ᠨᠡᠢᠭᠡᠮ ᠤ᠋ᠨ ᠬᠦᠭᠵᠢᠯᠲᠡ ᠵᠢᠨ ᠬᠦᠷᠲᠦᠨ ᠳ᠋ᠥ ᠲᠡᠤᠭᠡᠨ ᠤᠯᠠᠮᠵᠢᠯᠠᠯ ᠲᠡᠢ ᠦᠪ ᠰᠤᠶᠤᠯ ᠵᠢᠡᠨ ᠬᠠᠢᠷᠠᠯᠠᠨ ᠬᠠᠮᠠᠭᠠᠯᠠᠵᠤ ᠵᠠᠯᠭᠠᠮᠵᠢᠯᠠᠨ ᠬᠦᠭᠵᠢᠬᠦᠯᠬᠦ ᠵᠢᠨ ᠲᠤᠰᠠᠲᠠ ᠤᠷᠴᠢᠮ ᠤ᠋ᠨ ᠵᠢᠯ ᠠ᠋ᠴᠠ ᠣᠷᠠᠳ ᠤ᠋ᠨ ᠳᠣᠮᠳᠠᠳᠣ᠌ ᠬᠣᠰᠢᠭᠣ ᠨᠢ ᠤᠷᠠᠳ ᠬᠠᠳᠬᠤᠮᠠᠯ᠎ᠤᠨ ᠰᠤᠶᠤᠯ᠎ᠢ ᠪᠠᠳᠠᠷᠠᠭᠤᠯᠵᠦ᠂ ᠤᠷᠠᠳ ᠬᠠᠳᠬᠤᠮᠠᠯᠴᠢᠳᠢ ᠢᠳᠡᠪᠬᠢᠳᠡᠢ ᠵᠤᠬᠢᠶᠡᠨ ᠪᠠᠢᠭᠤᠯᠵᠦ᠂ ᠬᠠᠳᠬᠤᠮᠠᠯᠤᠷᠠᠯᠢᠭᠤᠨ ᠪᠤᠯᠪᠠᠰᠤᠷᠡᠯ᠂ ᠤᠶᠤᠳᠠᠯᠴᠢᠨᠤ ᠠᠵᠢᠯ ᠤᠯᠭᠤᠯᠳᠠ᠂ ᠬᠠᠳᠬᠤᠮᠠᠯ ᠤᠷᠠᠯᠡᠯ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠤᠯᠠᠮᠵᠢᠯᠠᠨ ᠵᠠᠯᠭᠠᠮᠵᠢᠯᠠᠯ ᠵᠡᠷᠬᠡ ᠳᠠᠯᠠᠳᠤ ᠶᠡᠬᠡᠬᠡᠨ ᠬᠦᠴᠦ ᠬᠦᠳᠡᠯᠮᠤᠷᠢ ᠭᠠᠷᠭᠠᠵᠦ ᠪᠠᠢᠨ᠎ᠠ᠃

ᠤᠷᠡᠳ᠎ᠤᠨ ᠳᠤᠮᠳᠠᠳᠤ ᠬᠤᠰᠢᠭᠤ ᠨᠢ ᠪᠣᠳᠠᠰ᠎ᠤᠨ ᠪᠤᠰᠤ ᠰᠣᠶᠣᠯ᠎ᠤᠨ ᠥᠪ᠎ᠢ ᠤᠯᠠᠮᠵᠢᠯᠠᠨ ᠵᠠᠯᠭᠠᠮᠵᠢᠯᠠᠵᠤ᠂ ᠰᠤᠷᠤᠭ᠍ᠴᠢᠳ ᠲᠣ᠌ ᠤᠯᠠᠮᠵᠢᠯᠠᠯᠲᠤ ᠭᠠᠷ ᠤᠷᠠᠯᠠᠯ᠎ᠤᠨ ᠷᠢᠳᠢ ᠰᠢᠳᠢ᠎ᠶᠢ ᠤᠢᠯᠠᠭᠠᠭᠤᠯᠬᠤ ᠵᠢᠨ ᠲᠤᠰᠠᠲᠠ᠂ ᠪᠣᠳᠠᠰ᠎ᠤᠨ ᠪᠤᠰᠤ ᠰᠣᠶᠣᠯ᠎ᠤᠨ ᠥᠪ — ᠤᠷᠠᠳ ᠬᠠᠳᠬᠤᠮᠠᠯ ᠢ᠋ ᠰᠤᠷᠭᠠᠭᠤᠯᠢ᠎ᠳᠦ ᠣᠷᠣᠭᠤᠯᠬᠤ ᠠᠵᠢᠯᠯᠠᠭ᠎ᠠ ᠵᠢ ᠪᠠᠢᠡᠭ᠌ᠭᠣ᠌ ᠵᠤᠬᠢᠶᠠᠨ ᠪᠠᠢᠭᠤᠯᠳᠠᠭ᠃ ᠤᠢᠷ᠎ᠠ᠎ᠳᠤ᠂ ᠤᠷᠠᠳ ᠬᠠᠳᠬᠤᠮᠠᠯ ᠢ᠋ ᠰᠤᠷᠭᠠᠭᠤᠯᠢ᠎ᠳᠦ ᠣᠷᠣᠭᠤᠯᠬᠤ ᠠᠵᠢᠯᠯᠠᠭ᠎ᠠ᠎ᠳᠤ ᠤᠷᠠᠳ ᠬᠠᠳᠬᠤᠮᠠᠯ ᠤ᠋ᠨ ᠬᠤᠳᠠ᠎ᠶᠢᠨ ᠲᠡᠰ ᠤ᠋ᠨ ᠤᠯᠠᠮᠵᠢᠯᠠᠭ᠍ᠴᠢ᠂ 《ᠦᠪᠦᠷ ᠮᠤᠩᠭᠤᠯ ᠤ᠋ᠨ 〈ᠤᠷᠠᠠᠴᠤᠳ〉 ᠰᠤᠶᠤᠯ ᠤ᠋ᠨ ᠠᠵᠤ ᠦᠢᠯᠡᠰ ᠤ᠋ᠨ ᠬᠢᠵᠠᠭᠠᠷᠲᠤ ᠺᠤᠮᠫᠠᠨᠢ》 ᠵᠢᠨ ᠵᠠᠬᠢᠷᠤᠯ ᠨᠠᠷᠠᠩᠭᠤᠸ᠎ᠠ ᠤᠷᠢᠭᠳᠠᠨ ᠤᠷᠤᠯᠴᠡᠵᠦ᠂ ᠲᠤᠪᠴᠢ ᠠᠪᠰᠠᠷᠬᠠᠨ᠂ ᠤᠢᠯᠠᠭᠠᠮᠵᠢᠲᠠᠢ ᠭᠡᠯᠡ ᠭᠡᠯᠡᠯᠭᠡ ᠪᠡᠷ ᠵᠢᠷᠤᠭ ᠬᠠᠪᠰᠤᠷᠭᠠᠨ ᠤᠷᠠᠳ ᠬᠠᠳᠬᠤᠮᠠᠯ᠎ᠤᠨ ᠲᠡᠦᠬᠡ᠂ ᠲᠠᠯ᠎ᠠ ᠨᠤᠲᠤᠭ᠎ᠤᠨ ᠰᠣᠶᠣᠯ᠎ᠤᠨ ᠠᠭᠤᠯᠬᠤᠨ᠎ᠢ ᠠᠮᠢᠳᠤᠯᠢᠭ᠋᠎ᠢᠶᠠᠷ ᠲᠠᠢᠯᠪᠤᠷᠢᠯᠠᠵᠤ᠂ ᠤᠲᠠᠰᠤ ᠪᠡᠨ ᠨᠡᠢᠳᠭᠡᠬᠦ᠂ ᠰᠠᠮᠨᠠᠵᠤ ᠬᠠᠳᠬᠤᠬᠤ ᠵᠡᠷᠭᠡ ᠤᠷᠠᠳ ᠬᠠᠳᠬᠤᠮᠠᠯ ᠤ᠋ᠨ ᠤᠷ᠎ᠠ ᠮᠡᠷᠭᠡᠵᠢᠯ᠂ ᠤᠨᠴᠠᠯᠢᠭ᠋ ᠢ᠋ ᠲᠠᠨᠢᠯᠴᠠᠭᠤᠯᠤᠯ᠎ᠠ᠃ ᠨᠠᠷᠠᠩᠭᠤᠸ᠎ᠠ᠄ 《ᠦᠨᠦᠳᠦᠷ ᠣᠷᠠᠳ ᠬᠠᠳᠬᠣᠮᠠᠯᠴᠢᠨ ᠱᠠᠪᠢ ᠨᠠᠷ ᠢ᠋ᠶ᠋ᠠᠨ ᠳᠠᠭᠠᠭᠤᠯᠤᠨ ᠰᠣᠷᠭᠠᠭᠣᠯᠢ ᠵᠢᠨ ᠬᠡᠦᠬᠡᠳ᠎ᠤᠳ ᠲᠣ᠌ ᠮᠣᠡᠭ᠌ᠭᠣᠯ ᠬᠠᠳᠬᠣᠮᠠᠯ ᠢ᠋ᠶ᠋ᠠᠨ ᠣᠯᠠᠮ ᠨᠢᠬᠡ ᠠᠯᠬᠤᠮ ᠤᠢᠯᠠᠭᠠᠭᠤᠯᠵᠤ᠂ ᠣᠯᠠᠮᠵᠢᠯᠠᠯᠳᠤ ᠬᠡ ᠣᠭᠠᠯᠵᠠ ᠪᠡᠨ ᠳᠠᠨᠢᠬᠤ᠂ ᠬᠡ ᠣᠭᠠᠯᠵᠠ ᠶ᠋ᠢᠨ ᠪᠡᠯᠬᠡᠳᠡᠯ ᠢ᠋ ᠣᠢᠯᠠᠭᠠᠵᠤ᠂ ᠬᠠᠳᠬᠤᠮᠡᠯ᠎ᠤᠨ ᠪᠦᠳᠦᠬᠡᠯ᠎ᠳᠤ ᠰᠤᠨᠢᠷᠬᠠᠯ ᠳᠦᠷᠦᠬᠦᠯᠬᠦ ᠵᠢ ᠬᠢᠴᠢᠶᠡᠯᠠ》 ᠭᠡᠯᠡ᠃

ᠤᠷᠠᠳ ᠬᠠᠳᠬᠤᠮᠠᠯ ᠤ᠋ᠨ ᠲᠡᠤᠭᠡ ᠰᠤᠶᠤᠯ ᠢ᠋ ᠲᠦᠬᠦᠮ ᠤᠢᠯᠠᠭᠠᠭᠰᠠᠨ ᠰᠤᠷᠤᠭ᠍ᠴᠢᠳ ᠪᠠᠭ᠍ᠰᠢ ᠵᠢᠨ ᠵᠢᠯᠤᠭᠤᠲᠤᠯᠭ᠎ᠠ ᠲᠤᠤᠷ᠎ᠠ ᠨᠣᠮ᠎ᠤᠨ ᠱᠣᠰᠢᠭ᠎ᠠ ᠵᠢᠨ ᠪᠠᠳᠮ᠎ᠠ ᠬᠤᠸᠠᠷ ᠤ᠋ᠨ ᠴᠤᠮᠤᠷᠯᠢᠭ᠋᠂ ᠪᠤᠭᠴᠤᠨᠤ ᠡᠯᠬᠦᠬᠦᠷ ᠤ᠋ᠨ ᠬᠠᠮᠠᠷ ᠤᠭᠠᠯᠵᠠ ᠵᠡᠷᠭᠡ ᠤᠯᠠᠮᠵᠢᠯᠠᠯᠲᠤ ᠥᠯᠵᠡᠢᠲᠦ ᠵᠢᠷᠤᠭ ᠢ᠋ ᠨᠢᠭᠡ ᠨᠢᠭᠡ ᠵᠡᠬᠦᠦ ᠪᠡᠷ ᠬᠠᠳᠬᠤᠨ᠂ ᠥᠪᠡᠷ᠎ᠦᠨ ᠭᠠᠷ᠎ᠢᠶᠠᠷ᠎ᠢᠶᠠᠨ ᠬᠠᠳᠬᠤᠮᠠᠯ᠎ᠤᠨ ᠵᠣᠬᠢᠶᠠᠨ ᠪᠦᠲᠦᠭᠡᠯᠭᠡ ᠶ᠋ᠢ ᠪᠡᠶᠡᠴᠢᠯᠡᠨ ᠮᠡᠳᠡᠷᠡᠵᠤ᠂ ᠦᠢᠯᠡᠳᠦᠯᠭᠡ ᠳᠤᠮᠳᠠ ᠪᠣᠳᠠᠰ᠎ᠤᠨ ᠪᠤᠰᠤ ᠰᠣᠶᠣᠯ᠎ᠤᠨ ᠥᠪ᠎ᠦᠨ ᠤᠷ᠎ᠠ ᠮᠡᠷᠭᠡᠰᠢᠯ᠎ᠦᠨ ᠭᠠᠢᠬᠠᠮᠰᠢᠭ᠋ ᠢ᠋ ᠮᠡᠲᠡᠷᠡᠨ᠂ ᠲᠠᠯ᠎ᠠ ᠨᠤᠲᠤᠭ᠎ᠤᠨ ᠰᠣᠶᠣᠯ ᠨᠢ ᠡᠭᠡ ᠪᠠᠢᠭᠠᠯᠢ ᠪᠠ ᠨᠡᠢᠬᠡᠮ ᠠᠵᠦ ᠠᠬᠤᠢ ᠵᠢᠨ ᠬᠦᠭᠵᠢᠯᠳᠡ ᠲᠡᠢ ᠨᠢᠬ᠍ᠲᠡ ᠬᠤᠯᠪᠤᠭ᠎ᠠ ᠲᠡᠢ ᠪᠠᠢᠲᠠᠭ ᠭᠡᠰᠡᠨ ᠢ᠋ ᠤᠢᠯᠠᠭᠠᠭᠰᠠᠨ ᠪᠠᠢᠨ᠎ᠠ᠃ ᠤᠷᠠᠳ᠎ᠤᠨ ᠳᠤᠮᠳᠠᠳᠤ ᠬᠣᠰᠢᠭᠤᠨ᠎ᠤ ᠲᠤᠷᠰᠢᠯᠲᠠ᠎ᠶᠢᠨ ᠰᠤᠷᠭᠠᠭᠤᠯᠢ᠎ᠶᠢᠨ ᠳᠡᠳ᠋ ᠵᠠᠬᠢᠷᠣᠯ ᠰᠠᠷᠠᠨ᠎ᠠ᠄ 《ᠤᠷᠠᠳ ᠨᠤᠲᠤᠭ ᠲᠣ᠌ ᠠᠷᠪᠢᠨ ᠰᠠᠢᠬᠠᠨ ᠰᠤᠶᠤᠯ ᠤ᠋ᠨ ᠦᠪ ᠲᠡᠢ᠃ ᠮᠠᠨ᠎ᠤ ᠰᠤᠷᠭᠠᠭᠤᠯᠢ ᠡᠨᠡᠬᠦ ᠠᠵᠢᠯᠯᠠᠭ᠎ᠠ ᠵᠢ ᠬᠤᠶᠠᠲᠤᠭᠠᠷ ᠤᠲᠠᠭ᠎ᠠ ᠵᠤᠬᠢᠶᠠᠨ ᠪᠠᠢᠭᠤᠯᠵᠤ ᠪᠠᠢᠨ᠎ᠠ᠂ ᠪᠢᠲᠡᠨ᠎ᠤ ᠵᠤᠷᠢᠯᠭ᠎ᠠ ᠨᠢ ᠮᠠᠨ᠎ᠤ ᠤᠷᠤᠨ ᠨᠤᠲᠤᠭ ᠤ᠋ᠨ ᠪᠤᠲᠠᠰ ᠤ᠋ᠨ ᠪᠤᠰᠤ ᠦᠪ ᠰᠤᠶᠤᠯ ᠵᠢᠡᠨ ᠭᠡᠤᠭᠡᠳ ᠲᠣ᠌ ᠲᠠᠨᠢᠨ ᠮᠡᠲᠡᠬᠦᠯᠵᠦ᠂ ᠲᠤᠭᠲᠠᠮᠠᠯ ᠪᠤᠰᠤ ᠬᠤᠭᠤᠴᠠᠭ᠎ᠠ ᠳᠠᠢ ᠡᠲᠡᠭᠡᠷ ᠠᠵᠢᠯᠯᠠᠭ᠎ᠠ ᠵᠢ ᠦᠷᠨᠢᠬᠦᠯᠵᠦ᠂ᠬᠠᠳᠬᠤᠮᠠᠯ᠎ᠤᠨ ᠰᠤᠶᠤᠯ᠎ᠢ ᠬᠦᠨᠵᠡᠭᠡᠢ ᠤᠢᠯᠠᠭᠠᠭᠤᠯᠵᠤ᠂ ᠨᠡᠩ ᠴᠢᠨᠠᠭᠰᠢᠯᠠᠨ ᠦᠪᠡᠷ ᠤ᠋ᠨ ᠰᠤᠶᠤᠯ ᠵᠢᠡᠨ ᠬᠠᠢᠷᠠᠯᠠᠵᠤ᠂ ᠰᠢᠯᠢᠲᠡᠭ ᠦᠪ ᠰᠤᠶᠤᠯ ᠵᠢᠡᠨ ᠤᠯᠠᠮᠵᠢᠯᠠᠨ ᠵᠠᠯᠭᠠᠮᠵᠢᠯᠠᠬᠤ ᠤᠬᠠᠮᠰᠠᠷ ᠢ᠋ ᠬᠦᠮᠦᠵᠢᠬᠦᠯᠬᠦ ᠳ᠋ᠥ ᠪᠠᠢᠨ᠎ᠠ》 ᠭᠡᠪᠡ᠃
ᠪᠣᠳᠠᠰ᠎ᠤᠨ ᠪᠤᠰᠤ ᠰᠣᠶᠣᠯ᠎ᠤᠨ ᠥᠪ᠎ᠦᠨ ᠤᠷᠠᠳ ᠬᠠᠳᠬᠤᠮᠠᠯᠢ ᠰᠤᠷᠭᠠᠭᠤᠯᠢ᠎ᠶᠢᠨ ᠬᠦᠷᠢᠶᠡᠨ᠎ᠳᠦ ᠤᠷᠤᠭᠤᠯᠬᠤ ᠠᠵᠢᠯᠯᠠᠭ᠎ᠠ ᠨᠢ ᠰᠤᠷᠭᠠᠭᠤᠯᠢ᠎ᠶᠢᠨ ᠬᠦᠷᠢᠶᠡᠨ᠎ᠦ ᠰᠣᠶᠣᠯ᠎ᠤᠨ ᠠᠮᠢᠳᠤᠷᠠᠯ᠎ᠢ ᠪᠠᠶᠠᠯᠢᠭ᠍ᠵᠢᠭᠤᠯᠤᠭᠰᠠᠨ᠎ᠢᠶᠠᠷ ᠪᠠᠷᠠᠬᠤ ᠦᠭᠡᠢ᠂ ᠨᠠᠩ ᠴᠤ᠌ ᠰᠤᠷᠤᠭ᠍ᠴᠢᠳ᠎ᠤᠨ ᠰᠣᠶᠣᠯ ᠵᠢᠡᠨ ᠬᠠᠢᠷᠠᠯᠠᠬᠤ ᠪᠠ ᠰᠢᠨ᠎ᠡ᠎ᠶᠢ ᠡᠭᠦᠳᠬᠦ ᠵᠣᠷᠢᠭ᠋ ᠰᠠᠨᠠᠭ᠎ᠠ᠎ᠶᠢ ᠬᠥᠮᠥᠵᠢᠭᠦᠯᠵᠦ᠂ ᠪᠤᠲᠠᠰ ᠤ᠋ᠨ ᠪᠤᠰᠤ ᠰᠣᠶᠣᠯ᠎ᠤᠨ ᠦᠪ ᠤ᠋ᠨ ᠤᠯᠠᠮᠵᠢᠯᠠᠯ ᠵᠠᠯᠭᠠᠮᠵᠢᠯᠠᠯ᠎ᠳᠤ ᠰᠢᠨ᠎ᠠ ᠠᠮᠢᠵᠢᠷᠠᠯ᠎ᠤᠨ ᠬᠦᠴᠦᠨ᠎ᠢ ᠪᠤᠢ ᠪᠤᠯᠭᠠᠭᠰᠠᠨ ᠪᠠᠢᠨ᠎ᠠ᠃
《ᠦᠪᠦᠷ ᠮᠤᠩᠭᠤᠯ ᠤ᠋ᠨ 〈ᠤᠷᠠᠠᠴᠤᠳ〉 ᠰᠤᠶᠤᠯ ᠤ᠋ᠨ ᠠᠵᠤ ᠦᠢᠯᠡᠰ ᠤ᠋ᠨ ᠬᠢᠵᠠᠭᠠᠷᠲᠤ ᠺᠤᠮᠫᠠᠨᠢ》 ᠵᠢᠨ ᠵᠠᠬᠢᠷᠤᠯ ᠪᠤᠶᠤ ᠤᠷᠠᠳ ᠤ᠋ᠨ ᠲᠤᠮᠲᠠᠲᠤ ᠬᠤᠰᠢᠭᠤᠨ᠎ᠤ ᠴᠤᠩᠵᠢ ᠰᠤᠮᠤ ᠵᠢᠨ ᠬᠠᠷᠠᠭᠠᠲᠤ ᠭᠠᠴᠠᠭᠠᠨ᠎ᠤ ᠮᠠᠯᠴᠢᠨ ᠨᠠᠷᠠᠩᠭᠤᠸ᠎ᠠ ᠵᠢᠨ ᠬᠤᠪᠢ᠎ᠳᠤ ᠠᠪᠴᠤ ᠬᠡᠯᠡᠪᠡᠯ᠂ ᠨᠠᠭ᠎ᠠ ᠡᠵᠢ ᠨᠢ ᠦᠢᠯᠡ ᠤᠲᠠᠰᠤᠨ ᠳ᠋ᠥ ᠴᠠᠭᠠᠷᠠᠭᠰᠠᠨ ᠤᠷᠠᠨ ᠬᠦᠮᠦᠨ ᠪᠠᠢᠭᠰᠠᠨ ᠶᠤᠮ᠃ ᠥᠩᠭᠡᠷᠡᠭᠰᠡᠨ᠎ᠤ ᠠᠮᠢᠲᠤᠷᠠᠯ ᠬᠦᠴᠢᠷᠲᠡᠢ ᠴᠠᠭ ᠦᠶ᠎ᠠ᠎ᠳᠤ᠂ ᠲᠡᠬᠦᠨ᠎ᠤ ᠨᠠᠭ᠎ᠠ ᠡᠵᠢ ᠨᠢ ᠥᠭᠡᠳᠡᠰᠦ ᠵᠢ ᠵᠦᠢᠴᠢᠯᠡᠨ ᠬᠤᠪᠴᠠᠰᠤ ᠤᠶᠤᠵᠤ᠂ ᠬᠦᠷᠮ᠎ᠡ ᠵᠢᠨ ᠵᠠᠭᠠᠮ᠎ᠠ ᠬᠠᠨᠴᠤᠢ᠎ᠳᠤᠨᠢ ᠭᠣᠶ᠋ᠢᠳᠠ ᠰᠠᠶ᠋ᠢᠬᠠᠨ ᠬᠡ ᠤᠭᠠᠯᠵᠠ ᠬᠠᠳᠬᠤᠵᠤ ᠴᠢᠮᠡᠭ ᠪᠤᠯᠭᠠᠲᠠᠭ ᠨᠢ ᠨᠢᠯᠬ᠎ᠠ ᠪᠠᠯᠴᠢᠷ ᠨᠠᠷᠠᠩᠭᠤᠸ᠎ᠠ ᠵᠢᠨ ᠤᠭᠤᠷᠠᠭ ᠲᠡᠷᠢᠬᠢᠨ ᠳ᠋ᠥ ᠭᠦᠨ ᠰᠠᠭᠤᠭᠳᠠᠯ ᠦᠯᠡᠳᠡᠭᠡᠵᠡᠢ᠃ ᠬᠤᠷᠠᠭ᠎ᠠ ᠡᠷᠬᠢᠬᠦᠯᠲᠡᠭ ᠡᠴᠡ ᠪᠡᠨ ᠬᠤᠨᠢ ᠬᠠᠷᠢᠭᠤᠯᠲᠠᠭ ᠨᠠᠰᠤᠨ᠎ᠳᠤ ᠬᠦᠷᠴᠦ᠂ ᠬᠤᠷᠤᠭ᠎ᠠ ᠬᠤᠲᠠ ᠪᠡᠨ ᠮᠠᠨᠠᠭᠰᠠᠨ ᠪᠤᠲᠤᠯ ᠨᠢ ᠬᠤᠷᠸ᠎ᠠ ᠵᠢ ᠲᠡᠯᠡᠭᠰᠡᠨ ᠤᠬᠠᠭᠠᠨ ᠲᠡᠢ ᠪᠤᠯᠤᠭᠰᠠᠨ ᠵᠢᠡᠷ᠂ ᠨᠡᠨᠭ ᠴᠤ᠌ ᠨᠠᠭ᠎ᠠ ᠡᠵᠢ ᠵᠢᠨ ᠬᠢᠨᠢ ᠲᠡᠷᠡ ᠤᠯᠠᠨ ᠤᠷᠠᠨ ᠦᠢᠯᠡ᠂ ᠬᠠᠳᠬᠤᠮᠠᠯ ᠤ᠋ᠨ ᠵᠦᠢᠯᠡᠰ ᠨᠢ ᠨᠠᠷᠠᠩᠭᠤᠸ᠎ᠠ ᠵᠢᠨ ᠪᠤᠲᠤᠯ ᠳ᠋ᠥ ᠪᠠᠢᠩᠭᠤ ᠲᠤᠲᠤᠷᠠᠲᠠᠭ ᠡᠴᠡ ᠤᠷᠠᠳ ᠬᠠᠳᠬᠤᠮᠠᠯ ᠳ᠋ᠥ ᠲᠤᠷ᠎ᠠ ᠪᠠᠬ᠎ᠠ ᠲᠠᠢ ᠪᠤᠯᠵᠤ᠂ ᠵᠠᠪ ᠴᠢᠯᠦᠭᠡ ᠪᠡᠷ ᠵᠢᠡᠨ ᠤᠷᠠᠳ ᠬᠠᠳᠬᠤᠮᠠᠯ ᠢ᠋ ᠰᠤᠷᠴᠤ᠂ ᠦᠪᠡᠷ ᠢ᠋ ᠪᠡᠨ ᠪᠠᠶᠠᠰᠬᠠᠲᠠᠭ ᠪᠠᠢᠵᠠᠢ᠃
2015 ᠤᠨ ᠳ᠋ᠥ ᠨᠠᠷᠠᠨᠭᠭᠤᠸᠠ᠂ ᠠᠵᠠ᠎ᠪᠠᠷ ᠤᠷᠠᠳᠬᠠᠳᠬᠤᠮᠠᠯᠤᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠤᠯᠠᠮᠵᠢᠯᠠᠭ᠍ᠴᠢ ᠬᠠᠰᠬᠡᠷᠡᠯ ᠪᠠᠭ᠍ᠰᠢ᠎ᠶᠢᠨ ᠵᠢᠯᠣᠭᠣᠳᠣᠯᠭ᠎ᠠ᠎ᠶᠢ ᠣᠯᠵᠤ᠂ ᠤᠷᠠᠳ᠎ᠤᠨ ᠤᠯᠠᠮᠵᠢᠯᠠᠯᠲᠤ ᠬᠠᠳᠬᠤᠮᠠᠯᠢ ᠨᠠᠯᠢᠶᠡᠳ ᠰᠢᠰᠲᠸᠮ ᠲᠡᠢ ᠰᠤᠷᠴᠤ᠂ ᠤᠷᠠᠳ ᠬᠠᠳᠬᠤᠮᠠᠯ ᠢ᠋ ᠤᠯᠠᠮᠵᠢᠯᠠᠨ ᠬᠦᠭᠵᠢᠬᠦᠯᠬᠦ ᠲᠤᠰᠬᠠᠶ ᠮᠡᠷᠭᠡᠵᠢᠯ᠎ᠤᠨ ᠵᠠᠮ᠎ᠳᠤ ᠤᠷᠤᠭᠰᠠᠨ ᠪᠠᠶ᠋ᠢᠨ᠎ᠠ᠃ ᠡᠭᠦᠨ᠎ᠠᠴᠠ ᠡᠬᠢᠯᠡᠭᠡᠳ ᠨᠠᠷᠠᠩᠭᠤᠸ᠎ᠠ ᠵᠢᠨ ᠠᠪᠢᠶᠠᠰ ᠪᠢᠯᠢᠭ ᠨᠢ ᠬᠦᠢᠴᠡᠳ ᠪᠠᠲᠠᠷᠠᠵᠤ᠂ ᠠᠷᠪᠠᠨ ᠬᠤᠷᠤᠭᠤᠨ᠎ᠤ ᠪᠡᠨ ᠤᠷ᠎ᠠ ᠳᠠᠮ ᠵᠢᠡᠷ ᠤᠯᠠᠨ ᠰᠢᠯᠢᠲᠡᠭ ᠤᠷᠠᠳ ᠬᠠᠳᠬᠤᠮᠠᠯ ᠤ᠋ᠨ ᠪᠦᠲᠦᠭᠡᠯ ᠢ ᠵᠠᠯᠭᠠᠭ᠎ᠠ ᠪᠡᠷ ᠪᠦᠲᠦᠭᠡᠵᠦ᠂ ᠭᠡᠷᠡᠭᠯᠡᠭᠴᠢ ᠲᠦᠮᠡᠨ᠎ᠤ ᠪᠡᠨ ᠲᠠᠭᠠᠰᠢᠶᠠᠯ ᠳ᠋ᠥ ᠬᠦᠷᠦᠭᠰᠡᠨ ᠪᠠᠢᠨ᠎ᠠ᠃

