ᠬᠦᠮᠤᠨ᠎ᠤ ᠴᠢᠮᠡᠭ ᠴᠢᠷᠠᠢ ᠴᠢᠷᠠᠢ ᠵᠢᠨ ᠴᠢᠮᠡᠭ ᠨᠢᠳᠤ
2026-06-12 11:22:00
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

《ᠨᠢᠳᠤ ᠬᠡᠳᠡᠭ ᠰᠡᠳᠬᠢᠯ᠎ᠤᠨ ᠳᠤᠯᠢ᠂ ᠰᠡᠳᠬᠢᠯ ᠬᠡᠳᠡᠭ ᠪᠠᠶ᠎ᠠ ᠵᠢᠨ ᠳᠤᠯᠢ》 ᠬᠡᠮᠡᠳᠡᠭ᠃ ᠠᠯᠢᠪᠠ ᠠᠮᠢᠳᠤ ᠠᠮᠢᠳᠠᠨ᠎ᠤ ᠶᠢᠷᠳᠢᠨᠴᠤ ᠵᠢ ᠬᠠᠷᠠᠵᠤ ᠶᠠᠪᠤᠬᠤ ᠰᠢᠬ ᠲᠡᠬᠡᠳᠤ ᠵᠢᠨ ᠵᠢᠷᠭᠠᠯ ᠪᠠᠢᠳᠠᠭ ᠦᠬᠡᠢ᠃ ᠬᠦᠮᠤᠨ᠎ᠤ ᠨᠢᠳᠤ ᠪᠤᠯ ᠨᠡᠯᠢᠶᠠᠳ ᠲᠠᠰᠪᠤᠷᠢ ᠲᠠᠢ᠂ ᠪᠠᠷᠤᠭ ᠲᠠᠢ ᠳ᠋ᠠᠭᠠᠨ ᠡᠪᠡᠳᠴᠤ ᠵᠤᠪᠠᠭᠠᠳᠠᠭ ᠦᠬᠡᠢ᠃ ᠠᠮᠢᠨ ᠡᠴᠨ ᠬᠤᠯᠠ ᠡᠷᠬᠡᠳᠡᠨ ᠪᠤᠯᠬᠤᠷ ᠬᠠᠷᠠᠭᠠᠳ ᠯᠠ ᠶᠠᠪᠤᠵᠤ ᠪᠠᠢᠭ᠎ᠠ ᠦᠶ᠎ᠠ ᠳ᠋ᠡᠬᠡᠨ ᠲᠡᠬᠦᠨ᠎ᠳᠤ ᠶᠠᠷᠤ ᠠᠩᠬᠠᠷᠤᠯ ᠲᠠᠯᠪᠢᠳᠠᠭ ᠦᠬᠡᠢ᠃

ᠡᠳᠤᠷᠵᠢᠨ ᠺᠤᠮᠫᠢᠦ᠋ᠲᠸᠷ ᠱᠠᠭᠠᠢᠵᠤ᠂ ᠦᠳᠡᠰᠢ ᠨᠢ ᠵᠢᠷᠤᠭᠳᠤ ᠲᠸᠯᠸᠢᠰ ᠦᠵᠡᠵᠤ ᠨᠤᠮ ᠰᠤᠨᠢᠨ ᠱᠠᠭᠠᠢᠵᠤ ᠨᠤᠢᠷ ᠲᠠᠭᠠᠨ ᠲᠡᠢᠯᠦᠭᠳᠡᠬᠡᠳ ᠤᠨᠳᠠᠳᠠᠬ᠃ ᠲᠠᠷᠠ ᠴᠠᠭ ᠲᠤ᠌ ᠨᠢᠳᠤᠨ᠎ᠤ ᠵᠤᠪᠬᠢ ᠬᠠᠭᠠᠭᠳᠠᠵᠤ ᠰᠠᠶᠢ ᠨᠢᠬᠡ ᠠᠮᠠᠷᠠᠳᠠᠭ᠃ ᠦᠷᠯᠦᠬᠡ ᠪᠤᠰᠤᠩᠭᠤᠳᠠ ᠨᠤᠤᠬ᠎ᠠ ᠵᠢ ᠨᠢ ᠠᠷᠢᠯᠭᠠᠵᠤ ᠤᠬᠢᠶᠠᠭᠠᠳ ᠲᠡᠬᠢᠭᠠᠳ ᠯᠠ ᠨᠦᠬᠦᠬᠡ ᠠᠵᠢᠯ ᠲᠠᠪᠳᠠᠭᠳᠠᠨ᠎ᠠ᠃ ᠢᠩᠬᠢᠵᠤ ᠨᠢᠳᠤ ᠵᠢ ᠬᠠᠢᠷ᠎ᠠ ᠭᠠᠮ ᠦᠬᠡᠢ ᠡᠳ᠋ᠯᠡᠭᠰᠡᠡ ᠡᠴᠨ ᠬᠤᠳᠠ ᠵᠢᠨ ᠬᠦᠮᠤᠰ 8 ᠨᠠᠰᠤᠳᠠᠢ ᠪᠠᠯᠴᠢᠷ ᠡᠴᠨ ᠪᠡᠨ ᠡᠬᠢᠯᠡᠬᠡᠳ 80 ᠨᠠᠰᠤᠳᠠᠢ ᠡᠪᠤᠬᠡᠳ ᠬᠦᠭᠰᠢᠳ ᠬᠦᠷᠳᠡᠯ᠎ᠠ ᠬᠠᠷᠠᠭᠠᠨ᠎ᠤ ᠰᠢᠯ ᠵᠡᠬᠦᠳᠡᠭ ᠪᠤᠯᠵᠠᠢ᠃

ᠮᠤᠩᠭᠤᠯᠴᠤᠳ ᠬᠡᠵᠢᠶ᠎ᠠ ᠡᠴᠨ ᠪᠡᠨ ᠨᠢᠳᠤ ᠰᠠᠢᠳᠠᠢ ᠪᠠᠢᠳᠠᠭ᠃ ᠬᠠᠷᠪᠤᠵᠤ ᠨᠠᠮᠨᠠᠬᠤ ᠵᠢ ᠨᠢᠳᠤᠨ᠎ᠤ ᠰᠠᠢᠨ ᠵᠢᠡᠷ ᠬᠦᠢᠴᠡᠬᠡᠳᠡᠭ᠃ ᠰᠢᠯ᠂ ᠰᠠᠷᠠᠪᠴᠢ ᠬᠡᠵᠤ ᠮᠡᠳᠡᠳᠡᠭ ᠦᠬᠡᠢ ᠬᠦᠮᠤᠰ ᠪᠠᠢᠪᠠ᠃ ᠵᠠᠷᠢᠮ ᠨᠢᠬᠡ ᠨᠤᠮ᠎ᠤᠨ ᠮᠡᠷᠬᠡᠳ᠂ ᠠᠯᠳᠠ ᠮᠦᠩᠬᠦᠨ᠎ᠤ ᠤᠷᠠᠨ ᠲᠠᠷᠬᠠᠨ ᠨᠠᠷ ᠨᠠᠰᠤ ᠦᠨᠳᠤᠷ ᠪᠤᠯᠬᠤ ᠵᠢᠨ ᠦᠶ᠎ᠠ᠎ᠳᠤ ᠭᠠᠯ ᠰᠢᠯ ᠬᠡᠵᠤ ᠤᠢᠷ᠎ᠠ ᠬᠠᠷᠠᠭᠠᠨ᠎ᠤ ᠰᠢᠯ ᠵᠡᠬᠦᠳᠡᠭ ᠪᠠᠢᠬᠰᠠᠠ ᠤᠳᠠᠭ᠎ᠠ ᠲᠠᠢ᠃ ᠲᠡᠬᠦᠨ ᠡᠴᠨ ᠪᠢᠰᠢ ᠮᠤᠷᠢ ᠤᠨᠤᠵᠤ᠂ ᠤᠷᠭ᠎ᠠ ᠪᠠᠷᠢᠬᠰᠠᠠ ᠬᠦᠮᠤᠰ ᠰᠢᠯ ᠵᠡᠬᠦᠬᠡᠳ ᠶᠠᠪᠤᠵᠤ ᠪᠠᠢᠬᠤ ᠵᠢ ᠮᠡᠳᠡᠬᠦ ᠦᠬᠡᠢ ᠶᠤᠮ᠃

ᠬᠦᠮᠤᠨ᠎ᠤ ᠨᠢᠳᠤᠨ ᠬᠠᠷᠠᠭ᠎ᠠ ᠰᠡᠳᠬᠢᠬᠦᠢ ᠬᠤᠶᠠᠷ ᠰᠠᠯᠤᠰᠢ ᠦᠬᠡᠢ ᠬᠤᠯᠪᠤᠭ᠎ᠠ ᠲᠠᠢ ᠪᠠᠢᠳᠠᠭ ᠤᠴᠢᠷ ᠬᠠᠷᠠᠭ᠎ᠠ ᠪᠠ ᠰᠡᠳᠬᠢᠬᠦᠢ ᠵᠢᠨ ᠵᠤᠬᠢᠴᠠᠯ ᠬᠦᠮᠤᠨ᠎ᠤ ᠡᠷᠡᠬᠦᠯ ᠮᠠᠨᠳᠤ᠎ᠳᠤ ᠴᠢᠬᠤᠯᠠ ᠡᠬᠦᠷᠬᠡ ᠲᠠᠢ ᠪᠠᠢᠳᠠᠭ᠃ ᠨᠢᠳᠤ ᠪᠤᠯ ᠰᠠᠷᠠᠯ᠎ᠤᠨ ᠡᠷᠬᠡᠳᠡᠨ ᠲᠠᠳᠤᠢ ᠦᠬᠡᠢ ᠤᠬᠠᠭᠠᠨ ᠪᠤᠳᠤᠯ᠎ᠤᠨ ᠡᠯᠴᠢ᠂ ᠮᠡᠳᠡᠷᠡᠬᠦ ᠰᠡᠳᠬᠢᠬᠦᠢ ᠵᠢ ᠵᠠᠬᠢᠷᠤᠭᠴᠢ ᠮᠦᠨ᠃

ᠮᠤᠩᠭᠤᠯᠴᠤᠳ 《ᠨᠢᠳᠤ ᠬᠠᠮᠢᠭ᠎ᠠ ᠳᠤᠰᠪᠠᠯ ᠤᠬᠠᠭᠠᠨ ᠲᠠᠨᠳᠠ ᠬᠦᠷᠤᠨ᠎ᠠ》 ᠬᠡᠵᠤ ᠶᠠᠷᠢᠳᠠᠭ᠃ ᠮᠡᠯᠴᠢᠨ ᠬᠦᠮᠤᠨ᠎ᠤ ᠬᠠᠷᠠᠭ᠎ᠠ ᠬᠤᠷᠴᠠ᠂ ᠠᠵᠢᠯᠴᠢ ᠬᠢᠷᠠᠬᠠᠢ ᠪᠠᠢᠳᠠᠭ ᠨᠢ ᠪᠠᠭ᠎ᠠ ᠨᠠᠰᠤᠨ ᠡᠴᠨ ᠪᠡᠨ ᠬᠠᠷᠠᠭ᠎ᠠ ᠪᠡᠨ ᠰᠠᠢᠨ ᠪᠤᠯᠪᠠᠰᠤᠷᠠᠭᠤᠯᠵᠤ ᠲᠠᠰᠬᠠᠭᠰᠠᠠ᠎ᠳᠤ ᠤᠷᠤᠰᠢᠨ᠎ᠠ᠃

ᠮᠠᠯᠴᠢᠨ ᠬᠦᠮᠤᠨ ᠨᠢᠬᠡ ᠦᠵᠡᠭᠰᠡᠡ ᠮᠠᠯ᠂ ᠬᠠᠷᠠᠭᠰᠠᠠ ᠬᠦᠮᠤᠨ᠂ ᠶᠠᠪᠤᠭᠰᠠᠠ ᠵᠠᠮ ᠵᠢᠠᠨ ᠠᠨᠳᠠᠳᠠᠭ ᠦᠬᠡᠢ᠃ ᠬᠡᠤᠬᠡᠳ᠎ᠢ ᠪᠠᠭ᠎ᠠ ᠡᠴᠨ ᠨᠢ ᠠᠯᠤᠰ᠎ᠤᠨ ᠶᠠᠭᠤᠮ᠎ᠠ ᠬᠠᠷᠠᠭᠤᠯᠵᠤ ᠬᠠᠷᠠᠭᠠᠨ᠎ᠤ ᠦᠵᠤᠬᠦᠷ ᠲᠤ᠌ ᠪᠦᠷᠳᠦᠢᠬᠦ ᠲᠡᠳᠤᠢ ᠦᠵᠡᠭᠳᠡᠬᠦ ᠮᠠᠯ᠎ᠢ ᠲᠦᠷᠤᠯ ᠵᠢᠰᠤ ᠪᠡᠷ ᠨᠢ ᠢᠯᠭᠠᠨ ᠲᠠᠨᠢᠵᠤ ᠴᠢᠳᠠᠳᠠᠭ ᠪᠤᠯᠭᠠᠨ ᠰᠤᠷᠭᠠᠳᠠᠭ᠃

ᠮᠠᠯᠴᠢᠨ ᠬᠦᠮᠤᠨ ᠦᠷᠯᠦᠬᠡ ᠪᠤᠰᠤᠭᠠᠳ ᠭᠠᠳᠠᠨ᠎ᠠ ᠭᠠᠷᠤᠮᠠᠭᠴᠠ ᠲᠦᠷᠪᠡᠨ ᠵᠦᠭ ᠨᠠᠢ᠍ᠮᠠᠨ ᠵᠤᠪᠬᠢᠰ᠎ᠢ ᠠᠵᠢᠭᠯᠠᠨ ᠬᠠᠷᠠᠵᠤ ᠬᠠᠮᠢᠭ᠎ᠠ ᠶᠠᠭᠤ ᠪᠠᠢᠨ᠎ᠠ᠂ ᠶᠠᠮᠠᠷ ᠮᠠᠯ ᠬᠡᠨ᠎ᠤ ᠮᠠᠯ ᠬᠠᠷᠠᠭᠳᠠᠵᠤ ᠪᠠᠢᠨ᠎ᠠ᠂ ᠠᠢᠯ ᠰᠠᠭᠠᠬᠠᠯᠳᠠ ᠵᠢᠨ ᠬᠢᠨ ᠶᠠᠮᠠᠷ ᠪᠠᠢᠳᠠᠯ ᠲᠠᠢ ᠪᠠᠢᠨ᠎ᠠ ᠬᠡᠵᠤ ᠬᠠᠷᠠᠵᠤ ᠵᠤᠭᠰᠤᠳᠠᠭ᠃

