1948 ᠣᠨ᠎ᠤ ᠨᠠᠮᠤᠷ᠂ ᠭᠣᠮᠢᠨᠳᠠᠩ᠎ᠤᠨ ᠴᠡᠷᠢᠭ᠎ᠲᠠᠢ ᠪᠠᠢᠯᠳᠤᠬᠤ ᠪᠣᠳᠣᠯᠭ᠎ᠠ᠎ᠶᠢᠨ ᠰᠢᠢᠳᠪᠦᠷᠢᠲᠦ ᠲᠠᠢᠯᠠᠯᠲᠣᠭᠠᠨ ᠬᠢᠬᠦ ᠨᠦᠬᠦᠴᠡᠯ ᠨᠢᠭᠡᠨᠲᠡ ᠪᠣᠯᠪᠠᠰᠤᠷᠠᠩᠭᠤᠢ ᠪᠣᠯᠤᠭᠰᠠᠨ ᠪᠠᠢᠳᠠᠯ᠎ᠢ ᠦᠨᠳᠦᠰᠦᠯᠡᠵᠦ᠂ ᠨᠠᠮ᠎ᠤᠨ ᠲᠥᠪ ᠬᠣᠷᠢᠶ᠎ᠠ᠂ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ ᠡᠩ ᠲᠡᠷᠢᠭᠦᠨ᠎ᠳᠦ ᠵᠡᠭᠦᠨ ᠬᠣᠢᠲᠤ ᠣᠷᠣᠨ᠎ᠳᠤ ᠯᠢᠶᠤᠤ ᠱᠧᠨ᠎ᠦ ᠳᠠᠢᠯᠠᠯᠳᠤᠭᠠᠨ ᠬᠢᠵᠦ᠂ ᠪᠣᠭᠣᠮᠲᠠ᠎ᠶᠢᠨ ᠭᠠᠳᠠᠨᠠᠬᠢ ᠭᠣᠮᠢᠨᠳᠠᠩ᠎ᠤᠨ ᠴᠡᠷᠢᠭ᠎ᠢ ᠤᠰᠠᠳᠬᠠᠬᠤ᠎ᠪᠠᠷ ᠲᠣᠭᠲᠠᠪᠠ᠃ ᠵᠡᠭᠦᠨ ᠬᠣᠢᠲᠤ᠎ᠶᠢᠨ ᠬᠡᠭᠡᠷᠡᠯᠡᠨ ᠪᠠᠢᠯᠳᠤᠬᠤ ᠠᠷᠮᠢ᠎ᠶᠢᠨ ᠭᠣᠣᠯ ᠬᠦᠴᠦᠨ᠎ᠤ ᠪᠸᠢ ᠨᠢᠩ ᠲᠡᠮᠦᠷ ᠵᠠᠮ᠎ᠤᠨ ᠱᠤᠭᠤᠮ ᠲᠠᠭᠠᠣ ᠪᠠᠢᠯᠳᠤᠬᠤ᠎ᠶᠢ ᠪᠠᠲᠤᠯᠠᠬᠤ᠎ᠶᠢᠨ ᠲᠥᠯᠥᠭᠡ᠂ ᠤᠮᠠᠷᠠᠲᠤ ᠣᠷᠣᠨ᠎ᠤ ᠬᠡᠭᠡᠷᠡᠯᠡᠨ ᠪᠠᠢᠯᠳᠤᠬᠤ ᠠᠷᠮᠢ ᠫᠢᠩ ᠰᠦᠢ ᠲᠡᠮᠦᠷ ᠵᠠᠮ ᠲᠠᠭᠠᠣ ᠴᠠᠬᠠᠷ ᠰᠦᠢᠶᠤᠸᠠᠨ᠎ᠤ ᠳᠠᠢᠯᠠᠯᠳᠤᠭᠠᠨ ᠦᠷᠨᠢᠬᠦᠯᠵᠦ᠂ ᠹᠦ ᠽᠦᠸᠧ ᠢ᠎ᠶᠢᠨ ᠴᠡᠷᠢᠭ᠎ᠤᠨ ᠭᠣᠣᠯ ᠬᠦᠴᠦᠨ᠎ᠤ ᠡᠷᠬᠢᠵᠦ ᠲᠠᠭᠠᠷᠢᠬᠤ ᠵᠢ ᠬᠤᠷᠢᠬᠯᠠᠨ ᠳᠠᠳᠠᠵᠦ᠂ ᠤᠮᠠᠷᠠᠲᠤ ᠣᠷᠣᠨ᠎ᠤ ᠭᠣᠮᠢᠨᠳᠠᠩ᠎ᠤᠨ ᠴᠡᠷᠢᠭ᠎ᠢ ᠵᠡᠭᠦᠨ ᠬᠣᠢᠲᠤ ᠣᠷᠣᠨ᠎ᠢ ᠲᠤᠰᠠᠯᠠᠬᠤ ᠴᠢᠳᠠᠯ ᠦᠭᠡᠢ ᠪᠤᠯᠭᠠᠬᠤ᠎ᠪᠠᠷ ᠲᠣᠭᠲᠠᠪᠠ ᠃
8 ᠰᠠᠷ᠎ᠠ᠎ᠶᠢᠨ 3 ᠤ᠋ ᠦᠳᠡ᠎ᠶᠢᠨ ᠬᠣᠢᠨ᠎ᠠ᠂ ᠮᠠᠤ ᠽᠧ ᠳ᠋ᠦᠩ᠂ ᠯᠢᠦ ᠱᠤᠤ ᠴᠢ᠂ ᠵᠧᠦ ᠧᠨ ᠯᠠᠢ᠂ ᠵᠦ᠍ ᠳᠧ᠂ ᠷᠧᠨ ᠪᠢ ᠱᠢ ᠨᠠᠷ ᠰᠢ ᠪᠠᠢ ᠫᠦᠸᠸ ᠳ᠋ᠦ ᠨᠢᠶᠸ ᠷᠦᠩ ᠵᠧᠨ ᠪᠣᠯᠣᠨ ᠶᠠᠩ ᠴᠧᠩ ᠦ᠋ᠳᠦ ᠪᠠᠢᠯᠳᠤᠬᠤ ᠡᠭᠦᠷᠭᠡ ᠲᠣᠬᠢᠷᠠᠭᠣᠯᠵᠦ᠂ ᠤᠮᠠᠷᠠᠲᠤ ᠣᠷᠣᠨ᠎ᠤ ᠴᠡᠷᠢᠭ᠎ᠦᠨ ᠲᠣᠭᠣᠷᠢᠭ᠋᠎ᠤᠨ ᠪᠠᠢᠭᠤᠯᠤᠮᠵᠢ᠎ᠶᠢ ᠲᠣᠬᠢᠷᠠᠭᠤᠯᠬᠤ᠂ ᠶᠠᠩ ᠴᠧᠩ ᠦ᠋᠎ᠶᠢᠨ ᠪᠢᠩᠲ᠋ᠤᠸᠠᠨ ᠪᠠᠷᠠᠭᠤᠨᠰᠢ ᠰᠦᠢᠶᠤᠸᠠᠨ ᠵᠦᠭ ᠲᠦᠷᠢᠵᠦ᠂ ᠵᠡᠭᠦᠨ ᠬᠣᠢᠲᠤ᠎ᠶᠢᠨ ᠪᠠᠢᠯᠳᠤᠬᠤ ᠪᠣᠳᠣᠯᠭ᠎ᠠ᠎ᠶᠢᠨ ᠰᠢᠢᠳᠪᠦᠷᠢᠲᠦ ᠪᠠᠢᠯᠳᠤᠭᠠᠨ᠎ᠳᠤ ᠬᠠᠮᠵᠢᠯᠴᠠᠬᠤ ᠵᠡᠷᠭᠡ ᠪᠣᠳᠠᠲᠠᠢ ᠠᠰᠠᠭᠤᠳᠠᠯ᠎ᠤᠨ ᠲᠤᠬᠠᠢ ᠪᠠᠢᠷᠢᠯᠠᠭᠤᠯᠤᠯᠲᠠ ᠬᠢᠪᠡ᠃ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ᠎ᠠᠴᠠ ᠤᠮᠠᠷᠠᠲᠤ ᠣᠷᠣᠨ᠎ᠤ ᠴᠡᠷᠢᠭ᠎ᠦᠨ ᠲᠣᠭᠣᠷᠢᠭ᠋᠎ᠤᠨ 2 ᠳ᠋ᠣᠭᠠᠷ᠂ 3 ᠳ᠋ᠤᠭᠠᠷ ᠪᠢᠩᠲ᠋ᠤᠸᠠᠨ ᠴᠠᠬᠠᠷ ᠰᠦᠢᠶᠤᠸᠠᠨ᠎ᠤ ᠳᠠᠢᠯᠠᠯᠳᠤᠭᠠᠨ᠎ᠢ ᠵᠣᠬᠢᠶᠠᠨ ᠪᠠᠢᠭᠤᠯᠵᠤ ᠳᠠᠢᠴᠢᠯᠠᠬᠤ᠎ᠪᠠᠷ ᠲᠣᠭᠲᠠᠪᠠ᠃ 3 ᠳ᠋ᠤᠭᠠᠷ ᠪᠢᠩᠲ᠋ᠤᠸᠠᠨ ᠪᠣᠯᠣᠨ ᠱᠠᠨ ᠰᠢ ᠰᠦᠢᠶᠤᠸᠠᠨ᠎ᠤ ᠴᠡᠷᠢᠭ᠎ᠦᠨ ᠲᠣᠭᠣᠷᠢᠭ᠋᠎ᠤᠨ 8 ᠳ᠋ᠤᠭᠠᠷ ᠴᠤᠪᠤᠭ᠎ᠠ ᠠᠩᠭᠢ ᠵᠢᠴᠢ ᠱᠠᠨ ᠰᠢ᠎ᠶᠢᠨ ᠪᠠᠷᠠᠭᠤᠨ ᠬᠡᠰᠡᠭ᠎ᠦᠨ ᠣᠷᠣᠨ ᠨᠤᠲᠤᠭ᠎ᠤᠨ ᠴᠡᠷᠢᠭ ᠠᠩᠭᠢ ᠰᠦᠢᠶᠤᠸᠠᠨ ᠲᠡᠢᠰᠢ ᠴᠡᠷᠢᠭᠯᠡᠵᠦ᠂ ᠶᠠᠩ ᠴᠧᠩ ᠦ᠋ ᠵᠢᠯᠣᠭᠣᠲᠣᠨ᠂ 20 ᠡᠳᠦᠷ᠎ᠦᠨ ᠳᠣᠲᠣᠷ᠎ᠠ ᠠᠯᠢᠪᠠ ᠪᠡᠯᠡᠳᠬᠡᠯ ᠠᠵᠢᠯ᠎ᠢ ᠳᠠᠭᠤᠰᠬᠠᠬᠤ ᠬᠡᠷᠡᠭᠲᠡᠢ ᠭᠡᠪᠡ᠃ 2 ᠳ᠋ᠣᠭᠠᠷ ᠪᠢᠩᠲ᠋ᠤᠸᠠᠨ ᠫᠢᠩ ᠰᠦᠢ ᠲᠡᠮᠦᠷ ᠵᠠᠮ᠎ᠤᠨ ᠵᠡᠭᠦᠨ ᠬᠡᠰᠡᠭ᠎ᠲᠦ ᠹᠦ ᠽᠦᠸᠧ ᠢ᠎ᠶᠢᠨ ᠴᠡᠷᠢᠭ᠎ᠤᠨ ᠭᠣᠣᠯ ᠬᠦᠴᠦᠨ᠎ᠢ ᠬᠠᠰᠢᠵᠦ ᠬᠣᠷᠢᠬᠯᠠᠬᠣ ᠡᠭᠦᠷᠭᠡ ᠬᠦᠯᠢᠶᠡᠵᠦ᠂ ᠵᠡᠭᠦᠨᠰᠢ ᠱᠠᠨᠠᠭ᠎ᠠ ᠪᠣᠭᠣᠮᠲᠠ᠎ᠠᠴᠠ ᠭᠠᠷᠴᠣ ᠪᠧᠢ ᠨᠢᠩ ᠱᠤᠭᠤᠮ᠎ᠢ ᠲᠤᠰᠠᠯᠠᠭᠤᠯᠬᠤ ᠦᠭᠡᠢ᠂ ᠪᠠᠷᠠᠭᠤᠨᠰᠢ 3 ᠳ᠋ᠣᠭᠠᠷ ᠪᠢᠩᠲ᠋ᠤᠸᠠᠨ᠎ᠤ ᠴᠡᠷᠢᠭᠯᠡᠬᠦ᠎ᠶᠢ ᠦᠯᠦ ᠬᠠᠷᠰᠢᠯᠠᠬᠣ ᠪᠡᠷ ᠲᠣᠬᠲᠠᠪᠠ᠃
