ᠬᠣᠷᠠᠬᠰᠠᠨ ᠡᠬᠦᠯᠡᠰ ᠡᠴᠡ ᠰᠡᠳᠬᠢᠯ᠎ᠤᠨ ᠭᠡᠭᠡ ᠪᠠᠨ ᠬᠠᠷᠠᠬᠣ ᠨᠢ
ᠬᠣᠷ᠎ᠠ᠎ᠶᠢᠨ ᠲᠠᠷᠠᠭᠠᠬᠢ ᠰᠣᠯᠣᠩᠭ᠎ᠠ ᠡᠴᠡ ᠠᠮᠢᠲᠣᠷᠠᠯ ᠴᠡᠴᠡᠭᠯᠡᠬᠦ ᠮᠡᠲᠦ ᠵᠢᠪᠬᠣᠭ᠎ᠠ᠎ᠲᠠᠢ
ᠲᠡᠷᠳᠡᠭᠡ ᠡᠴᠡ ᠠᠨᠢᠷᠯᠠᠬᠣ ᠲᠡᠬᠦᠯᠲᠡᠷ ᠬᠦᠭᠵᠢᠮ ᠰᠣᠨᠣᠷ ᠲᠦ᠍ ᠠᠢᠵᠠᠮᠯᠠᠭᠠᠳ
ᠲᠡᠭᠷᠢ᠎ᠶᠢᠨ ᠡᠭᠡᠰᠢᠭ ᠬᠣᠷᠴᠢᠨ᠎ᠤ ᠲᠠᠯ᠎ᠠ ᠳ᠋ᠦ ᠲᠠᠭᠣᠷᠢᠰᠬᠣ ᠮᠡᠲᠦ ᠴᠣᠣᠷᠢᠶ᠎ᠠ᠎ᠲᠠᠢ
ᠨᠢᠯᠬ᠎ᠠ ᠨᠣᠭᠣᠭ᠎ᠠ ᠬᠣᠷ᠎ᠠ᠎ᠶᠢᠨ ᠰᠢᠮ᠎ᠡ ᠪᠡᠷ ᠡᠬᠡ ᠭᠠᠵᠠᠷ ᠲᠠᠭᠠᠨ ᠨᠢᠯᠬᠠᠷᠠᠨ ᠰᠡᠷᠪᠡᠯᠵᠡᠭᠡᠳ
ᠨᠣᠲᠣᠬ᠎ᠤᠨ ᠡᠯᠢᠭᠡᠨ ᠳ᠋ᠡᠭᠡᠨ ᠪᠠᠲᠠᠷᠠᠵᠦ ᠣᠷᠭᠣᠬᠣ ᠣᠮᠣᠬᠯᠠᠩ ᠴᠣᠬᠲᠠᠢ
ᠴᠡᠴᠡᠭ ᠡᠷᠪᠡᠬᠡᠢ ᠬᠣᠣᠰᠯᠠᠨ ᠪᠠᠯᠲᠣ ᠰᠠᠷ᠎ᠠ᠎ᠶᠢ ᠣᠷᠮᠠᠰᠢᠨ ᠪᠦᠵᠢᠭᠯᠡᠭᠡᠳ
ᠴᠡᠩᠭᠡᠯ ᠪᠢᠯᠬᠠᠬᠰᠠᠨ ᠠᠮᠢᠲᠣᠷᠠᠯ᠎ᠢ ᠲᠠᠭᠣᠯᠠᠨ ᠵᠢᠷᠭᠠᠬᠣ ᠮᠡᠲᠦ ᠦᠵᠡᠰᠬᠦᠯᠡᠩ
ᠬᠠᠢᠯᠠᠰᠣᠨᠤ ᠨᠠᠪᠴᠢ ᠨᠠᠮᠠᠭ᠎ᠠ ᠶᠣᠪᠣᠷᠤᠯᠲᠠᠨ ᠰᠢᠪᠡᠨᠡᠯᠲᠦᠭᠡᠳ
ᠮᠣᠲᠣᠨ ᠡᠴᠡ ᠪᠠᠨ ᠬᠠᠭᠠᠴᠠᠵᠦ ᠶᠠᠲᠠᠮᠠ ᠰᠡᠳᠬᠢᠯ᠎ᠢ ᠲᠣᠭᠠᠴᠢᠮᠠ ᠮᠡᠲᠦ ᠣᠶᠠᠷᠠᠭᠣᠨ
ᠬᠦᠪᠴᠢᠨ ᠲᠡᠯᠡᠬᠡᠢ ᠡᠬᠡ ᠪᠠᠢᠭᠠᠯᠢ ᠪᠠᠨ ᠡᠩᠬᠦᠷᠡᠢᠯᠡᠨ ᠢᠯᠪᠢᠬᠦ ᠨᠢ