ᠮᠦᠨ ᠨᠡᠷᠡᠨ ᠡᠴᠨ ᠡᠮᠤᠨ᠎ᠠ ᠮᠤᠷᠳᠡᠵᠤ ᠠᠳᠤᠭᠤ ᠮᠠᠯ᠎ᠳᠤ ᠶᠠᠪᠤᠬᠤ᠎ᠳᠠᠭᠠᠨ ᠦᠨᠳᠤᠷ ᠠᠭᠤᠯᠠ ᠳᠤᠯᠤᠭᠠᠳ᠎ᠤᠨ ᠤᠷᠤᠢ᠎ᠳᠤ ᠭᠠᠷᠴᠤ ᠰᠠᠭᠤᠨ ᠴᠡᠯᠡᠬᠡᠷ ᠨᠤᠭᠤᠭᠠᠨ ᠬᠦᠳᠡᠬᠡ ᠲᠠᠯ᠎ᠠ᠂ ᠴᠡᠩᠬᠡᠷ ᠬᠦᠬᠡᠮᠳᠦᠭ ᠠᠭᠤᠯᠠ ᠨᠢᠷᠤᠭᠤ᠂ ᠬᠦᠪᠤᠩ ᠴᠠᠭᠠᠨ ᠡᠬᠦᠯᠠ᠂ ᠬᠦᠬᠡ ᠲᠡᠭᠷᠢ ᠵᠢ ᠬᠠᠷᠠᠭ᠎ᠠ ᠴᠢᠯᠡᠳᠡᠯ᠎ᠠ ᠰᠢᠷᠳᠡᠵᠤ ᠠᠯᠤᠰ ᠲᠤ᠌ ᠪᠡᠯᠴᠢᠵᠤ ᠪᠠᠢᠭ᠎ᠠ ᠠᠳᠤᠭᠤ ᠮᠠᠯ᠂ ᠠᠩ ᠠᠮᠢᠳᠠᠨ᠎ᠤ ᠪᠠᠢᠷᠢᠰᠢᠯ ᠬᠦᠳᠡᠯᠬᠡᠬᠡᠨ᠎ᠢ ᠠᠵᠢᠭᠯᠠᠨ ᠲᠡᠷᠳᠡᠬᠡ ᠬᠤᠯᠠ ᠶᠠᠪᠤᠭ᠎ᠠ ᠮᠤᠷᠢᠳᠡᠨ᠎ᠢ ᠮᠤᠷᠢ ᠪᠡᠷ ᠨᠢ ᠲᠠᠨᠢᠵᠤ ᠶᠠᠳᠠᠨ ᠰᠠᠭᠤᠬᠤ ᠨᠢ ᠨᠢᠬᠡᠨ ᠵᠤᠢᠯ᠎ᠤᠨ ᠰᠡᠳᠬᠢᠯ᠎ᠤᠨ ᠴᠡᠩᠬᠡᠯ᠂ ᠪᠠᠶᠠᠷ ᠪᠠᠶᠠᠰᠬᠤᠯᠠᠩ ᠵᠢᠠᠨ ᠪᠤᠯᠭᠠᠳᠠᠭ᠃

ᠬᠡᠤᠬᠡᠳ ᠪᠠᠭᠠᠴᠤᠳ᠎ᠢ ᠰᠠᠷᠠ᠂ ᠤᠳᠤᠨ ᠮᠡᠴᠢᠳ᠎ᠢ ᠰᠢᠷᠳᠡᠨ ᠬᠠᠷᠠᠭᠤᠯᠵᠤ ᠪᠠᠢᠪᠠᠯ ᠰᠠᠷᠠᠨ᠎ᠤ ᠬᠡᠷᠡᠯ ᠬᠦᠮᠤᠨ᠎ᠤ ᠨᠢᠳᠤ ᠵᠢ ᠬᠡᠢᠬᠦᠯᠵᠤ ᠬᠡᠷᠡᠯ ᠨᠢ ᠨᠢᠳᠤᠨ᠎ᠤ ᠴᠡᠴᠡᠬᠡᠢ᠎ᠳᠤ ᠨᠡᠪᠳᠡᠷᠡᠨ ᠰᠢᠩᠬᠡᠵᠤ ᠬᠠᠷᠠᠭ᠎ᠠ ᠵᠢ ᠰᠠᠢᠵᠢᠷᠠᠭᠤᠯᠳᠠᠭ ᠬᠡᠳᠡᠭ ᠡᠴᠨ ᠭᠠᠳᠠᠨ᠎ᠠ ᠰᠠᠷᠠᠨ᠎ᠤ ᠬᠡᠷᠡᠯ ᠰᠡᠷᠢᠬᠦᠨ ᠴᠢᠨᠠᠷ ᠲᠠᠢ ᠤᠴᠢᠷ ᠨᠢᠳᠤᠨ᠎ᠤ ᠬᠤᠤᠷ᠎ᠢ ᠠᠷᠢᠯᠭᠠᠳᠠᠭ ᠬᠡᠵᠤ ᠦᠵᠡᠳᠡᠭ᠂ ᠦᠳᠡᠰᠢ ᠪᠤᠶᠤ ᠦᠷ ᠵᠢᠡᠷ ᠤᠳᠤᠳ᠎ᠢ ᠨᠢᠳᠤ ᠰᠠᠯᠭᠠᠯ ᠦᠬᠡᠢ ᠰᠢᠷᠳᠡᠪᠡᠯ ᠠᠨᠢᠪᠡᠯᠵᠠᠨ ᠪᠠᠢᠬᠤ ᠤᠳᠤᠨ᠎ᠤ ᠬᠡᠷᠡᠯ ᠬᠦᠮᠤᠨ᠎ᠤ ᠨᠢᠳᠤᠨ᠎ᠳᠤ ᠰᠠᠴᠤᠷᠠᠨ ᠰᠢᠩᠬᠡᠵᠤ᠂ ᠨᠢᠳᠤ ᠵᠢ ᠬᠡᠷᠡᠯᠳᠤᠬᠦᠯᠤᠨ ᠬᠡᠢᠬᠦᠯᠵᠤ ᠬᠠᠷᠠᠭ᠎ᠠ ᠬᠤᠷᠴᠠᠯᠠᠳᠠᠭ ᠬᠡᠵᠤ ᠦᠵᠡᠳᠡᠭ᠃

ᠬᠡᠤᠬᠡᠳ ᠪᠠᠭᠠᠴᠤᠳ᠎ᠤᠨ ᠨᠢᠳᠤᠨ᠎ᠤ ᠬᠠᠷᠠᠭ᠎ᠠ ᠵᠢ ᠰᠢᠯᠭᠠᠵᠤ ᠦᠵᠡᠳᠡᠭ ᠡᠪᠤᠬᠡᠳ ᠲᠡᠬᠡᠳᠤᠰ᠎ᠤᠨ ᠨᠢᠬᠡ ᠠᠷᠭ᠎ᠠ ᠨᠢ ᠳᠤᠯᠤᠭᠠᠨ ᠪᠤᠷᠬᠠᠨ ᠤᠳᠤᠨ᠎ᠢ ᠨᠡᠬᠡᠬᠡᠬᠦ ᠠᠷᠭ᠎ᠠ ᠬᠡᠮᠡᠬᠦ ᠤᠳᠤᠨ᠎ᠤ ᠬᠠᠵᠠᠭᠤ᠎ᠳᠤ ᠪᠠᠢᠷᠢᠯᠠᠬᠤ ᠳᠤᠰᠠᠯᠠᠭᠴᠢ ᠬᠡᠳᠡᠭ ᠪᠦᠳᠡᠬᠢ ᠤᠳᠤ ᠵᠢ ᠤᠯᠵᠤ ᠬᠠᠷᠠᠭᠤᠯᠬᠤ ᠠᠷᠭ᠎ᠠ ᠪᠠᠢᠳᠠᠭ᠃ ᠲᠠᠷᠠ ᠤᠳᠤ ᠵᠢ ᠬᠠᠷᠠᠵᠤ ᠪᠠᠢᠪᠠᠯ ᠬᠠᠮᠤᠭ᠎ᠤᠨ ᠰᠠᠢᠨ ᠬᠠᠷᠠᠭ᠎ᠠ ᠲᠠᠢ ᠳ᠋ᠤ ᠳᠤᠭᠠᠴᠠᠭᠳᠠᠳᠠᠭ᠂ ᠲᠠᠷᠠ ᠤᠳᠤ ᠶᠡᠬᠡ ᠳᠤᠯᠤᠭᠠᠨ ᠪᠤᠷᠬᠠᠨ᠎ᠤ ᠰᠢᠨᠠᠭᠠᠨ ᠪᠠᠷᠢᠭᠤᠯ᠎ᠤᠨ ᠭᠤᠷᠪᠡᠨ ᠤᠳᠤᠨ᠎ᠤ ᠳᠤᠮᠳᠡᠬᠢ ᠨᠢ ᠪᠤᠯᠤᠨ᠎ᠠ᠃

ᠢᠩᠬᠢᠵᠤ ᠪᠠᠢᠭᠠᠯᠢ ᠵᠢᠨ ᠠᠷᠭ᠎ᠠ ᠪᠡᠷ ᠨᠢᠳᠤᠨ᠎ᠤ ᠬᠠᠷᠠᠭ᠎ᠠ ᠵᠢ ᠰᠠᠢᠵᠢᠷᠠᠭᠤᠯᠬᠤ ᠲᠠᠰᠬᠠᠯ᠎ᠢ ᠦᠪᠡᠷ ᠲᠡᠬᠡᠨ ᠪᠤᠯᠤᠨ ᠪᠤᠰᠤᠳ ᠲᠤ᠌ ᠬᠡᠯᠡᠵᠤ ᠬᠢᠯᠬᠡᠵᠤ ᠪᠠᠢᠪᠠᠯ ᠰᠠᠢᠨ ᠶᠤᠮ᠃

ᠨᠢᠳᠤ ᠪᠤᠯ ᠮᠠᠰᠢ ᠠᠷᠢᠭᠤᠨ ᠡᠮᠵᠡᠭ ᠡᠷᠬᠡᠳᠡᠠ᠂ ᠪᠠᠰᠠ ᠠᠮᠠᠷᠬᠠᠨ ᠪᠤᠵᠠᠷᠳᠤᠳᠠᠭ᠃ ᠲᠠᠢᠮᠤ ᠡᠴᠨ ᠮᠠᠭᠤ ᠮᠠᠭᠤᠬᠠᠢ ᠶᠠᠭᠤᠮ᠎ᠠ ᠵᠢ ᠬᠠᠷᠠᠬᠤ ᠬᠡᠷᠡᠭ ᠦᠬᠡᠢ᠃ ᠠᠯᠢ ᠪᠤᠯᠬᠤ ᠪᠡᠷ ᠮᠠᠭᠤ ᠮᠠᠭᠤᠬᠠᠢ ᠵᠤᠢᠯ᠎ᠢ ᠬᠠᠷᠠᠬᠤ ᠡᠴᠨ ᠪᠡᠨ ᠵᠠᠢᠯᠠᠰᠬᠢᠵᠤ ᠨᠢᠳᠤ ᠪᠡᠨ ᠪᠤᠷᠤᠭᠤᠯᠠᠨ ᠶᠠᠪᠤᠪᠠᠰᠤ ᠵᠤᠬᠢᠮᠤᠢ᠂ ᠤᠴᠢᠷ ᠨᠢ ᠨᠢᠳᠤ ᠪᠡᠷ ᠬᠠᠷᠠᠭᠰᠠᠠ ᠪᠤᠵᠠᠷ ᠮᠠᠭᠤᠬᠠᠢ ᠶᠠᠭᠤᠮᠠᠰ ᠰᠡᠳᠬᠢᠯ᠎ᠢ ᠪᠤᠵᠠᠷᠯᠠᠨ ᠤᠯᠠᠮ ᠵᠢᠡᠷ ᠪᠤᠵᠠᠷᠳᠤᠭᠰᠠᠠ ᠰᠡᠳᠬᠢᠯ ᠪᠠᠶ᠎ᠠ ᠵᠢ ᠪᠤᠵᠠᠷᠯᠠᠨ ᠡᠪᠡᠳᠴᠢᠨ ᠵᠤᠪᠠᠯᠠᠩ ᠡᠬᠦᠰᠬᠡᠳᠡᠭ᠃

ᠮᠤᠩᠭᠤᠯᠴᠤᠳ ᠴᠡᠯᠮᠡᠭ ᠬᠦᠬᠡ ᠲᠡᠭᠷᠢ᠂ ᠨᠠᠷᠠᠯᠠᠭ ᠤᠷᠴᠢᠨ᠎ᠳᠤ ᠠᠮᠢᠳᠤᠷᠠᠳᠠᠭ ᠳᠤᠯᠠ ᠨᠢᠳᠤᠨ᠎ᠤ ᠰᠤᠯᠤᠩᠭᠠᠯᠢᠬ ᠪᠦᠷᠬᠦᠪᠴᠢ ᠭᠤᠤᠯᠳᠠᠭᠤ ᠬᠦᠷᠡᠩ ᠬᠠᠷ᠎ᠠ ᠦᠩᠬᠡ ᠲᠠᠢ ᠪᠠᠢᠳᠠᠭ ᠪᠤᠯ ᠨᠡᠷᠠ ᠪᠠᠭ᠎ᠠ ᠦᠵᠡᠳᠡᠭ ᠠᠭᠤᠷ ᠠᠮᠢᠰᠬᠤᠯ ᠲᠠᠢ ᠤᠷᠤᠨ᠎ᠤ ᠬᠦᠮᠤᠰ᠎ᠤᠨ ᠨᠢᠳᠤ ᠴᠡᠩᠬᠡᠷ ᠨᠤᠭᠤᠭᠠᠪᠳᠤᠷ ᠦᠩᠬᠡ ᠲᠠᠢ ᠪᠠᠢᠳᠠᠭ᠃

ᠨᠢᠳᠤᠨ᠎ᠤ ᠰᠤᠷᠮᠤᠤᠰᠤ ᠪᠤᠯ ᠨᠢᠳᠤ ᠵᠢ ᠳᠤᠭᠤᠰᠤ ᠪᠤᠯᠤᠨ ᠤᠷᠴᠢᠨ ᠳᠤᠭᠤᠷᠢᠨ᠎ᠳᠤ ᠪᠤᠯᠵᠤ ᠪᠤᠢ ᠡᠯᠳᠡᠪ ᠨᠦᠯᠦᠬᠡᠯᠡᠯ ᠡᠴᠨ ᠬᠠᠮᠠᠭᠠᠯᠠᠬᠤ ᠡᠴᠨ ᠭᠠᠳᠠᠨ᠎ᠠ ᠢᠷᠡᠵᠤ ᠪᠤᠢ ᠠᠶᠤᠯ᠎ᠢ ᠮᠡᠳᠡᠷᠡᠵᠤ᠂ ᠳᠤᠬᠢᠶ᠎ᠠ ᠦᠭᠳᠡᠭ ᠡᠴᠨ ᠬᠤᠷᠤᠮᠬᠠᠨ ᠵᠠᠭᠤᠷ᠎ᠠ ᠰᠡᠷᠬᠡᠢᠯᠡᠬᠦ ᠠᠷᠭ᠎ᠠ ᠠᠪᠴᠤ ᠨᠢᠳᠤ ᠦᠪᠡᠷ ᠵᠢᠠᠨ ᠠᠨᠢᠳᠠᠭ᠃

ᠨᠢᠳᠤ ᠦᠷᠬᠦᠯᠵᠢ ᠴᠢᠬᠢᠭᠯᠢᠭ ᠪᠠᠢᠬᠤ ᠱᠠᠭᠠᠷᠳᠠᠯᠭ᠎ᠠ ᠲᠠᠢ᠃ ᠡᠬᠦᠨ᠎ᠢ ᠨᠢᠳᠤᠨ᠎ᠤ ᠤᠢᠷᠠᠬᠠᠨ ᠴᠡᠪᠴᠢᠯᠳᠠ ᠪᠡᠷ ᠨᠢᠯᠪᠤᠰᠤ ᠭᠠᠷᠭᠠᠵᠤ ᠪᠡᠶᠡᠯᠡᠬᠦᠯᠳᠡᠭ᠃ ᠡᠬᠦᠨ᠎ᠳᠤ ᠴᠠᠪᠴᠢᠬᠰᠠᠠ ᠵᠢᠡᠷ ᠨᠢᠯᠪᠤᠰᠤᠨ ᠪᠦᠷᠬᠦᠬᠦᠯ ᠨᠢᠳᠤᠨ᠎ᠤ ᠡᠪᠡᠷᠯᠢᠭ ᠪᠦᠷᠬᠦᠪᠴᠢ ᠲᠡᠬᠡᠬᠦᠷ ᠵᠢᠭᠳᠡ ᠲᠠᠷᠬᠠᠭᠠᠵᠤ ᠦᠭᠳᠡᠭ᠂ ᠬᠠᠷᠢᠨ ᠨᠠᠰᠤ ᠠᠬᠢᠬᠤ ᠳᠤᠳᠤᠮ ᠨᠢᠯᠪᠤᠰᠤ ᠪᠠᠭᠠᠰᠳᠠᠭ᠃ ᠡᠢᠮᠤ ᠡᠴᠨ ᠨᠢᠳᠤ ᠪᠡᠨ ᠦᠪᠡᠷ᠎ᠤᠨ ᠰᠢᠯᠦᠰᠤ ᠪᠡᠷ ᠵᠢᠠᠨ ᠦᠷᠯᠦᠬᠡ᠂ ᠡᠳᠤᠷ᠂ ᠤᠷᠤᠢ᠎ᠳᠤ ᠨᠤᠷᠠᠭᠠᠵᠤ ᠪᠠᠢᠬᠤ ᠨᠢ ᠰᠠᠢᠨ ᠶᠤᠮ᠃

ᠨᠢᠳᠤ ᠪᠡᠨ ᠬᠦᠢᠳᠡᠨ ᠤᠰᠤ ᠪᠡᠷ ᠪᠠᠢᠩᠭᠤ ᠤᠬᠢᠶᠠᠵᠤ ᠴᠡᠪᠡᠷᠯᠠᠨ ᠵᠦᠬᠡᠯᠡᠨ ᠠᠯᠴᠢᠭᠤᠷ ᠵᠢᠡᠷ ᠠᠷᠴᠢᠵᠤ ᠪᠠᠢ᠃ ᠵᠤᠨ᠎ᠤ ᠴᠠᠭ ᠲᠤ᠌ ᠨᠠᠪᠴᠢ ᠰᠢᠬᠦᠳᠡᠷᠢ ᠵᠢᠨ ᠤᠰᠤ ᠪᠡᠷ ᠤᠬᠢᠶᠠᠵᠤ ᠪᠠᠢᠪᠠᠯ ᠨᠢᠳᠤᠨ ᠬᠠᠷᠠᠭ᠎ᠠ ᠵᠢ ᠰᠠᠢᠵᠢᠷᠠᠭᠤᠯᠳᠠᠭ ᠬᠡᠵᠤ ᠨᠠᠰᠤᠳᠠᠠ ᠪᠤᠭᠤᠷᠤᠯᠴᠤᠳ ᠶᠠᠷᠢᠳᠠᠭ᠃

ᠨᠢᠳᠤ ᠪᠤᠯ ᠡᠯᠢᠭᠡᠨ᠎ᠤ ᠴᠡᠴᠡᠭ ᠪᠤᠯᠬᠤ ᠳᠤᠯᠠ ᠨᠢᠳᠤ ᠰᠢᠷᠠᠯᠠᠬᠤ᠂ ᠦᠬᠡᠬᠦᠯᠡᠬᠦ ᠨᠢ ᠡᠯᠢᠭᠡ ᠲᠠᠢ ᠬᠤᠯᠪᠤᠭ᠎ᠠ ᠲᠠᠢ᠃

ᠬᠡᠤᠬᠡᠳ ᠪᠠᠭᠠᠴᠤᠳ᠎ᠢ ᠵᠢᠷᠤᠬᠳᠤ ᠲᠸᠯᠸᠢᠰ᠂ ᠺᠤᠮᠫᠢᠦ᠋ᠲᠸᠷ ᠴᠠᠭ ᠬᠤᠭᠤᠴᠠᠭ᠎ᠠ ᠦᠬᠡᠢ ᠦᠵᠡᠬᠦᠯᠬᠦ ᠨᠢ ᠨᠢᠳᠤᠨ᠎ᠤ ᠬᠠᠷᠠᠭ᠎ᠠ ᠵᠢ ᠮᠠᠭᠤᠳᠠᠭᠤᠯᠳᠠᠭ᠃ ᠬᠡᠤᠬᠡᠳ᠎ᠢ ᠠᠯᠤᠰ᠎ᠤᠨ ᠶᠠᠭᠤᠮ᠎ᠠ ᠦᠵᠡᠵᠤ ᠬᠠᠷᠠᠵᠤ ᠪᠠᠢᠭ᠎ᠠ ᠵᠢ ᠰᠠᠢᠨ ᠠᠵᠢᠵᠤ ᠠᠰᠠᠭᠤᠵᠤ᠂ ᠵᠦᠪ ᠪᠤᠷᠤᠭᠤ ᠵᠢ ᠬᠡᠯᠡᠵᠤ ᠦᠭᠴᠤ ᠪᠠᠢ᠃ ᠮᠦᠨ ᠦᠳᠡᠰᠢ ᠰᠦᠨᠢ ᠰᠠᠷᠠ᠂ ᠤᠳᠤᠨ ᠮᠡᠴᠢᠳ᠎ᠢ ᠬᠠᠷᠠᠭᠤᠯᠵᠤ ᠲᠠᠢᠯᠪᠤᠷᠢᠯᠡᠵᠤ ᠦᠭᠴᠤ ᠪᠠᠢ᠃ ᠨᠢᠳᠤᠨ᠎ᠤ ᠬᠠᠷᠠᠭ᠎ᠠ ᠵᠢ ᠰᠠᠢᠨ ᠪᠠᠢᠯᠭᠠᠶ᠎ᠠ ᠬᠡᠪᠡᠯ ᠦᠷᠯᠦᠬᠡ ᠪᠦᠷᠢ ᠵᠠᠪᠢᠯᠠᠨ ᠰᠠᠭᠤᠵᠤ ᠨᠢᠳᠤ ᠪᠡᠨ ᠨᠠᠰᠤᠨ᠎ᠤ ᠳᠤᠭ᠎ᠠ ᠪᠡᠷ ᠵᠦᠪ ᠪᠤᠷᠤᠭᠤ ᠡᠷᠬᠢᠬᠦᠯᠬᠦ ᠲᠠᠰᠬᠠᠯ ᠬᠢᠵᠤ ᠪᠠᠢᠬᠤ ᠨᠢ ᠨᠢᠳᠤᠨ᠎ᠳᠤ ᠨᠠᠩ ᠳᠤᠰᠠᠳᠠᠢ᠃

ᠬᠤᠶᠠᠷ ᠭᠠᠷ᠎ᠤᠨ ᠳᠤᠯᠤᠪᠤᠷ᠂ ᠳᠤᠮᠳᠠ ᠬᠤᠷᠤᠭᠤ ᠪᠡᠷ 2 — 3 ᠤᠳᠠᠭ᠎ᠠ ᠨᠢᠳᠤᠨ᠎ᠤ ᠪᠡᠨ ᠠᠶᠠᠬ᠎ᠢ ᠤᠬᠤᠷᠬᠠᠢ ᠪᠡᠨ ᠳᠤᠭᠤᠷᠢᠭᠤᠯᠤᠨ ᠢᠯᠢᠯᠡᠵᠤ ᠪᠠᠢᠪᠠᠯ ᠨᠤᠮ ᠤᠩᠰᠢᠵᠤ ᠺᠤᠮᠫᠢᠦ᠋ᠲᠸᠷ ᠱᠠᠭᠠᠢᠬᠰᠠᠠ᠎ᠤ ᠲᠠᠷᠠᠭ᠎ᠠ ᠶᠠᠳᠠᠷᠠᠭ᠎ᠠ ᠵᠢ ᠲᠡᠢᠯᠵᠤ ᠦᠭᠳᠡᠭ᠃

ᠤᠯᠠᠩᠬᠢ ᠬᠦᠮᠤᠰ ᠰᠢᠳᠤ ᠪᠡᠨ ᠵᠠᠭᠤᠵᠤ ᠨᠢᠳᠤ ᠪᠡᠨ ᠲᠠᠰᠤ ᠠᠨᠢᠵᠤ ᠤᠨᠳᠠᠳᠠᠭ ᠳᠤᠯᠠ ᠨᠢᠭᠤᠷ᠎ᠤᠨ ᠪᠤᠯᠴᠢᠩ ᠬᠦᠰᠢᠵᠤ ᠶᠠᠳᠠᠷᠠᠳᠠᠭ᠃ ᠡᠢᠮᠤ ᠡᠴᠨ ᠤᠨᠳᠠᠭᠠᠳ ᠰᠡᠷᠢᠩᠬᠦᠳᠡ ᠨᠢᠳᠤ ᠪᠡᠨ ᠴᠢᠨᠡᠬᠡᠨ᠎ᠳ᠋ᠤᠨᠢ ᠳᠤᠯᠳᠠᠯ᠎ᠠ ᠨᠡᠬᠡᠬᠡᠵᠤ ᠠᠮᠠ ᠪᠡᠨ ᠰᠠᠢᠨ ᠠᠩᠭᠠᠢᠵᠤ ᠰᠤᠨᠢᠶᠠᠪᠠᠯ ᠨᠢᠳᠤᠨ᠎ᠤ ᠴᠢᠯᠡᠬᠡ ᠠᠮᠠᠷᠬᠠᠨ ᠠᠷᠢᠯᠳᠠᠭ᠃

(《ᠰᠠᠢᠬᠠᠨ ᠠᠪᠴᠤ ᠶᠠᠪᠤᠭᠰᠠᠠ ᠡᠬᠡᠯ ᠪᠠᠶ᠎ᠠ ᠰᠠᠷᠠᠭᠤᠯ ᠤᠷᠴᠢᠯᠠᠩ᠎ᠳᠤ ᠵᠢᠷᠭᠠᠯ ᠲᠠᠢ》 ᠨᠤᠮ ᠡᠴᠨ ᠨᠠᠢᠷᠠᠭᠤᠯᠤᠨ ᠠᠪᠤᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号