᠴᠢ ᠵᠢᠶᠠ ᠳ᠋ᠠᠢ ᠵᠢᠨ ᠴᠤᠸᠠᠨ ᠭᠸᠤ ᠨᠤᠤ ᠪᠠᠯᠭᠠᠰᠤ᠎ᠶᠢᠨ ᠭᠠᠨ ᠽᠢ ᠭᠸᠤ ᠳ᠋ᠤ ᠬᠦᠷᠴᠦ᠍᠂ ᠵᠧᠦ ᡁᠢ ᠭᠦᠸᠧ᠎ᠶᠢᠨ ᠳᠠᠭᠠᠭᠤᠯᠤᠭᠰᠠᠨ ᠴᠡᠷᠢᠭ ᠠᠩᠬᠢ᠎ᠲᠠᠶ ᠨᠡᠶ᠋ᠢᠯᠡᠪᠡ᠃ 6 ᠰᠠᠷ᠎ᠠ᠎ᠶᠢᠨ ᠬᠢᠨᠢ ᠡᠬᠢ᠎ᠪᠡᠷ ᠴᠧᠩᠳ᠋ᠸ ᠫᠢᠩᠴᠢᠤᠸᠠᠨ ᠨᠢᠩᠴᠸᠩ ᠤ᠋ᠨ ᠬᠣᠯᠪᠣᠭᠠᠲᠤ᠌ ᠰᠢᠶᠠᠨ᠎ᠤ ᠨᠠᠮ᠎ᠤᠨ ᠠᠵᠢᠯ᠎ᠤᠨ ᠬᠣᠷᠢᠶ᠎ᠠ ᠫᠢᠩᠴᠢᠤᠸᠠᠨ ᠰᠢᠶᠠᠨ᠎ᠤ ᠴᠢ ᠭᠠᠨ ᠽᠢ ᠱᠠᠨ᠎ᠤ ᠱᠤᠸᠠᠩ ᠮᠢᠶᠣᠣ ᠲᠣᠰᠬᠣᠨ᠎ᠳᠤ ᠠᠩᠬᠠᠳᠤᠭᠠᠷ ᠤᠳᠠᠭ᠎ᠠ ᠵᠢᠨ ᠨᠠᠮ ᠵᠠᠰᠠᠭ ᠴᠡᠷᠢᠭ ᠺᠠᠳ᠋ᠷᠴᠤᠳ᠎ᠤᠨ ᠬᠠᠮᠲᠤᠷᠠᠭᠰᠠᠨ ᠬᠤᠷᠠᠯ᠎ᠢ ᠬᠤᠷᠠᠯᠳᠤᠭᠤᠯᠵᠤ᠂ ᠨᠠᠮ ᠎ᠤᠨ ᠪᠠᠶ᠋ᠢᠭᠤᠯᠤᠯᠲᠠ᠂ ᠵᠠᠰᠠᠭ᠎ᠤᠨ ᠪᠠᠶ᠋ᠢᠭᠤᠯᠤᠯᠲᠠ᠂ ᠵᠡᠪᠰᠡᠭᠲᠦ᠍ ᠬᠦᠴᠦᠨ᠎ᠢ ᠬᠥᠭᠵᠢᠭᠦᠯᠬᠦ᠌᠂ ᠨᠢᠭᠡᠳᠦᠮᠡᠯ ᠹᠷᠣᠨᠲ ᠳᠥᠷᠪᠡᠨ ᠶᠡᠬᠡ ᠠᠵᠢᠯ᠎ᠤᠨ ᠡᠭᠦᠷᠭᠡ᠎ᠶᠢᠨ ᠪᠣᠳᠠᠲᠠᠶ ᠠᠯᠬᠤᠮ ᠳᠠᠷᠠᠭ᠎ᠠ ᠪᠠ ᠠᠷᠭ᠎ᠠ ᠬᠡᠮᠵᠢᠶ᠎ᠡ᠎ᠶᠢ ᠰᠤᠳᠤᠯᠤᠨ ᠲᠣᠭᠲᠠᠭᠠᠵᠠᠶ᠃ ᠬᠤᠷᠠᠯ᠎ᠤᠨ ᠳᠠᠷᠠᠭ᠎ᠠ᠂ ᠴᠧᠩᠳ᠋ᠸ ᠫᠢᠩᠴᠢᠤᠸᠠᠨ ᠨᠢᠩᠴᠸᠩ ᠤ᠋ᠨ ᠬᠣᠯᠪᠣᠭᠠᠲᠤ᠌ ᠰᠢᠶᠠᠨ᠎ᠳᠤ ᠤᠷᠢᠳ ᠬᠣᠵᠢᠳ 8 ᠲᠤᠭᠤᠷᠢᠭ᠎ᠤᠨ ᠲᠡᠰ᠎ᠤᠨ ᠶᠠᠫᠣᠨ᠎ᠢ ᠡᠰᠡᠷᠭᠦᠴᠡᠬᠦ᠌ ᠵᠠᠰᠠᠭ᠎ᠤᠨ ᠣᠷᠳᠣᠨ᠎ᠢ ᠪᠠᠶ᠋ᠢᠭᠤᠯᠪᠠ᠃

