ᠤᠢ ᠲᠤᠲᠤᠷᠠᠬᠢ ᠡᠮ ᠤ᠋ᠨ ᠮᠠᠲᠸᠷᠢᠶᠠᠯ ᠤ᠋ᠨ ᠦᠢᠯᠡᠰ ᠤ᠋ᠨ ᠢᠳᠡᠷᠡᠭᠦᠨ ᠬᠦᠭᠵᠢᠯᠲᠡ
2026-06-11 09:34:16
ᠵᠣᠬᠢᠶᠠᠭ᠍ᠴᠢ᠄
ᠨᠠᠮᠤᠭ
ᠣᠩᠱᠢᠭ᠍ᠰᠠᠨ ᠣᠳᠠᠭ᠎ᠠ᠄
★★★☆☆

ᠦᠪᠦᠷ ᠮᠤᠩᠭᠤᠯ ᠤ᠋ᠨ ᠤᠢ ᠡᠪᠡᠰᠤᠨ ᠤ᠋ ᠲᠠᠪᠤᠨ ᠶᠡᠬᠡ ᠤᠨᠴᠠᠯᠢᠭᠲᠤ ᠠᠵᠤ ᠦᠢᠯᠡᠰ ᠤ᠋ᠨ ᠲᠤᠬᠠᠢ ᠰᠢᠷᠢᠰ ᠮᠡᠳᠡᠭᠡᠯᠡᠯ (ᠭᠤᠷᠪᠠ)


ᠠᠯᠠᠱᠠ ᠪᠤᠯ ᠲᠤᠮᠳᠠᠳᠤ ᠤᠯᠤᠰ ᠤ᠋ᠨ ᠴᠠᠭᠠᠨ ᠭᠤᠶᠤᠤ ᠵᠢᠨ ᠨᠤᠳᠤᠭ᠂ ᠴᠠᠭᠠᠨ ᠭᠤᠶᠤᠤ ᠨᠢ ᠪᠡᠶ᠎ᠡ ᠮᠠᠬᠠᠪᠤᠳ ᠢ᠋ ᠴᠢᠬᠢᠷᠠᠭᠵᠢᠭᠤᠯᠬᠤ᠂ ᠬᠦᠯ ᠨᠢᠷᠤᠭᠤ ᠡᠪᠡᠳᠬᠦ ᠶ᠋ᠢ ᠨᠠᠮᠳᠠᠭᠤᠯᠬᠤ ᠵᠡᠷᠭᠡ ᠤᠯᠠᠨ ᠲᠠᠯ᠎ᠠ ᠵᠢᠨ ᠡᠮᠴᠢᠯᠡᠭᠡᠨ ᠤ᠋ ᠦᠢᠯᠡᠳᠦᠯ ᠲᠠᠢ ᠪᠤᠯᠬᠤᠷ ᠡᠮ ᠲᠠᠩ ᠪᠠ ᠡᠷᠡᠭᠦᠯᠵᠢᠯ ᠤ᠋ᠨ ᠡᠳ᠋ ᠤ᠋ᠨ ᠴᠢᠬᠤᠯᠠ ᠲᠦᠭᠦᠬᠡᠢ ᠮᠠᠲᠸᠷᠢᠶᠠᠯ ᠪᠤᠯᠵᠤ᠂ 《ᠡᠯᠡᠰᠤᠨ ᠨᠤᠲᠤᠭ ᠤ᠋ᠨ ᠤᠷᠬᠤᠳᠠᠢ》 ᠬᠡᠮᠡᠨ ᠲᠠᠶᠠᠩ ᠳ᠋ᠤ ᠠᠯᠳᠠᠷᠰᠢᠵᠠᠢ᠃ ᠴᠠᠭᠠᠨ ᠭᠤᠶᠤᠤ ᠪᠤᠯ ᠦᠪᠤᠷ ᠮᠤᠩᠭᠤᠯ ᠤ᠋ᠨ ᠤᠨᠴᠠ ᠭᠠᠷᠤᠯᠳᠠ ᠵᠢᠨ ᠨᠢᠬᠡ᠂ ᠡᠬᠦᠨ ᠡᠴᠡ ᠭᠠᠳᠠᠨ᠎ᠠ ᠦᠪᠤᠷ ᠮᠤᠩᠭᠤᠯ ᠳ᠋ᠤ ᠪᠠᠰᠠ ᠤᠯᠠᠭᠠᠨ ᠭᠤᠶᠤᠤ᠂ ᠬᠤᠨᠴᠢᠷ᠂ ᠱᠦᠭᠦᠷᠭᠡᠨ᠎ᠡ᠂ ᠬᠤᠨᠴᠢᠨ᠂ ᠬᠦᠬᠦᠷᠭᠡᠨ᠎ᠡ ᠵᠢᠨ ᠦᠨᠳᠦᠰᠤ ᠂ ᠴᠢᠨᠤ᠎ᠠ ᠵᠢᠨ ᠬᠠᠯᠲᠠᠷ ᠵᠡᠷᠬᠡ ᠤᠯᠠᠨ ᠵᠤᠢᠯ ᠤ᠋ᠨ ᠤᠢ ᠲᠤᠲᠤᠷᠠᠬᠢ ᠡᠮ ᠤ᠋ᠨ ᠮᠠᠲᠸᠷᠢᠶᠠᠯ ᠤ᠋ᠨ ᠤᠠᠴᠠ ᠭᠠᠷᠤᠯᠳᠠ ᠲᠠᠢ ᠶᠤᠮ᠃

ᠦᠪᠤᠷ ᠮᠤᠩᠭᠤᠯ ᠳ᠋ᠤ 3.78 ᠳ᠋ᠦᠩᠰᠢᠭᠤᠷ ᠭᠠᠷᠤᠢ ᠮᠤ᠌ ᠤᠢ ᠰᠢᠭᠤᠢ ᠲᠠᠢ ᠪᠠᠢᠵᠤ᠂ ᠤᠢ ᠲᠤᠲᠤᠷᠠᠬᠢ ᠡᠮ ᠤ᠋ᠨ ᠮᠠᠲᠸᠷᠢᠶᠠᠯ  ᠤ᠋ᠨ ᠦᠢᠯᠡᠰ ᠢ᠋ ᠬᠦᠭᠵᠢᠬᠦᠯᠬᠦ ᠡᠬᠢ ᠪᠠᠶᠠᠯᠢᠭ ᠤ᠋ᠨ ᠳᠠᠪᠠᠭᠤᠯᠢᠭ ᠢ᠋ ᠪᠦᠷᠢᠯᠳᠦᠭᠦᠯᠪᠡ᠃ ᠮᠠᠨ  ᠤ᠋ ᠤᠷᠤᠨ ᠡᠨᠡ ᠬᠦ᠌ ᠤᠨᠴᠠᠯᠢᠭ ᠲᠠᠪᠠᠭᠤᠯᠢᠭ ᠵᠢᠡᠨ ᠪᠠᠳᠠᠷᠠᠭᠤᠯᠵᠤ᠂ ᠤᠢᠳᠤ ᠭᠠᠵᠠᠷ ᠤ᠋ᠨ ᠠᠭᠤᠷ ᠠᠮᠢᠰᠬᠤᠯ᠂ ᠬᠦᠷᠦᠰᠤ ᠰᠢᠷᠤᠢ ᠪᠠ ᠤᠰᠤᠨ ᠤ᠋ ᠡᠬᠢ ᠪᠠᠶᠠᠯᠢᠭ ᠤ᠋ᠨ ᠨᠦᠬᠦᠴᠡᠯ ᠪᠤᠯᠤᠮᠵᠢ ᠳ᠋ᠤ ᠲᠦᠰᠢᠭᠯᠡᠨ ᠤᠢ ᠲᠤᠲᠤᠷᠠᠬᠢ ᠤᠷᠤᠨ ᠵᠠᠢ ᠶ᠋ᠢ ᠭᠦᠢᠴᠡᠳ ᠠᠰᠢᠭᠯᠠᠵᠤ᠂ ᠠᠮᠢ ᠠᠬᠤᠢ ᠵᠢᠨ ᠳᠠᠪᠠᠭᠤᠯᠢᠭ ᠢ᠋  ᠪᠠᠳᠠᠷᠠᠭᠤᠯᠤᠨ᠂ ᠭᠠᠵᠠᠷ ᠤᠷᠤᠨ ᠤ᠋ ᠪᠠᠢᠳᠠᠯ ᠳ᠋ᠤ ᠲᠤᠬᠢᠷᠠᠬᠰᠠᠨ ᠤᠨᠴᠠᠯᠢᠭᠳᠤ ᠡᠮ ᠤ᠋ᠨ ᠮᠠᠲᠸᠷᠢᠶᠠᠯ  ᠢ᠋ ᠰᠤᠩᠭᠤᠨ ᠲᠠᠷᠢᠵᠤ᠂ ᠤᠢ ᠲᠤᠲᠤᠷᠠᠬᠢ ᠡᠮ ᠤ᠋ᠨ ᠮᠠᠲᠸᠷᠢᠶᠠᠯ ᠤ᠋ᠨ ᠠᠵᠤ ᠦᠢᠯᠡᠰ ᠢ᠋ ᠠᠯᠬᠤᠮ ᠠᠯᠬᠤᠮ ᠵᠢᠡᠷ ᠬᠦᠭᠵᠢᠬᠦᠯᠵᠠᠢ᠃

2023 ᠤᠨ ᠤ᠋ ᠰᠡᠭᠦᠯᠴᠢ ᠪᠡᠷ ᠦᠪᠤᠷ ᠮᠤᠩᠭᠤᠯ ᠤ᠋ᠨ ᠤᠢ ᠲᠤᠲᠤᠷᠠᠬᠢ ᠡᠮ ᠤ᠋ᠨ ᠮᠠᠲᠸᠷᠢᠶᠠᠯ ᠤ᠋ᠨ ᠲᠠᠷᠢᠮᠠᠯ ᠤ᠋ᠨ ᠲᠠᠯᠠᠪᠠᠢ 240 ᠲᠦᠮᠡᠨ ᠮᠤ᠌ ᠶ᠋ᠢ ᠳᠠᠪᠠᠨ᠂ ᠤᠢ ᠲᠤᠲᠤᠷᠠᠬᠢ ᠡᠮ ᠤ᠋ᠨ ᠮᠠᠲᠸᠷᠢᠶᠠᠯ ᠤ᠋ᠨ ᠵᠢᠯ ᠤ᠋ᠨ ᠭᠠᠷᠤᠯᠲᠠ 4 ᠲᠦᠮᠡᠨ ᠲᠤᠨ ᠢ᠋ ᠳᠠᠪᠠᠪᠠ᠃ ᠡᠨᠡ ᠬᠦ᠌ ᠰᠠᠭᠤᠷᠢᠨ ᠲᠠᠬᠡᠷ᠎ᠠ ᠪᠦᠬᠦ ᠤᠷᠤᠨ ᠤ᠋ ᠡᠮ ᠤ᠋ᠨ ᠮᠠᠲᠸᠷᠢᠶᠠᠯ ᠤ᠋ᠨ ᠲᠠᠷᠢᠮᠠᠯ ᠤ᠋ᠨ ᠬᠦᠷᠢᠶ᠎ᠡ ᠬᠡᠪᠴᠢᠶ᠎ᠡ ᠵᠢᠯ ᠢᠷᠡᠬᠦᠶ᠎ᠡ ᠦᠷᠭᠡᠵᠢᠨ᠂ ᠲᠦᠷᠦᠯ ᠵᠦᠢᠯ ᠨᠢ ᠴᠤ᠌ ᠤᠯᠠᠮ ᠪᠠᠶᠠᠯᠢᠭᠵᠢᠵᠤ᠂ ᠤᠳᠤ ᠤᠢ ᠲᠤᠲᠤᠷᠠᠬᠢ ᠡᠮ ᠤ᠋ᠨ ᠮᠠᠲᠸᠷᠢᠶᠠᠯ ᠤ᠋ᠨ ᠦᠢᠯᠡᠰ ᠨᠢᠬᠡᠨᠳᠡ ᠦᠪᠦᠷ ᠮᠤᠩᠭᠤᠯ ᠤ᠋ᠨ ᠤᠢ ᠡᠪᠡᠰᠤᠨ ᠤ᠋ ᠲᠠᠪᠤᠨ ᠶᠡᠬᠡ ᠤᠨᠴᠠᠯᠢᠭᠲᠤ ᠠᠵᠤ ᠦᠢᠯᠡᠰ ᠤ᠋ᠨ ᠨᠢᠬᠡ ᠪᠤᠯᠵᠤ ᠬᠦᠭᠵᠢᠪᠡ᠃

ᠦᠩ ᠦᠷᠬᠡᠨ ᠠᠯᠠᠱᠠ ᠳ᠋ᠤ ᠵᠠᠭ ᠤ᠋ᠨ ᠤᠢ ᠲᠠᠢ᠂ ᠨᠠᠷᠠᠨ ᠤ᠋ ᠭᠡᠷᠡᠯ ᠭᠦᠢᠴᠡᠳ᠂ ᠡᠳᠦᠷ ᠰᠦᠨᠢ ᠵᠢᠨ ᠠᠭᠠᠷ ᠤ᠋ᠨ ᠳᠤᠯᠠᠭᠠᠨ ᠵᠦᠷᠢᠶ᠎ᠡ ᠶᠡᠬᠡᠳᠠᠢ᠂ ᠠᠭᠤᠷ ᠠᠮᠢᠰᠬᠤᠯ ᠭᠠᠩ ᠬᠠᠭᠤᠷᠠᠢ ᠪᠤᠯᠬᠤᠷ ᠵᠠᠬ ᠤ᠋ᠨ ᠤᠢ ᠳ᠋ᠤ ᠴᠠᠭᠠᠨ ᠭᠤᠶᠤᠤ ᠵᠢ ᠲᠦᠯᠵᠢᠨ ᠤᠷᠭᠤᠭᠤᠯᠬᠤ ᠳ᠋ᠤ ᠲᠤᠬᠢᠷᠠᠵᠤ᠂ ᠡᠨᠳᠡᠬᠢ ᠵᠢᠨ ᠴᠠᠭᠠᠨ ᠭᠤᠶᠤᠤ ᠵᠢᠨ ᠰᠢᠮ᠎ᠡ ᠲᠡᠵᠢᠭᠡᠯ ᠤ᠋ᠨ ᠠᠭᠤᠯᠤᠭᠳᠠᠴᠠ ᠪᠤᠰᠤᠳ ᠭᠠᠵᠠᠷ ᠤ᠋ᠨ ᠬᠢ ᠡᠴᠡ ᠮᠡᠳᠡᠭᠳᠡᠮ᠎ᠡ ᠦᠨᠳᠦᠷ ᠪᠠᠢᠳᠠᠭ᠃ ᠤᠢᠷ᠎ᠠ ᠵᠢᠨ ᠵᠢᠯ ᠳ᠋ᠤ ᠠᠯᠠᠱᠠ ᠠᠢᠮᠠᠭ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠪᠠ ᠪᠦᠬᠦ ᠬᠡᠯᠬᠢᠶ᠎ᠡ ᠵᠢᠨ ᠠᠵᠤ ᠦᠢᠯᠡᠰ ᠤ᠋ᠨ ᠪᠠᠢᠷᠢᠰᠢᠭᠤᠯᠤᠯᠲᠠ ᠪᠡᠷ ᠴᠠᠭᠠᠨ ᠭᠤᠶᠤᠤ ᠵᠢ ᠲᠦᠯᠵᠢᠨ ᠤᠷᠭᠤᠭᠤᠯᠬᠤ ᠬᠡᠪᠴᠢᠶ᠎ᠠ ᠪᠡᠨ ᠶᠡᠬᠡ ᠪᠡᠷ ᠦᠷᠭᠡᠳᠭᠡᠨ᠂ ᠠᠮᠢ ᠠᠬᠤᠢ ᠪᠠ ᠠᠵᠤ ᠠᠬᠤᠢ ᠵᠢᠨ ᠬᠤᠤᠰ ᠦᠷ᠎ᠡ ᠠᠰᠢᠭ ᠢ᠋ ᠡᠭᠦᠳᠴᠤ᠂ ᠦᠪᠤᠷ ᠮᠤᠩᠭᠤᠯ ᠤ᠋ᠨ ᠤᠢ ᠲᠤᠲᠤᠷᠠᠬᠢ ᠡᠮ ᠤ᠋ᠨ ᠮᠠᠲᠸᠷᠢᠶᠠᠯ ᠤ᠋ᠨ ᠦᠢᠯᠡᠰ ᠲᠤ᠌ ᠭᠠᠵᠠᠷ ᠠᠪᠴᠤ ᠴᠢᠬᠤᠯᠠ ᠪᠠᠢᠷᠢ ᠰᠠᠭᠤᠷᠢ ᠶ᠋ᠢ ᠡᠵᠡᠯᠡᠪᠡ᠃ ᠤᠳᠤ ᠠᠯᠠᠱᠠ ᠠᠢᠮᠠᠭ ᠲᠦ᠍ ᠪᠠᠷᠤᠭ 2510 ᠲᠦᠮᠡᠨ ᠮᠦ᠍ ᠪᠠᠢᠭᠠᠯᠢ ᠵᠢᠨ ᠪᠠ ᠲᠠᠷᠢᠮᠠᠯ ᠵᠠᠭ ᠤ᠋ᠨ ᠤᠢ ᠲᠠᠢ ᠪᠠᠢᠵᠤ᠂ ᠴᠠᠭᠠᠨ ᠭᠤᠶᠤᠤ ᠲᠦᠯᠵᠢᠨ ᠤᠷᠭᠤᠭᠤᠯᠤᠭᠰᠠᠨ ᠲᠠᠷᠢᠮᠠᠯ ᠤ᠋ᠨ ᠲᠠᠯᠠᠪᠠᠢ 158 ᠲᠦᠮᠡᠨ ᠮᠤ᠌ ᠵᠢ ᠲᠠᠪᠠᠨ᠂ ᠵᠢᠯ ᠤ᠋ᠨ ᠭᠠᠷᠤᠯᠲᠠ ᠨᠢ 12048 ᠲᠤᠨ ᠳ᠋ᠤ ᠬᠦᠷᠴᠤ᠂ ᠪᠦᠬᠦ ᠤᠯᠤᠰ ᠤ᠋ᠨ ᠴᠠᠭᠠᠨ ᠭᠤᠶᠤᠤ ᠵᠢᠨ ᠭᠤᠤᠯ ᠭᠠᠷᠤᠯᠳᠠ ᠵᠢᠨ ᠤᠷᠤᠨ ᠪᠤᠯᠤᠭᠰᠠᠨ ᠪᠦᠬᠡᠳ ᠴᠠᠭᠠᠨ ᠭᠤᠶᠤᠤ ᠵᠢᠨ ᠭᠠᠵᠠᠷ ᠵᠦᠢ ᠵᠢᠨ ᠢᠯᠡᠷᠬᠡᠢᠯᠡᠯᠲᠤ ᠪᠦᠲᠦᠬᠡᠭᠳᠡᠭᠦᠨ ᠪᠤᠯᠤᠨ ᠴᠠᠭᠠᠨ ᠭᠤᠶᠤᠤ᠂ ᠤᠯᠠᠭᠠᠨ ᠭᠤᠶᠤᠤ ᠵᠢᠨ ᠳᠤᠮᠳᠠᠳᠤ ᠤᠯᠤᠰ ᠤ᠋ᠨ ᠤᠢ ᠰᠢᠭᠤᠢ ᠵᠢᠨ ᠭᠡᠷᠡᠴᠢᠯᠡᠯ ᠢ᠋ ᠤᠯᠪᠠ᠃

ᠮᠠᠨ ᠤ᠋ ᠤᠷᠤᠨ 《ᠨᠤᠮᠢᠨ ᠤᠰᠤ ᠬᠦᠬᠡᠮᠳᠦᠭ ᠠᠭᠤᠯᠠ ᠪᠤᠯ ᠠᠯᠲᠠᠨ ᠠᠭᠤᠯᠠ ᠮᠦᠩᠭᠦᠨ ᠬᠠᠢᠷᠬᠠᠨ ᠮᠦᠨ》 ᠭᠡᠬᠦ ᠤᠢᠯᠠᠭᠠᠭᠲᠠᠬᠤᠨ ᠢ᠋ ᠭᠦᠨᠵᠡᠭᠡᠢ ᠦᠢᠯᠡᠳᠦᠯᠭᠡᠵᠢᠭᠦᠯᠵᠤ᠂ ᠤᠷᠤᠨ ᠨᠤᠳᠤᠭ ᠤ᠋ᠨ ᠪᠤᠳᠠᠲᠤ ᠪᠠᠢᠳᠠᠯ ᠳ᠋ᠤ ᠲᠤᠬᠢᠷᠠᠭᠤᠯᠤᠨ ᠪᠠᠷᠠᠭᠤᠨ ᠪᠡᠶ᠎ᠡ ᠵᠢᠨ ᠭᠠᠵᠠᠷ ᠤᠷᠤᠨ ᠳ᠋ᠤ ᠴᠠᠭᠠᠨ ᠭᠤᠶᠤᠤ᠂ ᠤᠯᠠᠭᠠᠨ ᠭᠤᠶᠤᠤ ᠵᠡᠷᠭᠡ ᠡᠯᠡᠰᠦᠨ ᠳ᠋ᠤ ᠤᠷᠭᠤᠬᠤ ᠡᠮ ᠤ᠋ᠨ ᠮᠠᠲᠸᠷᠢᠶᠠᠯ ᠢ᠋ ᠬᠦᠭᠵᠢᠬᠦᠯᠤᠨ᠂ ᠳᠤᠮᠳᠠ ᠪᠡᠶ᠎ᠡ ᠵᠢᠨ ᠭᠠᠵᠠᠷ ᠤᠷᠤᠨ ᠳ᠋ᠤ 《ᠪᠤᠲᠠᠯᠢᠭ ᠮᠤᠳᠤ + ᠤᠢ ᠲᠤᠲᠤᠷᠠᠬᠢ ᠡᠮ ᠤ᠋ᠨ ᠮᠠᠲᠸᠷᠢᠶᠠᠯ》 ᠢ᠋ ᠬᠦᠭᠵᠢᠬᠦᠯᠵᠤ᠂ ᠵᠡᠭᠦᠨ ᠪᠡᠶ᠎ᠡ ᠵᠢᠨ ᠭᠠᠵᠠᠷ ᠤᠷᠤᠨ ᠳ᠋ᠤ ᠤᠢ ᠲᠤᠳᠤᠷᠠᠬᠢ ᠤᠷᠤᠨ ᠵᠠᠢ ᠲᠠᠢ ᠤᠶᠠᠯᠳᠤᠭᠤᠯᠤᠨ ᠱᠦᠭᠦᠷᠭᠡᠨ᠎ᠡ᠂ ᠬᠤᠨᠴᠢᠷ᠂ ᠴᠢᠨᠤ᠎ᠠ ᠵᠢᠨ ᠬᠠᠯᠲᠠᠷ ᠵᠡᠷᠭᠡ ᠡᠮ ᠤ᠋ᠨ ᠮᠠᠲᠸᠷᠢᠶᠠᠯ ᠲᠠᠷᠢᠵᠤ᠂ ᠤᠢ ᠲᠤᠲᠤᠷᠠᠬᠢ ᠡᠮ ᠤ᠋ᠨ ᠮᠠᠲᠸᠷᠢᠶᠠᠯ ᠤ᠋ᠨ ᠦᠢᠯᠡᠰ ᠢ᠋ ᠲᠠᠰᠤᠷᠠᠯᠲᠠ ᠦᠭᠡᠢ ᠬᠦᠭᠵᠢᠬᠦᠯᠬᠦ ᠪᠡᠷ ᠳᠠᠮᠵᠢᠨ ᠠᠮᠢ ᠠᠬᠤᠢ ᠵᠢ ᠰᠠᠢᠵᠢᠷᠠᠭᠤᠯᠬᠤ ᠵᠢᠨ ᠬᠠᠮᠳᠤ ᠠᠷᠠᠳ ᠤᠯᠠᠨ ᠤ᠋ ᠤᠷᠤᠯᠭ᠎ᠠ ᠵᠢ ᠨᠡᠮᠡᠭᠳᠡᠬᠦᠯᠵᠤ ᠪᠠᠢᠨ᠎ᠠ᠃

《ᠤᠢᠷ᠎ᠠ ᠵᠢᠨ ᠬᠤᠶᠠᠷ ᠵᠢᠯ ᠳ᠋ᠤ ᠪᠢ ᠬᠤᠨᠴᠢᠷ ᠲᠠᠷᠢᠵᠤ᠂ ᠵᠢᠯ ᠤ᠋ᠨ ᠤᠷᠤᠯᠭ᠎ᠠ ᠬᠡᠳᠤᠨ ᠳᠠᠬᠢᠨ ᠨᠡᠮᠡᠭᠳᠡᠭᠰᠡᠨ ᠵᠢᠡᠷ ᠪᠠᠷᠠᠬᠤ ᠦᠭᠡᠢ ᠪᠤᠷᠤᠯᠠᠭᠤᠯᠭ᠎ᠠ ᠵᠢᠨ ᠲᠠᠯ᠎ᠠ ᠪᠡᠷ ᠴᠤ᠌ ᠰᠠᠨᠠᠭ᠎ᠠ ᠵᠤᠪᠠᠬᠤ ᠤᠴᠢᠷ ᠦᠭᠡᠢ ᠪᠤᠯᠵᠠᠢ᠃ ᠡᠨᠡ ᠵᠢᠯ ᠦᠷᠭᠦᠯᠵᠢᠯᠡᠨ ᠬᠤᠨᠴᠢᠷ ᠲᠠᠷᠢᠵᠤ᠂ ᠲᠠᠷᠢᠬᠤ ᠬᠡᠪᠴᠢᠶ᠎ᠡ ᠪᠡᠨ ᠪᠠᠰᠠ ᠵᠤᠬᠢᠬᠤ ᠬᠡᠮᠵᠢᠶ᠎ᠠ ᠪᠡᠷ ᠨᠡᠮᠡᠭᠳᠡᠬᠦᠯᠦᠭᠰᠡᠨ》 ᠭᠡᠵᠤ ᠬᠦᠬᠡᠬᠤᠳᠠ ᠵᠢᠨ ᠦᠴᠤᠸᠠᠨ ᠰᠢᠶᠠᠨ ᠤ᠋ ᠬᠠᠷ᠎ᠠ ᠬᠤᠰᠢᠭᠤ ᠰᠢᠶᠠᠩ ᠤ᠋ᠨ ᠲᠠᠷᠢᠶᠠᠴᠢᠨ ᠵᠠᠩ ᠶᠤᠸᠠᠢ ᠸᠠᠩ ᠬᠡᠯᠡᠨ᠎ᠡ᠃ ᠦᠴᠤᠸᠠᠨ ᠰᠢᠶᠠᠨ ᠬᠡᠭᠡᠷ᠎ᠡ ᠵᠢᠨ ᠡᠮ ᠤ᠋ᠨ ᠮᠠᠲᠸᠷᠢᠶᠠᠯ ᠤ᠋ᠨ ᠡᠬᠢ ᠪᠠᠶᠠᠯᠢᠭ ᠵᠢᠡᠷ ᠡᠯᠪᠡᠭ ᠪᠠᠢᠵᠤ᠂ ᠬᠤᠨᠴᠢᠷ᠂ ᠬᠤᠨᠴᠢᠨ᠂ ᠰᠢᠬᠢᠷ ᠡᠪᠡᠰᠤ᠂ ᠪᠤᠷᠴᠠ ᠡᠪᠡᠰᠤ᠂ ᠰᠢᠵᠢᠩ ᠡᠪᠡᠰᠤ ᠵᠡᠷᠭᠡ 200 ᠭᠠᠷᠤᠢ ᠵᠤᠢᠯ ᠤ᠋ᠨ ᠬᠡᠭᠡᠷ᠎ᠡ ᠵᠢᠨ ᠡᠮ ᠤ᠋ᠨ ᠮᠠᠲᠸᠷᠢᠶᠠᠯ ᠲᠠᠢ ᠶᠤᠮ᠃ ᠤᠢᠷ᠎ᠠ ᠵᠢᠨ ᠵᠢᠯ ᠳ᠋ᠤ ᠲᠤᠰ ᠰᠢᠶᠠᠨ ᠤᠢ ᠲᠤᠲᠤᠷᠠᠬᠢ ᠡᠮ ᠤ᠋ᠨ ᠮᠠᠲᠸᠷᠢᠶᠠᠯ ᠤ᠋ᠨ ᠦᠢᠯᠡᠰ ᠤ᠋ᠨ ᠳᠠᠯᠳᠠ ᠬᠦᠴᠦᠨ ᠢ᠋ ᠭᠦᠢᠴᠡᠳ ᠠᠭᠤᠳᠠᠯᠵᠤ᠂ ᠬᠢᠲᠠᠳ ᠡᠮ ᠤ᠋ᠨ ᠮᠠᠲᠸᠷᠢᠶᠠᠯ ᠤ᠋ᠨ ᠪᠦᠬᠦ ᠠᠵᠤ ᠦᠢᠯᠡᠰ ᠤ᠋ᠨ ᠬᠡᠯᠬᠢᠶ᠎ᠡ ᠶ᠋ᠢ ᠪᠠᠢᠭᠤᠯᠤᠨ᠂ ᠬᠢᠲᠠᠳ ᠡᠮ ᠤ᠋ᠨ ᠮᠠᠲᠸᠷᠢᠶᠠᠯ ᠢ᠋ ᠲᠠᠷᠢᠵᠤ ᠪᠤᠯᠪᠠᠰᠤᠷᠠᠭᠤᠯᠬᠤ ᠪᠡᠷ ᠭᠤᠤᠯ ᠪᠤᠯᠭᠠᠨ ᠡᠷᠡᠭᠦᠯᠵᠢᠯ ᠰᠤᠪᠢᠯᠠᠯᠲᠠ ᠪᠡᠷ ᠰᠢᠪᠳᠤᠯᠤᠯᠲᠠ ᠪᠤᠯᠭᠠᠵᠤ᠂ ᠬᠢᠲᠠᠳ ᠡᠮ ᠤ᠋ᠨ ᠮᠠᠲᠸᠷᠢᠶᠠᠯ ᠤ᠋ᠨ ᠠᠵᠤ ᠦᠢᠯᠡᠰ ᠢ᠋ ᠰᠢᠨ᠎ᠠ ᠲᠡᠭᠳᠡᠷ ᠲᠦ᠍ ᠭᠠᠷᠭᠠᠨ᠂ ᠪᠦᠬᠦ ᠤᠷᠤᠨ ᠤ᠋ ᠤᠢ ᠲᠤᠲᠤᠷᠠᠬᠢ ᠡᠮ ᠤ᠋ᠨ ᠮᠠᠲᠸᠷᠢᠶᠠᠯ ᠤ᠋ᠨ ᠠᠵᠤ ᠦᠢᠯᠡᠰ ᠤ᠋ᠨ ᠬᠤᠰᠢᠭᠤᠴᠢ ᠪᠤᠯᠬᠤ ᠪᠡᠷ ᠬᠦᠴᠦᠯᠡᠨ ᠴᠢᠷᠮᠠᠢᠭᠰᠠᠭᠠᠷ ᠁