ᠬᠦᠷᠦᠭᠡᠳ ᠢᠷᠡᠬᠦ ᠣᠯᠠᠷᠢᠯ ᠡᠴᠡ ᠦᠷ᠎ᠡ ᠵᠢᠮᠢᠰ ᠲᠡᠬᠦᠬᠦ ᠮᠡᠲᠦ ᠪᠠᠶᠠᠰᠬᠣᠯᠠᠩᠲᠠᠢ
ᠬᠣᠯᠠ᠎ᠶᠢᠨ ᠨᠠᠢᠷᠠᠬᠴᠢᠶᠢᠨ ᠦᠭᠡ ᠦᠰᠦᠭ ᠦᠷᠦᠬᠡ ᠳ᠋ᠦ ᠨᠢᠰᠦᠯᠴᠡᠬᠦ ᠨᠢ
ᠣᠷᠠᠯᠢᠬ᠎ᠤᠨ ᠰᠠᠬᠢᠭᠣᠰᠣ ᠬᠠᠢᠷ᠎ᠠ ᠬᠡᠮᠨᠡᠵᠦ ᠴᠡᠩᠭᠡᠬᠦ ᠮᠡᠲᠦ ᠵᠢᠷᠭᠠᠯ᠎ᠲᠠᠢ
ᠠᠮᠢᠲᠣᠷᠠᠯ ᠬᠠᠢᠷ᠎ᠠ᠎ᠶᠢᠨ ᠠᠶᠠᠯᠭᠣᠨ ᠲᠡᠭᠡᠷ᠎ᠡ ᠦᠪᠡᠷ ᠪᠢ ᠪᠡᠷ ᠶ᠋ᠢᠡᠨ ᠭᠠᠩᠭᠠᠷᠠᠭᠠᠳ
ᠵᠦᠩ ᠮᠡᠳᠡᠷᠡᠮᠵᠢ᠎ᠶᠢᠨ ᠬᠦᠨ ᠬᠢᠵᠠᠭᠠᠷ ᠲᠦ᠍ ᠰᠡᠳᠬᠢᠯ᠎ᠤᠨ ᠵᠣᠯᠠ ᠪᠠᠳᠮᠠᠯᠠᠵᠦ ᠬᠡᠷᠡᠯᠲᠦᠬᠦᠢ
ᠦᠲᠡᠰᠢ᠎ᠶᠢᠨ ᠰᠠᠷᠠᠨ ᠡᠴᠡ ᠠᠮᠣᠷ ᠠᠮᠣᠭᠣᠯᠠᠩ ᠪᠣᠲᠣᠯ ᠳ᠋ᠦ ᠨᠡᠪᠴᠢᠭᠡᠳ
ᠦᠨᠡᠨ ᠰᠠᠨᠠᠭᠠᠨ᠎ᠤ ᠦᠵᠦᠬᠦᠷ ᠲᠣᠷᠠᠯᠠᠯ ᠠᠰᠠᠬᠣ ᠮᠡᠲᠦ ᠠᠮᠠᠷᠠᠬ ᠲᠣᠬᠲᠣᠯᠣᠩᠭᠣᠢ
ᠨᠠᠮ ᠵᠢᠮ ᠠᠶᠠᠰᠲᠠᠬᠣᠢ ᠳ᠋ᠦ ᠬᠡᠨ ᠨᠢᠭᠡᠨ ᠨᠠᠮᠣᠭᠣᠬᠠᠨ ᠲᠠᠯ᠎ᠠ᠎ᠶᠢᠨ ᠰᠢᠯᠦᠭ ᠲᠡᠷᠯᠡᠭᠡᠳ
ᠲᠣᠨᠣᠯᠵᠠᠬᠰᠠᠨ ᠮᠦᠷᠡᠨ ᠭᠣᠣᠯ᠎ᠤᠨ ᠣᠷᠣᠰᠬᠠᠯ ᠰᠢᠬ ᠢᠷᠠᠭᠣ ᠣᠶᠠᠩᠭ᠎ᠠ᠎ᠲᠠᠢ
ᠡᠪᠦᠭᠡᠳ ᠡᠴᠡ ᠦᠪᠯᠡᠭᠰᠡᠨ ᠪᠣᠳᠢ ᠰᠣᠷᠭᠠᠯ ᠲᠡᠷᠢᠬᠢᠨ ᠳ᠋ᠦ ᠰᠡᠢᠯᠦᠭᠲᠡᠭᠡᠳ
ᠦᠯᠡᠮᠵᠢ᠎ᠶᠢᠨ ᠠᠷᠢᠭᠣᠨ ᠴᠢᠨᠠᠷ ᠰᠣᠲᠠᠰᠣ ᠪᠦᠬᠦᠨ ᠶ᠋ᠢᠡᠷ ᠨᠡᠪᠲᠡᠷᠡᠬᠦ ᠮᠡᠲᠦ ᠣᠴᠢᠷᠯᠠᠩᠭᠣᠢ
ᠲᠣᠷᠮᠣᠯᠵᠠᠬᠣ ᠣᠲᠣᠳ᠎ᠤᠨ ᠵᠣᠭᠣᠬ ᠡᠴᠡ ᠣᠷᠴᠢᠯᠠᠩ᠎ᠤᠨ ᠨᠢᠭᠣᠴᠠ᠎ᠶᠢ ᠴᠢᠩᠨᠠᠬᠣᠶᠢᠨ ᠬᠣᠷᠣᠮ
ᠲᠡᠨᠢᠬᠦᠨ ᠬᠣᠷᠸ᠎ᠠ᠎ᠶᠢᠨ ᠬᠠᠴᠢᠨ ᠵᠠᠲᠠᠷᠠᠬᠣ ᠮᠡᠲᠦ ᠭᠠᠢᠬᠠᠮᠰᠢᠬ
ᠭᠡᠭᠡ ᠪᠠᠨ ᠵᠢᠷᠮᠦᠰᠦᠯᠡᠭᠰᠡᠨ ᠬᠠᠷᠠᠩᠭᠣᠢ ᠲᠡᠭᠷᠢ᠎ᠶᠢᠨ ᠬᠠᠶᠠᠭᠠᠨ ᠳ᠋ᠦ ᠨᠡᠬᠦᠬᠦ ᠨᠢ
ᠭᠡᠷ᠎ᠤᠨ ᠬᠠᠨ᠎ᠠ ᠰᠢᠭᠣᠬᠲᠠᠵᠦ ᠰᠠᠯᠬᠢᠨ᠎ᠤ ᠰᠢᠪᠡᠨᠡᠭᠡ ᠠᠨᠢᠷᠯᠠᠬᠣ ᠮᠡᠲᠦ ᠵᠣᠭᠠᠲᠠᠢ
ᠭᠡᠷᠡᠯ᠎ᠤᠨ ᠰᠦᠭ ᠣᠷᠣᠰᠢᠬᠰᠠᠨ ᠲᠣᠯᠣᠭᠠᠨ ᠠᠶᠠᠯᠭᠣ ᠪᠡᠷ ᠬᠦᠰᠡᠯ ᠮᠦᠷᠦᠭᠡᠲᠦᠯ ᠶ᠋ᠢᠡᠨ ᠲᠠᠭᠣᠯᠠᠭᠠᠳ
ᠣᠷᠣᠰᠢᠬᠣᠢᠶᠢᠨ ᠢᠯᠠ ᠲᠠᠯᠲᠠ ᠳ᠋ᠦ ᠢᠵᠢᠯᠢᠰᠢᠨ ᠲᠠᠢᠳᠬᠣᠷᠠᠬᠣᠢ
ᠭᠡᠷᠡᠯᠲᠦ ᠮᠦᠴᠡ ᠭᠡᠨᠡᠨ ᠬᠠᠢᠷ᠎ᠠ ᠢᠪᠢᠯᠦᠬᠦᠯᠵᠦ ᠲᠣᠷᠠᠯᠠᠯ᠎ᠤᠨ ᠡᠷᠴᠢ ᠱᠠᠩᠨᠠᠨ᠎ᠠ
ᠨᠠᠮᠵᠢᠭᠣᠨ ᠰᠦᠨᠢ ᠲᠣᠷᠠᠳᠬᠠᠯ ᠨᠦᠮᠦᠷᠴᠦ ᠵᠢᠷᠦᠬᠡᠨ ᠴᠣᠬᠢᠯᠭ᠎ᠠ ᠪᠠᠨ ᠴᠢᠩᠨᠠᠨ᠎ᠠ
ᠡᠬᠡ ᠨᠣᠲᠣᠬ᠎ᠤᠨ ᠲᠣᠷᠭᠠᠨ ᠵᠢᠪᠡᠷ ᠡᠮᠵᠡᠭᠯᠡᠭᠰᠡᠨ ᠡᠯᠢᠭᠡ᠎ᠶᠢ ᠠᠨᠠᠭᠠᠨ᠎ᠠ
ᠡᠭᠡᠯ ᠶᠡᠷᠦᠮᠲᠡᠭ ᠲᠦ᠍ ᠲᠠᠰᠴᠣ ᠪᠢ ᠰᠡᠳᠬᠢᠯ᠎ᠤᠨ ᠭᠡᠭᠡᠨ ᠠᠶᠠᠯᠭᠣ ᠴᠢᠪᠬᠠᠲᠠᠨᠠ