1943 ᠣᠨ ᠡᠴᠡ 1944 ᠣᠨ ᠪᠣᠯᠲᠠᠯ᠎ᠠ᠂ ᠭᠤᠷᠪᠠᠳᠤᠭᠠᠷ ᠲᠣᠭᠣᠷᠢᠭ᠋᠎ᠤᠨ ᠴᠡᠷᠢᠭ ᠠᠩᠭᠢ ᠣᠷᠣᠨ ᠨᠤᠲᠤᠭ᠎ᠤᠨ ᠫᠠᠷᠲ᠋ᠢᠽᠠᠨ ᠠᠩᠭᠢ᠎ᠶᠢᠨ ᠬᠠᠪᠰᠤᠷᠤᠯᠭ᠎ᠠ ᠳᠣᠣᠷ᠎ᠠ᠂ ᠤᠷᠢᠳ ᠬᠣᠵᠢᠳ ᠰᠠᠨ ᠽᠦᠸᠧ ᠳ᠋ᠢᠶᠠᠨ᠂ ᠴᠠᠩ ᠱᠧᠩ ᠭᠧᠦ᠂ ᠰᠢᠶᠸ ᠵᠠᠩ ᠽᠢ᠂ ᠰᠢᠶᠠ ᠫᠦᠸᠸ ᠽᠢ ᠵᠡᠷᠭᠡ ᠭᠠᠵᠠᠷ᠎ᠲᠦ ᠤᠯᠠᠨ ᠤᠳᠠᠭ᠎ᠠ᠎ᠶᠢᠨ ᠪᠠᠢᠯᠳᠤᠭᠠᠨ ᠬᠢᠵᠦ᠂ ᠨᠢᠩᠴᠧᠩ ᠰᠢᠶᠠᠨ᠎ᠤ ᠬᠤᠲᠠ ᠪᠣᠯᠣᠨ ᠬᠠᠭᠤᠷᠮᠠᠭ ᠴᠠᠭᠳᠠᠭᠠᠨ᠎ᠤ ᠵᠠᠬᠢᠷᠭ᠎ᠠ᠎ᠶᠢ ᠲᠠᠭᠠᠷᠢᠨ ᠡᠵᠡᠯᠡᠵᠦ᠂ ᠴᠸᠩᠳ᠋ᠸ ᠫᠢᠩᠴᠢᠤᠸᠠᠨ ᠨᠢᠩᠴᠸᠩ᠎ᠤᠨ  ᠬᠣᠯᠪᠣᠭᠠᠲᠤ ᠰᠢᠶᠠᠨ᠎ᠤ ᠫᠠᠷᠲ᠋ᠢᠽᠠᠨ ᠣᠷᠣᠨ᠎ᠢ ᠪᠡᠬᠢᠵᠢᠭᠦᠯᠦᠨ ᠥᠷᠭᠡᠳᠬᠡᠭᠡᠳ ᠨᠢᠩᠴᠧᠩ᠎ᠢᠶᠡᠷ ᠲᠥᠪ ᠪᠣᠯᠭᠠᠵᠤ᠂ ᠵᠡᠭᠦᠨᠰᠢ᠎ᠪᠡᠨ ᠴᠣᠣᠶᠠᠩ᠂ ᠯᠢᠩᠶᠤᠸᠠᠨ᠂ ᠵᠢᠶᠠᠨᠫᠢᠩ ᠬᠦᠷᠴᠤ᠂ ᠪᠠᠷᠠᠭᠤᠨᠰᠢ᠎ᠪᠠᠨ ᠸᠧᠢ ᠴᠠᠩ᠂ ᠯᠦᠩ ᠬᠤᠸᠠ ᠬᠦᠷᠴᠤ᠂ ᠤᠮᠠᠷᠠᠰᠢ ᠪᠠᠨ ᠤᠯᠠᠭᠠᠨᠬᠠᠳᠠ ᠬᠦᠷᠴᠤ᠂ ᠡᠮᠦᠨᠡᠰᠢ᠎ᠪᠡᠨ ᠤᠷᠳᠤ ᠴᠠᠭᠠᠨ ᠬᠡᠷᠡᠮ ᠬᠦᠷᠬᠦ ᠥᠷᠭᠡᠨ ᠠᠭᠤᠳᠠᠮ ᠭᠠᠵᠠᠷ ᠣᠷᠣᠨ ᠪᠣᠯᠵᠤ ᠦᠷᠬᠡᠵᠢᠪᠡ᠃ ᠫᠠᠷᠲ᠋ᠢᠽᠠᠨ ᠣᠷᠣᠨ᠎ᠤ ᠵᠠᠰᠠᠭ᠎ᠤᠨ ᠪᠠᠢᠭᠤᠯᠤᠯᠲᠠ ᠴᠤ᠌ ᠠᠬᠢᠴᠠ᠎ᠲᠠᠢ ᠪᠣᠯᠵᠤ᠂ ᠭᠣᠣᠯ ᠣᠷᠣᠨ ᠪᠦᠰᠡ᠎ᠳᠦ ᠶᠠᠫᠤᠨ᠎ᠢ ᠡᠰᠡᠷᠭᠦᠴᠡᠬᠦ 《ᠬᠣᠶᠠᠷ ᠲᠠᠯᠠᠲᠤ ᠵᠠᠰᠠᠭ᠎ᠤᠨ ᠡᠷᠬᠡ》 ᠵᠢ ᠤᠯᠠᠨ ᠪᠠᠢᠭᠤᠯᠵᠤ᠂ ᠨᠠᠮ᠎ᠤᠨ ᠴᠢᠭᠯᠡᠯᠲᠡ ᠲᠦᠷᠦ᠎ᠶᠢᠨ ᠪᠣᠳᠣᠯᠭ᠎ᠠ᠎ᠶᠢ ᠲᠤᠭᠤᠰᠢᠯᠠᠭᠤᠯᠬᠤ᠂ ᠡᠯ᠎ᠡ ᠳᠠᠪᠬᠤᠷᠭ᠎ᠠ᠎ᠲᠠᠢ ᠪᠦᠯᠬᠦᠮᠳᠡᠵᠦ ᠬᠠᠮᠲᠤ᠎ᠪᠠᠷ ᠶᠠᠫᠤᠨ᠎ᠢ ᠡᠰᠡᠷᠭᠦᠴᠡᠬᠦ᠎ᠳᠦ ᠴᠢᠬᠤᠯᠠ ᠦᠢᠯᠡᠳᠦᠯ ᠦᠵᠡᠭᠦᠯᠪᠡ᠃

1944 ᠣᠨ᠎ᠤ 3 ᠰᠠᠷ᠎ᠠ᠎ᠳᠤ ᠶᠠᠫᠤᠨ᠎ᠤ ᠭᠤᠸᠠᠨ ᠳ᠋ᠦᠩ ᠵᠢᠶᠦ᠋ᠨ ᠴᠡᠷᠢᠭ ᠪᠣᠯᠣᠨ ᠿᠸᠾᠸ᠎ᠶᠢᠨ ᠬᠠᠭᠤᠷᠮᠠᠭ ᠴᠡᠷᠢᠭ ᠴᠸᠩᠳ᠋ᠸ ᠫᠢᠩᠴᠢᠤᠸᠠᠨ ᠨᠢᠩᠴᠸᠩ ᠣᠷᠣᠨ᠎ᠳᠠᠬᠢ ᠲᠠᠭᠠᠷᠢᠯᠳᠠ ᠪᠠ 《ᠱᠦᠭᠦᠷᠳᠡᠯᠲᠡ》 ᠪᠡᠨ ᠱᠠᠯᠠᠪᠳᠠᠨ ᠬᠢᠵᠡᠢ᠃ ᠨᠠᠢ᠍ᠮᠠᠳᠤᠭᠠᠷ ᠵᠠᠮ᠎ᠤᠨ ᠴᠡᠷᠢᠭ᠎ᠦᠨ ᠭᠣᠣᠯ ᠬᠦᠴᠦᠨ ᠴᠡᠷᠢᠭ᠎ᠢᠶᠡᠨ ᠪᠣᠭᠣᠮᠲᠠ᠎ᠶᠢᠨ ᠳᠣᠲᠣᠷ᠎ᠠ ᠰᠢᠯᠵᠢᠭᠦᠯᠵᠦ᠂ ᠴᠥᠭᠡᠨ ᠲᠣᠭᠠᠨ᠎ᠤ ᠴᠡᠷᠢᠭ᠎ᠦᠨ ᠬᠦᠴᠦᠨ᠎ᠢ ᠦᠯᠡᠳᠡᠭᠡᠵᠦ ᠳᠠᠢᠰᠤᠨ᠎ᠢ ᠬᠣᠷᠢᠭ᠍ᠯᠠᠪᠠ᠃ 3 ᠰᠠᠷ᠎ᠠ᠎ᠶᠢᠨ ᠬᠢᠨᠢ 