— 2030 ᠤᠨ ᠪᠤᠯᠬᠤ ᠳ᠋ᠤ᠂ ᠤᠢ ᠲᠤᠲᠤᠷᠠᠬᠢ ᠡᠮ ᠤ᠋ᠨ ᠮᠠᠲᠸᠷᠢᠶᠠᠯ ᠤ᠋ᠨ ᠭᠠᠷᠤᠯᠲᠠ ᠶ᠋ᠢ 7 ᠲᠦᠮᠡᠨ ᠲᠤᠨ ᠳ᠋ᠤ ᠬᠦᠷᠭᠡᠨ᠂ ᠦᠢᠯᠡᠳᠪᠦᠷᠢᠯᠡᠯ ᠤ᠋ᠨ ᠦᠷᠲᠡᠭ ᠢ᠋ 20 ᠳ᠋ᠦᠩᠰᠢᠭᠤᠷ ᠲᠦᠭᠦᠷᠢᠭ ᠢ᠋ ᠳᠠᠪᠠᠭᠤᠯᠬᠤ ᠵᠢᠨ ᠬᠠᠮᠲᠤ ᠠᠵᠤ ᠦᠢᠯᠡᠰ ᠢ᠋ ᠠᠭᠤᠰᠤᠯᠴᠠᠭᠤᠯᠤᠨ ᠬᠦᠭᠵᠢᠬᠦᠯᠬᠦ 2 ᠵᠢᠱ᠌ᠢᠶ᠎ᠡ ᠦᠵᠡᠭᠦᠯᠬᠦ ᠰᠠᠭᠤᠷᠢᠨ᠂ ᠴᠠᠭᠠᠨ ᠭᠤᠶᠤᠤ᠂ ᠤᠯᠠᠭᠠᠨ ᠭᠤᠶᠤᠤ ᠪᠠ ᠬᠤᠨᠴᠢᠷ ᠵᠡᠷᠭᠡ ᠶ᠋ᠢ ᠡᠳ᠋ᠰᠢᠭᠦᠯᠦᠨ ᠪᠤᠯᠪᠠᠰᠤᠷᠠᠭᠤᠯᠬᠤ 6 ᠲᠠᠭᠠᠭᠤᠯᠤᠭᠴᠢ ᠠᠵᠤ ᠠᠬᠤᠢᠯᠡᠯ ᠢ᠋ ᠪᠤᠢᠵᠢᠭᠤᠯᠵᠤ᠂ ᠤᠢ ᠲᠤᠲᠤᠷᠠᠬᠢ ᠡᠮ ᠤ᠋ᠨ ᠮᠠᠲᠸᠷᠢᠶᠠᠯ ᠤ᠋ᠨ ᠠᠵᠤ ᠦᠢᠯᠡᠰ ᠤ᠋ᠨ ᠪᠦᠯᠦᠭᠵᠢᠯ ᠢ᠋ ᠪᠦᠷᠢᠯᠳᠦᠭᠦᠯᠤᠨ᠎ᠠ᠃

ᠡᠨᠡ ᠪᠤᠯ ᠦᠪᠤᠷ ᠮᠤᠩᠭᠤᠯ ᠤ᠋ᠨ ᠤᠢ ᠲᠤᠲᠤᠷᠠᠬᠢ ᠡᠮ ᠤ᠋ᠨ ᠮᠠᠲᠸᠷᠢᠶᠠᠯ ᠤ᠋ᠨ ᠦᠢᠯᠡᠰ ᠤ᠋ᠨ ᠬᠦᠭᠵᠢᠬᠦᠯᠦᠯᠳᠡ ᠵᠢᠨ ᠬᠠᠷᠠᠯᠳᠠ ᠪᠤᠯᠤᠨ᠎ᠠ᠃ ᠡᠨᠡ ᠬᠦ᠌ ᠬᠠᠷᠠᠯᠳᠠ ᠳ᠋ᠤ ᠬᠦᠷᠬᠦ ᠵᠢᠨ ᠲᠦᠯᠦᠬᠡ᠂ ᠮᠠᠨ ᠤ᠋ ᠤᠷᠤᠨ ᠠᠯᠠᠱᠠ ᠪᠠ ᠪᠠᠶᠠᠨᠨᠠᠭᠤᠷ ᠵᠡᠷᠭᠡ ᠠᠢᠮᠠᠭ ᠬᠤᠲᠠ ᠳ᠋ᠤ ᠴᠠᠭᠠᠨ ᠭᠤᠶᠤᠤ᠂ ᠤᠯᠠᠭᠠᠨ ᠭᠤᠶᠤᠤ ᠵᠢᠨ ᠵᠢᠱ᠌ᠢᠶ᠎ᠡ ᠦᠵᠡᠭᠦᠯᠬᠦ ᠰᠠᠭᠤᠷᠢᠨ ᠢ᠋ ᠪᠦᠳᠦᠬᠡᠨ ᠪᠠᠢᠭᠤᠯᠵᠤ᠂ ᠶᠠᠰᠤ ᠴᠢᠨᠠᠷ ᠤ᠋ᠨ ᠪᠠᠷᠢᠮᠵᠢᠶᠠᠨ ᠤ᠋ ᠰᠢᠰᠲᠸᠮ ᠢ᠋ ᠲᠡᠭᠦᠯᠳᠡᠷᠵᠢᠭᠦᠯᠤᠨ᠂ ᠪᠠᠷᠠᠭᠤᠨ ᠪᠡᠶ᠎ᠡ ᠵᠢᠨ ᠡᠯᠡᠰᠦᠷᠬᠡᠭ ᠤᠷᠤᠨ ᠤ᠋ ᠴᠠᠭᠠᠨ ᠭᠤᠶᠤᠤ᠂ ᠤᠯᠠᠭᠠᠨ ᠭᠤᠶᠤᠤ ᠵᠢᠨ ᠲᠦᠪᠯᠡᠷᠡᠭᠦᠯᠦᠨ ᠲᠠᠷᠬᠠᠭᠠᠬᠤ ᠤᠷᠤᠨ ᠢ᠋ ᠪᠦᠳᠦᠬᠡᠨ ᠪᠠᠢᠭᠤᠯᠵᠤ ᠪᠤᠢ; ᠤᠷᠳᠤᠰ᠂ ᠬᠦᠬᠡᠬᠤᠲᠠ ᠪᠠ ᠪᠠᠶᠠᠨᠨᠠᠭᠤᠷ ᠵᠡᠷᠭᠡ ᠭᠠᠵᠠᠷ ᠲᠤ᠌ ᠲᠤᠮᠤ ᠬᠡᠯᠪᠡᠷᠢ ᠵᠢᠨ ᠡᠮ ᠤ᠋ᠨ ᠦᠢᠯᠡᠳᠪᠦᠷᠢ ᠲᠠᠢ ᠬᠠᠮᠲᠤᠷᠠᠨ ᠠᠵᠢᠯᠯᠠᠬᠤ ᠵᠢ ᠴᠢᠩᠭᠠᠳᠬᠠᠵᠤ᠂ ᠪᠠᠷᠢᠮᠵᠢᠶᠠᠵᠢᠭᠰᠠᠨ ᠲᠠᠷᠢᠵᠤ ᠤᠷᠭᠤᠭᠤᠯᠬᠤ ᠵᠠᠭᠪᠤᠷ ᠢ᠋ ᠲᠦᠬᠡᠮᠡᠯᠵᠢᠬᠦᠯᠦᠨ᠂ ᠪᠦᠬᠦ ᠤᠯᠤᠰ ᠤ᠋ᠨ ᠰᠢᠬᠢᠷ ᠡᠪᠡᠰᠤ ᠵᠢᠨ ᠰᠠᠭᠤᠷᠢᠨ ᠢ᠋ ᠪᠦᠳᠦᠬᠡᠨ ᠪᠠᠢᠭᠤᠯᠵᠤ ᠪᠤᠢ; ᠬᠦᠬᠡᠬᠤᠲᠠ ᠵᠢᠡᠷ ᠭᠤᠤᠯ ᠪᠤᠯᠭᠠᠨ ᠨᠦᠬᠦᠴᠡᠯ ᠲᠠᠢ ᠤᠷᠤᠨ ᠪᠦᠰᠡ ᠶ᠋ᠢ ᠳᠠᠢᠴᠢᠯᠠᠵᠤ᠂ ᠤᠢ ᠲᠤᠳᠤᠷᠠᠬᠢ ᠤᠷᠤᠨ ᠵᠠᠢ ᠶ᠋ᠢ ᠠᠰᠢᠭᠯᠠᠨ ᠬᠤᠨᠴᠢᠷ ᠲᠠᠷᠢᠬᠤ ᠵᠢᠨ ᠬᠠᠮᠳᠤ ᠡᠳ᠋ᠰᠢᠭᠦᠯᠵᠤ ᠪᠤᠯᠪᠠᠰᠤᠷᠠᠭᠤᠯᠬᠤ ᠪᠠ ᠰᠤᠳᠤᠯᠤᠨ ᠨᠡᠭᠡᠭᠡᠬᠦ ᠠᠵᠤ ᠠᠬᠤᠢᠯᠠᠯ ᠢ᠋ ᠢᠳᠡᠪᠬᠢᠲᠠᠢ ᠤᠷᠤᠭᠤᠯᠤᠨ ᠠᠪᠴᠢᠷᠠᠵᠤ᠂ ᠬᠤᠨᠴᠢᠷ ᠤ᠋ᠨ ᠦᠢᠯᠡᠰ ᠤ᠋ᠨ 2 ᠲᠠᠭᠠᠭᠤᠯᠤᠭᠴᠢ ᠠᠵᠤ ᠠᠬᠤᠢᠯᠠᠯ ᠢ᠋ ᠬᠦᠴᠦᠯᠡᠨ ᠪᠤᠢᠵᠢᠭᠤᠯᠵᠤ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号