ᠡᠷᠳᠡᠨ ᠤ᠋ ᠨᠤᠮ ᠪᠢᠴᠢᠭ ᠪᠤᠯ ᠲᠡᠤᠬᠡ ᠡᠳᠦᠬᠡ ᠶ᠋ᠢ ᠬᠤᠯᠪᠤᠬᠤ ᠦᠨᠡᠳᠦ ᠦᠪ ᠪᠤᠯᠤᠨ᠎ᠡ᠃ ᠦᠨᠳᠦᠰᠦᠳᠡᠨ ᠤ᠋ ᠦᠪ ᠰᠤᠶᠤᠯᠤᠨ ᠤᠯᠠᠮᠵᠢᠯᠠᠨ ᠬᠦᠭᠵᠢᠬᠦ᠌ ᠶ᠋ᠢᠨ ᠦᠨᠳᠦᠰᠦ ᠪᠠᠷᠢᠮᠳᠠ᠃ ᠡᠨᠡ ᠤᠳᠠᠭ᠎ᠠ ᠶᠢᠨ ᠰᠤᠷᠪᠤᠯᠵᠢᠯᠠᠭ᠎ᠠ ᠪᠠᠷ ᠪᠢᠳᠡ ᠡᠷᠳᠡᠨ ᠤ᠋ ᠨᠤᠮ ᠪᠢᠴᠢᠭ ᠢ᠋ ᠴᠤᠭᠯᠠᠭᠤᠯᠤᠨ ᠡᠮᠬᠢᠳᠬᠡᠵᠤ᠂ ᠤᠷᠴᠢᠭᠤᠯᠵᠤ ᠨᠠᠶ᠋ᠢᠷᠠᠭᠤᠯᠵᠤ ᠬᠡᠪᠯᠡᠬᠦᠯᠦᠨ ᠲᠠᠷᠬᠠᠭᠠᠬᠤ ᠠᠵᠢᠯ ᠳ᠋ᠤ ᠤᠶᠤᠨ ᠤ᠋ ᠬᠦᠴᠦ᠍ ᠬᠦᠯᠦᠰᠤ ᠪᠠᠨ ᠬᠠᠷᠠᠮ ᠦᠭᠡᠢ ᠤᠷᠤᠰᠬᠠᠵᠤ ᠲᠡᠤᠬᠡ ᠰᠤᠶᠤᠯᠤᠨ ᠡᠷᠳᠡ ᠡᠳᠦᠬᠡ ᠶ᠋ᠢ ᠬᠤᠯᠪᠤᠬᠤ ᠠᠯᠤᠰᠤᠨ ᠠᠶᠠᠨ ᠳ᠋ᠤ ᠨᠠᠰᠤᠨ ᠲᠤᠷᠰᠢᠳᠠ ᠭᠠᠷᠮᠠᠭᠠᠶ᠋ᠢᠯᠠᠨ ᠠᠵᠢᠯᠯᠠᠭᠰᠠᠨ ᠰᠤᠶᠤᠯᠤᠨ ᠵᠢᠳᠬᠦᠯᠳᠡᠨ ᠡᠸᠡᠩᠬᠢ ᠦᠨᠳᠦᠰᠦᠳᠡᠨ ᠤ᠋ ᠦᠪᠡᠷᠳᠡᠬᠡᠨ ᠵᠠᠰᠠᠬᠤ ᠬᠤᠰᠢᠭᠤᠨ ᠤ᠋ ᠦᠨᠳᠦᠰᠦᠳᠡᠨ ᠤ᠋ ᠬᠡᠷᠡᠭ ᠡᠷᠬᠢᠯᠡᠬᠦ᠌ ᠵᠦᠪᠯᠡᠯᠤᠨ ᠡᠷᠳᠡᠨ ᠤ᠋ ᠨᠤᠮ ᠪᠢᠴᠢᠭᠦᠨ ᠬᠠᠮᠢᠶᠠᠷᠤᠯᠲᠠᠶᠢᠨ ᠭᠠᠵᠠᠷᠤᠨ ᠴᠥᠭᠡᠨ ᠲᠣᠭᠠᠲᠤ᠌ ᠦᠨᠳᠦᠰᠦᠲᠡᠨᠦ ᠡᠷᠳᠡᠨ ᠤ᠋ ᠨᠤᠮ ᠪᠢᠴᠢᠭᠦᠨ ᠲᠤᠰᠬᠠᠶ ᠮᠡᠷᠭᠡᠵᠢᠯᠲᠡᠨ ᠳ᠋ᠠᠰᠢᠨᠢᠮ᠎ᠡ ᠭᠤᠸᠠᠢ ᠶ᠋ᠢ ᠰᠤᠷᠪᠤᠯᠵᠢᠯᠠᠪᠡ᠃

ᠳ᠋ᠠᠰᠢᠨᠢᠮ᠎ᠡ ᠡᠸᠡᠩᠬᠢ ᠦᠨᠳᠦᠰᠦᠳᠡᠨ ᠤ᠋ ᠦᠪᠡᠷᠳᠡᠬᠡᠨ ᠵᠠᠰᠠᠬᠤ ᠬᠤᠰᠢᠭᠤᠨ ᠤ᠋ ᠢᠮᠢᠨ ᠰᠤᠮᠤᠨ ᠤ᠋ ᠤᠤᠭᠠᠯ᠃ 1991 ᠤᠨ ᠳ᠋ᠤ ᠤᠤᠯᠤᠨ ᠦᠪᠤᠷ ᠮᠤᠩᠭᠤᠯᠤᠨ ᠮᠤᠩᠭᠤᠯ ᠬᠡᠯᠡ ᠪᠢᠴᠢᠭᠤᠨ ᠲᠤᠰᠬᠠᠢ ᠮᠡᠷᠬᠡᠵᠢᠯᠤᠨ ᠰᠤᠷᠭᠠᠭᠤᠯᠢ ᠡᠴᠠ ᠤᠷᠴᠢᠭᠤᠯᠭ᠎ᠠ ᠵᠢᠨ ᠮᠡᠷᠬᠡᠵᠢᠯ ᠵᠢᠠᠷ ᠲᠡᠬᠦᠰᠴᠦ᠍ ᠨᠤᠳᠤᠭ ᠲᠠᠭᠠᠨ ᠪᠤᠴᠠᠨ ᠬᠤᠰᠢᠭᠤᠨ ᠤ᠋ ᠦᠨᠳᠦᠰᠦᠳᠡᠨ ᠱᠠᠰᠢᠨ ᠰᠤᠷᠳᠠᠬᠤᠨ ᠤ᠋ ᠬᠡᠷᠡᠭ ᠡᠷᠬᠢᠯᠡᠬᠦ᠌ ᠲᠤᠪᠴᠢᠶ᠎ᠡ ᠶ᠋ᠢᠨ ᠡᠷᠳᠡᠨ ᠤ᠋ ᠨᠤᠮ ᠪᠢᠴᠢᠭᠤᠨ ᠬᠠᠮᠢᠶᠠᠷᠤᠯᠳᠠ ᠶ᠋ᠢᠨ ᠠᠯᠪᠠᠨ ᠬᠡᠷ ᠳᠤ᠌ ᠠᠵᠢᠯᠤᠨ ᠭᠠᠷᠤᠭ᠎ᠠ ᠪᠡᠨ ᠠᠪᠴᠤ᠌ ᠲᠡᠤᠬᠡ ᠡᠳᠦᠬᠡ ᠶ᠋ᠢ ᠬᠤᠯᠪᠤᠬᠤ ᠰᠤᠶᠤᠯᠤᠨ ᠤᠷᠳᠤ ᠠᠶᠠᠨ ᠳ᠋ᠤ ᠮᠤᠷᠳᠠᠵᠤ ᠤᠳᠤ ᠳ᠋ᠤ ᠬᠦᠷᠴᠠᠢ᠃