ᠨᠠᠷᠠᠩᠭᠤᠸ᠎ᠠ ᠬᠠᠳᠬᠤᠮᠠᠯ ᠤ᠋ᠨ ᠤᠷ᠎ᠠ ᠮᠡᠷᠭᠡᠵᠢᠯ ᠵᠢᠡᠨ ᠴᠢᠨᠠᠭᠰᠢᠲᠠ ᠲᠡᠭᠡᠭᠰᠢᠯᠡᠬᠦᠯᠬᠦ ᠪᠡᠷ ᠤᠷᠤᠨ ᠨᠤᠲᠤᠭ ᠤ᠋ᠨ ᠬᠠᠳᠬᠤᠮᠠᠯᠴᠢᠨ ᠵᠢᠡᠷ ᠪᠠᠭ᠍ᠰᠢ ᠪᠠᠷᠢᠵᠤ ᠰᠤᠷᠬᠤ᠂ ᠪᠤᠲᠤᠯ ᠰᠠᠨᠠᠯ ᠲᠤᠷᠰᠢᠯᠭ᠎ᠠ ᠪᠡᠨ ᠰᠤᠯᠢᠯᠴᠠᠬᠤ ᠶ᠋ᠢᠨ ᠲᠠᠭᠠᠤ ᠰᠧᠴᠤᠸᠠᠨ᠂ ᠱᠧᠨᠵᠧᠨ᠂ ᠬᠥᠬᠡᠬᠣᠲᠠ ᠵᠡᠷᠭᠡ ᠭᠠᠵᠠᠷ᠎ᠲᠤ ᠬᠦᠷᠴᠦ ᠡᠯ᠎ᠡ ᠲᠦᠷᠦᠯ᠎ᠦᠨ ᠬᠠᠳᠬᠤᠮᠠᠯ᠎ᠤᠨ ᠪᠣᠯᠪᠠᠰᠤᠷᠠᠯ᠎ᠤᠨ ᠠᠩᠭᠢ᠂ ᠪᠣᠳᠠᠰ᠎ᠤᠨ ᠪᠤᠰᠤ ᠰᠣᠶᠣᠯ᠎ᠤᠨ ᠥᠪ᠎ᠤᠨ ᠤᠯᠠᠮᠵᠢᠯᠠᠭᠴᠢ᠎ᠵᠢᠨ ᠰᠤᠳᠤᠯᠤᠨ ᠰᠤᠷᠤᠯᠴᠠᠬᠤ ᠪᠣᠯᠪᠠᠰᠤᠷᠠᠯ᠎ᠤᠨ ᠠᠩᠭᠢ ᠵᠡᠷᠭᠡ᠎ᠳᠤ ᠢᠲᠡᠪᠬᠢᠲᠡᠢ ᠤᠷᠤᠯᠴᠠᠨ᠂ ᠡᠯ᠎ᠡ ᠭᠠᠵᠠᠷ᠎ᠤᠨ ᠬᠠᠳᠬᠤᠮᠠᠯ᠎ᠤᠨ ᠰᠢᠨ᠎ᠡ ᠠᠷᠭ᠎ᠠ᠎ᠶᠢ ᠰᠤᠷᠤᠯᠴᠠᠵᠤ᠂ ᠬᠠᠷᠠᠭ᠎ᠠ᠎ᠪᠠᠨ ᠦᠷᠭᠡᠳᠭᠡᠨ᠂ ᠤᠷ᠎ᠠ ᠮᠡᠷᠭᠡᠵᠢᠯ ᠵᠢᠡᠨ ᠲᠡᠭᠡᠭᠰᠢᠯᠡᠬᠦᠯᠵᠡᠢ᠃ ᠬᠠᠮᠠᠭᠠᠯᠠᠵᠤ ᠤᠯᠠᠮᠵᠢᠯᠠᠬᠤ ᠠᠵᠢᠯ᠎ᠢ ᠰᠠᠢᠲᠤᠷ ᠬᠢᠭᠰᠡᠨ ᠰᠠᠭᠤᠷᠢᠨ ᠳᠡᠭᠡᠷ᠎ᠡ᠂ ᠨᠠᠷᠠᠩᠭᠤᠸ᠎ᠠ ᠰᠢᠨ᠎ᠡ᠎ᠶᠢ ᠡᠭᠦᠳᠬᠦ ᠵᠠᠮ᠎ᠢᠶᠠᠷ ᠲᠠᠰᠤᠷᠠᠯᠳᠡ ᠦᠭᠡᠢ ᠵᠠᠮᠨᠠᠵᠤ᠂ ᠤᠷᠠᠳ ᠬᠠᠳᠬᠤᠮᠠᠯ ᠪᠣᠯᠣᠨ ᠠᠷᠠᠰᠤ᠂ ᠢᠰᠡᠭᠡᠢ᠂ ᠮᠥᠩᠭᠥ ᠵᠡᠷᠭᠡ᠎ᠶᠢ ᠠᠭᠤᠰᠤᠯᠴᠠᠭᠤᠯᠤᠨ ᠰᠢᠨ᠎ᠡ ᠮᠠᠶᠢᠭ᠋᠎ᠤᠨ ᠵᠠᠰᠠᠯ ᠴᠢᠮᠡᠭᠯᠡᠯ᠂ ᠡᠳᠦᠷ ᠳᠤᠳᠤᠮ᠎ᠤᠨ ᠡᠳ᠋ᠯᠡᠯ ᠬᠡᠷᠡᠭᠰᠡᠯ᠂ ᠬᠤᠷᠢᠮ᠎ᠤᠨ ᠵᠠᠰᠠᠯ ᠵᠢᠮᠰᠡᠭ᠂ ᠭᠠᠷ ᠨᠡᠬᠡᠮᠡᠯ ᠵᠡᠷᠭᠡ ᠭᠠᠷ ᠤᠷᠠᠯᠠᠯ᠎ᠤᠨ ᠡᠳ᠋ᠯᠡᠯ᠎ᠢ ᠦᠢᠯᠡᠳᠴᠦ᠂ ᠡᠳᠡᠭᠡᠷ ᠪᠦᠲᠦᠭᠡᠭᠳᠡᠬᠦᠨ ᠨᠢ ᠥᠩᠭᠡ ᠬᠤᠷᠴᠠ ᠲᠤᠲᠤ᠂ ᠵᠢᠷᠤᠭ᠎ᠤᠨ ᠪᠦᠲᠦᠴᠡ ᠨᠢ ᠨᠠᠷᠢᠯᠢᠭ᠋ ᠰᠠᠢᠬᠠᠨ᠂ ᠦᠨᠳᠦᠰᠦᠲᠡᠨ᠎ᠦ ᠣᠨᠴᠠᠯᠢᠭ᠋᠎ᠲᠠᠢ ᠪᠥᠭᠡᠳ ᠴᠠᠭ ᠦᠶ᠎ᠡ᠎ᠶᠢᠨ ᠤᠨᠴᠠᠯᠢᠭ᠋ ᠢ᠋ ᠰᠢᠩᠭᠡᠭᠡᠵᠡᠢ᠃ ᠬᠠᠳᠬᠤᠮᠠᠯ ᠪᠠ ᠭᠠᠷ ᠤᠷᠠᠯᠠᠯ᠎ᠤᠨ ᠮᠥᠩᠭᠥᠨ ᠴᠢᠮᠡᠭᠯᠡᠯ ᠢ᠋ ᠲᠡᠭᠦᠰ ᠰᠠᠢᠬᠠᠨ ᠤᠶᠠᠯᠳᠤᠭᠤᠯᠤᠭᠰᠠᠨ ᠡᠷᠪᠡᠬᠡᠢ ᠵᠢᠨ ᠰᠢᠷᠢᠰ ᠪᠦᠲᠦᠭᠡᠯ᠂ ᠥᠯᠵᠡᠢᠲᠦ ᠲᠤᠭᠤᠷ᠎ᠤᠨ ᠰᠢᠷᠢᠰ ᠵᠠᠰᠠᠯ ᠵᠢᠮᠰᠡᠭ ᠨᠢ ᠬᠥᠬᠡᠨᠠᠭᠤᠷ᠂ ᠭᠠᠨᠰᠤ᠂ ᠬᠥᠯᠥᠨ ᠪᠣᠶ᠋ᠢᠷ᠂ ᠰᠢᠯᠢ ᠶ᠋ᠢᠨ ᠭᠣᠣᠯ ᠠᠢᠮᠠᠭ᠂ ᠬᠢᠩᠭᠠᠨ ᠠᠢᠮᠠᠭ ᠵᠡᠷᠭᠡ ᠭᠠᠵᠠᠷ᠎ᠤᠨ ᠭᠡᠷᠡᠭᠯᠡᠭᠴᠢᠳ ᠲᠣ᠌ ᠲᠠᠭᠠᠰᠢᠶᠠᠭᠲᠠᠵᠤ᠂ ᠢᠯᠠᠩᠭᠤᠶ᠎ᠠ ᠭᠠᠷ ᠤᠷᠠᠯᠠᠯ᠎ᠤᠨ ᠨᠡᠬᠡᠮᠡᠯ᠎ᠦᠨ ᠪᠠᠭᠤᠪᠴᠢ ᠨᠢ ᠶᠠᠫᠤᠨᠴᠤᠳ᠎ᠤᠨ ᠬᠦᠷᠢᠶᠡᠯᠡᠯ ᠢ᠋ ᠣᠯᠵᠤ᠂ ᠪᠣᠷᠣᠯᠠᠭᠤᠯᠭ᠎ᠠ ᠶ᠋ᠢᠨ ᠬᠡᠮᠵᠢᠶ᠎ᠡ ᠨᠢ ᠨᠢᠭᠡᠨᠲᠡ ᠠᠷᠪᠠᠨ ᠲᠦᠮᠡ ᠭᠠᠷᠤᠢ ᠲᠥᠭᠥᠷᠢᠭ᠎ᠲᠦ ᠬᠦᠷᠴᠡᠢ᠃
ᠤᠯᠠᠮᠵᠢᠯᠠᠯᠲᠤ ᠭᠠᠷ ᠤᠷᠠᠯᠠᠯ᠎ᠤᠨ ᠰᠣᠶᠣᠯ᠎ᠢ ᠤᠯᠠᠮᠵᠢᠯᠠᠨ ᠵᠠᠯᠭᠠᠮᠵᠢᠯᠠᠬᠤ ᠪᠠ ᠨᠤᠲᠤᠭ᠎ᠤᠨ ᠮᠠᠯᠴᠢᠨ ᠲᠠᠷᠢᠶᠠᠴᠢᠨ᠎ᠤ ᠣᠷᠣᠯᠭ᠎ᠠ᠎ᠶᠢ ᠨᠡᠮᠡᠭᠲᠡᠬᠦᠯᠬᠦ ᠵᠣᠷᠢᠯᠲᠠ᠎ᠪᠠᠷ᠂ 2021 ᠣᠨ᠎ᠤ 3 ᠰᠠᠷ᠎ᠠ᠎ᠳᠤ᠂ ᠨᠠᠷᠠᠩᠭᠤᠸ᠎ᠠ ᠲᠤᠬᠠᠢ᠎ᠶᠢᠨ ᠭᠠᠵᠠᠷ᠎ᠤᠨ ᠭᠠᠷ ᠤᠷᠠᠯᠠᠯ ᠤᠨ ᠳᠤᠷ᠎ᠠ ᠪᠠᠬᠠᠳᠠᠨᠢ ᠳᠠᠭᠠᠭᠤᠯᠤᠨ ᠤᠷᠠᠳ᠎ᠤᠨ ᠳᠤᠮᠳᠠᠳᠤ ᠬᠣᠰᠢᠭᠤᠨ᠎ᠤ ᠴᠤᠩᠵᠢ ᠰᠤᠮᠤᠨ᠎ᠤ ᠤᠯᠠᠮᠵᠢᠯᠠᠯᠲᠤ ᠭᠠᠷ ᠤᠷᠠᠯᠠᠯ᠎ᠤᠨ ᠠᠵᠤ ᠦᠢᠯᠡᠰ᠎ᠦᠨ ᠲᠤᠭᠤᠷᠢᠭ᠋ ᠲᠣ᠌ ᠤᠷᠠᠳ᠎ᠤᠨ ᠳᠤᠮᠳᠠᠳᠤ ᠬᠣᠰᠢᠭᠤᠨ᠎ᠤ 《ᠤᠷᠠᠨᠴᠤᠳ ᠭᠠᠷ ᠤᠷᠠᠯᠠᠯ᠎ᠤᠨ ᠲᠤᠰᠬᠠᠢ ᠬᠤᠷᠰᠢᠶ᠎ᠠ》ᠵᠢ ᠪᠠᠢᠭᠤᠯᠵᠤ᠂ 36 ᠭᠡᠰᠢᠬᠦᠨ ᠲᠡᠢ ᠪᠤᠯᠪᠠ᠃ ᠡᠬᠦᠨ ᠳ᠋ᠥ ᠬᠤᠲᠠ ᠵᠢᠨ ᠲᠡᠰ ᠤ᠋ᠨ ᠪᠤᠲᠠᠰ ᠤ᠋ᠨ ᠪᠤᠰᠤ ᠦᠪ ᠰᠤᠶᠤᠯ ᠤ᠋ᠨ ᠤᠯᠠᠮᠵᠢᠯᠠᠭᠴᠢ 3 ᠬᠦᠮᠦᠨ᠂ ᠬᠤᠰᠢᠭᠤᠨ᠎ᠤ ᠲᠡᠰ ᠤ᠋ᠨ ᠪᠤᠲᠠᠰ ᠤ᠋ᠨ ᠪᠤᠰᠤ ᠦᠪ ᠰᠤᠶᠤᠯ ᠤ᠋ᠨ ᠤᠯᠠᠮᠵᠢᠯᠠᠭᠴᠢ 1 ᠬᠦᠮᠦᠨ ᠪᠤᠢ᠃ ᠲᠡᠷᠡ ᠪᠠᠰᠠ ᠤᠷᠠᠳᠬᠠᠳᠬᠤᠮᠠᠯᠤᠨ ᠪᠣᠯᠪᠠᠰᠤᠷᠠᠯ᠎ᠤᠨ ᠠᠩᠭᠢ᠎ᠶᠢ ᠭᠡᠲᠦᠨ ᠤᠲᠠᠭ᠎ᠠ ᠵᠣᠬᠢᠶᠠᠨ ᠪᠠᠢᠭᠤᠯᠤᠨ ᠡᠷᠭᠢᠯᠡᠵᠦ᠂ ᠨᠠᠩ ᠣᠯᠠᠨ ᠬᠥᠮᠥᠰ᠎ᠢ ᠤᠷᠠᠳ ᠬᠠᠳᠬᠤᠮᠠᠯ᠎ᠳᠤ ᠣᠷᠣᠯᠴᠠᠭᠤᠯᠵᠤ ᠲᠠᠨᠢᠭᠤᠯᠤᠭᠰᠠᠨ ᠪᠥᠭᠡᠳ ᠲᠣᠰ ᠠᠵᠤ ᠦᠢᠯᠡᠰ᠎ᠢ ᠬᠥᠭᠵᠢᠭᠦᠯᠦᠭᠰᠠᠨ ᠪᠠᠢᠨ᠎ᠠ᠃ ᠪᠠᠶᠠᠠᠠᠤᠯᠠᠭᠠᠨ ᠰᠤᠮᠤ ᠪᠡᠷ ᠨᠤᠲᠤᠭ ᠲᠡᠢ ᠰᠤᠷᠤᠯᠭᠠᠲᠠᠨ ᠲᠤᠩᠭᠠᠯᠠᠭ᠄ 《ᠪᠢ ᠪᠤᠯ 〈ᠣᠷᠠᠨᠴᠣᠳ〉 ᠭᠠᠷ ᠤᠷᠠᠯᠠᠯ᠎ᠤᠨ ᠬᠤᠷᠰᠢᠶ᠎ᠠ ᠵᠢᠨ ᠭᠡᠰᠢᠭᠥᠨ᠂ ᠡᠨᠳᠡ ᠰᠣᠷᠣᠯᠴᠠᠭᠠᠳ ᠵᠢᠯ ᠭᠠᠷᠣᠢ ᠪᠣᠯᠵᠥ ᠪᠠᠢᠨ᠎ᠠ᠃ ᠬᠠᠳᠬᠤᠮᠡᠯ ᠤᠷᠠᠯᠡᠯᠢ ᠦᠨᠡᠨ ᠪᠠᠬᠠᠷᠬᠠᠵᠦ ᠲᠤᠭᠤᠵᠥ ᠰᠣᠷᠣᠶ᠎ᠠ ᠭᠡᠳ ᠴᠢᠷᠮᠠᠢᠭᠰᠠᠨ ᠶᠤᠮ᠃ ᠮᠥᠨᠴᠥ ᠮᠠᠨ᠎ᠤ ᠮᠠᠯᠴᠢᠳ ᠪᠤᠯᠤᠨ ᠬᠤᠰᠢᠭᠤᠨ ᠲᠦᠪ ᠲᠣ᠌ ᠬᠡᠤᠬᠡᠳ᠎ᠢᠶᠠᠨ ᠬᠠᠷᠠᠭᠰᠠᠨ ᠡᠵᠢ ᠨᠠᠷ᠂ ᠥᠪᠡᠷ᠎ᠦᠨ ᠰᠣᠯᠠ ᠰᠡᠯᠡᠭᠥᠥ ᠴᠠᠭ᠎ᠢᠶᠠᠷ ᠠᠵᠢᠯ᠎ᠢᠶᠠᠨ ᠪᠤᠯᠭᠠᠨ ᠬᠢᠵᠥ ᠪᠤᠯᠬᠤ ᠵᠢ ᠮᠡᠳᠡᠯ᠎ᠠ》 ᠭᠡᠪᠡ᠃ᠡᠬᠦᠨ᠎ᠤ ᠲᠠᠭᠠᠤ᠂ ᠬᠥᠬᠡᠬᠣᠲᠠ ᠵᠢᠨ ᠰᠠᠢᠬᠠᠨ ᠲᠤᠭᠤᠷᠢᠭ᠋ ᠲᠣ᠌ 《ᠣᠷᠠᠨᠴᠣᠳ》 ᠤᠯᠠᠮᠵᠢᠯᠠᠯᠲᠤ ᠭᠠᠷ ᠤᠷᠠᠯᠠᠯ ᠤ᠋ᠨ ᠤᠷ᠎ᠠ ᠮᠡᠷᠭᠡᠵᠢᠯ ᠤ᠋ᠨ ᠠᠵᠢᠯᠯᠠᠬᠤ ᠦᠷᠦᠭᠡ ᠪᠡᠨ ᠪᠠᠢᠭᠤᠯᠵᠤ᠂ ᠮᠠᠰᠢ ᠣᠯᠠᠨ ᠳ᠋ᠣᠺᠲ᠋ᠣᠷ ᠠᠰᠫᠢᠷᠠᠨᠲ᠎ᠢᠶᠠᠷ ᠰᠤᠷᠤᠯᠴᠠᠵᠤ ᠪᠠᠢᠭ᠎ᠠ ᠤᠶᠤᠲᠠᠨ ᠵᠡᠷᠭᠡ ᠵᠠᠯᠠᠭᠤᠴᠤᠳ ᠪᠠᠭᠠᠴᠤᠳ ᠲᠣ᠌ ᠤᠷᠠᠳ ᠬᠠᠳᠬᠤᠮᠠᠯ ᠢ᠋ ᠤᠯᠠᠮᠵᠢᠯᠠᠨ ᠵᠢᠭᠠᠭᠠᠳ ᠠᠮᠵᠢᠯᠲᠠ ᠤᠯᠵᠡᠢ᠃

ᠴᠢᠷᠮᠠᠢᠯᠭ᠎ᠠ ᠵᠢᠨ ᠦᠵᠦᠬᠦᠷ ᠲᠣ᠌ ᠠᠮᠵᠢᠯᠲᠠ ᠰᠦᠮᠪᠦᠷᠯᠡᠲᠡᠭ ᠤᠴᠢᠷ᠎ᠲᠠᠢ᠃ ᠨᠠᠷᠠᠩᠭᠤᠸ᠎ᠠ ᠡᠳᠦᠬᠡ 《ᠦᠪᠦᠷ ᠮᠤᠩᠭᠤᠯ ᠤ᠋ᠨ 〈ᠤᠷᠠᠠᠴᠤᠳ〉 ᠰᠤᠶᠤᠯ ᠤ᠋ᠨ ᠠᠵᠤ ᠦᠢᠯᠡᠰ ᠤ᠋ᠨ ᠬᠢᠵᠠᠭᠠᠷᠲᠤ ᠺᠤᠮᠫᠠᠨᠢ》 ᠪᠡᠨ ᠪᠠᠢᠭᠤᠯᠤᠭᠰᠠᠨ ᠳᠡᠳᠦᠢ ᠦᠬᠡᠢ ᠳᠤᠮᠳᠠᠳᠤ ᠤᠯᠤᠰ᠎ᠤᠨ ᠭᠠᠷ ᠤᠷᠠᠯᠠᠯ᠎ᠤᠨ ᠡᠷᠳᠡᠮ ᠰᠢᠨᠵᠢᠯᠡᠭᠡᠨ᠎ᠦ ᠨᠡᠢᠭᠡᠮᠯᠢᠭ᠎ᠦᠨ ᠬᠠᠳᠬᠤᠮᠠᠯ᠎ᠤᠨ ᠤᠷᠠᠯᠢᠭ᠋᠎ᠤᠨ ᠲᠤᠰᠬᠠᠢ ᠵᠥᠪᠯᠡᠯ᠎ᠦᠨ ᠭᠡᠰᠢᠭᠦᠨ᠂ ᠪᠠᠶᠠᠨᠨᠠᠭᠤᠷ ᠬᠤᠳᠠ᠎ᠶᠢᠨ ᠪᠣᠳᠠᠰ᠎ᠤᠨ ᠪᠤᠰᠤ ᠥᠪ᠎ᠦᠨ ᠲᠦᠷᠦᠯ ᠵᠦᠢᠯ᠎ᠦᠨ ᠤᠷᠠᠳ ᠬᠠᠳᠬᠤᠮᠠᠯ᠎ᠤᠨ ᠤᠯᠠᠮᠵᠢᠯᠠᠭ᠍ᠴᠢ ᠵᠡᠷᠭᠡ ᠨᠡᠢᠭᠡᠮ ᠤ᠋ᠨ ᠲᠤᠰᠢᠶᠠᠯ᠎ᠢ ᠡᠬᠦᠷᠬᠡᠯᠡᠵᠦ ᠪᠠᠢᠨ᠎ᠠ᠃ ᠡᠨᠡ ᠬᠡᠳᠦᠨ ᠵᠢᠯ᠎ᠳᠦ᠂ ᠨᠠᠷᠠᠩᠭᠤᠸ᠎ᠠ ᠤᠷᠠᠳ ᠬᠠᠳᠬᠤᠮᠠᠯ᠎ᠤᠨ ᠪᠦᠲᠦᠭᠡᠯ ᠵᠢᠡᠷ ᠵᠢᠡᠨ ᠪᠦᠬᠦ ᠤᠯᠤᠰ᠎ᠤᠨ ᠭᠠᠷ ᠤᠷᠠᠯᠠᠯ᠎ᠤᠨ ᠡᠯ᠎ᠡ ᠲᠦᠷᠦᠯ᠎ᠦᠨ ᠤᠷᠤᠯᠳᠤᠭᠠᠨ᠎ᠳᠤ ᠤᠯᠠᠨᠲᠠ ᠱᠠᠩᠨᠠᠯ ᠬᠦᠷᠲᠡᠵᠡᠢ᠃ 2020 ᠣᠨ᠎ᠤ ᠠᠩᠬᠠᠳᠠᠭ᠍ᠴᠢ ᠪᠥᠬᠥ ᠤᠯᠤᠰ᠎ᠤᠨ ᠭᠠᠷ ᠤᠷᠠᠯᠠᠯ᠎ᠤᠨ ᠤᠷᠤᠯᠳᠤᠭᠠᠨ᠎ᠳᠤ 《ᠰᠤᠲᠤᠨ ᠤᠷᠠᠨ ᠪᠦᠲᠦᠭᠡᠯ ᠤ᠋ᠨ ᠱᠠᠩᠨᠠᠯ》 ᠬᠦᠷᠲᠡᠵᠦ᠂ 2021 ᠣᠨ᠎ᠤ 7 ᠰᠠᠷ᠎ᠠ᠎ᠳᠤ ᠬᠣᠶᠠᠳᠤᠭᠠᠷ ᠬᠤᠭᠤᠴᠠᠭᠠᠨ᠎ᠤ ᠳᠤᠮᠳᠠᠳᠤ ᠤᠯᠤᠰ᠎ᠤᠨ ᠡᠮᠡᠭᠲᠡᠢᠴᠦᠳ᠎ᠦᠨ ᠭᠠᠷ ᠤᠷᠠᠯᠠᠯ᠎ᠤᠨ ᠰᠢᠨ᠎ᠡ᠎ᠶᠢ ᠡᠭᠦᠳᠬᠦ ᠦᠢᠯᠡᠰ ᠪᠤᠰᠬᠠᠬᠤ ᠤᠷᠤᠯᠳᠤᠭᠠᠨ᠎ᠳᠤ ᠤᠯᠠᠮᠵᠢᠯᠠᠭᠴᠢ ᠵᠢᠨ ᠱᠠᠩᠨᠠᠯ ᠵᠢᠴᠢ ᠰᠢᠯᠢᠳᠡᠭ ᠱᠠᠩᠨᠠᠯ ᠭᠥᠷᠳᠡᠭᠰᠡᠨ ᠪᠥᠭᠡᠳ ᠪᠥᠬᠥ ᠤᠯᠤᠰ᠎ᠤᠨ ᠵᠠᠭᠤᠨ ᠬᠦᠴᠦᠷᠬᠡᠭ᠎ᠤᠨ ᠨᠡᠮᠡᠯᠲᠡ ᠤᠷᠤᠯᠳᠤᠭᠠᠨ᠎ᠳᠤ ᠣᠷᠤᠯᠴᠠᠬᠤ ᠬᠢᠷᠢ ᠬᠡᠮ ᠢ᠋ ᠣᠯᠣᠭᠰᠠᠨ ᠪᠠᠢᠨ᠎ᠠ᠃ ᠲᠡᠷᠡ ᠪᠠᠰᠠ ᠪᠦᠬᠦ ᠤᠯᠤᠰ᠎ᠤᠨ ᠬᠥᠳᠡᠭᠡ ᠠᠵᠤ ᠠᠬᠤᠢ᠎ᠶᠢᠨ ᠶᠠᠮᠤᠨ᠎ᠤ ᠬᠡᠪᠯᠡᠨ ᠲᠠᠷᠬᠠᠭᠠᠭᠰᠠᠨ 《ᠬᠥᠳᠡᠭᠡ ᠲᠣᠰᠬᠣᠨ᠎ᠤ ᠣᠨᠴᠠᠯᠢᠭ᠍ᠲᠤ ᠭᠠᠷ ᠦᠢᠯᠡᠳᠬᠡᠯᠢ ᠬᠥᠭᠵᠢᠭᠦᠯᠵᠦ ᠠᠵᠢᠯ ᠣᠯᠭᠣᠯᠲᠠ᠎ᠶᠢ ᠲᠠᠢ᠍ᠢᠴᠢᠯᠠᠨ ᠶᠠᠳᠠᠭᠤ᠎ᠶᠢ ᠲᠡᠳᠬᠦᠵᠦ ᠣᠷᠣᠯᠭ᠎ᠠ᠎ᠶᠢᠨ ᠨᠡᠮᠡᠭᠳᠡᠯ᠎ᠢ ᠠᠬᠢᠭᠤᠯᠤᠶ᠎ᠠ》 ᠭᠡᠬᠦ ᠨᠣᠮ᠎ᠳᠤ ᠰᠤᠩᠭᠤᠭᠲᠠᠨ ᠤᠷᠤᠵᠠᠢ᠃ ᠨᠠᠷᠠᠩᠭᠤᠸ᠎ᠠ᠄《ᠤᠷᠠᠳ ᠬᠠᠳᠬᠤᠮᠠᠯ᠎ᠢᠶᠠᠨ ᠤᠯᠠᠮ ᠰᠠᠢᠬᠠᠨ ᠲᠡᠯᠭᠡᠷᠡᠬᠦᠯᠦᠨ ᠣᠯᠠᠮᠵᠢᠯᠠᠵᠥ᠂ ᠤᠷᠠᠳ ᠬᠠᠳᠬᠤᠮᠠᠯ᠎ᠤᠨ ᠰᠠᠢᠬᠠᠨ ᠭᠤᠶᠤᠯᠠᠯᠢ ᠮᠠᠨ᠎ᠤ ᠶᠡᠷᠥ᠎ᠶᠢᠨ ᠢᠰᠡᠭᠡᠢ ᠤᠷᠠᠯᠠᠯ᠂ ᠠᠷᠠᠰᠣᠨ ᠤᠷᠠᠯᠠᠯ᠂ ᠮᠥᠡᠭᠭᠥᠨ ᠭᠤᠶᠤᠯᠠᠯ ᠲᠠᠢ ᠤᠶᠠᠯᠲᠤᠭᠤᠯᠤᠨ ᠨᠢᠭᠡᠳᠭᠡᠭᠡᠳ ᠬᠥᠭᠵᠢᠭᠥᠯᠵᠥ᠂ ᠤᠯᠠᠮ ᠠᠷᠪᠢᠨ ᠬᠥᠮᠥᠰ᠎ᠲᠤ ᠳᠠᠨᠢᠭᠤᠯᠵᠥ ᠮᠡᠳᠡᠭᠥᠯᠬᠥ ᠭᠡᠰᠡᠨ ᠵᠤᠷᠢᠯᠭᠠᠵᠢᠠ ᠳᠠᠭᠠᠤ ᠦᠷᠬᠦᠯᠵᠢᠯᠡᠨ ᠠᠵᠢᠯᠯᠠᠭᠠᠳ ᠶᠠᠪᠣᠨ᠎ᠠ》 ᠭᠡᠵᠤ ᠤᠮᠤᠭ ᠲᠡᠬᠦᠯᠲᠡᠷ ᠭᠡᠯᠡᠯ᠎ᠡ᠃
ᠢᠷᠡᠯᠲᠡ᠄ ᠣᠷᠠᠳ ᠤ᠋ᠨ ᠳᠣᠮᠳᠠᠳᠣ᠌ ᠬᠣᠰᠢᠭᠣᠨ ᠤ᠋ ᠬᠠᠮ ᠵᠠᠭᠣᠴᠢᠯᠠᠭᠣᠷ ᠤ᠋ᠨ ᠲᠦᠪ