8 ᠰᠠᠷ᠎ᠠ᠎ᠶᠢᠨ 9᠎ᠤ᠋ ᠡᠳᠦᠷ᠂ 3 ᠳ᠋ᠤᠭᠠᠷ ᠪᠢᠩᠲ᠋ᠤᠸᠠᠨ᠎ᠤ ᠰᠦᠢᠶᠤᠸᠠᠨ ᠵᠦᠭ ᠴᠡᠷᠢᠭᠯᠡᠬᠦ ᠳᠠᠢᠴᠢᠯᠠᠯᠲᠠ᠎ᠶᠢᠨ ᠬᠤᠷᠠᠯ ᠾᠧᠪᠧᠢ ᠮᠣᠵᠢ᠎ᠶᠢᠨ ᠢ ᠰᠢᠶᠠᠨ᠎ᠤ ᠶᠤᠸᠠᠨ᠎ᠲᠠᠢ ᠼᠦᠨ ᠲᠣᠰᠬᠤᠨ᠎ᠳᠤ ᠶᠠᠪᠣᠬᠲᠠᠪᠠ ᠃ ᠬᠤᠷᠠᠯ ᠳᠡᠭᠡᠷ᠎ᠡ ᠨᠢᠶᠸ ᠷᠦᠩ ᠵᠸᠨ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ ᠪᠣᠯᠣᠨ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ᠎ᠶᠢᠨ ᠰᠦᠢᠶᠤᠸᠠᠨ ᠲᠡᠢᠰᠢ ᠴᠡᠷᠢᠭᠯᠡᠬᠦ ᠲᠣᠬᠠᠢ ᠵᠢᠭᠠᠪᠤᠷᠢ᠎ᠶᠢ ᠤᠯᠠᠮᠵᠢᠯᠠᠵᠤ᠂ ᠤᠮᠠᠷᠠᠲᠤ ᠣᠷᠣᠨ᠎ᠤ ᠲᠠᠢᠨ᠎ᠤ ᠪᠠᠢᠳᠠᠯ᠎ᠳᠤ ᠵᠠᠳᠠᠯᠤᠯᠲᠠ ᠬᠢᠵᠦ᠂ ᠰᠦᠢᠶᠤᠸᠠᠨ᠎ᠢ ᠴᠢᠯᠦᠭᠡᠯᠡᠬᠦ ᠨᠢ ᠤᠮᠠᠷᠠᠲᠤ ᠣᠷᠣᠨ ᠪᠣᠯᠣᠨ ᠵᠡᠭᠦᠨ ᠬᠣᠢᠲᠤ ᠣᠷᠣᠨ᠎ᠢ ᠬᠣᠯᠪᠣᠵᠦ᠂ ᠪᠦᠭᠦ ᠤᠯᠤᠰ᠎ᠢ ᠴᠢᠯᠦᠭᠡᠯᠡᠬᠦ ᠳ᠋ᠦ ᠪᠠᠢᠯᠳᠤᠬᠤ ᠪᠣᠳᠣᠯᠭ᠎ᠠ᠎ᠶᠢᠨ ᠠᠴᠢ ᠬᠣᠯᠪᠣᠭᠳᠠᠯ ᠲᠠᠢ ᠭᠡᠵᠦ ᠴᠢᠬᠤᠯᠠᠴᠢᠯᠠᠪᠠ᠃ ᠶᠠᠩ ᠴᠧᠩ ᠦ᠋ ᠲᠤᠰ ᠤᠳᠠᠭᠠᠨ᠎ᠤ ᠳᠠᠢᠯᠠᠯᠳᠤᠭᠠᠨ᠎ᠤ ᠠᠰᠢᠭ᠍ᠲᠠᠢ ᠨᠥᠬᠥᠴᠡᠯ ᠪᠣᠯᠣᠨ ᠲᠤᠯᠭᠠᠷᠠᠵᠤ ᠮᠡᠳᠡᠬᠦ ᠬᠦᠴᠢᠷᠳᠡᠯ᠎ᠢ ᠵᠠᠳᠠᠯᠵᠤ᠂ ᠪᠠᠢᠯᠳᠤᠭᠠᠨ᠎ᠤ ᠡᠭᠦᠷᠭᠡ᠎ᠶᠢ ᠪᠠᠢᠷᠢᠯᠠᠭᠤᠯᠵᠠᠢ᠃
9 ᠰᠠᠷ᠎ᠠ᠎ᠶᠢᠨ 21 ᠤ᠋ ᠡᠳᠦᠷ᠂ 3 ᠳ᠋ᠤᠭᠠᠷ ᠪᠢᠩᠲ᠋ᠤᠸᠠᠨ᠎ᠤ ᠬᠠᠷᠢᠶ᠎ᠠ ᠡᠯ᠎ᠡ ᠴᠡᠷᠢᠭ ᠠᠩᠭᠢ ᠵᠡᠭᠦᠨ ᠪᠠᠷᠠᠭᠤᠨ ᠬᠣᠶᠠᠷ ᠵᠠᠮ ᠬᠣᠪᠢᠶᠠᠨ ᠰᠦᠢᠶᠤᠸᠠᠨ ᠵᠦᠭ ᠴᠡᠷᠢᠭᠯᠡᠪᠡ ; 8 ᠳ᠋ᠤᠭᠠᠷ ᠴᠤᠪᠤᠭ᠎ᠠ ᠠᠩᠭᠢ ᠪᠣᠯᠣᠨ ᠨᠢᠭᠡᠳᠦᠭᠡᠷ ᠴᠤᠪᠤᠭ᠎ᠠ ᠠᠩᠭᠢ᠎ᠶᠢᠨ 2 ᠳ᠋ᠤᠭᠠᠷ ᠪᠠᠷᠢᠭᠠᠳᠠ ᠵᠢᠨᠢᠩ ᠵᠦᠭ ᠴᠡᠷᠢᠭᠯᠡᠵᠦ᠂ 9 ᠰᠠᠷ᠎ᠠ᠎ᠶᠢᠨ 24 ᠤ᠋ ᠡᠳᠦᠷ᠂ ᠰᠦᠢᠶᠤᠸᠠᠨ᠎ᠤ ᠵᠡᠭᠦᠨ ᠬᠡᠰᠡᠭ᠎ᠦᠨ ᠴᠢᠬᠤᠯᠠ ᠪᠠᠯᠭᠠᠰᠤ ᠪᠣᠯᠬᠣ ᠹᠧᠩᠵᠧᠡ ᠪᠣᠯᠣᠨ ᠯᠦᠩ ᠱᠧᠩ ᠵᠤᠸᠠᠩᠢ ᠴᠢᠯᠦᠭᠡᠯᠡᠪᠡ᠃ 9 ᠰᠠᠷ᠎ᠠ᠎ᠶᠢᠨ 25᠎ᠤ᠋ ᠡᠳᠦᠷ᠂ 1 ᠳ᠋ᠣᠭᠡᠷ ᠴᠤᠪᠤᠭ᠎ᠠ ᠠᠩᠭᠢ᠎ᠶᠢᠨ 2 ᠳ᠋ᠤᠭᠠᠷ ᠪᠠᠷᠢᠭᠠᠳᠠ ᠪᠣᠯᠣᠨ 8 ᠳ᠋ᠤᠭᠠᠷ ᠴᠤᠪᠤᠭ᠎ᠠ ᠠᠩᠭᠢ᠎ᠶᠢᠨ ᠲᠤᠰᠠᠭᠠᠷ 11 ᠳ᠋ᠦ᠍ᠭᠡᠷ ᠪᠠᠷᠢᠭᠠᠳᠠ᠂ 14 ᠳ᠋ᠦ᠍ᠭᠡᠷ ᠪᠠᠷᠢᠭᠠᠳᠠ ᠵᠢᠨᠢᠩ ᠬᠣᠲᠠ᠎ᠶᠢ ᠪᠦᠰᠡᠯᠡᠪᠡ᠃ ᠬᠤᠷᠴᠠ ᠰᠢᠷᠦᠭᠦᠨ ᠪᠠᠢᠯᠳᠤᠭᠠᠨ᠎ᠢᠶᠠᠷ ᠳᠠᠮᠵᠢᠨ 9 ᠰᠠᠷ᠎ᠠ᠎ᠶᠢᠨ 27 ᠤ᠋ ᠡᠳᠦᠷ ᠵᠢᠨᠢᠩ᠎ᠢ ᠴᠢᠯᠦᠭᠡᠯᠡᠵᠦ᠂ 2000 ᠭᠠᠷᠤᠢ ᠳᠠᠢᠰᠤᠨ᠎ᠢ ᠤᠰᠠᠳᠬᠠᠵᠤ᠂ ᠭᠣᠮᠢᠨᠳᠠᠩ᠎ᠤᠨ ᠶᠡᠬᠡ ᠵᠣᠤ ᠠᠢᠮᠠᠭ᠎ᠤᠨ ᠴᠠᠭᠳᠠᠭᠠᠨ᠎ᠤ ᠰᠧᠯᠢᠩ ᠴᠢ ᠢᠦᠢ ᠱᠠᠨ᠎ᠢ ᠣᠯᠵᠠᠯᠠᠪᠠ᠃ ᠵᠢᠨᠢᠩ᠎ᠦᠨ ᠰᠢᠷᠦᠭᠦᠨ ᠪᠠᠢᠯᠳᠤᠭᠠᠨ ᠲᠠᠢ ᠰᠠᠴᠠᠭᠣ ᠪᠡᠷ᠂ 3 ᠳ᠋ᠤᠭᠠᠷ ᠪᠢᠩᠲ᠋ᠤᠸᠠᠨ᠎ᠤ ᠭᠣᠣᠯ ᠬᠦᠴᠦᠨ ᠪᠣᠯᠬᠣ 2 ᠳ᠋ᠣᠭᠠᠷ ᠴᠣᠪᠣᠭ᠎ᠠ ᠠᠩᠬᠢ᠂ 6 ᠳ᠋ᠤᠭᠠᠷ ᠴᠤᠪᠤᠭ᠎ᠠ ᠠᠩᠭᠢ ᠪᠠ 1 ᠳ᠋ᠣᠭᠡᠷ ᠴᠤᠪᠤᠭ᠎ᠠ ᠠᠩᠭᠢ᠎ᠶᠢᠨ ᠬᠡᠰᠡᠭ ᠴᠡᠷᠢᠭ ᠭᠦᠢᠰᠦ᠋ᠢ ᠵᠦᠭ ᠣᠷᠣᠬᠰᠢᠯᠠᠪᠠ᠃ 9 ᠰᠠᠷ᠎ᠠ᠎ᠶᠢᠨ 25᠎ᠤ᠋ ᠡᠳᠦᠷ᠂ 26᠎ᠤ᠋ ᠡᠳᠦᠷ ᠵᠠᠯᠭᠠᠭ᠎ᠠ᠎ᠪᠠᠷ ᠯᠢᠶᠡᠩᠴᠧᠩ᠂ ᠴᠢᠩ ᠱᠦᠢ ᠾᠧ᠂ ᠬᠣᠷᠢᠨᠭᠡᠷ ᠵᠡᠷᠭᠡ᠎ᠶᠢ ᠴᠢᠯᠦᠭᠡᠯᠡᠵᠦ᠂ ᠳᠧ ᠱᠧᠩ ᠪᠦᠦ᠎ᠡᠴᠡ ᠴᠠᠭᠠᠨ ᠰᠤᠪᠤᠷᠭ᠎ᠠ ᠬᠦᠷᠬᠦ ᠫᠢᠩ ᠰᠦᠢ ᠲᠡᠮᠦᠷ ᠵᠠᠮ᠎ᠤᠨ 240 ᠺᠢᠯᠦᠮᠸᠲ᠋ᠷ ᠬᠡᠰᠡᠭ᠎ᠢ ᠪᠦᠷᠢᠮᠦᠰᠦᠨ ᠡᠵᠡᠮᠳᠡᠵᠦ᠂ ᠭᠦᠢᠰᠦ᠋ᠢ᠎ᠶᠢ ᠪᠦᠰᠡᠯᠡᠨ ᠹᠦ ᠽᠦᠸᠧ ᠢ᠎ᠶᠢᠨ ᠪᠠᠢᠯᠳᠤᠭᠠᠨ᠎ᠤ ᠪᠠᠢᠷᠢᠯᠠᠭᠤᠯᠤᠯᠲᠠ᠎ᠶᠢ ᠰᠠᠮᠠᠭᠤᠷᠠᠭᠤᠯᠪᠠ᠃
ᠴᠢᠯᠦᠭᠡᠯᠡᠬᠦ ᠴᠡᠷᠢᠭ ᠭᠦᠢᠰᠦ᠋ᠢ ᠬᠤᠳᠠ᠎ᠶᠢᠨ ᠳᠣᠣᠷ᠎ᠠ ᠬᠦᠷᠴᠦ ᠢᠷᠡᠭᠰᠡᠨ᠎ᠳᠦ᠂ ᠹᠦ ᠽᠦᠸᠧ ᠢ᠎ᠶᠢᠨ ᠡᠵᠡᠮᠰᠢᠯ ᠭᠠᠵᠠᠷ ᠬᠦᠨᠳᠦ ᠨᠣᠴᠢᠲᠠᠢ ᠰᠦᠷᠳᠡᠭᠦᠯᠦᠯ᠎ᠳᠦ ᠤᠴᠠᠷᠠᠪᠠ᠃ ᠡᠨᠡ ᠦᠶ᠎ᠡ᠎ᠳᠦ᠂ ᠯᠢᠶᠣᠣ ᠱᠸᠨ᠎ᠤ ᠳᠠᠢᠯᠠᠯᠳᠤᠭᠠᠨ ᠨᠢᠭᠡᠨᠲᠡ ᠡᠬᠢᠯᠡᠵᠦ᠂ ᠵᠢᠨᠵᠧᠦ ᠬᠣᠲᠠᠨ ᠳ᠋ᠡᠬᠢ ᠭᠣᠮᠢᠨᠳᠠᠩ᠎ᠤᠨ ᠴᠡᠷᠢᠭ ᠵᠡᠭᠦᠨ ᠬᠣᠢᠲᠤ᠎ᠶᠢᠨ ᠬᠡᠭᠡᠷᠡᠯᠡᠨ ᠪᠠᠢᠯᠳᠤᠬᠤ ᠴᠡᠷᠢᠭ᠎ᠲᠦ ᠪᠦᠰᠡᠯᠡᠭᠲᠡᠪᠡ᠃ ᠵᠢᠶᠠᠩ ᠵᠢᠶᠧ ᠱᠢ ᠹᠦ ᠽᠦᠸᠧ ᠢᠶᠢ ᠵᠠᠷᠯᠢᠬᠲᠠᠨ᠂ ᠤᠮᠠᠷᠠᠲᠤ ᠣᠷᠣᠨ᠎ᠤ ᠴᠢᠯᠦᠭᠡᠯᠡᠬᠦ ᠴᠡᠷᠢᠭ᠎ᠦᠨ ᠳᠠᠭᠠᠷᠢᠯᠲᠠ᠎ᠶᠢ ᠦᠯᠦ ᠬᠠᠢᠬᠣᠷᠣᠨ᠂ ᠴᠡᠷᠢᠭ᠎ᠦᠨ ᠬᠦᠴᠦᠨ᠎ᠢᠶᠡᠨ ᠲᠥᠪᠯᠡᠷᠡᠭᠦᠯᠦᠨ ᠪᠸᠢ ᠨᠢᠩ ᠱᠤᠭᠤᠮ ᠡᠴᠡ ᠵᠡᠭᠦᠨᠰᠢ ᠳᠠᠭᠠᠷᠢᠬᠲᠣᠨ ᠭᠡᠪᠡ᠃ ᠹᠦ ᠽᠦᠸᠧ ᠢ ᠠᠷᠣ ᠲᠠᠯ᠎ᠠ᠎ᠶᠢᠨ ᠠᠶᠣᠯ ᠲᠦᠭᠰᠢᠬᠦᠷᠢ᠎ᠶᠢ ᠠᠷᠢᠯᠭᠠᠭᠠᠲᠣᠢ ᠪᠠᠢᠲᠠᠯ ᠲᠣᠣᠷ᠎ᠠ ᠵᠠᠷᠯᠢᠬᠢ ᠵᠢᠷᠣᠮᠯᠠᠬᠣ ᠳ᠋ᠦ ᠪᠡᠷᠬᠡ ᠭᠡᠮᠡᠨ ᠦᠵᠡᠭᠡᠳ᠂ ᠪᠧᠢᠫᠢᠩ᠂ ᠴᠢᠭᠤᠯᠤᠯᠲᠤ ᠬᠠᠭᠠᠯᠭ᠎ᠠ ᠵᠡᠷᠭᠡ ᠭᠠᠵᠠᠷ᠎ᠠᠴᠠ 35 ᠳ᠋ᠤᠭᠠᠷ ᠠᠷᠮᠢ᠂ ᠲᠦᠷ ᠴᠡᠭᠴᠡᠯᠡᠨ ᠪᠠᠢᠭᠣᠯᠣᠬᠰᠠᠨ 4 ᠳ᠋ᠣᠭᠡᠷ ᠠᠷᠮᠢ ᠪᠣᠯᠣᠨ ᠰᠢᠨ᠎ᠡ᠎ᠪᠡᠷ ᠴᠡᠭᠴᠡᠯᠡᠨ ᠪᠠᠢᠭᠣᠯᠣᠬᠰᠠᠨ ᠮᠣᠷᠢᠲᠤ ᠴᠡᠷᠢᠭ᠎ᠦᠨ 4 ᠳ᠋ᠣᠭᠡᠷ ᠳ᠋ᠢᠸᠢᠽᠢ ᠵᠡᠷᠭᠡ 10 ᠳ᠋ᠢᠸᠢᠽᠢ(ᠪᠠᠷᠢᠭᠠᠲᠠ) ᠶ᠋ᠢᠨ 6 ᠲᠦᠮᠡᠨ ᠴᠡᠷᠢᠭ᠎ᠢ ᠲᠠᠲᠠᠵᠤ᠂ ᠫᠢᠩ ᠰᠦᠢ ᠲᠡᠮᠦᠷ ᠵᠠᠮ ᠲᠠᠭᠠᠣ ᠪᠠᠷᠠᠭᠤᠨᠰᠢ ᠰᠦᠢᠶᠤᠸᠠᠨ᠎ᠢ ᠲᠤᠰᠠᠯᠠᠬᠣ ᠪᠡᠷ ᠮᠣᠷᠲᠠᠪᠠ᠃ ᠡᠨᠡ ᠪᠠᠢᠲᠠᠯ᠎ᠢ ᠦᠨᠳᠦᠰᠦᠯᠡᠨ᠂ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ 3 ᠳ᠋ᠤᠭᠠᠷ ᠪᠢᠩᠲ᠋ᠤᠸᠠᠨ ᠳ᠋ᠦ ᠴᠠᠬᠢᠯᠭᠠᠨ ᠮᠡᠳᠡᠭᠡ ᠶᠠᠪᠣᠭᠣᠯᠵᠦ᠂ ᠭᠦᠢᠰᠦ᠋ᠢ᠎ᠶᠢ ᠲᠠᠭᠠᠷᠢᠬᠣᠪᠠᠨ ᠪᠣᠯᠢᠵᠦ᠂ ᠰᠦᠢᠶᠤᠸᠠᠨ᠎ᠢ ᠲᠤᠰᠠᠯᠠᠷ᠎ᠠ ᠢᠷᠡᠬᠦ ᠳᠠᠢᠰᠤᠨ᠎ᠢ ᠲᠣᠰ᠎ᠤᠨ ᠴᠣᠬᠢᠭᠲᠣᠨ ᠭᠡᠵᠦ ᠵᠠᠷᠯᠢᠬᠲᠠᠪᠠ᠃ 30᠎ᠤ᠋ ᠡᠳᠦᠷ᠂ 8 ᠳ᠋ᠤᠭᠠᠷ ᠴᠤᠪᠤᠭ᠎ᠠ ᠠᠩᠭᠢ ᠵᠢᠨᠢᠩ᠎ᠡᠴᠡ ᠤᠬᠤᠷᠢᠨ ᠭᠠᠷᠴᠤ᠂ ᠭᠣᠣᠯ ᠬᠦᠴᠦᠨ᠎ᠤ ᠴᠡᠷᠢᠭ ᠠᠩᠬᠢ᠎ᠶᠢᠨ ᠴᠤᠭᠯᠠᠷᠠᠬᠣᠶᠢ ᠬᠠᠮᠠᠭᠠᠯᠠᠪᠠ᠃ 3 ᠳ᠋ᠤᠭᠠᠷ ᠪᠢᠩᠲ᠋ᠤᠸᠠᠨ ᠵᠢᠨᠢᠩ᠂ ᠲᠢᠶᠠᠨ ᠴᠧᠩ ᠲᠣᠰᠬᠤᠨ᠎ᠤ ᠡᠮᠦᠨ᠎ᠡ ᠹᠷᠤᠨᠲ᠎ᠲᠤ ᠲᠣᠰᠠᠯᠠᠷᠠ ᠢᠷᠡᠭᠰᠡᠨ ᠳᠠᠢᠰᠤᠨ᠎ᠤ ᠴᠡᠷᠢᠭ ᠲᠠᠢ ᠡᠰᠡᠷᠬᠦᠴᠡᠯᠲᠦᠪᠡ᠃
