— 2026 ᠣᠨ᠎ᠤ ᠪᠦᠬᠦ ᠤᠯᠤᠰ᠎ᠤᠨ ᠰᠣᠶᠣᠯ ᠪᠠ ᠪᠠᠶ᠋ᠢᠭᠠᠯᠢ᠎ᠶᠢᠨ ᠥᠪ᠎ᠦᠨ ᠡᠳᠦᠷ᠎ᠦᠨ ᠬᠦᠬᠡᠬᠤᠳᠠ ᠬᠤᠪᠢᠶᠠᠷᠢ ᠲᠠᠯᠠᠪᠠᠶ᠎ᠶᠢᠨ ᠠᠵᠢᠯᠯᠠᠭ᠎ᠠ᠎ᠶᠢᠨ ᠲᠠᠳᠠᠯᠠᠭ᠎ᠠ
ᠵᠤᠨ᠎ᠤ ᠨᠠᠷᠠ ᠵᠤᠯᠠᠢ ᠲᠦᠬᠡᠨᠡᠵᠦ᠂ ᠪᠤᠭᠤᠮᠳᠠ ᠵᠢᠨ ᠬᠠᠭᠤᠴᠢᠨ ᠵᠡᠭᠡᠯᠢ᠎ᠶᠢᠨ ᠪᠠᠷᠢᠯᠭ᠎ᠠ ᠰᠢᠵᠢᠷᠳᠡᠨ ᠬᠢᠯᠪᠠᠭᠠᠯᠠᠵᠦ᠂ ᠠᠭᠤᠳᠠᠮ ᠲᠠᠯᠠᠪᠠᠢ ᠬᠥᠮᠦᠨ᠎ᠤ ᠤᠷᠤᠰᠬᠠᠯ᠎ᠢᠶᠡᠷ ᠪᠢᠯᠬᠠᠨ᠎ᠠ᠃ ᠦᠨᠳᠦᠰᠦᠲᠡᠨ᠎ᠦ ᠬᠤᠪᠴᠠᠰᠤ ᠵᠠᠰᠠᠯ ᠵᠢᠡᠷ ᠴᠢᠮᠡᠭᠯᠡᠭᠰᠡᠨ ᠲᠣᠭᠯᠠᠭᠴᠢ᠂ ᠰᠤᠳᠤᠨ ᠪᠠᠷᠠᠭ᠎ᠠ ᠰᠤᠨᠢᠷᠬᠠᠭᠰᠠᠨ ᠬᠤᠳᠠ᠎ᠶᠢᠨ ᠠᠷᠠᠳ᠂ ᠰᠡᠬᠦᠳᠡᠷ ᠲᠠᠳᠠᠭᠤᠯᠤᠨ ᠬᠦᠬᠡᠷᠦᠯᠳᠦᠬᠦ ᠵᠢᠭᠤᠯᠴᠢᠯᠠᠬᠰᠠᠳ᠂ ᠰᠤᠳᠤᠯᠤᠨ ᠰᠤᠷᠤᠯᠴᠠᠬᠤ ᠪᠡᠷ ᠶᠠᠪᠤᠵᠤ ᠪᠠᠢᠭ᠎ᠠ ᠬᠡᠷ ᠪᠦᠯᠢ᠎ᠶᠢᠨ ᠬᠢᠨ᠎ᠤ ᠪᠠᠶᠠᠷ᠎ᠤᠨ ᠮᠦᠰᠢᠶᠡᠳᠦ᠂ ᠪᠤᠳᠠᠰ᠎ᠤᠨ ᠪᠤᠰᠤ ᠰᠤᠶᠤᠯ᠎ᠤᠨ ᠦᠪ᠎ᠤᠨ ᠦᠵᠡᠬᠦᠯᠭᠡ᠂ ᠶᠡᠬᠡ ᠵᠤᠤ ᠰᠦᠮ᠎ᠠ᠎ᠶᠢᠨ ᠠᠯᠳᠠᠨ ᠭᠠᠨᠵᠢᠷ᠎ᠠ᠂ ᠬᠦᠷᠡᠩ ᠬᠡᠷᠡᠮ ᠲᠠᠢ ᠠᠭᠤᠰᠤᠨ ᠢᠳᠡᠭᠡᠰᠢᠵᠦ᠂ ᠤᠷᠠᠨ ᠰᠠᠨᠠᠭ᠎ᠠ᠂ ᠦᠥᠬᠡ ᠲᠡᠤᠭᠡ ᠵᠢᠨ ᠡᠴᠢᠨ᠎ᠠ ᠭᠠᠢᠬᠠᠮᠰᠢᠬ᠎ᠢ ᠬᠠᠷᠠᠭᠤᠯᠤᠨ᠎ᠠ᠃
6 ᠰᠠᠷ᠎ᠠ᠎ᠶᠢᠨ 13 ᠤ᠋ ᠡᠳᠦᠷ᠂ 2026 ᠣᠨ᠎ᠤ ᠪᠦᠬᠦ ᠤᠯᠤᠰ᠎ᠤᠨ ᠰᠣᠶᠣᠯ ᠪᠠ ᠪᠠᠶ᠋ᠢᠭᠠᠯᠢ᠎ᠶᠢᠨ ᠥᠪ᠎ᠦᠨ ᠡᠳᠦᠷ᠎ᠦᠨ ᠬᠦᠬᠡᠬᠤᠳᠠ ᠬᠤᠪᠢᠶᠠᠷᠢ ᠲᠠᠯᠠᠪᠠᠶ᠎ᠶᠢᠨ ᠠᠵᠢᠯᠯᠠᠭ᠎ᠠ ᠪᠣᠭᠣᠮᠲᠠ᠎ᠶᠢᠨ ᠬᠠᠭᠤᠴᠢᠨ ᠵᠡᠭᠡᠯᠢ᠎ᠳᠦ ᠡᠬᠢᠯᠡᠵᠤ᠂ 《ᠪᠣᠳᠠᠰ᠎ᠤᠨ ᠪᠤᠰᠤ ᠰᠣᠶᠣᠯ᠎ᠤᠨ ᠥᠪ ᠠᠮᠢᠳᠤᠷᠠᠯ᠎ᠢ ᠨᠠᠩ ᠰᠠᠶ᠋ᠢᠨ ᠰᠠᠶ᠋ᠢᠬᠠᠨ ᠪᠣᠯᠭᠠᠨ᠎ᠠ》 ᠪᠠᠷ ᠭᠤᠤᠯ ᠰᠡᠳᠦᠪ ᠪᠣᠯᠭᠠᠵᠤ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ᠂ ᠬᠥᠬᠡᠬᠣᠲᠠ᠎ᠶᠢᠨ ᠨᠠᠮ᠎ᠤᠨ ᠬᠣᠷᠢᠶᠠᠨ᠎ᠤ ᠤᠬᠠᠭᠤᠯᠬᠤ ᠬᠡᠯᠲᠡᠰ᠎ᠡᠴᠡ ᠭᠣᠣᠯᠯᠠᠨ ᠡᠷᠭᠢᠯᠡᠵᠦ᠍᠂ ᠦᠵᠡᠭᠦᠯᠭᠡ᠎ᠶᠢᠨ ᠲᠣᠭᠯᠠᠯᠲᠠ᠂ ᠴᠤᠭᠯᠠᠭ᠎ᠠ ᠮᠠᠶ᠋ᠢᠮᠠᠢ᠂ ᠰᠤᠳᠤᠯᠤᠨ ᠰᠤᠷᠤᠯᠴᠠᠬᠤ᠂ ᠠᠯᠪᠠᠨ ᠵᠢᠷᠤᠮ᠎ᠤᠨ ᠡᠮᠴᠢᠯᠡᠭᠡ ᠵᠡᠷᠭᠡ ᠣᠯᠠᠨ ᠡᠰᠢᠲᠦ᠍ ᠬᠡᠯᠪᠡᠷᠢ᠎ᠪᠡᠷ ᠮᠢᠩᠭᠠᠨ ᠣᠨ᠎ᠤ ᠰᠣᠶᠣᠯ᠎ᠤᠨ ᠤᠯᠠᠮᠵᠢᠯᠠᠯ᠎ᠢ ᠮᠦᠷᠳᠡᠨ᠂ ᠡᠷᠲᠡᠨ᠎ᠦ ᠵᠡᠭᠡᠯᠢ ᠬᠦᠷ ᠬᠦᠭᠵᠢᠶᠡᠨ ᠵᠢᠡᠷ ᠪᠢᠯᠬᠠᠵᠦ᠂ ᠲᠠᠯ᠎ᠠ ᠨᠤᠲᠤᠭ᠎ᠤᠨ ᠮᠠᠯᠴᠢᠳ᠎ᠤᠨ ᠳᠠᠭᠤᠯᠠᠯ᠂ ᠰᠢ ᠵᠦᠴᠦᠭᠡ᠎ᠶᠢᠨ ᠬᠦᠭ ᠠᠶᠠᠯᠭᠤ᠂ ᠤᠷᠠᠨ ᠳᠠᠷᠬᠠᠳ᠎ᠤᠨ ᠤᠮᠤᠭ ᠪᠠᠬᠠᠳᠤᠯ ᠬᠠᠭᠤᠴᠢᠨ ᠬᠤᠳᠠ ᠵᠢᠨ ᠬᠦᠨ ᠨᠢᠭᠤᠴᠠᠬᠠᠢ ᠤᠳᠭ᠎ᠠ ᠰᠤᠶᠤᠯ᠎ᠢ ᠬᠠᠷᠠᠭᠤᠯᠤᠨ᠎ᠠ᠃
ᠢᠵᠠᠭᠤᠷ ᠤᠷᠠᠯᠢᠭ ᠤᠯᠠᠮᠵᠢᠯᠠᠯᠳᠦ ᠰᠤᠶᠤᠯ
ᠡᠬᠢᠯᠡᠯᠲᠡ᠎ᠶ᠋ᠢᠨ ᠶᠣᠰᠣᠯᠠᠯ ᠳᠡᠭᠡᠷ᠎ᠡ᠂ ᠬᠥᠭᠡᠮᠡᠢ︽ᠢᠷᠡᠬᠦ ᠪᠠᠨ ᠶᠠᠭᠠᠬᠢᠭ᠎ᠠ ᠪᠤᠢ︾ ᠨᠢ ᠴᠤᠭᠯᠢᠭ ᠤᠶᠠᠩᠭᠠᠯᠢᠭ ᠮᠦᠷᠳᠡᠭᠡᠨ ᠰᠦᠷᠯᠢᠭ ᠰᠠᠢᠬᠠᠨ ᠪᠠᠢᠵᠦ᠂ ᠮᠣᠩᠭᠣᠯ ᠦᠨᠳᠦᠰᠦᠲᠡᠨ᠎ᠦ᠌ ᠮᠢᠩᠭᠠᠨ ᠵᠢᠯ᠎ᠦ᠋ᠨ ᠲᠤᠷᠰᠢᠬᠢ ᠨᠤᠲᠤᠭ ᠤᠰᠤ᠂ ᠠᠨᠳᠠ ᠨᠦᠬᠦᠳ᠂ ᠠᠭᠳᠠ ᠮᠤᠷᠢ ᠠᠮᠠᠷᠠᠭ ᠬᠤᠩᠭᠤᠷ ᠳᠠᠭᠠᠨ ᠰᠡᠳᠬᠢᠯ ᠵᠢᠷᠦᠬᠡ᠎ᠪᠡᠨ ᠠᠭᠤᠰᠬᠠᠨ ᠳᠠᠭᠤᠯᠠᠬᠤ ᠰᠡᠳᠬᠢᠯᠭᠡ᠎ᠶ᠋ᠢ ᠢᠯᠡᠷᠡᠬᠦᠯᠵᠦ᠂ ᠲᠤᠬᠠᠢ᠎ᠶ᠋ᠢᠨ ᠲᠠᠯᠠᠪᠠᠢ᠎ᠶ᠋ᠢᠨ ᠦᠵᠡᠭᠴᠢᠳ ᠴᠢᠬᠢ ᠲᠠᠯᠪᠢᠨ ᠴᠢᠩᠨᠠᠵᠤ᠂ ᠲᠠᠯ᠎ᠠ ᠨᠤᠲᠤᠭ᠎ᠤ᠋ᠨ ᠳᠠᠭᠤᠤ ᠬᠥᠭᠵᠢᠮᠦ᠋ᠨ ᠤᠷᠠᠯᠢᠭ᠎ᠤ᠋ᠨ ᠢᠳᠡ ᠰᠢᠳᠢ᠎ᠶ᠋ᠢ ᠭᠠᠢᠬᠠᠭᠤᠯᠵᠦ᠂ ᠮᠣᠷᠢᠨ ᠬᠤᠭᠤᠷ᠎ᠤ᠋ᠨ ᠢᠷᠠᠭᠤ ᠡᠬᠡᠰᠢᠭ ᠨᠢ ᠢᠵᠠᠭᠤᠷ ᠤᠷᠠᠯᠢᠭᠢ᠋ᠶ᠋ᠡᠷ ᠪᠣᠳᠠᠰ᠎ᠤ᠋ᠨ ᠪᠤᠰᠤ ᠰᠣᠶᠣᠯ᠎ᠤ᠋ᠨ ᠥᠪ᠎ᠢ᠋ ᠤᠯᠠᠮᠵᠢᠯᠠᠨ ᠵᠠᠯᠭᠠᠮᠵᠢᠯᠠᠬᠤ ᠴᠠᠭ ᠦᠶ᠎ᠡ᠎ᠶ᠋ᠢᠨ ᠤᠷᠢᠶ᠎ᠠ ᠳᠠᠭᠤᠨᠢ᠋ ᠬᠥᠭᠵᠢᠮᠳᠡᠨ᠎ᠡ᠃

ᠤᠷᠠᠨ ᠰᠠᠢᠬᠠᠨ ᠤ᠋ ᠲᠤᠬᠯᠠᠯᠲᠠ
ᠢᠷᠠᠭᠤ ᠰᠠᠶ᠋ᠢᠬᠠᠨ ᠬᠥᠭ ᠠᠶᠠᠰ ᠡᠷᠲᠡᠨ᠎ᠦ ᠵᠡᠭᠡᠯᠢ ᠭᠤᠳᠤᠮᠵᠢ᠎ᠶᠢ ᠨᠡᠪᠲᠡᠯᠦᠨ᠂ ᠲᠠᠯ᠎ᠠ ᠨᠤᠲᠤᠭ᠎ᠤᠨ ᠥᠷᠭᠡᠨ ᠠᠭᠤᠳᠠᠮ ᠪᠠ ᠪᠣᠳᠠᠰ᠎ᠤᠨ ᠪᠤᠰᠤ ᠰᠣᠶᠣᠯ᠎ᠤᠨ ᠥᠪ᠎ᠦᠨ ᠭᠦᠨ ᠵᠤᠵᠠᠭᠠᠨ ᠠᠭᠤᠰᠤᠯᠴᠠᠯ ᠨᠢ ᠲᠤᠬᠠᠢ᠎ᠶᠢᠨ ᠲᠠᠯᠠᠪᠠᠶ᠎ᠶᠢᠨ ᠠᠭᠤᠷ ᠠᠮᠢᠰᠬᠤᠯ᠎ᠢ ᠬᠣᠷᠣᠮᠬᠠᠨ ᠵᠠᠭᠤᠷ᠎ᠠ ᠬᠥᠭᠵᠢᠭᠡᠪᠡ᠃ ᠪᠣᠳᠠᠰ᠎ᠤᠨ ᠪᠤᠰᠤ ᠰᠣᠶᠣᠯ᠎ᠤᠨ ᠥᠪ᠎ᠢ ᠤᠯᠠᠮᠵᠢᠯᠠᠨ ᠵᠠᠯᠭᠠᠮᠵᠢᠯᠠᠭᠰᠠᠨ᠂ ᠲᠡᠦᠬᠡ᠎ᠶᠢᠨ ᠳᠤᠷᠠᠰᠬᠠᠯᠲᠤ᠌ ᠵᠦᠢᠯᠡᠰ᠎ᠢ ᠬᠠᠮᠠᠭᠠᠯᠠᠬᠰᠠᠨ ᠲᠤᠪᠤᠢᠮ᠎ᠠ ᠦᠷ᠎ᠠ ᠪᠦᠳᠦᠭᠡᠯ᠎ᠤᠨ ᠰᠢᠩᠭᠡᠭᠡᠯᠳᠡ ᠳᠠᠢᠰᠠᠨ᠎ᠤ ᠳᠡᠯᠭᠡᠴᠡᠨ᠎ᠳᠦ ᠡᠭᠡᠯᠵᠢᠯᠡᠨ ᠢᠯᠡᠷᠡᠵᠦ᠂ ᠬᠥᠬᠡᠬᠣᠲᠠ᠎ᠶᠢᠨ ᠣᠶ᠋ᠢᠷ᠎ᠠ᠎ᠶᠢᠨ ᠵᠢᠯ᠎ᠦᠨ ᠲᠤᠷᠰᠢᠬᠢ ᠰᠣᠶᠣᠯ᠎ᠤᠨ ᠥᠪ᠎ᠦᠨ ᠬᠠᠮᠠᠭᠠᠯᠠᠯᠲᠠ᠎ᠶᠢᠨ ᠡᠯᠪᠡᠭ ᠦᠷ᠎ᠡ ᠪᠦᠲᠦᠭᠡᠯ ᠰᠤᠨᠢᠷᠬᠠᠯ᠎ᠢ ᠳᠠᠳᠠᠨ᠎ᠠ᠃ ᠤᠯᠤᠰ᠎ᠤᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ 7 ᠲᠦᠷᠦᠯ ᠂ ᠥᠪᠡᠷᠲᠡᠭᠡᠨ ᠵᠠᠰᠠᠬᠤ ᠣᠷᠣᠨ᠎ᠤ ᠲᠠᠰ᠎ᠤᠨ 86 ᠲᠦᠷᠦᠯ᠂ 1534 ᠦᠯᠦ ᠬᠦᠳᠡᠯᠬᠦ ᠲᠡᠦᠬᠡ᠎ᠶᠢᠨ ᠳᠤᠷᠠᠰᠬᠠᠯᠲᠤ᠌ ᠵᠦᠢᠯ ᠰᠤᠶᠤᠯ ᠲᠡᠥᠬᠡ᠎ᠵᠢ ᠦᠪᠯᠡᠨ᠂ ᠡᠨᠡ ᠬᠦ᠌ ᠤᠯᠤᠰ᠎ᠤᠨ ᠳᠡᠰ᠎ᠤᠨ ᠲᠡᠦᠬᠡ ᠰᠣᠶᠣᠯ᠎ᠤᠨ ᠨᠠᠷᠠᠲᠤ᠌ ᠬᠣᠲᠠ᠎ᠶᠢᠨ ᠣᠨ ᠴᠠᠭ᠎ᠤᠨ ᠬᠤᠪᠢᠷᠠᠯᠲᠠ᠎ᠶᠢ ᠭᠡᠷᠡᠴᠢᠯᠡᠨ᠎ᠠ᠃
《ᠪᠣᠳᠠᠰ᠎ᠤᠨ ᠪᠤᠰᠤ ᠰᠣᠶᠣᠯ᠎ᠤᠨ ᠥᠪ ᠪᠣᠯ ᠳᠡᠯᠭᠡᠨ ᠦᠵᠡᠭᠦᠯᠬᠡ᠎ᠶᠢᠨ ᠣᠷᠳᠣᠨ᠎ᠳᠤ ᠳᠠᠯᠪᠢᠳᠠᠭ ᠦᠯᠢᠭᠡᠷ ᠡᠳ᠋ ᠪᠢᠰᠢ᠂ ᠬᠠᠷᠢᠨ ᠡᠳᠦᠷ ᠲᠤᠳᠤᠮ᠎ᠤᠨ ᠠᠮᠢᠳᠤᠷᠠᠯ᠎ᠳᠦ ᠪᠠᠶ᠋ᠢᠳᠠᠭ᠂ ᠬᠥᠮᠥᠰ᠎ᠦᠨ ᠰᠡᠳᠬᠢᠯ᠎ᠢ ᠳᠤᠯᠠᠭᠠᠴᠠᠭᠤᠯᠵᠤ ᠪᠠᠶ᠋ᠢᠭ᠎ᠠ ᠠᠮᠢᠳᠤᠷᠠᠯ᠎ᠤᠨ ᠤᠶᠤᠨ ᠤᠬᠠᠭᠠᠨ ᠶᠤᠮ》 ᠭᠡᠵᠦ ᠡᠮ᠎ᠳᠦ ᠤᠳᠤᠯᠭ᠎ᠠ ᠬᠦᠵᠢ ᠦᠢᠯᠡᠳᠬᠦ᠌ ᠤᠷ᠎ᠠ ᠮᠡᠷᠭᠡᠵᠢᠯ᠎ᠦᠨ ᠤᠯᠤᠰ᠎ᠤᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠦᠪ᠎ᠤᠨ ᠳᠥᠷᠪᠡᠳᠦᠭᠡᠷ ᠦᠶ᠎ᠡ᠎ᠶᠢᠨ ᠥᠪᠯᠡᠨ ᠤᠯᠠᠮᠵᠢᠯᠠᠭᠴᠢ ᠯᠢᠦ ᠸᠧᠢ ᠲᠠᠶ᠋ᠢᠰᠠᠨ᠎ᠳᠤ ᠭᠠᠷᠴᠤ᠌ ᠰᠡᠳᠬᠢᠭᠳᠡᠯ᠎ᠢᠶᠡᠨ ᠬᠤᠪᠢᠶᠠᠯᠴᠠᠨ᠎ᠠ᠃ ᠲᠡᠷᠡ ᠡᠮ᠎ᠳᠦ ᠤᠳᠤᠯᠭ᠎ᠠ ᠬᠦᠵᠢ ᠦᠢᠯᠡᠳᠬᠦ ᠤᠷ᠎ᠠ ᠮᠡᠷᠭᠡᠵᠢᠯ᠎ᠢ 20 ᠭᠠᠷᠤᠢ ᠵᠢᠯ ᠭᠦᠨ ᠰᠤᠳᠤᠯᠵᠤ᠂《ᠬᠡᠳᠦᠢ ᠰᠢᠷᠭᠠᠭᠤ ᠬᠠᠲᠠᠭᠤᠵᠢᠯᠲᠠᠢ ᠪᠠᠢᠭᠰᠠᠨ᠎ᠴᠤ ᠬᠠᠰᠢ ᠶᠠᠰᠢ ᠪᠠᠢᠵᠦ ᠪᠤᠯᠬᠤ ᠦᠬᠡᠢ》 ᠭᠡᠬᠦ᠌ ᠳᠡᠭᠡᠳᠦᠰ᠎ᠦᠨ ᠰᠤᠷᠭᠠᠯ᠎ᠢ ᠪᠠᠲᠤ᠌ ᠰᠠᠬᠢᠵᠤ᠂ ᠬᠡᠳᠦᠨ ᠠᠷᠪᠠᠨ ᠵᠦᠢᠯ᠎ᠦᠨ ᠪᠠᠶ᠋ᠢᠭᠠᠯᠢᠯᠢᠭ ᠡᠮ᠎ᠳᠦ ᠮᠠᠲ᠋ᠧᠷᠢᠶᠠᠯ᠎ᠢ ᠰᠤᠳᠤᠯᠤᠨ ᠨᠠᠶ᠋ᠢᠷᠠᠭᠤᠯᠵᠤ᠂ ᠤᠯᠠᠮᠵᠢᠯᠠᠯᠲᠤ᠌ ᠡᠮ᠎ᠳᠦ ᠤᠳᠤᠯᠭ᠎ᠠ᠎ᠵᠢ ᠪᠡᠶ᠎ᠡ ᠰᠤᠪᠢᠯᠠᠯᠳᠠ ᠪᠠ ᠰᠣᠶᠣᠯ᠎ᠤᠨ ᠦᠨ᠎ᠡ ᠥᠷᠲᠡᠭ᠎ᠲᠡᠶ ᠪᠣᠯᠭᠠᠪᠠ᠃

ᠪᠦᠭᠡ ᠵᠢᠨ ᠪᠠᠷᠢᠯᠳᠤᠭᠠᠨ ᠢ᠋ ᠪᠠᠶᠠᠴᠢᠯᠠᠨ ᠤᠢᠯᠠᠭᠠᠨ᠎ᠠ
《ᠥᠩᠭᠡᠷᠡᠭᠰᠡᠨ᠎ᠳᠦ ᠵᠠᠯᠠᠭᠤ ᠬᠥᠮᠥᠰ ᠤᠯᠠᠮᠵᠢᠯᠠᠯᠳᠦ ᠭᠠᠷ ᠤᠷᠠᠯᠠᠯ ᠴᠠᠭ᠎ᠠᠴᠠ ᠬᠣᠴᠣᠷᠴᠠᠢ ᠭᠡᠵᠦ᠍ ᠪᠣᠳᠣᠵᠤ ᠪᠠᠶ᠋ᠢᠭᠰᠠᠨ᠂ ᠣᠳᠣ ᠤᠯᠠᠮ᠎ᠠᠴᠠ ᠣᠯᠠᠨ ᠬᠥᠮᠥᠨ ᠡᠮ᠎ᠳᠦ ᠤᠳᠤᠯᠭ᠎ᠠ ᠬᠦᠵᠢ ᠬᠢᠬᠦ᠂ ᠴᠢᠨᠠᠭᠰᠢᠯᠠᠪᠠᠯ ᠰᠠᠨᠠᠭᠠᠴᠢᠯᠠᠭ᠎ᠠ ᠡᠴᠡ᠎ᠪᠠᠨ ᠪᠠᠭᠰᠢ ᠪᠠᠷᠢᠵᠤ ᠮᠡᠷᠭᠡᠵᠢᠯ ᠰᠤᠷᠬᠤ ᠪᠣᠯᠵᠠᠢ᠃ ᠪᠣᠳᠠᠰ᠎ᠤᠨ ᠪᠤᠰᠤ ᠰᠣᠶᠣᠯ᠎ᠤᠨ ᠥᠪ᠎ᠢ ᠤᠯᠠᠮᠵᠢᠯᠠᠨ ᠵᠠᠯᠭᠠᠮᠵᠢᠯᠠᠬᠤ ᠪᠣᠯ ᠭᠠᠭᠴᠠ ᠬᠤᠶᠠᠷ ᠬᠦᠮᠦᠨ᠎ᠤ ᠬᠢᠬᠦ ᠶᠠᠪᠤᠳᠠᠯ ᠪᠢᠰᠢ᠂ ᠬᠠᠷᠢᠨ ᠨᠢᠭᠡ ᠪᠦᠯᠦᠭ ᠬᠥᠮᠥᠰ᠎ᠦᠨ ᠪᠠᠲᠤ᠌ ᠰᠠᠬᠢᠬᠤ ᠪᠠ ᠤᠯᠠᠮᠵᠢᠯᠠᠨ ᠦᠪᠯᠡᠬᠦ ᠶᠠᠪᠤᠳᠠᠯ ᠪᠣᠯᠣᠨ᠎ᠠ》 ᠭᠡᠰᠡᠨ ᠯᠢᠦ ᠸᠧᠢ᠎ᠶᠢᠨ ᠶᠠᠷᠢᠶ᠎ᠠ ᠨᠢ ᠪᠣᠳᠠᠰ᠎ᠤᠨ ᠪᠤᠰᠤ ᠰᠣᠶᠣᠯ᠎ᠤᠨ ᠦᠪ᠎ᠤᠨ ᠥᠪᠯᠡᠨ ᠤᠯᠠᠮᠵᠢᠯᠠᠭᠴᠢ᠎ᠶᠢᠨ ᠤᠷᠠᠨ ᠳᠠᠷᠬᠠᠨ᠎ᠤ ᠵᠤᠷᠢᠭ ᠰᠠᠨᠠᠭ᠎ᠠ᠎ᠵᠢ ᠢᠯᠡᠷᠡᠭᠦᠯᠦᠭᠰᠡᠨ ᠪᠥᠭᠡᠳ ᠪᠠᠰᠠ᠎ᠴᠤ ᠡᠷᠲᠡᠨ᠎ᠦ ᠤᠷ᠎ᠠ ᠮᠡᠷᠭᠡᠰᠢᠯ᠎ᠦᠨ ᠣᠲᠣ ᠦᠶ᠎ᠡ᠎ᠶᠢᠨ ᠠᠮᠢᠳᠤᠷᠠᠯ᠎ᠳᠤ ᠠᠭᠤᠰᠤᠯᠴᠠᠭᠰᠠᠨ ᠠᠮᠢᠳᠤᠯᠢᠭ ᠦᠢᠯᠡᠳᠦᠯᠭᠡ᠎ᠶᠢ ᠢᠯᠡᠷᠡᠭᠦᠯᠪᠡ᠃
ᠤᠷᠠᠨ ᠰᠠᠢᠠᠬᠨᠤ ᠲᠤᠭᠯᠠᠯᠳᠠ ᠡᠭᠡᠯᠵᠢᠯᠡᠨ ᠶᠠᠪᠤᠭᠳᠠᠵᠦ᠂ ᠱᠠᠨ ᠰᠢ ᠵᠦᠴᠦᠭᠡ 《ᠵᠢᠨ ᡁᠢᠶᠢ ᠴᠣᠬᠢᠭᠰᠠᠨ ᠨᠢ》 ᠳᠠᠭᠤᠤ ᠠᠶᠠᠯᠭᠤ ᠨᠢ ᠡᠪᠯᠢᠭ᠂ ᠦᠨᠦᠷ ᠠᠮᠲᠠ ᠨᠢ ᠤᠤᠭᠠᠯ ᠮᠠᠶᠢᠭ᠎ᠤᠨ ᠪᠠᠢᠵᠦ᠂ ᠡᠯ ᠷᠧᠨ᠎ᠲᠡᠶ ᠵᠦᠴᠦᠭᠡ 《ᠤᠯᠠᠭᠠᠨ ᠳ᠋ᠧᠩᠯᠦ ᠡᠯᠭᠦᠭᠰᠡᠨ ᠨᠢ》 ᠪᠠᠶᠠᠷ ᠬᠥᠷ᠎ᠲᠡᠶ᠂ ᠣᠯᠠᠨ ᠲᠦᠮᠡᠨ᠎ᠤ ᠠᠮᠢᠳᠤᠷᠠᠯ᠎ᠲᠡᠶ ᠣᠶ᠋ᠢᠷᠠᠲᠤᠭᠰᠠᠨᠢᠶᠠᠷᠢᠶᠠᠨ ᠦᠵᠡᠭᠴᠢᠳ᠎ᠤᠨ ᠬᠠᠯᠠᠭᠤᠨ ᠠᠯᠠᠭ᠎ᠠ ᠲᠡᠰᠢᠯᠲᠡ᠎ᠶᠢ ᠣᠯᠵᠠᠢ᠃ ᠠᠵᠢᠯᠯᠠᠭ᠎ᠠ᠎ᠳᠦ ᠪᠠᠰᠠ ᠵᠢᠷᠭᠤᠳᠤᠭᠠᠷ ᠪᠦᠯᠦᠭ᠎ᠦᠨ ᠤᠯᠤᠰ᠎ᠤᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠦᠪ᠎ᠤᠨ ᠥᠪᠯᠡᠨ ᠤᠯᠠᠮᠵᠢᠯᠠᠭᠴᠢ᠂ ᠬᠦᠬᠡᠬᠤᠳᠠ ᠵᠢᠨ ᠬᠣᠲᠠ᠎ᠶᠢᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠦᠪ᠎ᠤᠨ ᠥᠪᠯᠡᠨ ᠤᠯᠠᠮᠵᠢᠯᠠᠭᠴᠢ᠎ᠳᠤ ᠦᠨᠡᠮᠯᠡᠯ ᠣᠯᠭᠣᠵᠤ᠂ ᠰᠣᠶᠣᠯ᠎ᠤᠨ ᠬᠠᠮᠠᠭᠠᠯᠠᠯᠲᠠ᠎ᠶᠢᠨ ᠰᠠᠶ᠋ᠢᠨ ᠲᠤᠷᠠᠴᠤᠳ᠂ ᠲᠣᠭᠣᠷᠢᠨ ᠬᠠᠮᠠᠭᠠᠯᠠᠭᠴᠢ᠎ᠳᠤ ᠢᠷᠠᠭᠤ ᠠᠯᠳᠠᠷ᠎ᠤᠨ ᠦᠨᠡᠮᠯᠡᠯ ᠣᠯᠭᠣᠵᠤ᠂ ᠰᠣᠶᠣᠯ᠎ᠤᠨ ᠥᠪ᠎ᠦᠨ ᠬᠠᠮᠠᠭᠠᠯᠠᠯᠲᠠ᠎ᠶᠢᠨ ᠨᠢᠭᠡᠳᠦᠭᠡᠷ ᠹᠷᠣᠨᠲ᠎ᠲᠤ᠌ ᠠᠵᠢᠯᠯᠠᠵᠤ ᠪᠠᠶ᠋ᠢᠭ᠎ᠠ ᠠᠵᠢᠯᠲᠠᠳ᠎ᠲᠤ᠌ ᠡᠷᠬᠢᠮ ᠳᠡᠭᠡᠳᠦ ᠬᠦᠨᠳᠦᠳᠬᠡᠯ ᠳᠡᠪᠰᠢᠭᠦᠯᠪᠡ᠃ ᠲᠤᠬᠠᠢ᠎ᠶᠢᠨ ᠲᠠᠯᠠᠪᠠᠢ᠎ᠶᠢᠨ ᠲᠥᠯᠥᠭᠡᠯᠡᠭᠴᠢᠳ ᠬᠠᠮᠲᠤ᠎ᠪᠠᠷ ᠲᠡᠦᠬᠡ᠎ᠶᠢᠨ ᠳᠤᠷᠠᠰᠬᠠᠯᠲᠤ᠌ ᠵᠦᠢᠯᠡᠰ᠎ᠢ ᠬᠠᠮᠠᠭᠠᠯᠠᠬᠤ ᠰᠠᠨᠠᠭᠠᠴᠢᠯᠠᠭ᠎ᠠ᠎ᠶᠢᠨ ᠪᠢᠴᠢᠭ᠎ᠢ ᠤᠩᠰᠢᠵᠤ᠂ ᠪᠦᠬᠦ᠌ ᠨᠡᠶ᠋ᠢᠭᠡᠮ᠎ᠦᠨ ᠰᠣᠶᠣᠯ᠎ᠤᠨ ᠥᠪ᠎ᠢ ᠬᠠᠮᠠᠭᠠᠯᠠᠬᠤ ᠬᠠᠮᠲᠤ᠎ᠶᠢᠨ ᠲᠠᠨᠢᠯᠲᠠ᠎ᠶᠢ ᠨᠢᠭᠲᠠᠷᠠᠭᠤᠯᠪᠠ᠃
ᠤᠷᠠᠨ ᠳᠠᠷᠬᠠᠨ᠎ᠤ ᠵᠤᠷᠢᠭ ᠰᠠᠨᠠᠭ᠎ᠠ
ᠬᠡᠷᠪᠡ ᠪᠣᠳᠠᠰ᠎ᠤᠨ ᠪᠤᠰᠤ ᠰᠣᠶᠣᠯ᠎ᠤᠨ ᠦᠪ᠎ᠤᠨ ᠥᠪᠯᠡᠨ ᠤᠯᠠᠮᠵᠢᠯᠠᠭᠴᠢ᠎ᠶᠢ ᠰᠣᠶᠣᠯ᠎ᠤᠨ ᠤᠯᠠᠮᠵᠢᠯᠠᠯ᠎ᠢ ᠬᠠᠮᠠᠭᠠᠯᠠᠭᠴᠢ ᠭᠡᠵᠦ᠍ ᠬᠡᠯᠡᠬᠦ᠌᠎ᠳᠦ ᠭᠦᠷᠪᠡᠯ᠂ ᠲᠡᠥᠬᠡ᠎ᠶᠢᠨ ᠲᠤᠷᠠᠰᠬᠠᠯᠳᠦ ᠵᠦᠢᠯᠡᠰ᠎ᠤᠨ ᠬᠠᠮᠠᠭᠠᠯᠠᠯᠲᠠ᠎ᠶᠢᠨ ᠠᠵᠢᠯᠲᠠᠨ ᠪᠣᠯ ᠳᠠᠷᠤᠢ ᠲᠡᠦᠬᠡ᠎ᠶᠢᠨ ᠺᠣᠳ᠋ ᠲᠠᠶ᠋ᠢᠯᠬᠤ ᠬᠥᠮᠥᠨ ᠪᠣᠯᠣᠨ᠎ᠠ᠃ ᠬᠥᠬᠡᠬᠣᠲᠠ᠎ᠶᠢᠨ ᠲᠡᠦᠬᠡ᠎ᠶᠢᠨ ᠳᠤᠷᠠᠰᠬᠠᠯᠲᠤ᠌ ᠵᠦᠢᠯᠡᠰ ᠬᠠᠭᠤᠴᠢ ᠰᠤᠳᠤᠯᠤᠯ᠎ᠤᠨ ᠭᠠᠵᠠᠷ᠎ᠤᠨ ᠳᠠᠷᠤᠭ᠎ᠠ ᠵᠠᠩ ᠸᠧᠨ ᠫᠢᠩ᠎ᠦᠨ ᠶᠠᠷᠢᠶ᠎ᠠ ᠨᠢ ᠲᠤᠬᠠᠢ᠎ᠶᠢᠨ ᠲᠠᠯᠠᠪᠠᠢ᠎ᠶᠢᠨ ᠦᠵᠡᠭᠴᠢᠳ᠎ᠢ ᠬᠦᠳᠦᠯᠦᠨ ᠮᠢᠩᠭᠠᠨ ᠵᠢᠯ᠎ᠢ ᠲᠤᠭᠤᠯᠵᠥ᠍᠂ ᠲᠡᠦᠬᠡ᠎ᠶᠢᠨ ᠳᠤᠷᠠᠰᠬᠠᠯᠲᠤ᠌ ᠵᠦᠢᠯᠡᠰ᠎ᠦᠨ ᠠᠷᠤ᠎ᠳᠠᠬᠢ ᠪᠣᠯᠪᠠᠰᠤᠨ᠎ᠤ ᠨᠢᠭᠤᠴᠠ ᠵᠢ ᠳᠠᠢᠯᠵᠦ ᠪᠠᠶ᠋ᠢᠯ᠎ᠠ᠃ ᠲᠡᠷᠡ᠄《ᠹᠧᠩᠵᠸᠦ᠍ ᠵᠢᠨ ᠬᠠᠭᠤᠴᠢᠨ ᠬᠤᠳᠠ᠎ᠶᠢᠨ ᠪᠠᠭᠤᠷᠢ᠎ᠶᠢᠨ ᠨᠢᠭᠡ ᠲᠣᠭᠣᠰᠬ᠎ᠠ ᠨᠢᠭᠡ ᠸᠠᠭᠠᠷ᠂ ᠲᠦᠮᠡᠨ ᠪᠤᠳᠢ ᠴᠡᠴᠡᠭ᠎ᠤᠨ ᠴᠢᠮᠡᠭᠳᠦ ᠰᠤᠳᠤᠷ᠎ᠤᠨ ᠰᠤᠪᠤᠷᠭ᠎ᠠ᠎ᠶᠢᠨ ᠰᠡᠶ᠋ᠢᠯᠦᠮᠡᠯ ᠨᠢᠭᠡ ᠪᠦᠷᠢ ᠨᠢ ᠴᠦᠮ ᠯᠢᠶᠣᠤ ᠤᠯᠤᠰ ᠠᠯᠲᠠᠨ ᠤᠯᠤᠰ ᠶᠤᠸᠠᠨ ᠤᠯᠤᠰ᠎ᠤᠨ ᠦᠶ᠎ᠡ᠎ᠶᠢᠨ ᠦᠨᠳᠦᠰᠦᠲᠡᠨ᠎ᠦ ᠠᠭᠤᠰᠤᠯᠴᠠᠯ᠎ᠤᠨ ᠪᠠᠳᠤ ᠭᠡᠷᠡᠴᠢ ᠪᠣᠯᠣᠨ᠎ᠠ》᠃ ᠵᠠᠩ ᠸᠧᠨ ᠫᠢᠩ ᠲᠡᠦᠬᠡ᠎ᠶᠢᠨ ᠳᠤᠷᠠᠰᠬᠠᠯᠲᠤ᠌ ᠵᠦᠢᠯᠡᠰ᠎ᠦᠨ ᠬᠠᠮᠠᠭᠠᠯᠠᠯᠲᠠ᠎ᠶᠢᠨ ᠲᠤᠬᠠᠢ ᠶᠠᠷᠢᠬᠤ᠎ᠳᠠᠭᠠᠨ᠄ 《ᠲᠡᠦᠬᠡ᠎ᠶᠢᠨ ᠳᠤᠷᠠᠰᠬᠠᠯᠲᠤ᠌ ᠵᠦᠢᠯᠡᠰ ᠪᠣᠯ ᠠᠷᠠᠳ ᠲᠦᠮᠡᠨ᠎ᠦ ᠬᠢ ᠶᠤᠮ᠂ ᠠᠷᠠᠳ ᠲᠦᠮᠡᠨ᠎ᠳᠦ ᠦᠢᠯᠡᠴᠢᠯᠡᠨ᠎ᠡ᠂ ᠪᠢᠳᠡ ᠬᠠᠭᠤᠴᠢ ᠰᠤᠳᠤᠯᠤᠯ ᠬᠢᠵᠦ᠍᠂ ᠪᠠᠭᠤᠷᠢ᠎ᠶᠢ ᠬᠠᠮᠠᠭᠠᠯᠠᠬᠤ ᠨᠢ ᠲᠡᠦᠬᠡ᠎ᠶᠢᠨ ᠦᠯᠡᠳᠡᠭᠳᠡᠯ᠎ᠢ ᠬᠠᠮᠠᠭᠠᠯᠠᠬᠤ᠎ᠪᠠᠷ ᠪᠠᠷᠠᠬᠤ ᠦᠭᠡᠢ᠂ ᠨᠡᠩ ᠴᠤ᠌ ᠦᠨᠳᠦᠰᠦᠲᠡᠨ ᠨᠤᠭᠦᠳ᠎ᠦᠨ ᠤᠯᠠᠨ ᠲᠦᠮᠡᠨ᠎ᠦ ᠬᠠᠮᠲᠤ᠎ᠶᠢᠨ ᠰᠣᠶᠣᠯ᠎ᠤᠨ ᠦᠪ ᠬᠦᠷᠦᠩᠬᠡ᠎ᠶᠢ ᠰᠠᠬᠢᠨ ᠬᠠᠮᠠᠭᠠᠯᠠᠬᠤ ᠶᠠᠪᠤᠳᠠᠯ ᠪᠣᠯᠣᠨ᠎ᠠ》 ᠭᠡᠵᠡᠢ᠃
ᠣᠶ᠋ᠢᠷ᠎ᠠ᠎ᠶᠢᠨ ᠵᠢᠯ᠎ᠡᠴᠡ᠂ ᠬᠥᠬᠡᠬᠣᠲᠠ ᠹᠧᠩᠵᠸᠤ ᠵᠢᠨ ᠬᠠᠭᠤᠴᠢᠨ ᠬᠤᠳᠠ ᠵᠡᠷᠭᠡ ᠪᠠᠭᠤᠷᠢ᠎ᠶᠢ ᠬᠠᠮᠠᠭᠠᠯᠠᠨ ᠠᠰᠢᠬᠯᠠᠬᠤ᠎ᠶᠢ ᠦᠷᠭᠦᠯᠵᠢᠯᠡᠨ ᠠᠬᠢᠭᠤᠯᠵᠤ᠂ ᠰᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠠᠷᠭ᠎ᠠ ᠪᠠᠷᠢᠯ᠎ᠢᠶᠠᠷ ᠲᠡᠦᠬᠡ᠎ᠶᠢᠨ ᠳᠤᠷᠠᠰᠬᠠᠯᠲᠤ᠌ ᠵᠦᠢᠯᠡᠰ᠎ᠢ 《ᠠᠮᠢᠯᠠᠭᠤᠯᠵᠤ》 ᠂ 《ᠬᠠᠯᠠᠮᠰᠢᠯ》 ᠪᠣᠯᠭᠠᠭᠰᠠᠨ ᠨᠢ ᠶᠠᠭ ᠡᠨᠡ ᠬᠦ᠌ ᠪᠠᠲᠤ᠌ ᠰᠠᠬᠢᠯᠲᠠ᠎ᠵᠢ ᠦᠵᠡᠬᠦᠯᠵᠦ᠂ ᠮᠢᠩᠭᠠᠨ ᠣᠨ᠎ᠤ ᠪᠠᠭᠤᠷᠢ᠎ᠶᠢ ᠠᠮᠢ ᠠᠮᠢᠵᠢᠷᠠᠯ᠎ᠤᠨ ᠬᠦᠴᠦᠨ ᠲᠠᠢ ᠪᠤᠯᠭᠠᠵᠠᠢ᠃

