ᠬᠤᠨ ᠮᠢᠨᠢ
2026-06-03 10:57:27
ᠵᠣᠬᠢᠶᠠᠭ᠍ᠴᠢ᠄
​ᠬᠠᠰᠭᠦᠦ
ᠣᠩᠱᠢᠭ᠍ᠰᠠᠨ ᠣᠳᠠᠭ᠎ᠠ᠄
★★★☆☆

ᠰᠡᠳᠭᠢᠯ ᠭᠡᠳᠡᠭ

ᠲᠤᠮᠤᠬᠠᠨ ᠨᠠᠭᠤᠷᠤᠨ ᠳᠡᠭᠡᠷ᠎ᠡ

ᠲᠤᠷᠮᠤᠢᠵᠤ ᠰᠠᠭᠤᠭ᠍ᠰᠠᠨ ᠠᠩᠬᠢᠷ ᠬᠤᠨ ᠮᠢᠨᠢ


ᠦᠯᠦ᠍ ᠲᠠᠭᠤᠰᠤᠭ᠍ᠴᠢ ᠡᠳᠦᠷ ᠬᠤᠨᠤᠭ᠎ᠤᠨ

ᠠᠯᠳᠠᠩᠬᠠᠨ ᠵᠠᠢ —

ᠮᠢᠨᠦᠬᠢ ᠭᠡᠰᠡᠨ ᠤᠷᠤᠨ ᠲᠡᠯᠡᠭᠡᠢ᠎ᠶ᠋ᠢ

ᠴᠢᠮᠡᠭ᠌ᠯᠡᠵᠦ᠍ ᠪᠦᠵᠢᠭ᠌ᠰᠡᠨ ᠬᠦᠭᠡᠷᠦᠬᠦᠨ ᠠᠨᠴᠢᠯ ᠮᠢᠨᠢ


ᠪᠢ ᠴᠢᠮ᠎ᠠ᠎ᠶ᠋ᠢ

ᠪᠤᠳᠤᠳᠠᠭ᠂ ᠰᠠᠨᠠᠳᠠᠭ

ᠵᠡᠬᠦᠳᠦᠨ᠎ᠳᠡᠭᠡᠨ ᠴᠦ᠍ ᠡᠷᠢᠳᠡᠭ


ᠪᠢ ᠴᠢᠮ᠎ᠠ᠎ᠶ᠋ᠢ

ᠦᠬᠦᠭᠡᠷᠳᠡᠳᠡᠭ᠂ ᠲᠡᠪᠡᠷᠢᠳᠡᠭ

ᠦᠷᠦᠴᠡᠨ᠎ᠠᠴᠠ ᠲᠠᠳᠠᠯᠳᠤᠳᠠᠭ


ᠪᠢ ᠴᠢᠮ᠎ᠠ᠎ᠶ᠋ᠢ

ᠬᠦᠳᠦᠯᠳᠡᠭ᠂ ᠨᠠᠭᠠᠳᠤᠳᠠᠭ

ᠵᠢᠷᠦᠭᠡᠨ᠎ᠠᠴᠠ᠎ᠪᠠᠨ ᠤᠭᠤᠰᠤᠷᠯᠠᠳᠠᠭ


ᠦᠷ᠎ᠡ᠎ᠳᠤ ᠮᠢᠨᠢ ᠦᠷ᠎ᠡ ᠪᠤᠯᠤᠭ᠍ᠰᠠᠨ

ᠦᠨᠳᠦᠰᠤ ᠶᠠᠰᠤᠨ᠎ᠤ ᠦᠷᠬᠦᠯᠵᠢᠯᠡᠯ ᠮᠢᠨᠢ

ᠦᠨᠢᠷ ᠪᠦᠯᠢ᠎ᠳᠤ ᠵᠢᠷᠭᠠᠯ ᠨᠡᠮᠡᠭ᠌ᠰᠡᠨ

ᠡᠷᠭᠡ ᠴᠠᠭᠠᠨ ᠬᠤᠨ ᠮᠢᠨᠢ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号