ᠮᠣᠩᠭᠤᠯ ᠦᠨᠳᠦᠰᠦᠲᠡᠨ᠎ᠦ ᠡᠷᠲᠡᠨ᠎ᠦ ᠳᠠᠭᠤᠤ ᠬᠥᠭᠵᠢᠮ᠎ᠤᠨ ᠠᠮᠢᠳᠤ ᠴᠢᠯᠠᠭᠤᠵᠢᠮᠠᠯ ᠪᠤᠯᠤᠭᠰᠠᠨ 《ᠣᠷᠳᠣᠰ ᠬᠥᠷᠦ ᠳᠠᠭᠤᠤ》᠎ᠶ᠋ᠢ ᠤᠯᠠᠮᠵᠢᠯᠠᠨ ᠬᠠᠮᠠᠭᠠᠯᠠᠬᠤ ᠡᠭᠦᠳᠡᠨ ᠡᠴᠡ ᠬᠣᠷᠢᠳᠤᠭᠠᠷ ᠵᠠᠭᠤᠨ᠎ᠤ ᠨᠠᠶᠠᠭᠠᠳ ᠣᠨ᠎ᠠᠴᠠ ᠡᠬᠢᠯᠡᠨ ᠬᠠᠩᠭᠢᠨ ᠬᠣᠰᠢᠭᠤᠨ᠎ᠤ ᠬᠦᠷᠦᠪᠠᠽᠠᠷ ᠵᠡᠷᠭᠡ ᠬᠦᠮᠦᠰ ᠠᠷᠠᠳ᠎ᠤᠨ ᠳᠤᠮᠳᠠ ᠠᠮᠠ ᠳᠠᠮᠵᠢᠨ ᠳᠠᠭᠤᠯᠠᠭᠳᠠᠭᠰᠠᠭᠠᠷ ᠢᠷᠡᠭᠰᠡᠨ 《ᠬᠥᠷᠦ ᠳᠠᠭᠤᠤ》᠎ᠨᠤᠭᠤᠳ᠎ᠢ ᠡᠮᠬᠢᠯᠡᠨ ᠴᠤᠭᠯᠠᠭᠤᠯᠵᠤ᠂ ᠮᠥᠩᠭᠡᠲᠤᠶᠠᠭᠠ ᠨᠠᠷ ᠡᠳᠡᠭᠡᠷ 《ᠬᠥᠷᠦ ᠳᠠᠭᠤᠤ》᠎ᠶ᠋ᠢ ᠲᠠᠭᠢᠨᠲᠠ ᠪᠦᠷᠢᠳᠭᠡᠨ ᠴᠤᠭᠯᠠᠭᠤᠯᠵᠤ᠂ ᠡᠮᠬᠢᠳᠭᠡᠨ ᠰᠢᠩᠭᠡᠭᠡᠵᠦ᠂ ᠦᠷ᠎ᠡ ᠬᠤᠢᠴᠢᠰ᠎ᠲᠠᠭᠠᠨ ᠦᠯᠡᠳᠡᠭᠡᠵᠦ᠂ ᠮᠣᠩᠭᠤᠯᠴᠤᠳ᠎ᠤᠨ ᠰᠤᠶᠤᠯ᠎ᠤᠨ ᠬᠡᠪ ᠨᠠᠮᠪᠠ᠎ᠶᠢ ᠪᠦᠷᠢᠨ ᠬᠠᠳᠠᠭᠠᠯᠠᠭᠰᠠᠨ ᠡᠨᠡᠬᠥ ᠥᠪ ᠬᠦᠷᠦᠩᠭᠡ᠎ᠪᠡᠨ ᠬᠠᠶᠠᠭᠳᠠᠭᠤᠯᠤᠯ ᠦᠭᠡᠢ ᠤᠯᠠᠮᠵᠢᠯᠠᠨ ᠵᠠᠯᠭᠠᠮᠵᠢᠯᠠᠵᠤ ᠬᠠᠳᠠᠭᠠᠯᠠᠵᠤ ᠶᠠᠪᠤᠭᠰᠠᠨ ᠪᠢᠯᠡ᠃

ᠡᠷᠬᠢᠴᠡᠬᠦᠯᠬᠦᠶ᠎ᠠ᠄ 2025 ᠣᠨ᠎ᠤ 12 ᠰᠠᠷ᠎ᠠ᠎ᠳᠤ᠂ 《ᠮᠢᠩᠭᠠᠨ ᠣᠨ᠎ᠤ ᠰᠣᠳᠣᠨ ᠴᠤᠤᠷᠢᠶ᠎ᠠ᠂ ᠡᠷᠢᠨ ᠴᠠᠭ᠎ᠤᠨ ᠢᠷᠠᠭᠤ ᠡᠭᠡᠰᠢᠭ》 ᠭᠣᠷᠪᠠᠳᠤᠭᠠᠷ ᠬᠤᠭᠤᠴᠠᠭᠠᠨ᠎ᠤ 《ᠣᠷᠳᠣᠰ ᠬᠥᠷᠦ ᠳᠠᠭᠤᠤ》᠎ᠶ᠋ᠢᠨ ᠤᠷᠠᠯᠢᠭ᠋᠎ᠤᠨ ᠴᠤᠭᠯᠠᠭᠠᠨ ᠵᠢᠴᠢ ᠤᠯᠤᠰ᠎ᠤᠨ ᠲᠡᠰ᠎ᠦᠨ ᠪᠤᠳᠠᠰ᠎ᠤᠨ ᠪᠤᠰᠤ ᠰᠤᠶᠤᠯ᠎ᠤᠨ ᠥᠪ ᠪᠣᠯᠬᠤ ᠠᠷᠪᠠᠨ ᠨᠢᠭᠡᠳᠦᠭᠡᠷ ᠬᠤᠭᠤᠴᠠᠭᠠᠨ᠎ᠤ 《ᠣᠷᠳᠣᠰ ᠬᠦᠷᠦ ᠳᠠᠭᠤᠤ》 ᠶ᠋ᠢᠨ ᠤᠷᠤᠯᠳᠤᠭᠠᠨ ᠬᠥᠪᠴᠢ ᠬᠠᠩᠭᠠᠢ ᠲᠤᠨᠤᠷᠠᠭᠰᠠᠨ᠂ ᠦᠵᠡᠰᠬᠦᠯᠡᠩᠲᠤ ᠰᠠᠢᠬᠠᠨ ᠬᠠᠩᠭᠢᠨ ᠨᠤᠲᠤᠭ᠎ᠲᠤ ᠶᠠᠪᠤᠭᠳᠠᠭᠰᠠᠨ ᠪᠢᠯᠡ᠃ ᠦᠨᠳᠦᠰᠦᠲᠡᠨ᠎ᠦ ᠬᠣᠪᠴᠠᠰᠤ᠎ᠪᠠᠷ ᠭᠤᠶᠤᠯᠠᠭᠰᠠᠨ ᠳᠠᠭᠤᠴᠢᠳ ᠮᠠᠨᠢ 《ᠲᠥᠷᠥ᠎ᠶᠢᠨ ᠶᠡᠬᠡ ᠠᠰᠠᠷ》 ᠵᠡᠷᠭᠡ ᠲᠥᠪ ᠶᠡᠬᠡᠮᠰᠦᠭ ᠭᠥᠷᠦ ᠳᠠᠭᠤᠤ᠎ᠶᠢᠨ ᠡᠭᠡᠰᠢᠭ᠎ᠢ ᠴᠤᠤᠷᠢᠶᠠᠳᠤᠭᠤᠯᠤᠨ᠂ ᠮᠢᠩᠭᠠᠨ ᠬᠦᠮᠦᠨ᠎ᠦ ᠬᠥᠷᠦ ᠳᠠᠭᠤᠤ᠎ᠶᠢᠨ ᠦᠵᠡᠭᠦᠯᠭᠡ᠎ᠪᠡᠷ ᠬᠤᠷᠠᠭᠰᠠᠨ ᠤᠯᠠᠨ᠎ᠤ ᠰᠤᠨᠤᠷ᠎ᠢ ᠮᠢᠯᠢᠶᠠᠯ᠎ᠠ᠃ ᠣᠷᠳᠣᠰ ᠬᠣᠲᠠ᠎ᠶᠢᠨ ᠤᠳᠬ᠎ᠠ ᠤᠷᠠᠯᠢᠭ᠋ᠤᠨᠬᠢᠨᠤ ᠬᠤᠯᠪᠤᠭ᠎ᠠ᠂ ᠬᠠᠩᠭᠢᠨ ᠬᠣᠰᠢᠭᠤᠨ᠎ᠤ ᠨᠠᠮ᠎ᠤᠨ ᠬᠣᠷᠢᠶᠠᠨ᠎ᠤ ᠤᠬᠠᠭᠤᠯᠬᠤ ᠬᠡᠯᠲᠡᠰ᠎ᠠᠴᠠ ᠭᠤᠤᠯᠯᠠᠨ ᠡᠷᠬᠢᠯᠡᠵᠦ᠂ ᠬᠠᠩᠭᠢᠨ ᠬᠣᠰᠢᠭᠤᠨ᠎ᠤ ᠤᠳᠬ᠎ᠠ ᠤᠷᠠᠯᠢᠭ᠋ᠤᠨᠬᠢᠨᠤ ᠬᠤᠯᠪᠤᠭ᠎ᠠ᠂ ᠬᠠᠩᠭᠢᠨ ᠬᠣᠰᠢᠭᠤᠨ᠎ᠤ ᠰᠣᠶᠣᠯ ᠪᠠ ᠵᠢᠭᠤᠯᠴᠢᠯᠠᠯ᠎ᠤᠨ ᠲᠣᠪᠴᠢᠶ᠎ᠠ᠎ᠠᠴᠠ ᠳᠠᠭᠠᠭᠠᠴᠢᠯᠠᠨ ᠡᠷᠬᠢᠯᠡᠵᠦ᠂ ᠬᠠᠩᠭᠢᠨ ᠬᠣᠰᠢᠭᠤᠨ᠎ᠤ ᠬᠠᠮ ᠵᠠᠭᠤᠴᠢᠯᠠᠭᠤᠷ᠎ᠤᠨ ᠲᠥᠪ᠂ ᠬᠠᠩᠭᠢᠨ ᠬᠣᠰᠢᠭᠤᠨ᠎ᠤ ᠬᠦᠷᠦ ᠳᠠᠭᠤᠤ᠎ᠶᠢᠨ ᠰᠤᠳᠤᠯᠭᠠᠨ᠎ᠤ ᠨᠡᠶ᠋ᠢᠭᠡᠮᠯᠢᠭ᠎ᠡᠴᠡ ᠬᠠᠮᠵᠢᠨ ᠡᠷᠬᠢᠯᠡᠭᠰᠡᠨ ᠲᠤᠰ ᠤᠳᠠᠭᠠᠨ᠎ᠤ ᠤᠷᠠᠯᠢᠭ᠋᠎ᠤᠨ ᠴᠢᠭᠤᠯᠭᠠᠨ ᠨᠢ ᠬᠤᠶᠠᠷ ᠡᠳᠦᠷ ᠶᠠᠪᠤᠭᠳᠠᠵᠤ᠂ ᠠᠷᠪᠠᠨ ᠨᠢᠭᠡᠳᠦᠭᠡᠷ ᠬᠤᠭᠤᠴᠠᠭᠠᠨ᠎ᠤ 《ᠣᠷᠳᠣᠰ ᠬᠦᠷᠥ ᠳᠠᠭᠤᠤ》 ᠶ᠋ᠢᠨ ᠤᠷᠤᠯᠳᠤᠭᠠᠨ᠂ ᠰᠢᠨ᠎ᠡ ᠵᠢᠯ᠎ᠦᠨ ᠳᠠᠭᠤᠤ ᠬᠥᠭᠵᠢᠮ᠎ᠦᠨ ᠦᠳᠡᠰᠢᠯᠡᠭᠡ ᠵᠢᠴᠢ ᠱᠠᠩᠨᠠᠯ ᠤᠯᠭᠣᠬᠤ ᠦᠳᠡᠰᠢᠯᠡᠭᠡ ᠵᠡᠷᠭᠡ᠎ᠶᠢ ᠶᠠᠪᠤᠭᠳᠠᠭᠤᠯᠵᠠᠢ᠃ ᠠᠷᠪᠠᠨ ᠨᠢᠭᠡᠳᠦᠭᠡᠷ ᠬᠤᠭᠤᠴᠠᠭᠠᠨ᠎ᠤ 《ᠣᠷᠳᠣᠰ ᠬᠦᠷᠥ ᠳᠠᠭᠤᠤ》 ᠶ᠋ᠢᠨ ᠤᠷᠤᠯᠳᠤᠭᠠᠨ ᠢ᠋ ᠢᠵᠠᠭᠤᠷ ᠮᠠᠶᠢᠭ᠋᠎ᠢᠶᠠᠷ ᠳᠠᠭᠤᠯᠠᠬᠤ ᠲᠤᠭᠤᠢᠯᠠᠩ᠂ ᠰᠢᠨ᠎ᠡ ᠮᠠᠶᠢᠭ᠋᠎ᠢᠶᠠᠷ ᠳᠠᠭᠤᠯᠠᠬᠤ ᠲᠤᠭᠤᠢᠯᠠᠩ᠂ ᠤᠯᠠᠮᠵᠢᠯᠠᠭ᠍ᠴᠢ᠎ᠶᠢᠨ ᠲᠤᠭᠤᠢᠯᠠᠩ ᠭᠡᠬᠦ ᠭᠤᠷᠪᠠᠨ ᠲᠤᠭᠤᠢᠯᠠᠩ ᠬᠣᠪᠢᠶᠠᠨ᠂ ᠡᠭᠦᠨ᠎ᠦ ᠲᠤᠲᠤᠷ᠎ᠠ ᠮᠠᠯᠴᠢᠳ᠎ᠤᠨ ᠲᠤᠭᠤᠢᠯᠠᠩ᠂ ᠰᠤᠷᠭᠠᠭᠤᠯᠢ ᠪᠠᠢᠭᠤᠯᠭ᠎ᠠ ᠨᠢᠭᠡᠴᠢ᠎ᠶᠢᠨ ᠲᠤᠭᠤᠢᠯᠠᠩ ᠭᠡᠵᠦ ᠬᠣᠪᠢᠶᠠᠨ ᠤᠷᠤᠯᠳᠤᠭᠤᠯᠵᠤ᠂ ᠨᠠᠰᠤᠲᠠᠨ ᠪᠤᠭᠤᠷᠤᠯᠴᠤᠳ᠎ᠠᠴᠠ ᠵᠢᠭᠠᠯ ᠬᠡᠦᠬᠡᠳ ᠬᠦᠷᠳᠡᠯ᠎ᠠ ᠢᠳᠡᠪᠬᠢᠯᠡᠨ ᠤᠷᠤᠯᠴᠠᠵᠤ᠂ ᠨᠡᠢᠲᠡ 48 ᠲᠤᠭᠤᠢᠯᠠᠩ᠎ᠤᠨ 500 ᠰᠢᠬᠠᠮ ᠳᠠᠭᠤᠴᠢᠨ ᠬᠦᠷᠥ ᠳᠠᠭᠤᠤ᠎ᠶᠢᠨ ᠰᠤᠳᠣᠨ ᠡᠬᠡᠰᠢᠭᠢ ᠬᠠᠮᠤᠭ᠎ᠤᠨ ᠪᠤᠷᠤᠭᠵᠢᠭᠤᠨ ᠳᠠᠭᠤᠨ ᠬᠤᠭᠤᠯᠠᠢ᠂ ᠬᠠᠮᠤᠭ᠎ᠤᠨ ᠴᠢᠩ ᠦᠨᠡᠨᠴᠢ ᠰᠡᠳᠬᠢᠯᠭᠡ᠎ᠪᠡᠷ ᠠᠮᠢᠯᠠᠭᠤᠯᠤᠭᠰᠠᠨ ᠪᠠᠢᠨ᠎ᠠ ᠁

ᠬᠥᠷᠦ ᠳᠠᠭᠤᠤ ᠨᠢ ᠣᠤᠯ ᠨᠢ ᠵᠥᠪᠬᠡᠨ ᠬᠠᠩᠭᠢᠨ ᠬᠣᠰᠢᠭᠤᠨ᠎ᠳᠤ ᠳᠠᠭᠤᠯᠠᠭᠳᠠᠳᠠᠭ ᠪᠠᠢᠭᠰᠠᠨ ᠪᠣᠯ ᠰᠡᠬᠦᠯ᠎ᠤᠨ ᠦᠶ᠎ᠡ᠎ᠳᠤ ᠣᠲᠣᠭ ᠬᠣᠰᠢᠭᠤ᠂ ᠴᠢᠨᠠᠭᠰᠢᠯᠠᠪᠠᠯ ᠪᠠᠶᠠᠨᠨᠠᠭᠤᠷ ᠬᠣᠲᠠ᠎ᠶᠢᠨ ᠳᠠᠭᠤᠴᠢᠳ ᠳᠠᠭᠤᠯᠠᠳᠠᠭ ᠪᠤᠯᠪᠠ᠃ ᠡᠨᠡ ᠨᠢ ᠭᠥᠷᠦ ᠳᠠᠭᠤᠤ᠎ᠶᠢᠨ ᠤᠯᠠᠮᠵᠢᠯᠠᠯ ᠵᠠᠯᠭᠠᠮᠵᠢᠯᠠᠯ᠎ᠢ ᠬᠦᠢᠴᠡᠳ ᠲᠤᠲᠤᠷᠠᠭᠤᠯᠵᠤ ᠪᠠᠢᠭ᠎ᠠ ᠪᠢᠯᠡ᠃ ᠳᠠᠭᠤᠴᠢᠨ ᠨᠠᠪᠴᠢᠩᠬᠤᠸᠠᠷ ᠪᠣᠯ ᠮᠣᠩᠭᠤᠯ ᠤᠷᠲᠤ᠎ᠶᠢᠨ ᠳᠠᠭᠤᠤ᠎ᠶᠢᠨ ᠤᠷᠤᠨ᠎ᠤ ᠲᠡᠰ᠎ᠦᠨ ᠤᠯᠠᠮᠵᠢᠯᠠᠭ᠍ᠴᠢ ᠶᠤᠮ᠃ ᠳᠠᠭᠤᠤ ᠤᠷᠠᠯᠢᠭ᠋᠎ᠤᠨ ᠠᠶᠠᠨ᠎ᠳᠠᠬᠢ ᠳᠥᠴᠢ ᠭᠠᠷᠤᠢ ᠵᠢᠯ᠎ᠦᠨ ᠲᠤᠷᠰᠢ ᠡᠵᠢ᠎ᠶᠢᠨ ᠬᠢᠨᠢ ᠰᠢᠩᠭᠡᠭᠡᠵᠦ ᠦᠯᠡᠳᠡᠭᠡᠭᠰᠡᠨ ᠳᠠᠭᠤᠤ᠎ᠨᠤᠭᠤᠳ᠎ᠤᠨ ᠲᠤᠲᠤᠷ᠎ᠠ ᠬᠦᠷᠦ ᠳᠠᠭᠤᠤ ᠵᠣᠩᠬᠢᠯᠠᠬᠤ ᠣᠯᠠᠨ ᠲᠣᠭ᠎ᠠ᠎ᠶᠢ ᠡᠵᠡᠯᠡᠵᠦ᠂ᠤᠯᠠᠮᠵᠢᠯᠠᠬᠤ ᠡᠭᠦᠳᠡᠨ᠎ᠡᠴᠡ 2024 ᠣᠨ᠎ᠤ ᠰᠡᠭᠦᠯᠴᠢ᠎ᠪᠡᠷ ᠤᠲᠤᠭ ᠬᠣᠰᠢᠭᠤᠨ᠎ᠤ ᠺᠠᠩ ᠨᠢᠩ ᠨᠡᠢᠭᠡᠮ ᠲᠤᠭᠤᠷᠢᠭ᠋᠎ᠤᠨ ᠳᠠᠭᠤᠨ᠎ᠤ ᠠᠩᠭᠢ᠎ᠶᠢ ᠪᠠᠢᠭᠤᠯᠵᠤ᠂ ᠭᠠᠷᠠᠭ᠎ᠲᠤ ᠨᠢᠭᠡ ᠤᠳᠠᠭᠠᠨ᠎ᠤ ᠬᠢᠴᠢᠶᠡᠯᠯᠡᠭᠡ᠎ᠪᠡᠷ ᠬᠥᠷᠦ ᠳᠠᠭᠤᠤ᠎ᠶᠢ ᠵᠢᠭᠠᠵᠤ ᠡᠬᠢᠯᠡᠵᠡᠢ᠃ 《ᠣᠷᠳᠣᠰ ᠬᠦᠷᠥ ᠳᠠᠭᠤᠤ》᠎ᠶ᠋ᠢᠨ ᠤᠷᠤᠯᠳᠤᠭᠠᠨ᠎ᠤ ᠴᠢᠮᠡᠭᠡ᠎ᠪᠡᠷ ᠨᠠᠪᠴᠢᠩᠬᠤᠸᠠᠷ ᠲᠤᠰᠬᠠᠢᠯᠠᠨ ᠳᠠᠭᠤᠨ᠎ᠤ ᠠᠩᠭᠢ᠎ᠶᠢᠨ ᠬᠠᠮᠲᠤ ᠣᠯᠠᠨ᠎ᠢᠶᠠᠨ ᠳᠠᠭᠠᠭᠤᠯᠤᠨ 《ᠲᠤᠯᠤᠭᠠᠳᠠᠢ᠎ᠶᠢᠨ ᠠᠷᠤ》 ᠭᠡᠳᠡᠭ ᠳᠠᠭᠤᠤ᠎ᠪᠠᠷ᠎ᠢᠶᠠᠨ ᠢᠵᠠᠭᠤᠷ ᠮᠠᠶᠢᠭ᠋᠎ᠢᠶᠠᠷ ᠳᠠᠭᠤᠯᠠᠬᠤ ᠮᠠᠯᠴᠢᠳ᠎ᠤᠨ ᠲᠤᠭᠤᠢᠯᠠᠩ᠎ᠤᠨ ᠭᠤᠷᠪᠠᠳᠤᠭᠠᠷ ᠲᠡᠰᠲᠦ ᠲᠤᠲᠤᠷᠠᠭᠰᠠᠨ ᠪᠢᠯᠡ᠃ 《ᠲᠤᠰ ᠤᠳᠠᠭᠠᠨ᠎ᠤ ᠤᠷᠤᠯᠳᠤᠭᠠᠨ᠎ᠳᠤ ᠤᠷᠤᠯᠴᠠᠭᠠᠳ ᠰᠡᠳᠬᠢᠯ ᠶᠡᠬᠡ ᠥᠨᠳᠦᠷ ᠪᠠᠢᠨ᠎ᠠ᠃ ᠮᠢᠩᠭᠠᠨ ᠬᠦᠮᠦᠨ᠎ᠦ ᠬᠥᠷᠦ ᠳᠠᠭᠤᠤ ᠨᠢ ᠶᠠᠭ ᠯᠡ ᠤᠰᠤᠨ ᠳᠠᠪᠠᠯᠭᠠᠨ ᠴᠠᠯᠬᠢᠯᠠᠵᠤ ᠪᠠᠢᠭ᠎ᠠ ᠶᠤᠮ ᠰᠢᠭ᠋᠂ ᠶᠠᠮᠠᠷ᠎ᠴᠤ ᠬᠥᠭᠵᠢᠮ ᠦᠭᠡᠢ᠎ᠪᠡᠷ ᠵᠥᠪᠭᠡᠨ ᠲᠦᠷᠢᠯᠭᠡ᠎ᠪᠡᠷ ᠡᠬᠢᠯᠡᠬᠦᠯᠤᠨ ᠳᠠᠭᠤᠯᠠᠵᠤ ᠪᠠᠢᠬᠤ ᠨᠢ ᠭᠠᠢᠬᠠᠮᠰᠢᠭ᠋ ᠪᠢᠯᠡ᠃ ᠳᠡᠭᠡᠳᠦᠰ ᠮᠠᠨᠢ ᠡᠢᠮᠦ ᠰᠠᠢᠬᠠᠨ ᠥᠪ ᠰᠤᠶᠤᠯ᠎ᠢᠶᠠᠨ ᠦᠯᠡᠳᠡᠭᠡᠭᠰᠡᠨ ᠪᠠᠢᠨ᠎ᠠ᠃ ᠬᠣᠵᠢᠮ ᠬᠣᠢᠰᠢᠳᠠ ᠵᠠᠯᠠᠭᠤᠴᠤᠳ ᠪᠠᠰᠠ ᠰᠤᠷᠴᠤ ᠤᠯᠠᠮᠵᠢᠯᠠᠵᠤ ᠶᠠᠪᠤᠬᠤ ᠨᠢ ᠵᠥᠪ》 ᠭᠡᠵᠦ ᠥᠨᠳᠦᠷ ᠦᠨᠡᠯᠡᠯᠲᠡ ᠥᠭᠭᠦᠭᠰᠡᠨ ᠪᠢᠯᠡ᠃ ᠪᠠᠶᠠᠨᠨᠠᠭᠤᠷ ᠬᠣᠲᠠ᠎ᠶᠢᠨ ᠤᠷᠠᠳ᠎ᠤᠨ ᠬᠣᠢᠳᠤ ᠬᠣᠰᠢᠭᠤᠨ᠎ᠤ ᠤᠷᠠᠳ ᠠᠷᠠᠳ᠎ᠤᠨ ᠳᠠᠭᠤᠤ᠎ᠶᠢᠨ ᠨᠡᠢᠭᠡᠮᠯᠢᠭ᠎ᠦᠨ ᠳᠠᠷᠤᠭ᠎ᠠ ᠲᠦᠮᠡᠨᠴᠡᠴᠡᠭ ᠰᠤᠷᠪᠤᠯᠵᠢᠯᠠᠭ᠎ᠠ ᠬᠦᠯᠢᠶᠡᠬᠦ᠎ᠳᠡᠭᠡᠨ᠂ 《ᠣᠷᠳᠣᠰ ᠬᠥᠷᠦ ᠳᠠᠭᠤᠤ᠎ᠶᠢᠨ ᠤᠷᠤᠯᠳᠤᠭᠠᠨ᠎ᠳᠤ ᠭᠤᠷᠪᠠᠳᠠᠬᠢ ᠤᠳᠠᠭ᠎ᠠ ᠤᠷᠤᠯᠴᠠᠵᠤ ᠪᠠᠢᠨ᠎ᠠ᠃ ᠳᠠᠭᠤᠴᠢᠳ ᠮᠠᠨᠢ ᠣᠷᠳᠣᠰ ᠬᠥᠷᠦ ᠳᠠᠭᠤᠤ᠎ᠶᠢ ᠰᠤᠷᠬᠤ ᠲᠤᠷᠠᠳᠠᠢ᠃ ᠡᠨᠡᠬᠦ ᠰᠠᠢᠬᠠᠨ ᠥᠪ ᠰᠤᠶᠤᠯ᠎ᠢᠶᠠᠨ ᠬᠠᠢᠷᠠᠯᠠᠨ ᠬᠠᠮᠠᠭᠠᠯᠠᠵᠤ ᠶᠠᠪᠤᠭ᠎ᠠ ᠣᠷᠳᠣᠰ ᠨᠤᠲᠤᠭ᠎ᠤᠨ ᠠᠷᠠᠳ ᠲᠦᠮᠡᠨ᠎ᠳᠡᠭᠡᠨ ᠪᠠᠶᠠᠷᠯᠠᠵᠤ ᠪᠠᠢᠨ᠎ᠠ》 ᠭᠡᠵᠦ ᠰᠡᠳᠬᠢᠯ ᠲᠤᠭᠳᠤᠯᠤᠩᠬᠠᠨ ᠶᠠᠷᠢᠵᠤ ᠪᠠᠢᠭᠰᠠᠨ ᠶᠤᠮ᠃
ᠬᠠᠩᠭᠢᠨ ᠬᠣᠰᠢᠭᠤ ᠨᠢ ᠬᠥᠷᠦ ᠳᠠᠭᠤᠤ᠎ᠶᠢᠨ ᠤᠯᠠᠮᠵᠢᠯᠠᠯ᠎ᠤᠨ ᠲᠠᠯ᠎ᠠ ᠪᠠᠷ ᠭᠠᠷᠮᠠᠭᠠᠢ ᠠᠮᠵᠢᠯᠲᠠ ᠲᠠᠶ ᠪᠠᠢᠳᠠᠭ᠃ ᠣᠳᠣᠬᠠᠨ᠎ᠳᠤ᠂ 12 ᠬᠥᠷᠦ ᠳᠠᠭᠤᠤ᠎ᠶᠢ ᠤᠯᠠᠮᠵᠢᠯᠠᠨ ᠵᠠᠯᠭᠠᠮᠵᠢᠯᠠᠬᠤ ᠰᠠᠭᠤᠷᠢᠨ ᠭᠠᠵᠠᠷ ᠢ᠋ ᠪᠠᠢᠭᠤᠯᠵᠤ᠂ 6 ᠰᠤᠮᠤ ᠪᠠᠯᠭᠠᠰᠤ᠂ 2 ᠰᠤᠷᠭᠠᠭᠤᠯᠢ᠂ ᠰᠣᠶᠣᠯ᠎ᠤᠨ ᠣᠷᠳᠣᠨ ᠵᠢᠴᠢ ᠵᠠᠯᠠᠭᠤᠴᠤᠳ ᠪᠠᠭᠠᠴᠤᠳ᠎ᠤᠨ ᠬᠥᠳᠡᠯᠭᠡᠭᠡᠨ᠎ᠦ ᠲᠥᠪ ᠵᠡᠷᠭᠡ ᠭᠠᠵᠠᠷ ᠢ᠋ ᠬᠠᠮᠤᠷᠴᠤ᠂ ᠡᠲᠡᠭᠡᠷ ᠰᠠᠭᠤᠷᠢᠨ ᠨᠢ ᠬᠥᠷᠦ ᠳᠠᠭᠤᠤ᠎ᠶᠢᠨ ᠤᠯᠠᠮᠵᠢᠯᠠᠯᠳᠤ ᠪᠠᠲᠤᠯᠠᠭ᠎ᠠ ᠬᠠᠩᠭᠠᠭᠰᠠᠨ᠎ᠢᠶᠠᠷ ᠪᠠᠷᠠᠬᠤ ᠦᠭᠡᠢ ᠴᠢᠬᠤᠯᠠ ᠲᠠᠪᠴᠠᠩ ᠪᠠᠢᠭᠤᠯᠤᠭᠰᠠᠨ ᠪᠠᠢᠨ᠎ᠠ᠃ ᠤᠯᠠᠮᠵᠢᠯᠠᠬᠤ ᠰᠠᠭᠤᠷᠢᠨ᠎ᠳᠤ᠂ 70 ᠨᠠᠰᠤᠨ᠎ᠠᠴᠠ ᠳᠡᠭᠡᠭᠰᠢᠬᠢ ᠨᠠᠰᠤᠲᠠᠢᠴᠤᠳ ᠨᠢ ᠬᠥᠷᠦ ᠳᠠᠭᠤᠤ᠎ᠶᠢ ᠠᠮᠠᠠᠤᠯᠠᠮᠵᠢᠯᠠᠯᠢᠶᠡᠷ ᠳᠠᠭᠤᠯᠠᠵᠤ ᠪᠠᠢᠭᠠᠳ ᠢᠳᠡᠷᠴᠤᠳ᠎ᠲᠤ ᠤᠯᠠᠮᠵᠢᠯᠠᠨ ᠥᠭᠴᠦ᠂ ᠢᠳᠡᠷᠴᠤᠳ ᠨᠢ ᠬᠠᠷᠢᠨ ᠬᠥᠷᠦ ᠳᠠᠭᠤᠤ ᠶ᠋ᠢ ᠤᠯᠠᠮᠵᠢᠯᠠᠨ ᠵᠠᠯᠭᠠᠮᠵᠢᠯᠠᠬᠤ ᠲᠤᠯᠭᠠᠭᠤᠷᠢ ᠬᠦᠴᠦᠨ ᠪᠣᠯᠵᠤ᠂ ᠬᠥᠷᠦ ᠳᠠᠭᠤᠤ ᠶᠢᠨ ᠤᠤᠯ ᠦᠨᠦᠷ ᠠᠮᠲᠠ᠎ᠶᠢ ᠤᠯᠠᠮᠵᠢᠯᠠᠨ ᠵᠠᠯᠭᠠᠮᠵᠢᠯᠠᠬᠤ᠎ᠳᠤ ᠬᠦᠴᠦᠲᠡᠢ ᠪᠠᠲᠤᠯᠠᠭ᠎ᠠ ᠬᠠᠩᠭᠠᠭᠰᠠᠨ ᠪᠠᠢᠨ᠎ᠠ᠃ ᠭᠡᠪᠡᠴᠦ ᠬᠥᠷᠦ ᠳᠠᠭᠤᠤ᠎ᠶᠢ ᠳᠠᠭᠤᠯᠠᠵᠤ ᠰᠤᠷᠬᠤ ᠨᠢ ᠲᠡᠶ᠋ᠢᠮᠦ ᠬᠢᠯᠪᠠᠷ ᠶᠠᠪᠤᠳᠠᠯ ᠪᠢᠰᠢ ᠪᠠᠢᠵᠤ᠂ ᠨᠡᠯᠢᠶᠡᠳ ᠬᠦᠴᠦ ᠣᠷᠣᠭᠤᠯᠵᠤ ᠰᠤᠳᠤᠯᠬᠤ ᠴᠢᠬᠤᠯᠠ ᠲᠠᠢ ᠪᠢᠯᠡ᠃

ᠬᠥᠷᠦ ᠳᠠᠭᠤᠤ ᠶ᠋ᠢᠨ ᠦᠨ᠎ᠡ ᠥᠷᠲᠡᠭ ᠨᠢ ᠳᠠᠭᠤᠤ ᠬᠥᠭᠵᠢᠮ᠎ᠦᠨ ᠤᠬᠠᠭᠠᠨ᠂ ᠤᠳᠬ᠎ᠠ ᠤᠷᠠᠯᠢᠭ᠋᠎ᠤᠨ ᠤᠬᠠᠭᠠᠨ ᠵᠢᠴᠢ ᠬᠡᠯᠡᠨ᠎ᠦ ᠰᠢᠨᠵᠢᠯᠡᠯ᠎ᠦᠨ ᠲᠠᠯ᠎ᠠ ᠪᠠᠷ ᠯᠠ ᠢᠯᠡᠷᠡᠳᠡᠭ ᠪᠢᠰᠢ᠂ ᠪᠠᠰᠠ ᠬᠥᠮᠥᠨ ᠲᠥᠷᠥᠯᠬᠢᠲᠡᠨ᠎ᠦ ᠰᠤᠳᠤᠯᠤᠯ᠂ ᠵᠠᠩ ᠥᠢᠯᠨ ᠶᠤᠰᠤ ᠵᠦᠢ ᠵᠡᠷᠭᠡ ᠤᠯᠠᠨ ᠬᠦᠷᠢᠶ᠎ᠡ ᠬᠡᠪᠴᠢᠶᠡᠨ᠎ᠳᠦ ᠬᠣᠯᠪᠣᠭᠳᠠᠨ᠎ᠠ᠂ ᠡᠢᠮᠦ᠎ᠡᠴᠡ ᠬᠥᠷᠦ ᠳᠠᠭᠤᠤ᠎ᠶᠢ ᠳᠠᠭᠤᠯᠠᠵᠤ ᠰᠤᠷᠬᠤ ᠳ᠋ᠤ᠌ ᠠᠮᠢᠰᠬᠤᠯ᠎ᠢᠶᠠᠨ ᠡᠵᠡᠮᠳᠡᠬᠦ᠂ ᠵᠥᠪ ᠣᠨᠣᠪᠴᠢᠲᠠᠢ ᠲᠠᠭᠤ ᠡᠭᠦᠰᠬᠡᠬᠦ ᠵᠡᠷᠭᠡ ᠤᠯᠠᠨ ᠲᠠᠯ᠎ᠠ᠎ᠠᠴᠠ ᠭᠦᠨᠵᠡᠭᠡᠢ ᠰᠡᠳᠬᠢᠵᠦ ᠰᠤᠳᠤᠯᠬᠤ ᠴᠢᠬᠤᠯᠠᠲᠠᠢ ᠪᠠᠢᠵᠤ᠂ ᠡᠳᠡᠭᠡᠷ ᠨᠢ ᠴᠥᠮ ᠤᠯᠠᠮᠵᠢᠯᠠᠭ᠍ᠴᠢ ᠪᠠ ᠳᠠᠭᠤᠤ ᠰᠤᠷᠴᠤ ᠪᠠᠢᠭ᠎ᠠ ᠬᠥᠮᠥᠰ᠎ᠦᠨ ᠬᠠᠲᠠᠭᠤ ᠰᠢᠯᠭᠠᠯᠲᠠ ᠪᠤᠯᠤᠭᠰᠠᠨ ᠶᠤᠮ᠃ ᠭᠡᠪᠡᠴᠦ ᠨᠡᠢᠲᠡ ᠬᠦᠮᠦᠰ᠎ᠦᠨ ᠬᠠᠯᠠᠰᠢᠷᠠᠯ ᠦᠭᠡᠢ ᠴᠢᠷᠮᠠᠢᠯᠭ᠎ᠠ᠎ᠪᠠᠷ ᠣᠳᠣᠬᠠᠨ᠎ᠳᠤ᠂ ᠤᠯᠤᠰ᠎ᠤᠨ ᠲᠠᠰ᠎ᠤᠨ᠂ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠵᠢᠴᠢ ᠬᠣᠲᠠ᠎ᠶᠢᠨ ᠲᠠᠰ᠎ᠤᠨ ᠤᠯᠠᠮᠵᠢᠯᠠᠭ᠍ᠴᠢ᠎ᠶᠢ ᠪᠠᠭᠲᠠᠭᠠᠭᠰᠠᠨ ᠬᠥᠷᠦ ᠳᠠᠭᠤᠤ᠎ᠶᠢᠨ ᠤᠯᠠᠮᠵᠢᠯᠠᠭ᠍ᠴᠢ ᠨᠡᠶ᠋ᠢᠲᠡ 11 ᠬᠥᠮᠥᠨ ᠪᠠᠢᠵᠤ᠂ ᠡᠳᠡᠭᠡᠷ ᠤᠯᠠᠮᠵᠢᠯᠠᠭ᠍ᠴᠢᠳ ᠤᠯᠠᠨ᠎ᠤ ᠬᠦᠰᠡᠯ᠎ᠢ ᠬᠦᠰᠡᠷᠳᠡᠬᠦᠯᠦᠯ ᠦᠭᠡᠢ᠎ᠪᠡᠷ᠂ ᠨᠠᠰᠤ ᠠᠭᠰᠢᠷᠠᠬᠤ᠎ᠶᠢ ᠬᠠᠢᠬᠤᠷᠤᠯ ᠦᠭᠡᠢ᠎ᠪᠡᠷ ᠮᠥᠨ ᠯᠡ ᠬᠥᠷᠦ ᠳᠠᠭᠤᠤ᠎ᠶᠢᠨ ᠤᠯᠠᠮᠵᠢᠯᠠᠯ ᠵᠠᠯᠭᠠᠮᠵᠢᠯᠠᠯ᠎ᠳᠤ ᠯᠤᠲᠤ ᠶᠡᠬᠡ ᠬᠤᠪᠢ ᠨᠡᠮᠡᠷᠢ᠎ᠪᠡᠨ ᠦᠵᠡᠭᠦᠯᠦᠭᠰᠡᠭᠡᠷ ᠪᠢᠯᠡ᠃ ᠬᠡᠳᠦᠢᠪᠡᠷ ᠠᠵᠢᠯᠯᠠᠭᠠᠨ᠎ᠤ ᠵᠠᠷᠤᠳᠠᠯ ᠨᠢ ᠬᠢᠵᠠᠭᠠᠷ ᠳᠠᠢ ᠪᠣᠯᠪᠠᠴᠤ ᠵᠠᠷᠢᠮ᠎ᠳᠠᠭᠠᠨ ᠲᠡᠳᠡ ᠥᠪᠡᠷ᠎ᠵᠢᠡᠨ ᠮᠦᠩᠭᠦ ᠭᠠᠷᠭᠠᠵᠤ᠂ ᠡᠨᠡ ᠬᠦ᠌ ᠠᠷᠢᠭᠤᠨ ᠳᠠᠷᠬᠠᠨ ᠡᠭᠦᠷᠭᠡ ᠬᠠᠷᠢᠭᠤᠴᠠᠯᠭ᠎ᠠ᠎ᠪᠠᠨ ᠬᠦᠢᠴᠡᠳᠬᠡᠵᠦ᠂ ᠣᠯᠠᠨ᠎ᠤ ᠬᠦᠨᠳᠦᠳᠬᠡᠯ ᠪᠢᠰᠢᠷᠡᠯ᠎ᠢ ᠣᠯᠣᠭᠰᠠᠨ ᠪᠢᠯᠡ᠃ ᠬᠥᠷᠦ ᠳᠠᠭᠤᠤ ᠶᠢ ᠤᠯᠠᠮᠵᠢᠯᠠᠨ ᠵᠠᠯᠭᠠᠮᠵᠢᠯᠠᠬᠤ ᠠᠵᠢᠯ ᠢᠯᠡᠳᠲᠡ ᠠᠮᠵᠢᠯᠲᠠ ᠣᠯᠣᠭᠰᠠᠨ ᠪᠣᠯᠪᠠᠴᠤ ᠪᠠᠰᠠ ᠡᠳᠦᠢ ᠲᠡᠳᠦᠢ ᠰᠢᠯᠭᠠᠯᠲᠠ᠎ᠳᠤ ᠲᠤᠯᠭᠠᠷᠠᠵᠤ ᠪᠣᠢ᠃ ᠣᠳᠣᠬᠠᠨ᠎ᠳᠤ ᠴᠤᠭᠯᠠᠭᠤᠯᠤᠨ ᠡᠮᠬᠢᠳᠬᠡᠵᠦ ᠪᠠᠢᠭ᠎ᠠ ᠬᠥᠷᠦ ᠳᠠᠭᠤᠤ ᠨᠢ ᠬᠡᠳᠦᠢᠪᠡᠷ ᠵᠠᠷᠢᠮ ᠬᠣᠯᠪᠣᠭᠳᠠᠯ ᠪᠦᠬᠦᠢ ᠬᠥᠮᠥᠰ᠎ᠦᠨ ᠢᠳᠡᠪᠬᠢᠲᠡᠢ ᠠᠪᠤᠷᠠᠯᠳᠠ ᠪᠠᠷ ᠬᠥᠭᠵᠢᠮ᠎ᠦᠨ ᠨᠣᠲ ᠢ᠋ ᠲᠡᠮᠳᠡᠭᠯᠡᠵᠦ ᠠᠪᠤᠭᠰᠠᠨ ᠪᠣᠯᠪᠠᠴᠤ ᠪᠣᠳᠠᠲᠠᠢ ᠳᠠᠭᠤᠯᠠᠬᠤ ᠪᠠ ᠨᠣᠲ ᠲᠡᠮᠳᠡᠭᠯᠡᠬᠦ ᠨᠢ ᠪᠠᠰᠠ ᠵᠣᠬᠢᠬᠤ ᠬᠡᠮᠵᠢᠶᠡᠨ᠎ᠦ ᠵᠥᠷᠢᠶ᠎ᠡ᠎ᠲᠠᠢ ᠪᠠᠢᠳᠠᠭ ᠮᠥᠷᠲᠡᠭᠡᠨ ᠬᠥᠷᠦ ᠳᠠᠭᠤᠤ ᠨᠢ ᠳᠣᠲᠣᠭᠠᠳᠤ ᠠᠢᠵᠠᠮ ᠴᠣᠬᠢᠯᠭ᠎ᠠ᠎ᠲᠠᠢ ᠪᠠᠢᠳᠠᠭᠵᠢᠡᠷᠢᠶᠠᠨ ᠣᠷᠳᠣ᠌᠎ᠶᠢᠨ ᠳᠠᠭᠤᠤ ᠲᠠᠶ ᠠᠳᠠᠯᠢ ᠨᠣᠲ ᠲᠡᠮᠳᠡᠭᠯᠡᠵᠦ ᠪᠣᠯᠬᠤ ᠦᠭᠡᠢ᠂ ᠨᠣᠲ ᠲᠡᠮᠳᠡᠭᠯᠡᠬᠦ᠎ᠳᠡᠭᠡᠨ ᠵᠠᠪᠠᠯ ᠥᠪᠡᠷ᠎ᠦᠨ ᠨᠣᠲ ᠲᠡᠮᠳᠡᠭᠯᠡᠬᠦ ᠠᠷᠭ᠎ᠠ ᠬᠡᠯᠪᠡᠷᠢ᠎ᠲᠠᠢ ᠪᠠᠢᠪᠠᠯ ᠰᠠᠶᠢ ᠬᠥᠷᠦ ᠳᠠᠭᠤᠤ ᠨᠢ ᠣᠯᠠᠨ ᠠ᠋ᠴᠠ ᠣᠨᠴᠠᠭᠠᠶ ᠪᠠᠢᠳᠠᠭ ᠭᠡᠰᠡᠨ᠎ᠢ ᠨᠠᠩ ᠰᠠᠢᠨ ᠢᠯᠡᠷᠡᠭᠦᠯᠵᠦ ᠴᠢᠳᠠᠨ᠎ᠠ᠃ ᠡᠨᠡ ᠨᠢ ᠮᠥᠨ ᠴᠦ᠍ ᠤᠯᠠᠮᠵᠢᠯᠠᠯ᠎ᠤᠨ ᠵᠠᠮ᠎ᠳᠤ ᠤᠯᠠᠮ ᠨᠢᠭᠡ ᠠᠯᠬᠤᠮ ᠭᠦᠨᠵᠡᠭᠡᠢ ᠰᠤᠳᠤᠯᠬᠤ ᠴᠢᠬᠤᠯᠠᠲᠠᠢ ᠰᠡᠳᠦᠪ ᠪᠣᠯᠬᠤ ᠶᠤᠮ᠃

ᠬᠦᠷᠦ ᠳᠠᠭᠤᠤ᠎ᠶᠢ ᠨᠡᠢᠭᠡᠮ ᠲᠣᠭᠣᠷᠢᠭ᠋᠂ ᠰᠤᠷᠭᠠᠭᠤᠯᠢ᠎ᠶᠢᠨ ᠬᠦᠷᠢᠶ᠎ᠡ᠂ ᠦᠵᠡᠮᠵᠢ᠎ᠶᠢᠨ ᠣᠷᠣᠨ᠂ ᠠᠵᠤ ᠠᠬᠤᠢᠯᠠᠯ᠂ ᠬᠥᠳᠡᠭᠡ ᠲᠣᠰᠬᠣᠨ᠎ᠳᠤ ᠬᠦᠷᠭᠡᠬᠦ ᠠᠵᠢᠯᠯᠠᠭ᠎ᠠ᠎ᠶᠢ ᠥᠷᠭᠡᠨ ᠬᠡᠪᠴᠢᠶᠡᠳᠡᠢ ᠥᠷᠨᠢᠬᠦᠯᠦᠭᠰᠡᠨ ᠨᠢ ᠬᠦᠷᠦ ᠳᠠᠭᠤᠤ᠎ᠶᠢᠨ ᠤᠯᠠᠮᠵᠢᠯᠠᠯ ᠵᠠᠯᠭᠠᠮᠵᠢᠯᠠᠯ ᠳ᠋ᠤ᠌ ᠰᠢᠨ᠎ᠡ ᠠᠮᠢᠵᠢᠷᠠᠯ᠎ᠤᠨ ᠬᠦᠴᠦᠨ᠎ᠢ ᠨᠡᠮᠡᠷᠢᠯᠡᠭᠰᠡᠨ ᠨᠢ ᠳᠠᠮᠵᠢᠭ᠋ ᠦᠭᠡᠢ ᠪᠠᠢᠵᠤ᠂ ᠬᠥᠷᠦ ᠳᠠᠭᠤᠤ ᠳᠠᠭᠤᠯᠠᠬᠤ ᠬᠠᠯᠠᠭᠤᠨ ᠰᠡᠳᠬᠢᠯᠭᠡ ᠵᠠᠯᠠᠭᠤᠴᠤᠳ᠎ᠤᠨ ᠳᠤᠮᠳᠠ ᠠᠭᠠᠵᠢᠮ᠎ᠢᠶᠠᠷ ᠰᠤᠶᠤᠭᠠᠯᠠᠵᠤ᠂ ᠬᠦᠷᠦ ᠳᠠᠭᠤᠤ᠎ᠶᠢ ᠮᠡᠳᠡᠬᠦ ᠦᠭᠡᠢ ᠪᠠᠢᠭᠰᠠᠨ᠎ᠠᠴᠠ᠎ᠪᠠᠨ ᠳᠠᠭᠤᠯᠠᠵᠤ ᠴᠢᠳᠠᠬᠤ ᠬᠦᠮᠦᠰ ᠤᠯᠠᠮ᠎ᠠᠴᠠ ᠤᠯᠠᠮ ᠠᠷᠪᠢᠳᠴᠠᠢ᠃ ᠬᠦᠷᠦ ᠳᠠᠭᠤᠤ᠎ᠪᠠᠨ ᠵᠠᠯᠭᠠᠮᠵᠢᠯᠠᠨ ᠬᠥᠭᠵᠢᠬᠦᠯᠬᠦ᠎ᠶᠢᠨ ᠳᠤᠯᠠᠳᠠ ᠬᠠᠩᠭᠢᠨ ᠬᠣᠰᠢᠭᠤᠨ᠎ᠤ ᠬᠤᠶᠠᠳᠤᠭᠠᠷ ᠳᠤᠮᠳᠠᠳᠤ ᠰᠤᠷᠭᠠᠭᠤᠯᠢ᠂ ᠬᠣᠶᠠᠳᠤᠭᠠᠷ ᠪᠠᠭ᠎ᠠ ᠰᠤᠷᠭᠠᠭᠤᠯᠢ᠂ ᠬᠤᠶᠠᠳᠤᠭᠠᠷ ᠬᠡᠦᠬᠡᠳ᠎ᠦᠨ ᠴᠡᠴᠡᠷᠯᠢᠭ᠎ᠲᠦ ᠬᠦᠨᠵᠡᠭᠡᠢᠷᠡᠵᠦ᠂ ᠰᠤᠷᠤᠭ᠍ᠴᠢᠳ᠎ᠲᠤ 《ᠣᠷᠳᠣᠰ ᠬᠥᠷᠦ ᠳᠠᠭᠤᠤ》᠎ᠶ᠋ᠢ ᠵᠢᠭᠠᠵᠤ ᠡᠬᠢᠯᠡᠪᠡ᠃ ᠡᠭᠦᠨ᠎ᠦ ᠲᠤᠲᠤᠷ᠎ᠠ ᠬᠠᠩᠭᠢᠨ ᠬᠣᠰᠢᠭᠤᠨ᠎ᠤ ᠬᠣᠶᠠᠳᠤᠭᠠᠷ ᠪᠠᠭ᠎ᠠ ᠰᠤᠷᠭᠠᠭᠤᠯᠢ᠎ᠶᠢᠨ ᠬᠥᠷᠦ ᠳᠠᠭᠤᠤ᠎ᠶᠢᠨ ᠪᠦᠯᠬᠦᠮ ᠨᠢ 2018 ᠣᠨ᠎ᠳᠤ ᠪᠠᠢᠭᠤᠯᠤᠭᠳᠠᠨ᠂ ᠬᠥᠷᠣ᠌ ᠳᠠᠭᠤᠤ ᠢᠵᠠᠭᠤᠷ ᠮᠠᠶᠢᠭ᠋᠎ᠢ ᠬᠠᠳᠠᠭᠠᠯᠠᠭᠰᠠᠨ ᠰᠠᠭᠤᠷᠢᠨ ᠳᠡᠭᠡᠷ᠎ᠡ ᠰᠢᠨᠡᠴᠢᠯᠡᠯᠲᠡ ᠬᠢᠵᠦ᠂ᠰᠤᠷᠤᠭ᠍ᠴᠢᠳ ᠮᠠᠨᠢ 《ᠽᠠᠨᠳᠠᠨ ᠰᠢᠷᠡᠭᠡ》᠂ 《ᠲᠡᠰᠭᠡᠨ ᠭᠣᠣᠯ᠎ᠤᠨ ᠤᠰᠤ》 