ᠠᠵᠢᠨᠠᠢ᠎ᠶᠢᠨ ᠪᠡᠯᠡᠭ
2026-06-03 11:17:12
ᠵᠣᠬᠢᠶᠠᠭ᠍ᠴᠢ᠄
ᠯᠢᠤ ᠬᠠᠢ ᠶᠠᠩ
ᠣᠩᠱᠢᠭ᠍ᠰᠠᠨ ᠣᠳᠠᠭ᠎ᠠ᠄
★★★☆☆

ᠨᠤᠭᠳᠤ ᠴᠤᠯᠪᠤᠭᠤᠷ᠎ᠤᠨ ᠡᠷᠴᠢᠯᠡᠭᠡᠰᠤ ᠪᠠᠨ ᠪᠡᠯᠡᠭᠯᠡᠬᠦ ᠦᠭᠡᠢ

ᠡᠮᠡᠭᠡᠯ᠎ᠤᠨ ᠲᠣᠬᠣᠮ᠎ᠳᠤ ᠲᠠᠷᠤᠭᠳᠠᠭᠰᠠᠨ ᠤᠷᠤᠮ ᠢ᠋ ᠴᠤ᠌ ᠥᠭᠬᠦ ᠦᠭᠡᠢ

ᠠᠭᠠᠷ᠎ᠤᠨ ᠰᠠᠯᠬᠢᠨ ᠲᠠᠨ᠎ᠳᠤ ᠲᠡᠯ ᠮᠣᠨᠳᠠᠭ᠎ᠠ᠎ᠡᠴᠡ᠎ᠪᠡᠨ ᠪᠡᠯᠡᠭ ᠪᠠᠷᠢᠶ᠎ᠠ

ᠠᠶᠤᠩᠭ᠎ᠠ ᠴᠠᠬᠢᠯᠭᠠᠨ ᠲᠠᠨ᠎ᠳᠤ ᠦᠤᠷᠰᠡᠬᠦ ᠲᠠᠭᠤᠨ᠎ᠤ ᠤᠶᠠᠩᠭ᠎ᠠ ᠬᠦᠷᠭᠡᠶ᠎ᠡ


ᠴᠢᠮ᠎ᠠ᠎ᠳᠤ ᠨᠢᠭᠡ ᠠᠵᠢᠨᠠᠢ᠎ᠶᠢᠨ ᠰᠡᠭᠦᠳᠡᠷ᠎ᠢ ᠪᠠᠯᠡᠭ ᠪᠣᠯᠭᠠᠨ ᠪᠠᠷᠢᠨ᠎ᠠ

ᠴᠡᠯᠡᠭᠡᠷ ᠲᠠᠯ᠎ᠠ᠎ᠶᠢᠨ ᠡᠪᠡᠰᠤᠨ ᠲᠣᠯᠣᠭᠠᠢ ᠲᠡᠭᠡᠭᠦᠷ ᠵᠢᠷᠪᠡᠯᠵᠢᠨ ᠲᠠᠪᠬᠢᠭ᠋

ᠴᠠᠭ᠎ᠤᠨ ᠤᠷᠤᠰᠬᠠᠯ ᠲᠡᠭᠷᠢ᠎ᠶᠢᠨ ᠣᠶᠣᠳᠠᠯ ᠪᠣᠯᠣᠨ ᠣᠳᠣᠳ ᠱᠠᠬᠢᠬᠤ ᠲᠡᠷᠡ ᠦᠶᠡᠰ

ᠴᠢᠨᠤ ᠲᠡᠷ᠎ᠡ᠎ᠶᠢᠨ ᠲᠣᠯᠣᠭᠠᠢ ᠲᠡᠭᠡᠷ᠎ᠡ ᠴᠣᠢᠯᠠᠨ ᠪᠣᠰᠣᠭᠠᠳ

ᠴᠡᠭᠡᠨ ᠰᠠᠷᠠᠨ᠎ᠤ ᠭᠡᠭᠡ᠎ᠪᠡᠷ ᠮᠦᠩᠭᠦᠨ ᠴᠠᠭᠠᠨ ᠲᠡᠮᠤᠷ ᠲᠤᠭᠤᠷᠠᠢ ᠲᠠᠪᠳᠠᠨ ᠭᠠᠷᠭᠠᠭ᠎ᠠ


ᠰᠢᠭᠦᠳᠡᠷᠢ᠎ᠶᠢᠨ ᠮᠦᠩᠭᠦᠨ ᠲᠣᠰᠣᠯ᠎ᠢᠶᠠᠷ ᠤᠮᠳᠠ ᠪᠣᠯᠭᠠᠵᠤ

ᠰᠠᠨᠰᠠᠷ᠎ᠤᠨ ᠤᠳᠤᠨ᠎ᠤ ᠴᠠᠭᠠᠨ ᠭᠡᠷᠡᠯ᠎ᠢᠶᠠᠷ ᠲᠡᠵᠢᠭᠡᠯ ᠬᠢᠵᠤ

ᠰᠡᠭᠡᠷ ᠨᠢᠷᠤᠭᠤ ᠨᠢ ᠠᠭᠤᠯᠠᠰ᠎ᠤᠨ ᠲᠤᠯᠤᠭᠠᠳ ᠰᠢᠭ᠋ ᠲᠦᠩᠬᠦᠢᠨ᠎ᠡ

ᠰᠡᠳᠬᠢᠯ᠎ᠦᠨ ᠨᠠᠨᠳᠢᠨ ᠪᠡᠯᠡᠭ ᠠᠵᠢᠨᠠᠢ ᠶᠤᠮ ᠰᠢᠤ ᠳᠠ

ᠰᠠᠨᠠᠭᠠᠨ᠎ᠤ ᠠᠶ᠎ᠠ᠎ᠪᠠᠷ ᠠᠯᠠᠪᠬᠢᠨ ᠮᠣᠷᠳᠠᠭᠠᠳ ᠭᠠᠷᠪᠠᠯ

ᠰᠠᠷᠠᠭᠤᠯ ᠲᠠᠯ᠎ᠠ ᠶ᠋ᠢ ᠵᠠᠬ᠎ᠠ᠎ᠠᠴᠠ ᠨᠢ ᠡᠪᠬᠡᠨ ᠲᠤᠪᠳᠤᠯᠤᠨ᠎ᠠ ᠰᠢᠤ ᠳᠠ !

ᠣᠷᠴᠢᠭᠤᠯᠤᠭ᠍ᠴᠢ᠄ᠤᠶᠠᠩᠭ᠎ᠠ
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号