ᠳ᠋ᠠᠰᠢᠨᠢᠮ᠎ᠡ ᠠᠵᠢᠯ ᠳ᠋ᠤ ᠭᠠᠷᠤᠭᠰᠠᠨ ᠭᠤᠴᠢᠨ ᠬᠡᠳᠦᠨ ᠵᠢᠯᠤᠨ ᠲᠤᠷᠰᠢ ᠡᠸᠡᠩᠬᠢ᠂ ᠲᠠᠭᠤᠷ᠂ ᠤᠷᠴᠤᠨ᠂ ᠦᠭᠡᠯᠡᠳ᠂ ᠪᠤᠷᠢᠶᠠᠳ ᠶᠠᠰᠤᠳᠠᠳᠤᠨ ᠡᠷᠳᠡᠨ ᠤ᠋ ᠨᠤᠮ ᠪᠢᠴᠢᠭᠤᠨ ᠴᠤᠪᠤᠷᠠᠯ ᠪᠢᠴᠢᠭ ᠢ᠋ ᠡᠮᠬᠢᠳᠬᠡᠵᠤ ᠨᠠᠶ᠋ᠢᠷᠠᠭᠤᠯᠬᠤ ᠠᠵᠢᠯ ᠳ᠋ᠤ ᠤᠯᠠᠨᠳᠠ ᠤᠷᠤᠯᠴᠠᠵᠤ ᠤᠳᠤ ᠪᠤᠯᠳᠠᠯ᠎ᠡ ᠬᠤᠷᠢ ᠭᠠᠷᠤᠢ ᠨᠤᠮ ᠰᠤᠳᠤᠷ ᠨᠠᠶ᠋ᠢᠷᠠᠭᠤᠯᠤᠨ ᠬᠡᠪᠯᠡᠬᠦᠯᠬᠦ᠌ ᠠᠵᠢᠯ ᠳ᠋ᠤ ᠤᠷᠤᠯᠴᠠᠵᠤ᠂ ᠨᠤᠳᠤᠭ ᠤᠷᠤᠨ ᠤ᠋ ᠰᠤᠶᠤᠯᠤᠨ ᠠᠵᠢᠯ ᠳ᠋ᠤ ᠬᠦᠴᠦᠨ ᠵᠢᠳᠬᠦᠯ ᠵᠢᠠᠨ ᠦᠵᠡᠬᠦᠯᠵᠤ ᠢᠷᠡᠵᠡᠢ᠃
ᠠᠩᠬ᠎ᠠ ᠠᠵᠢᠯ ᠳ᠋ᠤ ᠭᠠᠷᠤᠭᠰᠠᠨ ᠲᠡᠷᠡ ᠴᠠᠭ ᠡᠴᠠ ᠡᠬᠢᠯᠡᠨ ᠡᠷᠳᠡᠨ ᠤ᠋ ᠨᠤᠮ ᠪᠢᠴᠢᠭ ᠢ᠋ ᠡᠮᠬᠢᠳᠬᠡᠵᠤ ᠴᠤᠭᠯᠠᠭᠤᠯᠬᠤ ᠠᠵᠢᠯ ᠳ᠋ᠤ ᠰᠢᠭᠤᠷᠬᠠᠶ᠋ᠢᠯᠠᠨ ᠤᠷᠤᠯᠴᠠᠵᠠᠢ᠃ ᠬᠦᠳᠡᠬᠡ ᠬᠡᠬᠡᠷ᠎ᠡ ᠠᠶ᠋ᠢᠯ ᠲᠤᠰᠬᠤᠨ ᠵᠢᠠᠷ ᠰᠤᠷᠪᠤᠯᠵᠢᠯᠠᠨ ᠶᠠᠪᠤᠵᠤ ᠠᠮᠠᠨ ᠦᠯᠢᠬᠡᠷ᠂ ᠵᠠᠩ ᠦᠢᠯᠡ᠂ ᠠᠷᠠᠳᠤᠨ ᠲᠠᠭᠤᠤ ᠵᠡᠷᠬᠡ ᠶ᠋ᠢᠨ ᠲᠤᠬᠠᠢ ᠪᠤᠷᠤ ᠮᠠᠲᠸᠷᠢᠶᠠᠯ ᠴᠤᠭᠯᠠᠭᠤᠯᠵᠤ ᠤᠷᠮ᠎ᠡ ᠵᠤᠷᠢᠭ ᠲᠠᠢ ᠠᠵᠢᠯᠯᠠᠵᠤ ᠪᠠᠶ᠋ᠢᠭᠰᠠᠨ ᠶᠤᠮ᠃ 《ᠡᠸᠡᠩᠬᠢ ᠦᠨᠳᠦᠰᠦᠳᠡᠨ ᠤ᠋ ᠲᠡᠤᠬᠡᠨ ᠮᠠᠲᠸᠷᠢᠶᠠᠯᠤᠨ ᠡᠮᠬᠢᠳᠬᠡᠯ》 ᠬᠡᠬᠦ᠌ ᠭᠤᠷᠪᠠᠨ ᠨᠤᠮ ᠢ᠋ ᠡᠮᠬᠢᠳᠬᠡᠨ ᠨᠠᠶ᠋ᠢᠷᠠᠭᠤᠯᠬᠤ ᠠᠵᠢᠯ ᠳ᠋ᠤ ᠤᠷᠤᠯᠴᠠᠵᠤ᠂ 1993 ᠤᠨ᠂ 1996 ᠤᠨ᠂ 1998 ᠤᠨ ᠳ᠋ᠤ ᠡᠨᠡ ᠬᠦ᠌ ᠭᠤᠷᠪᠠᠨ ᠲᠡᠪᠳᠡᠷ ᠨᠤᠮ ᠢ᠋ ᠲᠤᠰ ᠲᠤᠰ ᠡᠮᠬᠢᠳᠬᠡᠨ ᠨᠠᠶ᠋ᠢᠷᠠᠭᠤᠯᠵᠤ᠂ ᠦᠪᠤᠷ ᠮᠤᠩᠭᠤᠯᠤᠨ ᠰᠤᠶᠤᠯᠤᠨ ᠬᠡᠪᠯᠡᠯᠤᠨ ᠬᠤᠷᠢᠶ᠎ᠠ ᠡᠴᠠ ᠬᠡᠪᠯᠡᠬᠦᠯᠦᠨ ᠲᠠᠷᠬᠠᠭᠠᠭᠰᠠᠨ ᠪᠠᠶ᠋ᠢᠨᠡ᠃