ᠭᠡᠬᠦ ᠮᠡᠲᠦᠴᠢᠯᠡᠨ ᠰᠣᠩᠭᠤᠳᠠᠭ ᠬᠥᠷᠦ ᠳᠠᠭᠤᠤ᠎ᠪᠠᠷ᠎ᠢᠶᠠᠨ ᠭᠦᠷᠦ ᠳᠠᠭᠤᠤ᠎ᠶᠢᠨ ᠤᠷᠠᠯᠢᠭ᠋᠎ᠤᠨ ᠲᠠᠢᠰᠠᠨ᠎ᠠ ᠡᠭᠡᠰᠢᠭᠯᠡᠬᠦᠯᠦᠨ ᠴᠤᠤᠷᠢᠶᠠᠳᠤᠭᠤᠯᠤᠭᠰᠠᠨ ᠪᠠᠢᠳᠠᠭ᠃ 2025 ᠣᠨ᠎ᠳᠤ ᠪᠦᠬᠦ ᠣᠷᠣᠨ᠎ᠤ ᠪᠠᠭᠠᠴᠤᠳ ᠬᠡᠦᠬᠡᠳ᠎ᠦᠨ ᠳᠠᠭᠤᠨ᠎ᠤ ᠦᠵᠡᠭᠦᠯᠭᠡ᠎ᠳᠦ ᠰᠤᠩᠭᠤᠭᠳᠠᠨ᠂ ᠮᠥᠨ ᠲᠤᠰ ᠵᠢᠯ᠎ᠳᠦ ᠪᠣᠯᠣᠭᠰᠠᠨ ᠣᠷᠳᠣᠰ ᠬᠤᠲᠠ᠎ᠶᠢᠨ ᠳᠤᠮᠳᠠᠳᠤ ᠪᠠᠭ᠎ᠠ ᠰᠤᠷᠭᠠᠭᠤᠯᠢ᠎ᠶᠢᠨ ᠨᠠᠢᠷᠠᠯ ᠳᠠᠭᠤᠨ᠎ᠤ ᠪᠦᠯᠬᠥᠮ᠎ᠦᠨ ᠲᠤᠭᠤᠷᠢᠨ ᠦᠵᠡᠬᠦᠯᠭᠡ᠎ᠳᠦ ᠤᠷᠤᠯᠴᠠᠵᠤ᠂ ᠬᠤᠶᠠᠳᠤᠭᠠᠷ ᠲᠡᠰ᠎ᠦᠨ ᠱᠠᠩᠨᠠᠯ᠎ᠢᠶᠠᠷ ᠡᠩᠭᠡᠷᠵᠢᠡᠨ ᠮᠢᠯᠢᠶᠠᠯᠭᠠᠵᠤ ᠪᠢᠯᠡ᠃ 2026 ᠣᠨ᠎ᠳᠤ ᠥᠪᠦᠷ ᠮᠣᠩᠭᠤᠯ᠎ᠤᠨ ᠷᠠᠳᠢᠤ᠋ ᠲᠸᠯᠸᠢᠰ ᠬᠤᠷᠢᠶᠠᠨ᠎ᠤ 《ᠨᠠᠬᠢᠶ᠎ᠠ》 ᠳᠡᠯᠭᠡᠴᠡ ᠪᠠ ᠬᠠᠩᠭᠢᠨ ᠬᠣᠰᠢᠭᠤᠨ᠎ᠤ ᠬᠤᠶᠠᠳᠤᠭᠠᠷ ᠪᠠᠭ᠎ᠠ ᠰᠤᠷᠭᠠᠭᠤᠯᠢ᠎ᠶᠢᠨ ᠬᠠᠮᠳᠤᠷᠠᠭᠰᠠᠨ 《ᠨᠠᠬᠢᠶ᠎ᠠ·ᠪᠢᠳᠡᠨ᠎ᠦ ᠴᠡᠩᠭᠡᠬᠦᠨ》 ᠬᠡᠦᠬᠡᠳ᠎ᠦᠨ ᠪᠠᠶᠠᠷᠲᠤ ᠵᠣᠷᠢᠭᠤᠯᠤᠭᠰᠠᠨ ᠤᠨᠴᠠᠭᠠᠢ ᠨᠡᠪᠲᠡᠷᠡᠬᠦᠯᠭᠡ᠎ᠳᠦ ᠤᠷᠤᠯᠴᠠᠨ᠂ ᠤᠷ᠎ᠠ ᠠᠪᠢᠶᠠᠰ᠎ᠢᠶᠠᠨ ᠦᠵᠡᠭᠴᠢ ᠲᠦᠮᠡᠨ᠎ᠳᠡᠭᠡᠨ ᠲᠣᠯᠢᠳᠠᠭᠤᠯᠤᠭᠰᠠᠨ ᠪᠢᠯᠡ᠃ ᠮᠥᠨ ᠲᠤᠰ ᠨᠡᠪᠲᠡᠷᠡᠬᠦᠯᠭᠡ᠎ᠳᠦ ᠪᠠᠰᠠ ᠬᠠᠩᠭᠢᠨ ᠬᠣᠰᠢᠭᠤᠨ᠎ᠤ ᠬᠤᠶᠠᠳᠤᠭᠠᠷ ᠬᠡᠦᠬᠡᠳ᠎ᠦᠨ ᠴᠡᠴᠡᠷᠯᠢᠭ᠎ᠦᠨ ᠭᠤᠴᠢᠭᠠᠳ ᠬᠡᠦᠬᠡᠳ 《ᠡᠵᠡᠨ ᠪᠤᠭᠲᠠ᠎ᠶᠢᠨ ᠬᠤᠶᠠᠷ ᠵᠠᠭᠠᠯ》 ᠬᠡᠬᠥ ᠳᠠᠭᠤᠤ᠎ᠶᠢ ᠬᠡᠦᠬᠡᠳ᠎ᠦᠨ ᠬᠦᠭᠡᠷᠦᠬᠦᠨ ᠬᠤᠭᠤᠯᠠᠢ᠎ᠪᠠᠷ᠎ᠢᠶᠠᠨ ᠠᠮᠢᠯᠠᠭᠤᠯᠵᠤ᠂ ᠴᠡᠴᠡᠷᠯᠢᠭ᠎ᠦᠨ ᠪᠠᠭ᠍ᠰᠢ ᠨᠠᠷ ᠲᠠᠢ᠎ᠪᠠᠨ ᠬᠠᠮᠳᠤ ᠬᠦᠷᠦ ᠳᠠᠭᠤᠤ᠎ᠶᠢ ᠤᠯᠠᠮᠵᠢᠯᠠᠨ ᠪᠠᠳᠠᠷᠠᠭᠤᠯᠬᠤ᠎ᠳᠤ ᠲᠤᠰᠤ ᠨᠡᠮᠡᠵᠦ ᠪᠢᠯᠡ᠃ (ᠳᠤᠰ ᠨᠢᠭᠤᠷ᠎ᠤᠨ ᠬᠡᠷᠡᠯ ᠵᠢᠷᠤᠭ᠎ᠢ ᠬᠠᠩᠭᠢᠨ ᠬᠤᠰᠢᠭᠤᠨ᠎ᠤ ᠬᠠᠮ ᠵᠠᠭᠤᠴᠢᠯᠠᠭᠤᠷ ᠤ᠋ᠨ ᠳᠦᠪ ᠬᠠᠨᠭᠭᠠᠪᠠ)
ᠢᠷᠡᠯᠲᠡ᠄ ᠬᠠᠩᠬᠢᠨ ᠬᠤᠰᠢᠭᠤᠨ᠎ᠤ ᠬᠠᠮ ᠵᠠᠭᠤᠴᠢᠯᠠᠭᠤᠷ᠎ᠤᠨ ᠳᠦᠪ