11 ᠤ᠋ ᠰᠥᠨᠢ ᠵᠢᠨ ᠨᠢᠩᠴᠧᠩ ᠰᠢᠶᠠᠨ᠎ᠤ ᠴᠤᠤ ᠪᠦᠦ ᠭᠧᠦ ᠴᠤᠸᠠᠨ᠎ᠤ ᠪᠠᠢᠯᠳᠤᠭᠠᠨ᠎ᠳᠤ᠂ 40 ᠭᠠᠷᠤᠢ ᠺᠠᠳ᠋ᠷ ᠪᠣᠯᠣᠨ ᠪᠠᠢᠯᠳᠤᠭ᠍ᠴᠢ ᠴᠥᠭᠡᠨ᠎ᠢᠶᠡᠷ ᠤᠯᠠᠨ᠎ᠢ ᠢᠯᠡᠵᠤ ᠴᠢᠳᠠᠭᠰᠠᠨ ᠦᠭᠡᠢ᠂ ᠦᠬᠦᠬᠦ᠎ᠡᠴᠡ ᠪᠢᠰᠢ ᠣᠯᠵᠠᠯᠠᠭᠳᠠᠭᠰᠠᠳ ᠪᠣᠯᠬᠤ ᠦᠭᠡᠢ ᠬᠡᠰᠡᠨ ᠰᠦᠰᠦ ᠵᠤᠷᠢᠭ ᠎ᠢ ᠡᠪᠦᠷᠯᠡᠨ ᠪᠦᠭᠦᠳᠡᠭᠡᠷ᠎ᠢᠶᠡᠨ ᠠᠰᠬ᠎ᠠ ᠬᠠᠳᠠᠨ ᠡᠴᠡ ᠬᠠᠷᠠᠢᠵᠤ᠂ ᠱᠤ᠌ ᠳ᠋ᠢᠶᠠᠨ ᠶᠢᠦ᠂ ᠯᠢᠦ ᠰᠢᠶᠠᠩ ᠲᠢᠩ ᠵᠡᠷᠭᠡ 9 ᠬᠥᠮᠥᠨ ᠪᠠᠭᠠᠲᠤᠷᠯᠢᠭ᠋᠎ᠢᠶᠠᠷ ᠪᠡᠶ᠎ᠡ ᠦᠷᠡᠭᠳᠡᠪᠡ᠃ 3 ᠰᠠᠷ᠎ᠠ᠎ᠶᠢᠨ ᠬᠢᠨᠢ 29 ᠤ᠋ ᠡᠳᠦᠷ᠎ᠤᠨ  ᠱᠤᠸᠠᠩ ᠮᠢᠶᠣᠣ ᠲᠣᠰᠬᠣᠨ᠎ᠤ ᠯᠣᠣ ᠴᠢ ᠭᠧᠦ ᠵᠢᠨ ᠪᠠᠢᠯᠳᠤᠭᠠᠨ᠎ᠳᠤ ᠭᠤᠤ ᠴᠢᠶᠣᠤ ᠵᠡᠷᠭᠡ 9 ᠬᠥᠮᠥᠨ ᠪᠠᠭᠠᠲᠤᠷᠯᠢᠭ᠋᠎ᠢᠶᠠᠷ ᠪᠡᠶ᠎ᠡ ᠦᠷᠡᠭᠳᠡᠪᠡ᠃ ᠡᠭᠦᠨ᠎ᠡᠴᠡ ᠡᠮᠦᠨ᠎ᠡ᠂ ᠴᠸᠩᠳ᠋ᠸ ᠫᠢᠩᠴᠢᠤᠸᠠᠨ ᠨᠢᠩᠴᠸᠩ᠎ᠦᠨ ᠨᠠᠮ᠎ᠤᠨ ᠠᠵᠢᠯ᠎ᠤᠨ ᠬᠣᠷᠢᠶ᠎ᠠ᠎ᠶᠢᠨ ᠵᠣᠬᠢᠶᠠᠨ ᠪᠠᠶ᠋ᠢᠭᠤᠯᠬᠤ ᠬᠡᠯᠲᠡᠰ᠎ᠦᠨ ᠳᠠᠷᠤᠭ᠎ᠠ ᠴᠧᠨ ᠭᠧ ᠵᠢᠨ ᠳᠠᠭᠠᠭᠤᠯᠤᠭᠰᠠᠨ ᠨᠢᠭᠡ ᠰᠠᠯᠠᠭ᠎ᠠ ᠫᠠᠷᠲ᠋ᠢᠽᠠᠨ ᠠᠩᠭᠢ ᠳᠠᠢᠰᠤᠨ᠎ᠳᠤ ᠪᠦᠰᠡᠯᠡᠭᠳᠡᠵᠦ᠂ ᠪᠦᠬᠦᠨ᠎ᠢᠶᠡᠷ᠎ᠢᠶᠡᠨ ᠪᠡᠶ᠎ᠡ ᠦᠷᠡᠭᠳᠡᠪᠡ᠃ 4 ᠰᠠᠷ᠎ᠠ᠎ᠶᠢᠨ ᠬᠢᠨᠢ 25 ᠤ᠋ ᠡᠳᠦᠷ᠎ᠤᠨ  ᠨᠢᠩᠴᠧᠩ᠎ᠦᠨ ᠳᠡ ᠱᠤᠸᠠᠩ ᠮᠢᠶᠣᠣ᠎ᠶᠢᠨ ᠯᠦᠩ ᠲᠠᠨ ᠭᠧᠦ ᠵᠢᠨ ᠪᠠᠢᠯᠳᠤᠭᠠᠨ᠎ᠳᠤ ᠵᠤᠤ ᠬᠣᠩ ᠦ᠋ ᠵᠡᠷᠭᠡ 18 ᠬᠥᠮᠥᠨ ᠦᠬᠦᠪᠡᠴᠦ ᠪᠠᠭᠤᠵᠤ ᠥᠭᠬᠦ ᠦᠭᠡᠢ ᠂ ᠲᠤᠯᠤᠯᠳᠤᠵᠤ ᠪᠠᠢᠭᠠᠳ ᠪᠦᠭᠦᠳᠡᠭᠡᠷ᠎ᠢᠶᠡᠨ ᠪᠡᠶ᠎ᠡ ᠦᠷᠡᠭᠳᠡᠪᠡ᠃ ᠴᠸᠩᠳ᠋ᠸ ᠫᠢᠩᠴᠢᠤᠸᠠᠨ ᠨᠢᠩᠴᠸᠩ᠎ᠦᠨ ᠶᠠᠫᠤᠨ᠎ᠢ ᠡᠰᠡᠷᠭᠦᠴᠡᠬᠦ ᠰᠠᠭᠤᠷᠢᠨ ᠭᠠᠵᠠᠷ᠎ᠤᠨ ᠶᠠᠫᠤᠨ᠎ᠢ ᠡᠰᠡᠷᠭᠦᠴᠡᠬᠦ ᠵᠡᠪᠰᠡᠭᠲᠦ ᠬᠦᠴᠦᠨ ᠬᠦᠨᠳᠦ ᠨᠣᠴᠢᠲᠠᠢ ᠬᠣᠬᠢᠷᠠᠵᠤ᠂ 9 ᠰᠠᠷ᠎ᠠ᠎ᠳᠤᠨᠢ  ᠿᠸᠾᠸ᠎ᠶᠢᠨ ᠡᠮᠦᠨ᠎ᠡ ᠬᠡᠰᠡᠭ ᠣᠷᠣᠨ ᠡᠴᠡ ᠤᠬᠤᠷᠢᠨ ᠭᠠᠷᠪᠠ᠃

1945 ᠣᠨ᠎ᠤ 2 ᠰᠠᠷ᠎ᠠ᠎ᠳᠤ  ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠾᠧᠪᠧᠢ ᠿᠸᠾᠸ ᠯᠢᠶᠣᠤᠨᠢᠩ᠎ᠤᠷᠤᠨ᠎ᠤ ᠨᠠᠮ᠎ᠤᠨ ᠬᠣᠷᠢᠶ᠎ᠠ 《ᠿᠸᠾᠸ ᠯᠢᠶᠣᠤᠨᠢᠩ᠎ᠤᠨ ᠠᠵᠢᠯ᠎ᠤᠨ ᠲᠤᠬᠠᠢ ᠠᠩᠬ᠎ᠠ ᠠᠯᠬᠤᠮ᠎ᠤᠨ ᠳ᠋ᠦᠩᠨᠡᠯᠲᠡ᠎ᠶᠢᠨ ᠰᠠᠨᠠᠯ ᠪᠠ ᠿᠸᠾᠸ ᠯᠢᠶᠣᠤᠨᠢᠩ᠎ᠤᠨ ᠠᠵᠢᠯ᠎ᠢ ᠰᠡᠷᠭᠦᠭᠡᠨ ᠦᠷᠨᠢᠬᠦᠯᠬᠦ ᠲᠤᠬᠠᠢ ᠲᠣᠭᠲᠠᠭᠠᠯ》᠎ᠢ᠋ ᠨᠡᠢᠳᠡᠯᠡᠵᠤ᠂ ᠨᠢᠭᠡ ᠲᠠᠯ᠎ᠠ᠎ᠪᠠᠷ ᠺᠠᠳ᠋ᠷ ᠲᠣᠮᠢᠯᠠᠨ ᠾᠧᠪᠧᠢ ᠿᠸᠾᠸ ᠯᠢᠶᠣᠤᠨᠢᠩ᠎ᠤᠨ ᠬᠤᠪᠢᠶᠠᠷᠢ ᠲᠣᠪᠴᠢᠶᠠᠨ᠎ᠤ ᠨᠠᠮ᠎ᠤᠨ ᠰᠤᠷᠭᠠᠭᠤᠯᠢ ᠪᠠ ᠤᠮᠠᠷᠠᠲᠤ ᠣᠷᠣᠨ᠎ᠤ ᠶᠡᠬᠡ ᠰᠤᠷᠭᠠᠭᠤᠯᠢ᠎ᠳᠤ ᠰᠤᠷᠤᠯᠴᠠᠭᠤᠯᠵᠤ᠂ ᠨᠦᠭᠦᠭᠡ ᠲᠠᠯ᠎ᠠ᠎ᠪᠠᠷ ᠰᠢᠯᠢᠳᠡᠭ ᠵᠡᠪᠰᠡᠭᠲᠦ ᠠᠵᠢᠯᠯᠠᠬᠤ ᠠᠩᠭᠢ᠎ᠶᠢ ᠵᠣᠬᠢᠶᠠᠨ ᠪᠠᠢᠭᠤᠯᠤᠨ ᠪᠣᠭᠣᠮᠲᠠ ᠡᠴᠡ ᠭᠠᠷᠭᠠᠵᠤ᠂ ᠳᠠᠢᠰᠤᠨ᠎ᠤ ᠪᠠᠢᠳᠠᠯ᠎ᠢ ᠲᠠᠡᠭ᠌ᠨᠠᠨ ᠪᠠᠢᠴᠠᠭᠠᠵᠤ᠂ ᠬᠠᠷᠢᠴᠠᠭ᠎ᠠ᠎ᠪᠠᠨ ᠬᠥᠭᠵᠢᠭᠦᠯᠦᠨ᠂ ᠬᠦᠴᠦᠨ᠎ᠢᠶᠡᠨ ᠬᠤᠷᠠᠮᠳᠤᠭᠤᠯᠪᠠ᠃ 1945 ᠣᠨ᠎ᠤ 6 ᠰᠠᠷ᠎ᠠ᠎ᠳᠤ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠿᠸᠾᠸ ᠯᠢᠶᠣᠤᠨᠢᠩ᠎ᠤᠨ ᠬᠢᠵᠠᠭᠠᠷ ᠣᠷᠣᠨ᠎ᠤ ᠬᠣᠷᠢᠶ᠎ᠠ᠂ ᠾᠧᠪᠧᠢ ᠿᠸᠾᠸ ᠯᠢᠶᠣᠤᠨᠢᠩ᠎ᠤᠨ ᠴᠡᠷᠢᠭ᠎ᠦᠨ ᠲᠣᠭᠣᠷᠢᠭ᠋ ᠪᠣᠯᠣᠨ ᠾᠧᠪᠧᠢ ᠿᠸᠾᠸ ᠯᠢᠶᠣᠤᠨᠢᠩ᠎ᠤᠨ ᠵᠠᠬᠢᠷᠭ᠎ᠠ ᠡᠴᠡ ᠤᠮᠠᠷᠠᠰᠢ ᠣᠷᠣᠬᠤ 3 ᠰᠠᠯᠪᠤᠷᠢ ᠠᠩᠭᠢ᠎ᠶᠢ ᠲᠣᠮᠢᠯᠠᠨ ᠿᠸᠾᠸ᠎ᠳᠦ ᠣᠴᠢᠭᠤᠯᠵᠤ᠂ ᠿᠸᠾᠸ᠎ᠶᠢᠨ ᠡᠮᠦᠨᠡᠲᠦ ᠬᠡᠰᠡᠭ᠎ᠦᠨ ᠶᠠᠫᠤᠨ᠎ᠢ ᠡᠰᠡᠷᠭᠦᠴᠡᠬᠦ ᠫᠠᠷᠲ᠋ᠢᠽᠠᠨ ᠣᠷᠣᠨ᠎ᠢ ᠳᠠᠬᠢᠨ ᠰᠡᠷᠭᠦᠭᠡᠪᠡ᠃ ᠡᠨᠡ ᠬᠤᠭᠤᠴᠠᠭᠠᠨ᠎ᠳᠤ᠂ ᠬᠤᠤ ᠹᠦ ᠬᠣᠩ᠎ᠤᠨ ᠳᠠᠭᠠᠭᠤᠯᠤᠭᠰᠠᠨ ᠳᠤᠮᠳᠠ ᠵᠠᠮ᠎ᠤᠨ ᠤᠮᠠᠷᠠᠰᠢ ᠣᠷᠣᠬᠤ ᠰᠠᠯᠪᠤᠷᠢ ᠠᠩᠭᠢ ᠨᠢᠩᠴᠧᠩ᠎ᠦᠨ ᠪᠤᠷᠭᠠᠰᠤᠳᠠᠢ᠂ ᠭᠦᠩ ᠶᠧ ᠹᠦ ᠵᠡᠷᠭᠡ ᠭᠠᠵᠠᠷ᠎ᠲᠤ ᠠᠵᠢᠯᠯᠠᠭ᠎ᠠ ᠥᠷᠨᠢᠭᠦᠯᠵᠦ᠂ ᠵᠠᠩ ᠯᠢ ᠸᠸᠨ ᠨᠠᠷ ᠨᠢᠩᠴᠧᠩ᠎ᠦᠨ ᠳᠡ ᠮᠢᠩ᠂ ᠡᠯ ᠯᠦᠩ᠂ ᠰᠢ ᠽᠢ᠂ ᠶᠡᠬᠡ ᠵᠦᠩ᠂ ᠪᠠᠭ᠎ᠠ ᠵᠦᠩ ᠵᠡᠷᠭᠡ ᠭᠠᠵᠠᠷ᠎ᠲᠤ ᠠᠵᠢᠯ᠎ᠢᠶᠠᠨ ᠰᠡᠷᠭᠦᠭᠡᠵᠦ᠂ ᠶᠠᠫᠤᠨ᠎ᠢ ᠡᠰᠡᠷᠭᠦᠴᠡᠬᠦ ᠳᠠᠢ᠍ᠢᠨ᠎ᠦ ᠡᠴᠦᠰ᠎ᠦᠨ ᠢᠯᠠᠯᠲᠠ᠎ᠶᠢ ᠣᠯᠳᠠᠯ᠎ᠠ ᠳᠡᠮᠡᠴᠡᠪᠡ᠃

ᠨᠠᠢ᠍ᠮᠠᠳᠤᠭᠠᠷ ᠵᠠᠮ᠎ᠤᠨ ᠴᠡᠷᠢᠭ ᠴᠸᠩᠳ᠋ᠸ ᠫᠢᠩᠴᠢᠤᠸᠠᠨ ᠨᠢᠩᠴᠸᠩ᠎ᠢ ᠪᠠᠢᠯᠳᠤᠨ ᠠᠪᠤᠭᠰᠠᠨ ᠶᠠᠪᠤᠳᠠᠯ ᠪᠣᠯ ᠠᠯᠳᠠᠭᠰᠠᠨ ᠭᠠᠵᠠᠷ᠎ᠢᠶᠡᠨ ᠡᠭᠡᠬᠦᠯᠦᠨ ᠠᠪᠬᠤ ᠡᠮᠦᠨ᠎ᠡ ᠹᠷᠤᠨᠲ ᠲᠸ᠋ ᠪᠡᠬᠢᠯᠡᠯᠲᠡ ᠪᠤᠰᠬᠠᠬᠤ ᠵᠠᠩᠭᠢᠯᠠᠭ᠎ᠠ᠎ᠶᠢᠨ ᠨᠢᠭᠡ ᠠᠯᠬᠤᠮ ᠮᠥᠨ᠂ 《ᠳᠠᠢᠰᠤᠨ᠎ᠤ ᠠᠷᠤ ᠲᠠᠯ᠎ᠠ᠎ᠪᠠ ᠲᠠᠢᠰᠤᠨ ᠳ᠋ᠤ ᠡᠵᠡᠯᠡᠭᠳᠡᠭᠰᠡᠨ ᠭᠠᠵᠠᠷ᠎ᠤᠨ ᠭᠤᠤᠯ ᠬᠡᠰᠡᠭ》 ᠲᠤ᠌ ᠲᠠᠢ᠍ᠢᠨ᠎ᠦ ᠲᠠᠯᠠᠪᠤᠷ᠎ᠢ ᠨᠡᠭᠡᠭᠡᠭᠰᠡᠨ ᠠᠮᠵᠢᠯᠲᠠ᠎ᠲᠠᠢ ᠦᠢᠯᠡᠳᠦᠯᠭᠡ ᠮᠥᠨ᠃ ᠨᠠᠮ ᠡᠴᠡ ᠴᠸᠩᠳ᠋ᠸ ᠫᠢᠩᠴᠢᠤᠸᠠᠨ ᠨᠢᠩᠴᠸᠩ᠎ᠦᠨ ᠴᠡᠷᠢᠭ ᠠᠷᠠᠳ᠎ᠢ ᠤᠳᠤᠷᠢᠳᠤᠨ ᠬᠠᠭᠤᠷᠮᠠᠭ ᠮᠠᠨᠵᠤ ᠤᠯᠤᠰ ᠎ᠤᠨ ᠭᠣᠣᠯ ᠬᠦᠢᠰᠦ ᠣᠷᠣᠨ᠎ᠳᠤ ᠲᠡᠮᠡᠴᠡᠯ ᠬᠢᠬᠦ᠎ᠶᠢ ᠪᠠᠷᠢᠮᠲᠠᠯᠠᠵᠤ᠂ ᠶᠠᠫᠤᠨ ᠬᠠᠭᠤᠷᠮᠠᠭ ᠴᠡᠷᠢᠭ ᠎ᠦᠨ ᠨᠣᠶᠠᠷᠬᠠᠯ᠎ᠳᠤ ᠬᠦᠨᠳᠦ ᠴᠣᠬᠢᠯᠲᠠ ᠥᠭᠴᠦ᠂ ᠳᠠᠢᠰᠤᠨ᠎ᠤ ᠶᠡᠬᠡ ᠬᠡᠮᠵᠢᠶᠡᠨ᠎ᠦ ᠴᠡᠷᠢᠭ ᠎ᠦᠨ ᠬᠦᠴᠦᠨ᠎ᠢ ᠬᠣᠷᠢᠭ᠍ᠯᠠᠨ ᠴᠤᠬᠢᠪᠠ᠃ ᠶᠠᠫᠤᠨ᠎ᠢ ᠡᠰᠡᠷᠭᠦᠴᠡᠬᠦ ᠲᠠᠢ᠍ᠢᠨ ᠢᠯᠠᠯᠲᠠ ᠣᠯᠣᠭᠰᠠᠨ᠎ᠤ ᠲᠠᠷᠠᠭ᠎ᠠ᠂ ᠦᠯᠡᠮᠵᠢ ᠤᠯᠠᠨ ᠴᠡᠷᠢᠭ ᠪᠠ ᠺᠠᠳ᠋ᠷᠴᠤᠳ ᠶᠠᠭ ᠴᠸᠩᠳ᠋ᠸ ᠫᠢᠩᠴᠢᠤᠸᠠᠨ ᠨᠢᠩᠴᠸᠩ ᠣᠷᠣᠨ᠎ᠢᠶᠠᠷ ᠲᠠᠮᠵᠢᠨ ᠵᠡᠭᠦᠨ ᠬᠣᠢᠲᠤ ᠣᠷᠣᠨ᠎ᠳᠤ ᠬᠦᠷᠴᠦ᠂ ᠠᠯᠳᠠᠭᠰᠠᠨ ᠭᠠᠵᠠᠷ᠎ᠢᠶᠠᠨ ᠡᠭᠡᠭᠦᠯᠦᠨ ᠠᠪᠴᠤ᠂ ᠴᠢᠯᠦᠭᠡᠯᠡᠬᠦ ᠲᠠᠢ᠍ᠢᠨ᠎ᠦ ᠢᠯᠠᠯᠲᠠ ᠵᠢ ᠣᠯᠬᠤ᠎ᠳᠤ ᠬᠤᠪᠢ ᠨᠡᠮᠡᠷᠢ᠎ᠦᠵᠡᠭᠦᠯᠦᠭᠰᠡᠨ ᠶᠤᠮ᠃                

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号