9 ᠰᠠᠷ᠎ᠠ᠎ᠶᠢᠨ ᠡᠬᠢ᠎ᠪᠡᠷ᠂ ᠤᠮᠠᠷᠠᠲᠣ ᠣᠷᠣᠨ ᠳ᠋ᠡᠬᠢ ᠭᠣᠮᠢᠨᠳᠠᠩ᠎ᠤᠨ ᠴᠡᠷᠢᠭ᠎ᠦᠨ ᠠᠩᠬᠠᠷᠤᠯ᠎ᠢ ᠲᠠᠲᠠᠵᠦ᠂ 3 ᠳ᠋ᠣᠭᠠᠷ ᠪᠢᠩᠲ᠋ᠣᠸᠠᠨ ᠳ᠋ᠦ ᠬᠠᠮᠵᠢᠬᠣᠶᠢᠨ ᠲᠦᠯᠦᠭᠡ᠂ 2 ᠳ᠋ᠤᠭᠠᠷ ᠪᠢᠩᠲ᠋ᠤᠸᠠᠨ᠂ ᠾᠧᠪᠧᠢ ᠿᠧᠾᠸ ᠴᠠᠬᠠᠷ᠎ᠤᠨ ᠴᠡᠷᠢᠭ᠎ᠦᠨ ᠲᠣᠭᠣᠷᠢᠭ᠋᠎ᠤᠨ ᠴᠡᠷᠢᠭ ᠠᠩᠭᠢ ᠪᠣᠯᠣᠨ ᠥᠪᠥᠷ ᠮᠣᠩᠭᠣᠯ᠎ᠤᠨ ᠠᠷᠠᠳ᠎ᠤᠨ ᠴᠢᠯᠦᠭᠡᠯᠡᠬᠦ ᠴᠡᠷᠢᠭ᠎ᠦᠨ ᠮᠣᠷᠢᠲᠤ ᠴᠡᠷᠢᠭ᠎ᠦᠨ 11 ᠳ᠋ᠣᠭᠡᠷ ᠳ᠋ᠢᠸᠢᠽᠢ ᠪᠣᠯᠣᠨ 16 ᠳ᠋ᠤᠭᠠᠷ ᠳ᠋ᠢᠸᠢᠽᠢ ᠫᠢᠩ ᠴᠧᠩ ᠲᠡᠮᠦᠷ ᠵᠠᠮ ᠪᠣᠯᠣᠨ ᠫᠢᠩ ᠰᠦᠢ ᠲᠡᠮᠦᠷ ᠵᠠᠮ᠎ᠤᠨ ᠵᠡᠭᠦᠨ ᠬᠡᠰᠡᠭ᠎ᠲᠦ ᠰᠢᠷᠦᠭᠦᠨ ᠳᠠᠭᠠᠷᠢᠯᠲᠠ ᠬᠢᠵᠦ᠂ ᠴᠠᠬᠠᠷ᠎ᠤᠨ ᠬᠣᠢᠲᠤ ᠬᠡᠰᠡᠭ᠎ᠦᠨ ᠴᠥᠩ ᠯᠢ᠂ ᠱᠠᠩ ᠢ᠂ ᠭᠦᠶᠤᠸᠠᠨ᠂ ᠱᠠᠩᠳᠤ ᠪᠣᠯᠣᠨ ᠰᠢᠤᠸᠠᠨ ᠬᠤᠸᠠ᠎ᠠᠴᠠ ᠵᠡᠭᠦᠨᠰᠢᠬᠢ ᠵᠤᠤ ᠴᠤᠸᠠᠨ ᠪᠦᠦ ᠵᠡᠷᠭᠡ ᠭᠠᠵᠠᠷ᠎ᠢ ᠣᠷᠢᠳ ᠬᠣᠵᠢᠳ ᠳᠠᠭᠠᠷᠢᠨ ᠡᠵᠡᠯᠡᠵᠦ᠂ ᠫᠢᠩ ᠰᠦᠢ ᠲᠡᠮᠦᠷ ᠵᠠᠮ᠎ᠢ ᠲᠠᠰᠤᠯᠵᠤ᠂ ᠴᠢᠭᠤᠯᠤᠯᠲᠤ ᠬᠠᠭᠠᠯᠭ᠎ᠠ᠎ᠶᠢ ᠰᠢᠭᠣᠳ ᠰᠢᠬᠠᠮᠳᠠᠭᠤᠯᠪᠠ ᠃ ᠹᠦ ᠽᠦᠸᠸ ᠢ ᠠᠷᠭ᠎ᠠ ᠪᠣᠰᠣ ᠰᠦᠢᠶᠤᠸᠠᠨ᠎ᠢ ᠲᠤᠰᠠᠯᠠᠬᠤ ᠬᠡᠰᠡᠨ ᠲᠥᠯᠥᠪᠯᠡᠭᠡ᠎ᠪᠡᠨ ᠲᠠᠶᠠᠭᠳᠠᠵᠤ᠂ ᠴᠡᠷᠢᠭ ᠠᠩᠭᠢ ᠪᠠᠨ ᠪᠣᠰᠢᠭᠣᠬᠠᠨ ᠴᠢᠭᠤᠯᠤᠯᠲᠤ ᠬᠠᠭᠠᠯᠭ᠎ᠠ᠎ᠳᠤ ᠲᠤᠰᠠᠯᠠᠮᠵᠢ ᠦᠵᠡᠭᠦᠯᠭᠦ᠎ᠪᠡᠷ ᠵᠠᠷᠯᠢᠬᠲᠠᠪᠠ ᠃ 10 ᠰᠠᠷ᠎ᠠ᠎ᠶᠢᠨ 5 ᠤ᠋ ᠡᠳᠦᠷ᠂ ᠭᠣᠮᠢᠨᠳᠠᠩ᠎ᠤᠨ ᠴᠡᠷᠢᠭ᠎ᠦᠨ 35 ᠳ᠋ᠤᠭᠠᠷ ᠠᠷᠮᠢ ᠵᠡᠷᠭᠡ ᠴᠡᠷᠢᠭ ᠠᠩᠭᠢ ᠠᠷᠭ᠎ᠠ ᠪᠤᠰᠤ ᠵᠢᠨᠢᠩ᠎ᠡᠴᠡ ᠵᠡᠭᠦᠨᠰᠢ ᠤᠬᠤᠷᠢᠪᠠ᠃ 3 ᠳ᠋ᠣᠭᠠᠷ ᠪᠢᠩᠲ᠋ᠤᠸᠠᠨ ᠪᠣᠯᠣᠨ ᠲᠡᠬᠦᠨ᠎ᠤ ᠵᠢᠯᠣᠭᠣᠲᠣᠬᠰᠠᠨ ᠴᠡᠷᠢᠭ ᠠᠩᠭᠢ ᠰᠦᠢᠶᠤᠸᠠᠨ᠎ᠤ ᠡᠮᠦᠨᠡᠲᠦ ᠬᠡᠰᠡᠭ᠂ ᠵᠡᠭᠦᠨ ᠬᠡᠰᠡᠭ᠎ᠦᠨ ᠥᠷᠭᠡᠨ ᠠᠭᠤᠳᠠᠮ ᠭᠠᠵᠠᠷ ᠣᠷᠣᠨ᠎ᠢ ᠦᠳᠲᠡᠷ ᠲᠦᠷᠭᠡᠨ ᠴᠢᠯᠦᠭᠡᠯᠡᠵᠦ᠂ ᠭᠣᠮᠢᠨᠳᠠᠩ᠎ᠤᠨ 6500 ᠭᠠᠷᠤᠢ ᠬᠥᠮᠥᠨ᠎ᠢ ᠤᠰᠠᠳᠬᠠᠵᠤ᠂ ᠹᠧᠩᠵᠧᠨ᠎ᠡᠴᠡ ᠬᠣᠢᠰᠢ ᠭᠦᠢᠰᠦ᠋ᠢ᠎ᠡᠴᠡ ᠵᠡᠭᠦᠨᠰᠢᠬᠢ ᠫᠢᠩ ᠰᠦᠢ ᠲᠡᠮᠦᠷ ᠵᠠᠮ᠎ᠢ ᠡᠵᠡᠮᠰᠢᠪᠡ᠃ ᠵᠠᠯᠭᠠᠭᠠᠳ ᠲᠡᠳᠡ ᠪᠠᠷᠠᠭᠤᠨᠰᠢ ᠴᠡᠷᠢᠭᠯᠡᠨ᠂ ᠪᠤᠭᠤᠲᠤ ᠬᠤᠳᠠ᠎ᠶᠢ ᠪᠠᠢᠯᠳᠤᠨ ᠠᠪᠤᠭᠠᠳ ᠭᠦᠢᠰᠦ᠋ᠢ ᠬᠤᠳᠠ᠎ᠶᠢ ᠪᠦᠰᠡᠯᠡᠪᠠ᠃ 11 ᠰᠠᠷ᠎ᠠ᠎ᠶᠢᠨ 5 ᠤ᠋ ᠡᠳᠦᠷ᠂ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ᠎ᠡᠴᠡ 《ᠭᠦᠢᠰᠦ᠋ᠢ᠎ᠶᠢ ᠳᠣᠪᠲᠣᠯᠬᠤ ᠪᠠᠢᠷᠢᠯᠠᠭᠤᠯᠤᠯᠲᠠ᠎ᠶᠢᠨ ᠲᠣᠬᠠᠢ ᠶᠠᠩ ᠴᠧᠩ ᠦ᠋ ᠵᠡᠷᠭᠡ ᠨᠥᠬᠥᠳ᠎ᠲᠦ ᠥᠭᠬᠦ ᠵᠢᠭᠠᠪᠤᠷᠢ》 ᠭᠠᠷᠭᠠᠵᠤ᠂ 10 ᠡᠳᠦᠷ᠎ᠦᠨ ᠳᠣᠲᠣᠷ᠎ᠠ ᠭᠦᠢᠰᠦ᠋ᠢ᠎ᠶᠢ ᠪᠠᠢᠯᠳᠤᠨ ᠡᠵᠡᠯᠡᠪᠡᠯ ᠵᠣᠬᠢᠨ᠎ᠠ ᠭᠡᠵᠦ ᠵᠢᠭᠠᠵᠤ ᠭᠠᠷᠭᠠᠪᠠ᠃ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶᠠᠨ᠎ᠤ ᠵᠢᠭᠠᠪᠤᠷᠢ᠎ᠶᠢ ᠦᠨᠳᠦᠰᠦᠯᠡᠵᠦ᠂ 3 ᠳ᠋ᠤᠭᠠᠷ ᠪᠢᠩᠲ᠋ᠤᠸᠠᠨ᠎ᠤ ᠭᠣᠣᠯ ᠬᠦᠴᠦᠨ ᠳᠠᠭᠢᠨᠲᠠ ᠭᠦᠢᠰᠦ᠋ᠢ᠎ᠶᠢᠨ ᠡᠷᠭᠢᠨ ᠲᠣᠭᠣᠷᠢᠨ᠎ᠳᠤ ᠴᠤᠭᠯᠠᠷᠠᠵᠤ᠂ ᠣᠷᠣᠨ ᠨᠤᠲᠤᠭ᠎ᠤᠨ ᠨᠠᠮ ᠵᠠᠰᠠᠭ᠎ᠤᠨ ᠪᠠᠢᠭᠤᠯᠭ᠎ᠠ ᠴᠤ᠌ ᠪᠦᠭᠦ ᠬᠦᠴᠦᠨ᠎ᠢᠶᠡᠷ᠎ᠢᠶᠡᠨ ᠲᠤᠰᠠᠯᠠᠵᠤ᠂ ᠭᠦᠢᠰᠦ᠋ᠢ᠎ᠶᠢ ᠨᠢᠭᠡ ᠯᠠ ᠳᠡᠭᠡᠷ᠎ᠡ ᠲᠠᠭᠠᠷᠢᠨ ᠡᠵᠡᠯᠡᠬᠦ᠎ᠪᠠᠷ ᠪᠡᠯᠡᠳᠬᠡᠵᠦ ᠪᠠᠢᠯ᠎ᠠ ᠃
ᠡᠨᠡ ᠦᠶ᠎ᠡ᠎ᠳᠦ᠂ ᠪᠦᠭᠦᠢᠯᠡ ᠳᠠᠢᠨ᠎ᠤ ᠪᠠᠢᠳᠠᠯ᠎ᠳᠤ ᠬᠤᠪᠢᠷᠠᠯᠲᠠ ᠭᠠᠷᠴᠤ᠂ 52 ᠡᠳᠦᠷ ᠦᠷᠭᠦᠯᠵᠢᠯᠡᠭᠰᠡᠨ ᠯᠢᠶᠤᠤ ᠱᠧᠨ᠎ᠦ ᠳᠠᠢᠯᠠᠯᠳᠤᠭᠠᠨ 11 ᠰᠠᠷ᠎ᠠ᠎ᠶᠢᠨ 2 ᠤ᠋ᠨ ᠡᠳᠦᠷ ᠢᠯᠠᠯᠲᠠ᠎ᠲᠠᠢ᠎ᠪᠠᠷ ᠳᠠᠭᠤᠰᠴᠤ᠂ ᠫᠢᠩᠶᠢᠨᠤ ᠳᠠᠢᠯᠠᠯᠳᠤᠭᠠᠨ ᠣᠲᠠᠯ ᠦᠭᠡᠢ ᠡᠬᠢᠯᠡᠬᠦ ᠪᠡᠷ ᠪᠣᠯᠪᠠ᠃ ᠲᠠᠢᠶᠤᠸᠠᠨᠢ ᠪᠣᠰᠢᠭᠣᠬᠠᠨ ᠴᠢᠯᠦᠭᠡᠯᠡᠵᠦ᠂ ᠹᠦ ᠽᠦᠸᠧ ᠢ᠎ᠶᠢᠨ ᠬᠦᠴᠦᠨ᠎ᠢ ᠬᠣᠷᠢᠬᠯᠠᠨ ᠡᠮᠦᠨᠡᠰᠢ ᠳᠤᠲᠠᠭᠠᠯᠭᠠᠬᠤ ᠦᠭᠡᠢ᠎ᠶᠢᠨ ᠲᠥᠯᠥᠭᠡ᠂ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ ᠭᠦᠢᠰᠦ᠋ᠢ᠎ᠶᠢ ᠳᠣᠪᠲᠣᠯᠬᠤ᠎ᠪᠠᠨ ᠵᠣᠭᠰᠣᠵᠠᠢ᠃ ᠢᠩᠬᠢᠭᠡᠳ11 ᠰᠠᠷ᠎ᠠ᠎ᠶᠢᠨ 15᠎ᠤ᠋ ᠡᠳᠦᠷ᠂ 3 ᠳ᠋ᠤᠭᠠᠷ ᠪᠢᠩᠲ᠋ᠤᠸᠠᠨ ᠭᠦᠢᠰᠦ᠋ᠢ᠎ᠶᠢᠨ ᠪᠦᠰᠡᠯᠡᠯᠲᠡ ᠪᠠᠨ ᠲᠠᠢᠯᠵᠦ᠂ ᠰᠠᠨᠠᠭᠠᠴᠢᠯᠠᠭ᠎ᠠ᠎ᠠᠴᠠ᠎ᠪᠠᠨ ᠪᠤᠭᠤᠲᠤ᠎ᠠᠴᠠ ᠤᠬᠤᠷᠢᠨ ᠭᠠᠷᠴᠤ᠂ ᠵᠦᠸᠸᠽᠢ ᠱᠠᠨ᠂ ᠵᠢᠨᠢᠩ᠂ ᠹᠧᠩᠵᠧᠨ᠎ᠳᠦ ᠰᠢᠯᠵᠢᠵᠦ ᠴᠣᠬᠯᠠᠷᠠᠪᠠ᠃ ᠢᠩᠭᠢᠭᠡᠳ ᠴᠠᠬᠠᠷ ᠰᠦᠢᠶᠤᠸᠠᠨ᠎ᠤ ᠳᠠᠢᠯᠠᠯᠳᠤᠭᠠᠨ ᠳᠠᠭᠤᠰᠴᠠᠢ ᠃
ᠴᠠᠬᠠᠷ ᠰᠦᠢᠶᠤᠸᠠᠨ᠎ᠤ ᠳᠠᠢᠯᠠᠯᠳᠤᠭᠠᠨ ᠳ᠋ᠦ᠂ 2 ᠳ᠋ᠤᠭᠠᠷ ᠪᠢᠩᠲ᠋ᠤᠸᠠᠨ ᠪᠣᠯᠣᠨ 3 ᠳ᠋ᠤᠭᠠᠷ ᠪᠢᠩᠲ᠋ᠤᠸᠠᠨ ᠨᠢᠬᠲᠠ ᠬᠠᠮᠵᠢᠯᠴᠠᠨ᠂ ᠹᠦ ᠽᠦᠸᠧ ᠢ᠎ᠶᠢᠨ ᠭᠣᠣᠯ ᠬᠦᠴᠦᠨ᠎ᠤ 3 ᠠᠷᠮᠢ᠂ 10 ᠳ᠋ᠢᠸᠢᠽᠢ ᠴᠡᠷᠢᠭ ᠠᠩᠬᠢ᠎ᠶᠢ ᠫᠢᠩ ᠰᠦᠢ ᠱᠤᠭᠤᠮ ᠣᠷᠴᠢᠮ ᠬᠠᠰᠢᠵᠦ ᠬᠣᠷᠢᠬᠯᠠᠨ᠂ 2.1 ᠲᠦᠮᠡ ᠭᠠᠷᠤᠢ ᠲᠠᠢᠰᠣᠨᠢ ᠤᠰᠠᠳᠬᠠᠵᠤ᠂ 11 ᠰᠢᠶᠠᠨ᠎ᠤ ᠬᠣᠲᠠ᠎ᠶᠢ ᠴᠢᠯᠦᠭᠡᠯᠡᠵᠦ᠂ ᠪᠣᠭᠣᠮᠲᠠ ᠡᠴᠡ ᠭᠠᠷᠴᠣ ᠵᠡᠭᠦᠨ ᠬᠣᠢᠲᠤ ᠣᠷᠣᠨ᠎ᠤ ᠭᠣᠮᠢᠨᠳᠠᠩ᠎ᠤᠨ ᠴᠡᠷᠢᠭ᠎ᠢ ᠲᠣᠰᠠᠯᠠᠬᠣ ᠴᠢᠲᠠᠯ ᠦᠭᠡᠢ ᠪᠣᠯᠭᠠᠵᠦ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ᠂ ᠮᠠᠤ ᠽᠧ ᠳ᠋ᠦᠩ᠎ᠦᠨ 《ᠹᠦ ᠽᠦᠸᠧ ᠢ᠎ᠶᠢᠨ ᠭᠣᠣᠯ ᠬᠦᠴᠦᠨ ᠴᠡᠷᠢᠭ᠎ᠢ ᠲᠠᠲᠠᠵᠤ᠂ ᠪᠣᠭᠣᠮᠲᠠ᠎ᠠᠴᠠ ᠦᠯᠦ ᠭᠠᠷᠭᠠᠬᠤ》 ᠭᠡᠰᠡᠨ ᠪᠠᠢᠯᠳᠤᠬᠤ ᠪᠣᠳᠣᠯᠭ᠎ᠠ᠎ᠶᠢᠨ ᠬᠠᠷᠠᠯᠲᠠ᠎ᠶᠢ ᠪᠡᠶᠡᠯᠡᠭᠦᠯᠵᠦ᠂ ᠯᠢᠶᠤᠤ ᠱᠧᠨ᠎ᠦ ᠳᠠᠢᠯᠠᠯᠳᠤᠭᠠᠨ ᠢᠯᠠᠯᠲᠠ ᠣᠯᠬᠣ᠎ᠶᠢ ᠬᠦᠴᠦᠲᠡᠢ ᠪᠠᠲᠤᠯᠠᠬᠰᠠᠨ ᠪᠠᠢᠨ᠎ᠠ᠃