
ᠮᠣᠩᠭᠣᠯ ᠦᠨᠳᠦᠰᠦᠲᠡᠨᠤ ᠬᠠᠳᠬᠤᠮᠠᠯ ᠪᠣᠯ ᠣᠷᠳᠣ᠌ ᠬᠤᠭᠤᠴᠠᠭᠠᠨᠤ ᠦᠢᠯᠡᠳᠪᠦᠷᠢᠯᠡᠯ ᠠᠮᠢᠳᠤᠷᠠᠯᠤᠨ ᠳᠤᠮᠳᠠ ᠪᠣᠶ ᠪᠣᠯᠤᠭᠰᠠᠨ ᠦᠪᠡᠷᠮᠢᠴᠡ ᠰᠤᠶᠤᠯ ᠪᠣᠯᠤᠨ᠎ᠠ᠃ ᠮᠣᠩᠭᠣᠯ ᠦᠨᠳᠦᠰᠦᠲᠡᠨᠤ ᠬᠠᠳᠬᠤᠮᠠᠯᠤᠨ ᠤᠷᠠᠯᠢᠭ᠋ᠨᠢ ᠲᠥᠪ ᠬᠢᠴᠢᠶᠡᠩᠭᠦᠶ ᠪᠣᠷᠣᠭᠵᠢᠭᠤᠨ ᠪᠠᠶ᠋ᠢᠳᠠᠭᠢᠶᠠᠷᠢᠶᠠᠨ ᠤᠷᠤᠢᠯᠠᠵᠤ᠂ 2008 ᠣᠨᠳᠤ᠂ ᠳᠤᠮᠳᠠᠳᠤ ᠤᠯᠤᠰᠤᠨ ᠬᠣᠶᠠᠳᠤᠭᠠᠷ ᠪᠦᠯᠦᠭᠤᠨ ᠤᠯᠤᠰᠤᠨ ᠳᠡᠰᠤᠨ ᠪᠣᠳᠠᠰᠤᠨ ᠪᠤᠰᠤ ᠰᠣᠶᠣᠯᠤᠨ ᠥᠪᠲᠤ ᠪᠦᠷᠢᠳᠬᠡᠭᠳᠠᠪᠠ᠃
ᠤᠷᠠᠳ ᠬᠠᠳᠬᠤᠮᠠᠯᠨᠢ ᠮᠣᠩᠭᠣᠯ ᠦᠨᠳᠦᠰᠦᠲᠡᠨᠤ ᠬᠠᠳᠬᠤᠮᠠᠯᠤᠨ ᠳᠦᠷᠦᠯᠤᠨ ᠨᠢᠭᠡ ᠪᠣᠯᠤᠭᠰᠠᠨᠤ ᠬᠤᠪᠢᠳᠤ᠂ ᠤᠷᠠᠳ ᠠᠶ᠋ᠢᠮᠠᠭᠤᠨ ᠨᠡᠭᠦᠳᠡᠯ ᠮᠠᠯᠵᠢᠯᠤᠨ ᠠᠵᠤ ᠠᠬᠤᠶᠶᠢᠨ ᠬᠥᠭᠵᠢᠯᠲᠡ᠂ ᠱᠠᠰᠢᠨ ᠰᠢᠲᠦᠯᠭᠡᠶᠢᠨ ᠨᠥᠯᠥᠭᠡ᠂ ᠰᠣᠶᠣᠯᠤᠨ ᠠᠭᠤᠰᠤᠯᠴᠠᠯ ᠵᠢᠴᠢ ᠲᠠᠰᠤᠷᠠᠯᠲᠠ ᠦᠭᠡᠶ ᠬᠦᠭᠵᠢᠨ ᠬᠤᠪᠢᠷᠠᠵᠤ ᠪᠠᠶ᠋ᠢᠭ᠎ᠠ ᠠᠷᠠᠳᠤᠨ ᠵᠠᠩ ᠦᠢᠯᠡᠶᠢᠨ ᠰᠣᠶᠣᠯᠢ ᠳᠠᠭᠠᠯᠳᠤᠨ ᠲᠠᠰᠤᠷᠠᠯᠲᠠ ᠦᠭᠡᠶ ᠬᠥᠭᠵᠢᠵᠦ᠂ ᠤᠷᠠᠳ ᠬᠠᠳᠬᠤᠮᠠᠯᠤᠨ ᠥᠪᠡᠷᠮᠢᠴᠡ ᠣᠨᠴᠠᠯᠢᠭ᠋ᠨᠢ ᠭᠡᠪ ᠨᠠᠭᠠᠵᠤ ᠰᠠᠮᠨᠠᠵᠤ ᠬᠠᠳᠬᠤᠬᠤ᠂ ᠲᠤᠬᠤᠵᠤ ᠬᠠᠳᠬᠤᠬᠤ᠂ ᠵᠢᠰᠢᠬᠦᠤ ᠬᠠᠳᠬᠤᠬᠤ ᠵᠢᠴᠢ ᠶᠡᠷᠦᠩᠭᠡᠢᠯᠡᠭᠰᠡᠨ ᠬᠠᠳᠬᠤᠮᠠᠯ ᠤ᠋ᠨ ᠲᠦᠷᠦᠯ ᠵᠦᠢᠯ ᠲᠡᠭᠡᠷ᠎ᠡ ᠤᠨᠴᠠᠭᠠᠢ ᠢᠯᠡᠷᠡᠵᠦ ᠪᠠᠢᠲᠠᠭ᠃ ᠬᠠᠳᠬᠤᠮᠠᠯᠨᠢ ᠵᠦᠪᠬᠡᠨ ᠪᠥᠰ ᠳᠡᠭᠡᠷ᠎ᠡ ᠬᠠᠳᠬᠤᠬᠤᠪᠢᠰᠢ᠂ ᠪᠠᠰᠠ ᠲᠡᠮᠡᠭᠡᠨ ᠨᠣᠤᠰᠣᠨᠤ ᠤᠲᠠᠰᠤ᠂ ᠦᠬᠡᠷᠤᠨ ᠰᠢᠷᠪᠥᠰᠥ ᠪᠠᠷ ᠬᠣᠨᠢᠨ ᠢᠰᠡᠭᠡᠶ᠂ ᠠᠷᠠᠰᠤᠨ ᠭᠤᠲᠤᠯ ᠵᠡᠷᠭᠡ ᠳᠡᠭᠡᠷ᠎ᠡ ᠬᠠᠳᠬᠤᠵᠦ ᠪᠤᠯᠳᠠᠭ᠃ ᠤᠷᠠᠳ ᠬᠠᠳᠬᠤᠮᠠᠯ ᠨᠢ ᠰᠡᠳᠦᠪᠯᠡᠬᠦᠨᠤ ᠬᠤᠪᠢᠳᠤ᠂ ᠠᠭᠤᠯᠠ ᠤᠰᠤ᠂ ᠴᠡᠴᠡᠭ ᠨᠠᠪᠴᠢ᠂ ᠠᠮᠢᠲᠠᠨ ᠤᠷᠭᠤᠮᠠᠯ ᠵᠡᠷᠭᠡ ᠵᠢᠨ ᠵᠢᠷᠤᠭ ᠢ᠋ ᠤᠷᠠᠯᠢᠭ᠋ ᠤ᠋ᠨ ᠬᠠᠷᠠᠭᠠᠰᠤ ᠪᠡᠷ ᠴᠢᠳᠠᠮᠠᠭᠠᠶ ᠭᠡᠷᠡᠭᠯᠡᠵᠦ᠂ ᠥᠩᠭᠡ ᠪᠤᠳᠤᠭ ᠤ᠋ᠨ ᠲᠠᠯ᠎ᠠ ᠳ᠋ᠥ ᠡᠭᠡ ᠪᠠᠢᠭᠠᠯᠢ ᠲᠡᠢ ᠪᠠᠨ ᠤᠶᠠᠯᠳᠤᠭᠰᠠᠨ ᠵᠢᠡᠷ ᠡᠲᠦᠷ ᠲᠤᠲᠤᠮ ᠤ᠋ᠨ ᠠᠮᠢᠲᠤᠷᠠᠯ ᠲᠤᠮᠲᠠ ᠴᠢᠮᠡᠭ ᠵᠠᠰᠠᠯ ᠪᠤᠯᠭᠠᠵᠤ ᠡᠳ᠋ᠯᠡᠬᠦ ᠳ᠋ᠥ ᠲᠤᠯᠠᠭᠠᠨ ᠲᠤᠲᠤᠨᠤ ᠰᠠᠨᠠᠭᠲᠠᠲᠠᠭ᠃ ᠤᠷᠠᠳ ᠬᠠᠳᠬᠤᠮᠠᠯ ᠤ᠋ᠨ ᠲᠤᠪᠤᠢᠭᠰᠠᠨ ᠤᠨᠴᠠᠯᠢᠭ᠋ ᠨᠢ ᠤᠲᠠᠰᠤ ᠨᠡᠢᠳᠭᠡᠵᠦ ᠬᠠᠳᠬᠤᠬᠤ ᠳ᠋ᠥ ᠪᠤᠢ᠂ ᠭᠠᠷ ᠵᠢᠡᠷ ᠨᠡᠢᠳᠭᠡᠭᠰᠡᠨ ᠤᠲᠠᠰᠤ ᠨᠢ ᠴᠢᠩᠭ᠎ᠠ ᠡᠷᠴᠢ ᠲᠡᠢ᠂ ᠨᠠᠷᠢᠯᠢᠭ᠋ ᠪᠠᠢᠵᠤ᠂ ᠰᠠᠮᠨᠠᠵᠤ ᠭᠠᠷᠤᠭᠰᠠᠨ ᠤᠲᠠᠰᠤᠨᠤ ᠵᠦᠢ ᠨᠢ ᠲᠤᠲᠤᠷᠬᠠᠢ᠂ ᠪᠡᠶᠡᠲᠦ ᠴᠢᠨᠠᠷ ᠨᠢ ᠲᠤᠲᠤ ᠠᠮᠢᠲᠤᠯᠢᠭ᠋ ᠪᠠᠢᠲᠠᠭ ᠵᠢᠡᠷ ᠵᠢᠡᠨ ᠪᠤᠰᠤᠳ ᠭᠠᠵᠠᠷ ᠤ᠋ᠨ ᠬᠠᠳᠬᠤᠮᠠᠯ ᠲᠡᠢ ᠢᠯᠭᠠᠭ᠎ᠠ ᠲᠡᠢ ᠪᠠᠢᠲᠠᠭ᠃
ᠬᠠᠳᠬᠤᠮᠠᠯ ᠤᠷᠠᠯᠠᠬᠤ ᠭᠡᠵᠤ ᠴᠠᠭ ᠱᠠᠭᠠᠷᠳᠠᠬᠤ ᠪᠡᠷ ᠪᠠᠷᠠᠬᠤ ᠦᠭᠡᠢ ᠲᠡᠰᠪᠤᠷᠢ ᠲᠠᠪᠴᠢᠶᠡᠷᠢ ᠬᠡᠷᠡᠭᠰᠡᠳᠡᠭ᠂ ᠨᠡᠩ ᠴᠦ᠍ ᠤᠷᠠᠨ ᠨᠠᠷᠢᠨ ᠰᠡᠳᠬᠢᠮᠵᠢ᠂ ᠬᠢᠨᠠᠭᠤᠷ ᠪᠠᠢᠬᠤ ᠵᠢ ᠡᠷᠬᠢᠮᠯᠡᠲᠡᠭ᠃ ᠬᠦᠬᠦᠷ ᠤ᠋ᠨ ᠲᠠᠯᠢᠩ ᠵᠢᠡᠷ ᠪᠤᠲᠤᠪᠠᠯ᠂ ᠵᠢᠷᠤᠭ ᠨᠢ ᠪᠤᠲᠤᠯᠢᠶᠠᠨᠲᠠᠢ ᠪᠦᠭᠡᠳ ᠶᠡᠭᠡ ᠪᠠᠢᠪᠠᠯ ᠰᠠᠷ᠎ᠠ ᠰᠢᠬᠠᠮ ᠴᠠᠭ ᠢ᠋ ᠵᠠᠷᠤᠴᠠᠭᠤᠯᠲᠠᠭ ᠰᠠᠨ᠃ ᠢᠩᠬᠢᠵᠦ ᠴᠠᠭ᠂ ᠤᠶᠤᠨ ᠤᠬᠠᠭᠠᠨ᠂ ᠤᠷ᠎ᠠ ᠮᠡᠷᠭᠡᠵᠢᠯ ᠨᠢᠭᠡᠳᠭᠡᠨ ᠰᠢᠩᠭᠡᠭᠰᠡᠨ ᠬᠦᠬᠦᠷ ᠤ᠋ᠨ ᠲᠠᠯᠢᠩ ᠨᠢ ᠲᠡᠷᠡ ᠴᠢᠭ ᠵᠢᠡᠷ ᠵᠢᠡᠨ ᠤᠷᠠᠯᠢᠭ᠋ ᠤ᠋ᠨ ᠰᠤᠲᠤᠨ ᠪᠦᠲᠦᠭᠡᠯ ᠭᠡᠵᠤ ᠭᠡᠯᠡᠬᠦ ᠳ᠋ᠥ ᠠᠬᠠᠲᠠᠮᠠᠷ ᠦᠭᠡᠢ ᠪᠢᠯᠡ᠃
ᠨᠡᠢᠭᠡᠮ ᠬᠦᠭᠵᠢᠵᠦ᠂ ᠬᠦᠮᠦᠰ ᠤ᠋ᠨ ᠱᠠᠭᠠᠷᠲᠠᠯᠭ᠎ᠠ ᠴᠦ᠍ ᠴᠠᠭ ᠤ᠋ᠨ ᠦᠩᠭᠡ ᠵᠢ ᠲᠠᠭᠠᠲᠠᠭ ᠤ᠋ᠨ ᠤᠴᠢᠷ᠂ ᠬᠠᠳᠬᠤᠮᠠᠯᠴᠢᠨ ᠨᠡᠷ ᠴᠦ᠍ ᠰᠢᠨ᠎ᠠ ᠰᠡᠪᠡᠬᠦᠨ ᠵᠦᠢᠯᠡᠰ ᠢ᠋ ᠴᠠᠭ ᠲᠤᠬᠠᠢ ᠳ᠋ᠤᠨᠢ ᠪᠦᠲᠦᠬᠡᠯᠴᠢ ᠪᠡᠷ ᠰᠢᠩᠭᠡᠭᠡᠨ ᠠᠪᠴᠤ ᠦᠪᠡᠷ ᠤ᠋ᠨ ᠤᠷ᠎ᠠ ᠮᠡᠷᠭᠡᠵᠢᠯ ᠵᠢᠡᠨ ᠲᠡᠭᠡᠭᠰᠢᠯᠡᠬᠦᠯᠬᠦ ᠴᠢᠬᠤᠯᠠᠳᠠᠢ ᠪᠤᠯᠤᠭᠠᠳ ᠪᠠᠢᠭ᠎ᠠ ᠶᠤᠮ᠃