1998 ᠣᠨᠳᠤ ᠡᠸᠡᠩᠬᠢ ᠮᠦᠽᠧᠶᠶᠢ ᠪᠠᠶ᠋ᠢᠭᠤᠯᠬᠤᠳᠤ ᠲᠤᠬᠠᠶ᠋ᠢᠯᠠᠭᠰᠠᠨ ᠠᠵᠢᠯᠤᠨ ᠭᠣᠣᠯᠯᠠᠭᠴᠢ ᠬᠦᠴᠦᠨ ᠪᠤᠯᠵᠤ ᠮᠦᠽᠸᠢ ᠶ᠋ᠢᠨ ᠡᠳᠦᠷ ᠲᠤᠳᠤᠮᠤᠨ ᠠᠵᠢᠯ᠂ ᠬᠤᠷᠢᠶᠠᠨ ᠴᠤᠭᠯᠠᠭᠤᠯᠬᠤ᠂ ᠲᠡᠯᠬᠡᠨ ᠦᠵᠡᠬᠦᠯᠬᠦ᠌ ᠵᠡᠷᠬᠡ ᠠᠵᠢᠯ ᠢ᠋ ᠭᠠᠷᠳᠠᠨ ᠬᠢᠵᠤ᠂ ᠬᠠᠮᠳᠤ ᠠᠵᠢᠯᠯᠠᠭᠰᠠᠳ ᠲᠠᠢ ᠪᠠᠨ ᠬᠦᠳᠡᠬᠡ ᠬᠡᠬᠡᠷ᠎ᠡ ᠬᠤᠨᠤᠭᠯᠠᠨ ᠭᠠᠴᠠᠭ᠎ᠠ ᠲᠤᠰᠬᠤᠨ ᠵᠢᠠᠷ ᠰᠤᠷᠪᠤᠯᠵᠢᠯᠠᠨ ᠶᠠᠪᠤᠵᠠᠢ᠃ ᠰᠤᠷᠪᠤᠯᠵᠢᠯᠠᠭ᠎ᠠ ᠬᠢᠬᠦ ᠵᠢᠨ ᠲᠠᠭᠠᠤ ᠪᠠᠰᠠ ᠮᠠᠰᠢ ᠤᠯᠠᠨ ᠲᠡᠤᠬᠡᠨ ᠲᠤᠷᠠᠰᠬᠠᠯᠳᠦ ᠵᠦᠢᠯᠡᠰ ᠢ᠋ ᠬᠤᠷᠢᠶᠠᠨ ᠴᠤᠭᠯᠠᠭᠤᠯᠵᠤ ᠡᠸᠡᠩᠬᠢ ᠮᠦᠽᠸᠢ ᠪᠠᠢᠭᠤᠯᠬᠤᠳᠤ ᠠᠩᠬᠠᠨ ᠤ᠋ ᠰᠠᠭᠤᠷᠢ ᠶ᠋ᠢ ᠲᠠᠯᠪᠢᠵᠤ᠂ ᠬᠦᠮᠦᠨ ᠵᠤᠨ ᠳ᠋ᠠᠭᠠᠨ ᠲᠠᠭᠠᠰᠢᠶᠠᠭᠳᠠᠭᠰᠠᠨ ᠤᠷᠤᠨ ᠨᠤᠳᠤᠭᠤᠨ ᠲᠡᠤᠬᠡ ᠰᠤᠶᠤᠯ᠂ ᠵᠠᠩ ᠦᠢᠯᠡ ᠶ᠋ᠢ ᠨᠡᠯᠢᠶᠡᠳ ᠪᠦᠷᠢᠨ ᠤᠶ᠋ᠢᠯᠠᠭᠠᠵᠤ ᠴᠢᠳᠠᠬᠤ ᠭᠠᠵᠠᠷ ᠤᠷᠤᠨ ᠤ᠋ ᠤᠨᠴᠠᠯᠢᠭ ᠲᠠᠢ ᠮᠦᠽᠸᠢ ᠶ᠋ᠢ ᠪᠠᠶ᠋ᠢᠭᠤᠯᠤᠭᠰᠠᠨ ᠶᠤᠮ᠃ ᠲᠠᠷᠠ ᠪᠡᠷ 2003 ᠣᠨᠳᠤ ᠡᠸᠡᠩᠬᠢ ᠮᠦᠽᠧᠶᠶᠢᠨ ᠳᠡᠳ᠋ ᠳᠠᠷᠤᠭᠠᠪᠠᠷ ᠲᠤᠮᠢᠯᠠᠭᠳᠠᠵᠤ᠂ ᠳᠤᠰ ᠵᠢᠯᠳᠤ ᠳᠤᠮᠳᠠᠳᠤ ᠤᠯᠤᠰᠤᠨ ᠨᠡᠶ᠋ᠢᠭᠡᠮᠦᠨ ᠰᠢᠨᠵᠢᠯᠡᠬᠦ᠌ ᠤᠬᠠᠭᠠᠨᠤ ᠬᠦᠷᠢᠶᠡᠯᠡᠩᠦᠨ ᠬᠠᠭᠤᠴᠢ ᠰᠤᠳᠤᠯᠤᠯᠤᠨ ᠰᠤᠳᠤᠯᠭᠠᠨᠤ ᠭᠠᠵᠠᠷᠤᠨ ᠵᠣᠬᠢᠶᠠᠨ ᠪᠠᠶ᠋ᠢᠭᠤᠯᠤᠭᠰᠠᠨ ᠬᠠᠭᠤᠴᠢ ᠰᠤᠳᠤᠯᠤᠯᠤᠨ ᠠᠩᠭᠢᠶᠢᠨ ᠬᠤᠢ ᠭᠣᠣᠯᠤᠨ ᠤᠰᠤᠨ ᠬᠠᠰᠢᠯᠭᠠᠶᠢᠨ ᠨᠠᠷᠢᠯᠢᠭ ᠴᠢᠯᠠᠭᠤᠨ ᠵᠡᠪᠰᠡᠭᠦᠨ ᠰᠣᠶᠣᠯᠤᠨ ᠪᠠᠭᠤᠷᠢᠶᠢ ᠠᠭᠤᠳᠠᠯᠤᠨ ᠰᠤᠳᠤᠯᠬᠤᠳᠤ ᠣᠷᠣᠯᠴᠠᠪᠠ᠂ 2010 ᠤᠨ ᠳ᠋ᠤ ᠪᠡᠭᠡᠵᠢᠩᠳᠤ ᠪᠤᠯᠤᠭᠰᠠᠠ 《ᠲᠤᠮᠳᠠᠳᠤ ᠶ᠋ᠢᠨ ᠦᠨᠳᠦᠰᠦᠳᠡᠨ ᠤ᠋ ᠬᠦᠷᠢᠶᠡᠯᠡᠩ》 ᠳ᠋ᠤ ᠡᠸᠡᠩᠬᠢ ᠦᠨᠳᠦᠰᠦᠳᠡᠨ ᠤ᠋ ᠮᠦᠽᠸᠢ ᠵᠢ ᠲᠡᠯᠬᠡᠨ ᠦᠵᠡᠬᠦᠯᠬᠦ᠌ ᠳ᠋ᠤ ᠬᠤᠶᠠᠷ ᠵᠢᠯ ᠭᠠᠷᠤᠢ ᠵᠢᠨ ᠴᠠᠭᠢ ᠬᠡᠷᠡᠭᠰᠡᠨ ᠬᠤᠷᠢᠶᠠᠨ ᠴᠤᠭᠯᠠᠭᠤᠯᠤᠭᠰᠠᠨ ᠡᠸᠡᠩᠬᠢ ᠦᠨᠳᠦᠰᠦᠳᠡᠨ ᠤ᠋ ᠲᠡᠤᠬᠡ ᠶ᠋ᠢᠨ ᠲᠤᠷᠠᠰᠬᠠᠯᠳᠦ ᠵᠦᠢᠯᠡᠰ ᠵᠢᠠᠨ ᠠᠴᠢᠶᠠᠨ ᠤ᠋ ᠮᠠᠰᠢᠨ ᠵᠢᠡᠷ ᠨᠡᠶ᠋ᠢᠰᠯᠡᠯ ᠪᠡᠬᠡᠵᠢᠩ ᠳ᠋ᠤ ᠲᠡᠭᠡᠭᠡᠨ ᠬᠦᠷᠴᠦ᠍ ᠡᠮᠬᠢ ᠲᠠᠷᠠᠭ᠎ᠠ ᠲᠠᠢ ᠪᠠᠷ ᠨᠠᠷᠢᠨ ᠨᠢᠮᠪᠠᠢ ᠲᠡᠯᠬᠡᠨ ᠦᠵᠡᠬᠦᠯᠦᠨ ᠲᠤᠳᠤᠭᠠᠳᠤ ᠭᠠᠳᠠᠭᠠᠳᠤ ᠶ᠋ᠢᠨ ᠲᠤᠭᠤᠷᠢᠨ ᠦᠵᠡᠭᠴᠢᠳ ᠤ᠋ᠨ ᠰᠤᠨᠢᠷᠬᠠᠯ ᠢ᠋ ᠶᠡᠬᠡᠳᠡ ᠲᠠᠳᠠᠵᠠᠢ᠃

ᠳ᠋ᠠᠰᠢᠨᠢᠮᠡᠶ᠋ᠢᠨ ᠤᠷᠴᠢᠭᠤᠯᠵᠤ ᠨᠠᠢᠷᠠᠭᠤᠯᠤᠭ᠍ᠰᠠᠨ ᠡᠷᠲᠡᠨᠦ ᠨᠤᠮ ᠪᠢᠴᠢᠭᠦᠳ
2006 ᠤᠨ ᠳ᠋ᠤ 《ᠲᠤᠮᠳᠠᠳᠤ ᠤᠯᠤᠰ ᠤ᠋ᠨ ᠴᠦᠬᠡᠨ ᠲᠤᠭᠠᠳᠤ ᠦᠨᠳᠦᠰᠦᠳᠡᠨ ᠤ᠋ ᠡᠷᠳᠡᠨ ᠤ᠋ ᠨᠤᠮ ᠰᠤᠳᠤᠷᠤᠨ ᠶᠡᠷᠦᠩᠬᠡᠢ ᠭᠠᠷᠴᠠᠭᠳᠤ ᠠᠭᠤᠯᠭ᠎ᠠ ᠶ᠋ᠢᠨ ᠲᠤᠪᠴᠢ·ᠡᠸᠡᠩᠬᠢ ᠦᠨᠳᠦᠰᠦᠳᠡᠨ ᠤ᠋ ᠪᠤᠳᠢ》 ᠵᠢᠨ ᠡᠮᠬᠢᠳᠬᠡᠨ ᠨᠠᠶ᠋ᠢᠷᠠᠭᠤᠯᠬᠤ ᠠᠵᠢᠯᠤᠨ ᠬᠦᠨᠳᠦ ᠡᠬᠦᠷᠬᠡ ᠲᠡᠬᠦᠨ ᠤ᠋ ᠮᠦᠷᠦᠨ ᠳ᠋ᠤ ᠪᠠᠭᠤᠵᠤ ᠢᠷᠡᠵᠡᠢ᠃
《ᠲᠤᠮᠳᠠᠳᠤ ᠤᠯᠤᠰᠤᠨ ᠴᠦᠬᠡᠨ ᠲᠤᠭᠠᠳᠤ ᠦᠨᠳᠦᠰᠦᠳᠡᠨ ᠤ᠋ ᠡᠷᠳᠡᠨ ᠤ᠋ ᠨᠤᠮ ᠰᠤᠳᠤᠷᠤᠨ ᠶᠡᠷᠦᠩᠬᠡᠢ ᠭᠠᠷᠴᠠᠭᠳᠤ ᠠᠭᠤᠯᠭ᠎ᠠ ᠶ᠋ᠢᠨ ᠲᠤᠪᠴᠢ·ᠡᠸᠡᠩᠬᠢ ᠦᠨᠳᠦᠰᠦᠳᠡᠨ ᠤ᠋ ᠪᠤᠳᠢ》 ᠶ᠋ᠢᠨ ᠡᠮᠬᠢᠳᠬᠡᠨ ᠨᠠᠶ᠋ᠢᠷᠠᠭᠤᠯᠬᠤ ᠠᠵᠢᠯ ᠢ᠋ ᠳ᠋ᠠᠰᠢᠨᠢᠮ᠎ᠡ 2006 ᠤᠨ ᠡᠴᠠ ᠡᠬᠢᠯᠡᠨ ᠭᠤᠤᠯᠯᠠᠨ ᠡᠬᠦᠷᠬᠡᠯᠡᠨ ᠬᠠᠷᠢᠭᠤᠴᠠᠵᠤ᠂ ᠲᠦᠷᠪᠡᠨ ᠵᠢᠯ ᠤ᠋ᠨ ᠴᠠᠭ ᠬᠤᠭᠤᠴᠠᠭ᠎ᠠ ᠵᠠᠷᠤᠴᠠᠭᠤᠯᠤᠨ ᠠᠮᠠᠷᠠᠯᠳᠠ ᠦᠭᠡᠢ ᠬᠠᠳᠠᠭᠤᠵᠢᠯᠳᠠᠢ ᠠᠵᠢᠯᠯᠠᠵᠠᠢ᠃ ᠡᠨᠡ ᠬᠦ᠌ ᠨᠤᠮ ᠨᠢ ᠤᠯᠤᠰ ᠤ᠋ᠨ ᠦᠨᠳᠦᠰᠦᠳᠡᠨ ᠤ᠋ ᠬᠡᠷᠡᠭ ᠡᠷᠬᠢᠯᠡᠬᠦ᠌ ᠵᠦᠪᠯᠡᠯ ᠤ᠋ᠨ ᠰᠤᠶᠤᠯ ᠤ᠋ᠨ ᠭᠤᠤᠯᠳᠠᠯᠭ᠎ᠠ ᠲᠠᠢ ᠠᠵᠢᠯ ᠤ᠋ᠨ ᠲᠦᠷᠦᠯ ᠵᠦᠢᠯ ᠪᠠᠶ᠋ᠢᠵᠤ᠂ ᠳ᠋ᠠᠰᠢᠨᠢᠮ᠎ᠡ ᠵᠡᠷᠬᠡ ᠬᠦᠮᠦᠰ ᠤ᠋ᠨ ᠬᠠᠳᠠᠭᠤ ᠰᠢᠷᠭᠠᠭᠤ ᠬᠦᠴᠦ᠍ ᠬᠦᠳᠡᠯᠮᠤᠷᠢ ᠪᠠᠷ ᠲᠠᠮᠵᠢᠨ ᠤᠩᠰᠢᠭᠴᠢ ᠤᠯᠠᠨ ᠤ᠋ ᠠᠯᠠᠭᠠᠨ ᠳ᠋ᠤ ᠬᠦᠷᠴᠦ᠍ ᠡᠸᠡᠩᠬᠢ ᠦᠨᠳᠦᠰᠦᠳᠡᠨ ᠤ᠋ ᠲᠡᠤᠬᠡ ᠰᠤᠶᠤᠯ ᠢ᠋ ᠤᠶ᠋ᠢᠯᠠᠭᠠᠬᠤ ᠲᠡᠤᠬᠡᠨ ᠳ᠋ᠤ ᠦᠯᠡᠳᠡᠬᠦ᠌ ᠦᠨᠡᠳᠡᠢ ᠮᠠᠲᠸᠷᠢᠶᠠᠯ ᠪᠤᠯᠤᠭᠰᠠᠨ ᠨᠢ ᠪᠠᠬᠠᠷᠤᠭᠤᠰᠢᠳᠠᠢ ᠦᠨᠡᠯᠡᠬᠦᠰᠢᠳᠡᠢ᠃ ᠲᠤᠰ ᠨᠤᠮ ᠳ᠋ᠤ ᠡᠸᠡᠩᠬᠢ ᠦᠨᠳᠦᠰᠦᠳᠡᠨ ᠤ᠋ ᠲᠤᠬᠠᠢ ᠦᠰᠦᠭ ᠪᠢᠴᠢᠭ ᠵᠢᠠᠷ ᠪᠢᠴᠢᠭᠳᠡᠭᠰᠡᠨ ᠨᠤᠮ ᠰᠤᠳᠤᠷ᠂ ᠬᠦᠰᠢᠶ᠎ᠡ ᠰᠡᠶ᠋ᠢᠯᠦᠮᠡᠯ᠂ ᠲᠠᠩᠰᠠ ᠡᠪᠬᠡᠮᠡᠯ ᠬᠢᠭᠡᠳ ᠠᠮᠠᠨ ᠶᠠᠷᠢᠶ᠎ᠡ ᠪᠠᠷ ᠤᠯᠠᠮᠵᠢᠯᠠᠭᠳᠠᠵᠤ ᠢᠷᠡᠭᠰᠡᠨ ᠡᠷᠳᠡᠨ ᠤ᠋ ᠨᠤᠮ ᠪᠢᠴᠢᠭ ᠢ᠋ ᠦᠷᠬᠡᠨ ᠬᠡᠪᠴᠢᠶᠡᠨ ᠳ᠋ᠤ ᠪᠦᠷᠢᠳᠬᠡᠨ ᠡᠮᠬᠢᠯᠡᠭᠰᠡᠨ ᠶᠤᠮ᠃ ᠡᠶ᠋ᠢᠨ ᠬᠦ᠌ ᠳ᠋ᠠᠰᠢᠨᠢᠮ᠎ᠡ ᠭᠤᠸᠠᠢ ᠤᠯᠤᠰᠤᠨ ᠦᠨᠳᠦᠰᠦᠲᠡᠨᠦ ᠬᠡᠷᠡᠭ ᠡᠷᠬᠢᠯᠡᠬᠦ᠌ ᠵᠦᠪᠯᠡᠯᠤᠨ ᠭᠣᠣᠯᠳᠠᠯᠭᠠᠲᠠᠶ ᠰᠤᠶᠤᠯᠤᠨ ᠲᠥᠷᠥᠯ ᠵᠦᠢᠯ ᠪᠤᠯᠬᠤ《ᠳᠤᠮᠳᠠᠳᠤ ᠤᠯᠤᠰᠤᠨ ᠴᠥᠭᠡᠨ ᠲᠣᠭᠠᠲᠤ᠌ ᠦᠨᠳᠦᠰᠦᠲᠡᠨᠦ ᠲᠤᠯᠭᠤᠷ ᠪᠢᠴᠢᠭᠦᠨ ᠶᠡᠷᠦᠩᠬᠡᠶ ᠭᠠᠷᠴᠠᠭᠳᠦ ᠠᠭᠤᠯᠭ᠎ᠠ ᠶ᠋ᠢᠨ ᠲᠤᠪᠴᠢ·ᠡᠸᠡᠩᠬᠢ ᠦᠨᠳᠦᠰᠦᠲᠡᠨᠦ ᠪᠣᠲᠢ》 ᠵᠢᠨ ᠨᠠᠶ᠋ᠢᠷᠠᠭᠤᠯᠬᠤ ᠺᠣᠮᠢᠰᠤᠨ ᠳᠡᠳ᠋ ᠡᠷᠬᠢᠯᠡᠨ ᠨᠠᠶ᠋ᠢᠷᠠᠭᠤᠯᠤᠭᠴᠢᠶᠢᠨ ᠬᠤᠪᠢᠪᠠᠷ ᠥᠪᠡᠷᠲᠡᠭᠡᠨ ᠵᠠᠰᠠᠬᠤ ᠣᠷᠣᠨᠤ ᠦᠨᠳᠦᠰᠦᠲᠡᠨᠦ ᠬᠡᠷᠡᠭ ᠡᠷᠬᠢᠯᠡᠬᠦ᠌ ᠵᠦᠪᠯᠡᠯ ᠡᠴᠠ ᠣᠯᠭᠣᠭᠰᠠᠨ 《ᠬᠤᠪᠢ ᠬᠥᠮᠦᠨᠦ ᠲᠣᠪᠣᠶ᠋ᠢᠮᠠ ᠬᠤᠪᠢ ᠨᠡᠮᠡᠷᠢ ᠦᠵᠡᠭᠦᠯᠦᠭᠰᠡᠨ ᠱᠠᠩᠨᠠᠯ》 ᠢ᠋ ᠬᠦᠷᠳᠡᠵᠤ ᠪᠠᠶ᠋ᠢᠭᠰᠠᠨ ᠨᠢ ᠲᠡᠬᠦᠨ ᠤ᠋ ᠤᠶ᠋ᠢᠭᠠ ᠦᠭᠡᠢ ᠬᠦᠴᠦ᠍ ᠬᠦᠳᠡᠯᠮᠤᠷᠢ ᠶ᠋ᠢᠨ ᠦᠷ᠎ᠡ ᠪᠦᠲᠦᠬᠡᠯ᠂ ᠦᠨᠳᠦᠷ ᠦᠨᠡᠯᠡᠯᠳᠡ ᠤᠯᠤᠭᠰᠠᠨ ᠢ᠋ ᠠᠷᠭ᠎ᠠ ᠦᠭᠡᠢ ᠬᠠᠷᠠᠭᠤᠯᠤᠨᠡ᠃
ᠲᠡᠷᠡ ᠪᠠᠷ ᠬᠢᠳᠠᠳ᠂ ᠮᠤᠩᠭᠤᠯ᠂ ᠡᠸᠡᠩᠬᠢ᠂ ᠲᠠᠭᠤᠷ᠂ ᠤᠷᠴᠤᠨ᠂ ᠪᠤᠷᠢᠶᠠᠳ᠂ ᠦᠬᠡᠯᠡᠳ ᠵᠡᠷᠬᠡ ᠲᠤᠯᠤᠭᠠᠨ ᠦᠨᠳᠦᠰᠦᠳᠡᠨ ᠶᠠᠰᠤᠳᠠᠨ ᠤ᠋ ᠬᠡᠯᠡᠨ ᠳ᠋ᠤ ᠨᠡᠪᠲᠡᠷᠬᠡᠢ ᠪᠠᠶ᠋ᠢᠳᠠᠭ᠃ ᠤᠯᠠᠨ ᠦᠨᠳᠦᠰᠦᠳᠡᠨ ᠶᠠᠰᠤᠳᠠᠨ ᠤ᠋ ᠦᠬᠡ ᠬᠡᠯᠡᠨ ᠳ᠋ᠤ ᠨᠡᠪᠲᠡᠷᠡᠵᠤ ᠴᠢᠳᠠᠬᠤ ᠨᠢ ᠲᠡᠬᠦᠨ ᠳ᠋ᠤ ᠮᠠᠲᠸᠷᠢᠶᠠᠯ ᠴᠤᠭᠯᠠᠭᠤᠯᠬᠤ᠂ ᠡᠮᠬᠢᠯᠡᠵᠤ ᠨᠠᠶ᠋ᠢᠷᠠᠭᠤᠯᠬᠤ᠂ ᠵᠤᠬᠢᠶᠠᠨ ᠪᠦᠲᠦᠬᠡᠯᠬᠡ ᠬᠢᠬᠦ᠌ ᠳ᠋ᠤ ᠶᠡᠬᠡᠬᠡᠨ ᠲᠦᠬᠦᠮ ᠪᠤᠯᠳᠠᠭ ᠪᠠᠶ᠋ᠢᠵᠠᠢ᠃ ᠳ᠋ᠠᠰᠢᠨᠢᠮ᠎ᠡ ᠭᠤᠴᠢᠨ ᠲᠠᠪᠤ ᠵᠢᠷᠭᠤᠭᠠᠨ ᠵᠢᠯ ᠤᠨ ᠲᠤᠷᠰᠢ ᠡᠷᠳᠡᠨ ᠤ᠋ ᠨᠤᠮ ᠪᠢᠴᠢᠭ ᠢ᠋ ᠡᠮᠬᠢᠯᠡᠨ ᠨᠠᠶ᠋ᠢᠷᠠᠭᠤᠯᠬᠤ ᠠᠵᠢᠯ ᠳ᠋ᠤ ᠬᠤᠶ᠋ᠢᠰᠢ ᠰᠠᠭᠤᠯ ᠦᠭᠡᠢ ᠠᠵᠢᠯᠯᠠᠵᠤ ᠤᠳᠤ ᠪᠤᠯᠳᠡᠯ᠎ᠡ ᠬᠤᠷᠢᠨ ᠬᠡᠳᠦᠨ ᠨᠤᠮ ᠨᠠᠶ᠋ᠢᠷᠠᠭᠤᠯᠬᠤ ᠠᠵᠢᠯ ᠳ᠋ᠤ ᠤᠷᠤᠯᠴᠠᠨ ᠡᠸᠡᠩᠬᠢ ᠦᠨᠳᠦᠰᠦᠲᠡᠨᠦ ᠥᠪᠡᠷᠲᠡᠭᠡᠨ ᠵᠠᠰᠠᠬᠤ ᠬᠣᠰᠢᠭᠤᠨᠤ ᠡᠷᠲᠡᠨᠦ ᠨᠣᠮ ᠪᠢᠴᠢᠭᠦᠨ ᠴᠤᠪᠤᠷᠠᠯ ᠪᠢᠴᠢᠭ 《ᠡᠸᠡᠩᠬᠢ ᠦᠨᠳᠦᠰᠦᠳᠡᠨ ᠤ᠋ ᠲᠡᠤᠬᠡ ᠶ᠋ᠢᠨ ᠮᠠᠲᠸᠷᠢᠶᠠᠯᠤᠨ ᠡᠮᠬᠢᠳᠬᠡᠯ》᠂ 《ᠰᠣᠯᠣᠨ᠂ ᠪᠠᠷᠭᠤ᠂ ᠲᠠᠭᠤᠷ ᠨᠠᠷᠤᠨ ᠬᠦᠯᠦᠨ ᠪᠣᠶ᠋ᠢᠷᠲᠤ᠌ ᠢᠷᠡᠭᠰᠡᠨ ᠡᠬᠢ ᠰᠤᠷᠪᠤᠯᠵᠢ》᠂ 《ᠢᠮᠢᠨ ᠤ᠋ ᠦᠬᠡᠯᠡᠳᠴᠤᠳ》᠂ 《ᠬᠥᠯᠥᠨ ᠪᠣᠶ᠋ᠢᠷᠤᠨ ᠦᠭᠡᠯᠡᠳᠤᠨ ᠰᠣᠶᠣᠯ ᠲᠡᠤᠬᠡ ᠶ᠋ᠢᠨ ᠮᠠᠲ᠋ᠧᠷᠢᠶᠠᠯ》᠂ 《ᠡᠸᠡᠩᠬᠢ ᠠᠷᠠᠳᠤᠨ ᠠᠮᠠᠨ ᠥᠯᠢᠭᠡᠷ》᠂ 《ᠡᠸᠡᠩᠬᠢ ᠦᠨᠳᠦᠰᠦᠲᠡᠨᠦ ᠵᠦᠶ᠋ᠷ ᠰᠡᠴᠡᠨ ᠦᠭᠡ ᠪᠠ ᠣᠨᠢᠰᠤᠭ᠎ᠠ》᠂ 《ᠡᠸᠡᠩᠬᠢ ᠦᠨᠳᠦᠰᠦᠲᠡᠨᠦ ᠰᠣᠶᠣᠯ ᠲᠡᠤᠬᠡ》᠂ 《ᠡᠸᠡᠩᠬᠢ ᠦᠨᠳᠦᠰᠦᠲᠡᠨᠦ ᠵᠠᠩ ᠦᠢᠯᠠ》᠂ 《ᠳᠠᠭᠤᠷ ᠬᠡᠯᠡᠨᠦ ᠠᠶ᠋ᠢᠮᠠᠭᠴᠢᠯᠠᠭᠰᠠᠨ ᠦᠭᠡᠰᠦᠨ ᠰᠠᠩ ᠤᠨ ᠡᠮᠬᠢᠳᠬᠡᠯ》᠂ 《ᠡᠸᠡᠩᠬᠢ ᠦᠨᠳᠦᠰᠦᠳᠡᠨ ᠤ᠋ ᠵᠠᠭᠤᠨ ᠵᠢᠯᠤᠨ ᠪᠤᠳᠠᠳᠤ ᠲᠡᠮᠳᠡᠭᠯᠡᠯ》᠂ 《ᠡᠸᠡᠩᠬᠢ ᠭᠠᠵᠠᠷᠤᠨ ᠨᠡᠷ᠎ᠡ ᠶ᠋ᠢᠨ ᠰᠤᠳᠤᠯᠤᠯ》 ᠵᠡᠷᠬᠡ ᠨᠤᠮᠤᠨ ᠨᠠᠶ᠋ᠢᠷᠠᠭᠤᠯᠬᠤ ᠺᠤᠮᠢᠰᠤᠨ ᠲᠡᠳ᠋ ᠡᠷᠬᠢᠯᠡᠭᠴᠢ ᠪᠠᠷ ᠠᠵᠢᠯᠯᠠᠵᠤ᠂ ᠡᠷᠳᠡᠨ ᠤ᠋ ᠨᠤᠮ ᠪᠢᠴᠢᠭ ᠤᠨ ᠡᠮᠬᠢᠳᠬᠡᠵᠤ ᠨᠠᠶ᠋ᠢᠷᠠᠭᠤᠯᠬᠤ ᠠᠵᠢᠯ ᠳ᠋ᠤ ᠤᠶᠤᠨ ᠤᠬᠠᠭᠠᠨ ᠵᠢᠠᠨ ᠰᠢᠪᠬᠠᠭᠰᠠᠭᠠᠷ ᠢᠷᠡᠵᠡᠢ᠃
ᠣᠳᠣᠬᠠᠨᠳᠤ ᠤᠯᠤᠰᠤᠨ ᠦᠨᠳᠦᠰᠦᠲᠡᠨᠦ ᠬᠡᠷᠡᠭ ᠡᠷᠬᠢᠯᠡᠬᠦ᠌ ᠵᠦᠪᠯᠡᠯᠤᠨ ᠭᠣᠣᠯᠳᠠᠯᠭᠠᠲᠠᠶ ᠰᠣᠶᠣᠯᠤᠨ ᠲᠦᠷᠦᠯ ᠵᠦᠢᠯ ᠪᠤᠯᠬᠤ 《ᠥᠪᠥᠷ ᠮᠣᠩᠭᠣᠯᠤᠨ〈ᠭᠤᠷᠪᠠᠨ ᠴᠥᠭᠡᠨ ᠲᠣᠭᠠᠲᠤ᠌ ᠦᠨᠳᠦᠰᠦᠲᠡᠨ〉 ᠤ᠋ ᠡᠷᠲᠡᠨᠦ ᠨᠣᠮ ᠪᠢᠴᠢᠭᠦᠨ ᠮᠠᠲ᠋ᠧᠷᠢᠶᠠᠯᠤᠨ ᠡᠮᠬᠢᠳᠬᠡᠯ》 ᠤ᠋ᠨ ᠪᠢᠴᠢᠭ ᠬᠠᠷ᠎ᠠ ᠳᠠᠩᠰᠠ ᠡᠪᠬᠡᠮᠡᠯᠦᠨ ᠲᠦᠷᠦᠯᠦᠨ ᠳᠤᠮᠳᠠᠳᠤ ᠢᠷᠭᠡᠨ ᠤᠯᠤᠰᠤᠨ ᠦᠶ᠎ᠡᠶᠢᠨ 《ᠬᠥᠯᠥᠨ ᠪᠤᠢ᠌ᠷᠤᠨ ᠮᠠᠶ᠋ᠢᠷᠠᠨ ᠵᠠᠩᠬᠢ ᠶ᠋ᠢᠨ ᠶᠠᠮᠤᠨ ᠤ᠋ ᠮᠠᠨᠵᠤ ᠬᠡᠯᠡᠨᠦ ᠲᠡᠦᠬᠡᠶᠢᠨ ᠳᠠᠩᠰᠠ ᠡᠪᠬᠡᠮᠡᠯ》 ᠤ᠋ᠨ ᠨᠢᠭᠡᠳᠦᠭᠡᠷ᠂ ᠬᠣᠶᠠᠳᠤᠭᠠᠷ᠂ ᠭᠤᠷᠪᠠᠳᠤᠭᠠᠷ᠂ ᠳᠥᠷᠪᠡᠳᠦᠭᠡᠷ᠂ ᠲᠠᠪᠤᠳᠤᠭᠠᠷ᠂ ᠵᠢᠷᠭᠤᠳᠤᠭᠠᠷ ᠪᠤᠳᠢᠶᠢ ᠣᠷᠴᠢᠭᠤᠯᠤᠨ ᠨᠠᠶ᠋ᠢᠷᠠᠭᠤᠯᠬᠤ ᠠᠵᠢᠯᠢ ᠬᠢᠵᠦ᠍ ᠪᠤᠢ᠃ ᠲᠤᠰ ᠡᠪᠬᠡᠮᠡᠯᠤᠳ ᠨᠢ ᠤᠯᠤᠰ ᠲᠥᠷᠥ᠍᠂ ᠠᠵᠤ ᠠᠬᠤᠶ᠂ ᠵᠡᠷᠭᠡ ᠲᠤᠰᠢᠶᠠᠯ᠂ ᠴᠡᠷᠢᠭᠦᠨ ᠶᠠᠪᠤᠳᠠᠯ᠂ ᠬᠠᠤᠯᠢ ᠴᠠᠭᠠᠵᠠ᠂ ᠰᠤᠷᠭᠠᠨ ᠬᠥᠮᠦᠵᠢᠯ᠂ ᠱᠠᠰᠢᠨ ᠰᠤᠷᠲᠠᠬᠤᠨ᠂ ᠠᠷᠠᠳᠤᠨ ᠠᠮᠢᠳᠤᠷᠠᠯ᠂ ᠠᠷᠠᠳᠤᠨ ᠵᠠᠩ ᠦᠢᠯᠡ᠂ ᠣᠷᠴᠢᠨ ᠠᠬᠤᠶᠶᠢᠨ ᠬᠠᠮᠠᠭᠠᠯᠠᠯᠲᠠ ᠵᠡᠷᠭᠡ ᠲᠤᠶ᠋ᠢᠯᠤᠨ ᠪᠠᠶᠠᠯᠢᠭ ᠠᠭᠤᠯᠭ᠎ᠠ ᠶ᠋ᠢ ᠬᠠᠮᠤᠷᠤᠭᠰᠠᠨ ᠪᠠᠶ᠋ᠢᠳᠠᠭ᠃ ᠡᠨᠡ ᠬᠦ᠌ ᠨᠤᠮ ᠢ᠋ ᠦᠪᠤᠷ ᠮᠤᠩᠭᠤᠯᠤᠨ ᠰᠤᠶᠤᠯᠤᠨ ᠬᠡᠪᠯᠡᠯᠤᠨ ᠬᠤᠷᠢᠶ᠎ᠠ ᠡᠴᠠ ᠤᠳᠠᠯ ᠦᠭᠡᠢ ᠬᠡᠪᠯᠡᠬᠦᠯᠦᠨ ᠲᠠᠷᠬᠠᠭᠠᠬᠤ ᠬᠡᠵᠤ ᠪᠤᠢ᠃
ᠡᠳᠡᠭᠡᠷ ᠵᠢᠯᠤᠳ ᠲᠤ᠌ ᠶᠠᠮᠠᠷ ᠬᠦᠴᠦ᠍ ᠲᠠᠨ ᠢ᠋ ᠤᠷᠤᠭᠰᠢ ᠲᠦᠯᠬᠢᠵᠤ ᠶᠠᠭᠤᠨ ᠡᠴᠠ ᠪᠤᠯᠵᠤ ᠲᠤᠯᠭᠤᠷ ᠪᠢᠴᠢᠭ ᠤ᠋ᠨ ᠠᠵᠢᠯ ᠳ᠋ᠤ ᠭᠠᠷᠮᠠᠭᠠᠶ᠋ᠢᠯᠠᠨ ᠠᠵᠢᠯᠯᠠᠵᠤ ᠢᠷᠡᠭᠰᠡᠨ ᠪᠤᠢ ᠬᠡᠵᠤ ᠠᠰᠠᠭᠤᠬᠤ ᠳ᠋ᠤ᠂ ᠬᠦᠯᠦᠨ ᠪᠤᠶ᠋ᠢᠷᠤᠨ ᠦᠷᠬᠡᠨ ᠠᠭᠤᠳᠠᠮ ᠲᠠᠯ᠎ᠠ ᠨᠤᠳᠤᠭᠤᠨ ᠦᠨᠢ ᠤᠳᠠᠭᠠᠨ ᠲᠡᠤᠬᠡ ᠰᠤᠶᠤᠯ ᠢ᠋ ᠠᠭᠤᠳᠠᠯᠵᠤ ᠤᠯᠠᠮᠵᠢᠯᠠᠬᠤ ᠨᠢ ᠡᠨᠡ ᠨᠤᠳᠤᠭᠤᠨ ᠬᠦᠮᠦᠰᠤᠨ ᠲᠠᠷᠬᠠᠨ ᠬᠠᠷᠢᠭᠤᠴᠠᠯᠭ᠎ᠠ ᠬᠡᠬᠦ᠌ ᠳ᠋ᠤ ᠶᠠᠮᠠᠷ ᠨᠢᠬᠡᠨ ᠡᠬᠦᠷᠬᠡ ᠬᠠᠷᠢᠭᠤᠴᠠᠯᠭ᠎ᠠ ᠶ᠋ᠢ ᠵᠠᠪᠠᠯ ᠪᠠᠷᠢᠮᠳᠠᠯᠠᠬᠤ ᠴᠢᠬᠤᠯᠠᠳᠠᠢ᠂ ᠰᠤᠶᠤᠯ ᠵᠢᠠᠨ ᠠᠴᠢᠶᠠᠯᠠᠬᠤ ᠤᠯᠠᠮᠵᠢᠯᠠᠬᠤ ᠲᠠᠷᠬᠠᠨ ᠬᠠᠷᠢᠭᠤᠴᠠᠯᠭ᠎ᠠ ᠪᠠᠷ ᠲᠡᠤᠬᠡ ᠰᠤᠶᠤᠯᠤᠨ ᠡᠷᠳᠡ ᠡᠳᠦᠬᠡ ᠶ᠋ᠢ ᠬᠤᠯᠪᠤᠬᠤ ᠡᠷᠳᠡᠨ ᠤ᠋ ᠨᠤᠮ ᠪᠢᠴᠢᠭᠤᠨ ᠠᠵᠢᠯ ᠢ᠋ ᠤᠷᠬᠢᠵᠤ ᠬᠠᠶᠠᠯ ᠦᠭᠡᠢ ᠬᠢᠭᠰᠡᠭᠡᠷ ᠢᠷᠡᠯ᠎ᠡ᠃ ᠡᠳᠡᠭᠡᠷ ᠵᠢᠯᠤᠳ ᠲᠤ᠌ ᠨᠤᠶ᠋ᠢᠷ ᠬᠤᠭᠤᠯᠠ ᠦᠭᠡᠢ ᠶᠠᠪᠤᠵᠤ᠂ ᠪᠡᠶ᠎ᠡ ᠰᠡᠳᠬᠢᠯ ᠵᠢᠠᠨ ᠶᠡᠬᠡ ᠪᠠᠷ ᠴᠢᠯᠡᠬᠡᠵᠤ ᠠᠵᠢᠯᠤᠨ ᠲᠠᠷᠤᠭᠠᠰᠤ ᠡᠴᠠ ᠪᠤᠯᠵᠤ ᠡᠮᠨᠡᠯᠭᠡ ᠳ᠋ᠤ ᠤᠷᠤᠵᠤ ᠪᠡᠶ᠎ᠡ ᠪᠠᠨ ᠰᠤᠪᠢᠯᠠᠵᠤ ᠴᠦ᠍ ᠦᠵᠡᠯ᠎ᠡ᠃ ᠰᠤᠷᠴᠦ᠍ ᠰᠤᠳᠤᠯᠵᠤ ᠦᠪᠡᠷ ᠢ᠋ ᠪᠠᠨ ᠲᠡᠬᠦᠯᠳᠡᠷᠵᠢᠬᠦᠯᠳᠡᠭ ᠲᠡᠷᠡ ᠪᠡᠷ ᠲᠤᠯᠢ ᠪᠢᠴᠢᠭ ᠢ᠋ ᠤᠷᠠᠭᠳᠠᠳᠠᠯᠡ ᠤᠷᠪᠠᠭᠤᠯᠵᠤ ᠮᠠᠨᠵᠤ ᠬᠡᠯᠡ ᠰᠤᠷᠴᠦ᠍ ᠪᠠᠶ᠋ᠢᠭᠰᠠᠨ ᠪᠤᠯ ᠺᠤᠮᠫᠢᠥ᠋ᠲᠸᠷ ᠰᠤᠷᠤᠭᠰᠠᠨ ᠨᠢ ᠪᠠᠰᠠ ᠴᠦ᠍ ᠠᠵᠢᠯ ᠰᠤᠷᠤᠯᠭ᠎ᠠ ᠳ᠋ᠤᠨᠢ ᠲᠤᠩ ᠶᠡᠬᠡ ᠳᠤᠰᠠ ᠲᠡᠮ ᠦᠵᠡᠬᠦᠯᠵᠠᠢ᠃ ᠬᠢᠵᠤ ᠴᠢᠳᠠᠵᠤ ᠪᠠᠶ᠋ᠢᠭ᠎ᠠ ᠴᠠᠭ ᠲᠠᠭᠠᠨ ᠬᠢᠬᠦ᠌ ᠶᠤᠰᠤᠳᠠᠢ ᠵᠦᠢᠯ ᠵᠢᠠᠨ ᠦᠷᠬᠦᠯᠵᠢᠯᠡᠨ ᠬᠢᠵᠤ ᠯᠡ ᠶᠠᠪᠤᠶ᠎ᠡ᠂ ᠶᠠᠭᠠᠬᠢᠭᠰᠡᠨ ᠴᠦ᠍ ᠵᠤᠷᠢᠭ ᠮᠤᠬᠤᠵᠤ ᠬᠠᠯᠠᠰᠢᠷᠠᠵᠤ ᠵᠤᠭᠰᠤᠬᠤ ᠦᠭᠡᠢ ᠬᠡᠵᠤ ᠤᠴᠢᠷᠳᠠᠶ᠋ᠢᠬᠠᠨ ᠶᠠᠷᠢᠵᠤ ᠪᠠᠶ᠋ᠢᠯᠡ᠃ ᠠᠯᠢᠪᠠ ᠬᠦᠴᠢᠷ ᠪᠡᠷᠬᠡᠰᠢᠶᠡᠯ ᠢ᠋ ᠲᠤᠭᠤᠯᠤᠨ ᠡᠮᠬᠢᠯᠡᠵᠤ ᠨᠠᠶ᠋ᠢᠷᠠᠭᠤᠯᠵᠤ ᠵᠢᠷᠤᠬᠡᠨ ᠲᠠᠮᠢᠷ ᠵᠢᠠᠨ ᠰᠢᠪᠬᠠᠭᠰᠠᠨ ᠨᠤᠮ ᠪᠦᠲᠦᠬᠡᠯ ᠨᠢ ᠬᠡᠪᠯᠡᠭᠳᠡᠵᠤ ᠭᠠᠷᠬᠤ ᠦᠶ᠎ᠡ ᠪᠤᠯ ᠲᠡᠬᠦᠨ ᠤ᠋ ᠬᠠᠮᠤᠭᠤᠨ ᠪᠠᠶᠠᠷᠳᠤ ᠴᠠᠭ ᠮᠦᠴᠨ ᠨᠢ ᠪᠤᠯᠤᠨ᠎ᠡ᠃
ᠲᠡᠤᠬᠡᠨ ᠮᠠᠲᠸᠷᠢᠶᠠᠯ ᠢ᠋ ᠵᠠᠪᠠᠯ ᠤᠤᠯ ᠶᠤᠰᠤᠭᠠᠷ ᠨᠢ ᠲᠤᠰᠬᠠᠬᠤ ᠭᠡᠷᠡᠭᠳᠡᠢ᠃ ᠶᠠᠮᠠᠷ ᠴᠦ᠍ ᠦᠬᠡᠷᠡᠴᠢᠯᠡᠯᠳᠡ ᠬᠢᠵᠤ ᠪᠤᠯᠬᠤ ᠦᠭᠡᠢ᠃ ᠨᠠᠷᠢᠨ ᠬᠢᠨᠠᠮᠠᠭᠠᠢ᠂ ᠦᠨᠡᠨᠴᠢ ᠪᠠᠶ᠋ᠢᠵᠤ ᠨᠤᠳᠤᠭ ᠤᠰᠤᠨ ᠤ᠋ ᠪᠠᠨ ᠲᠡᠤᠬᠡ ᠰᠤᠶᠤᠯ ᠳ᠋ᠤ ᠬᠠᠷᠢᠭᠤᠴᠠᠨ᠎ᠡ᠃ ᠡᠨᠡ ᠪᠤᠯ ᠲᠡᠬᠦᠨ ᠤ᠋ ᠡᠳᠡᠭᠡᠷ ᠵᠢᠯ ᠤᠨ ᠰᠤᠶᠤᠯ ᠰᠤᠳᠤᠯᠤᠯ ᠤᠨ ᠠᠶᠠᠨ ᠳ᠋ᠡᠬᠢ ᠬᠠᠳᠠᠭᠤ ᠪᠠᠷᠢᠮᠳᠠᠯᠠᠯ᠃ ᠮᠦᠨ ᠴᠤ᠌ ᠦᠨᠳᠦᠰᠦᠳᠡᠨ ᠤ᠋ ᠦᠪ ᠰᠤᠶᠤᠯ ᠵᠢᠠᠨ ᠤᠯᠠᠮᠵᠢᠯᠠᠨ ᠬᠦᠭᠵᠢᠬᠦᠯᠬᠦ᠌ ᠲᠠᠷᠬᠠᠨ ᠡᠬᠦᠷᠬᠡ ᠶ᠋ᠢ ᠡᠬᠦᠷᠬᠡᠯᠡᠨ ᠲᠡᠤᠬᠡ ᠰᠤᠶᠤᠯᠤᠨ ᠡᠷᠳᠡᠨ ᠡᠳᠤᠬᠡ ᠶ᠋ᠢ ᠬᠤᠯᠪᠤᠬᠤ ᠰᠤᠯᠤᠩᠭᠠᠨ ᠬᠦᠬᠦᠷᠬᠡ ᠶ᠋ᠢ ᠪᠡᠬᠢᠵᠢᠬᠦᠯᠵᠤ ᠢᠷᠡᠭᠰᠡᠨ ᠶᠤᠮ᠃