ᠴᠠᠭᠠᠰᠤᠨ ᠬᠠᠢᠴᠢᠯᠠᠮᠠᠯ ᠤᠷᠠᠯᠠᠬᠤ ᠵᠢ ᠰᠤᠷᠤᠯᠴᠠᠨ᠎ᠠ
ᠪᠡᠶᠡᠴᠢ ᠤᠢᠯᠠᠭᠠᠯᠳᠠ᠎ᠶᠢᠨ ᠲᠤᠭᠤᠷᠢᠭ ᠲᠡᠬᠢ ᠮᠤᠨᠭᠭᠤᠯ ᠬᠡᠷ ᠬᠢᠬᠦ ᠠᠵᠢᠯᠯᠠᠭ᠎ᠠ ᠨᠢ ᠤᠯᠠᠨ᠎ᠤ ᠠᠩᠬᠠᠷᠤᠯ᠎ᠢ ᠳᠠᠳᠠᠵᠦ᠂ ᠳᠠᠯ᠎ᠠ ᠨᠤᠲᠤᠭ᠎ᠤᠨ ᠤᠨᠴᠠᠯᠢᠭ᠎ᠢ ᠬᠠᠮᠤᠭ ᠡᠴᠡ ᠢᠯᠡᠬᠦᠦ ᠬᠠᠷᠠᠭᠤᠯᠵᠦ᠂ ᠦᠵᠡᠭᠴᠢᠳ᠎ᠤᠨ ᠪᠠᠬ᠎ᠠ᠎ᠵᠢ ᠳᠠᠳᠠᠭᠰᠠᠨ ᠭᠠᠵᠠᠷ ᠪᠤᠯᠵᠠᠢ᠃ ᠤᠯᠤᠰ᠎ᠤᠨ ᠳᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ ᠪᠤᠯᠤᠭᠰᠠᠨ ᠮᠤᠨᠭᠭᠤᠯ ᠭᠡᠷ ᠬᠢᠬᠦ ᠤᠷ᠎ᠠ ᠮᠡᠷᠭᠡᠵᠢᠯ ᠨᠢ ᠮᠤᠨᠭᠭᠤᠯᠴᠤᠳ᠎ᠤᠨ ᠤᠰᠤ ᠪᠡᠯᠴᠢᠬᠡᠷ᠎ᠢᠶᠡᠨ ᠳᠠᠭᠠᠨ ᠨᠡᠬᠦᠳᠡᠯᠯᠡᠵᠦ ᠶᠠᠪᠤᠳᠠᠭ ᠨᠡᠬᠦᠳᠡᠯ ᠠᠮᠢᠳᠤᠷᠠᠯ᠎ᠤᠨ ᠤᠶᠤᠨ ᠤᠬᠠᠭᠠᠨ᠎ᠢ ᠠᠴᠢᠶᠠᠯᠠᠵᠦ ᠪᠠᠢᠳᠠᠭ᠃ ᠠᠬᠤᠢ ᠳᠠᠯᠠᠪᠠᠢ᠎ᠳᠦ ᠪᠤᠳᠠᠰ᠎ᠤᠨ ᠪᠤᠰᠤ ᠰᠤᠶᠤᠯ᠎ᠤᠨ ᠦᠪᠯᠡᠨ ᠤᠯᠠᠮᠵᠢᠯᠠᠭᠴᠢ ᠵᠢᠵᠢᠭ ᠪᠢᠴᠢᠯ ᠬᠡᠯᠪᠡᠷᠢ᠎ᠶᠢᠨ ᠮᠤᠨᠭᠭᠤᠯ ᠭᠡᠷ᠎ᠤᠨ ᠵᠠᠭᠪᠤᠷ ᠪᠤᠰᠬᠠᠵᠦ᠂ ᠬᠠᠨ᠎ᠠ ᠪᠤᠰᠬᠠᠬᠤ᠂ ᠤᠨ᠎ᠢ ᠴᠢᠭᠳᠠᠯᠠᠬᠤ᠂ ᠲᠤᠭᠤᠨᠤ ᠰᠢᠷᠭᠤᠭᠤᠯᠬᠤ᠂ ᠪᠦᠷᠢᠶᠡᠰᠦ ᠪᠦᠷᠢᠬᠦ ᠪᠦᠬᠦᠢᠯᠡ ᠶᠠᠪᠤᠴᠠ᠎ᠵᠢ ᠦᠵᠡᠬᠦᠯᠵᠦ᠂ ᠦᠪᠯᠡᠨ ᠤᠯᠠᠮᠵᠢᠯᠠᠭᠴᠢ ᠡᠴᠡ ᠮᠤᠨᠭᠭᠤᠯ ᠭᠡᠷ᠎ᠤᠨ ᠰᠠᠯᠬᠢ ᠬᠠᠯᠬᠠᠯᠠᠬᠤ᠂ ᠢᠯᠴᠢ᠎ᠵᠢ ᠬᠠᠳᠠᠭᠠᠯᠠᠬᠤ᠂ ᠨᠡᠬᠦᠵᠦ ᠪᠠᠭᠤᠬᠤ᠎ᠳᠦ ᠲᠦᠬᠦᠮ ᠵᠡᠷᠭᠡ ᠪᠠᠢᠳᠠᠭ ᠶᠤᠰᠤ᠎ᠵᠢ ᠳᠠᠢᠯᠪᠤᠷᠢᠯᠠᠨ᠂ ᠨᠡᠬᠦᠳᠡᠯᠴᠢᠳ᠎ᠤᠨ ᠪᠠᠢᠭᠠᠯᠢ᠎ᠶᠢᠨ ᠵᠢᠮ᠎ᠠ ᠶᠤᠰᠤ᠎ᠵᠢ ᠵᠢᠷᠤᠮᠯᠠᠨ᠂ ᠨᠦᠬᠦᠴᠡᠯ ᠪᠠᠢᠳᠠᠯ᠎ᠳᠠᠭᠠᠨ ᠵᠤᠬᠢᠴᠠᠨ ᠠᠮᠢᠳᠤᠷᠠᠵᠦ ᠴᠢᠳᠠᠳᠠᠭ ᠤᠢ ᠤᠬᠠᠭᠠᠨ᠎ᠢ ᠮᠡᠳᠡᠬᠦᠯᠦᠭᠰᠡᠨ᠎ᠢᠶᠡᠷ ᠤᠯᠠᠨ ᠬᠦᠮᠦᠰ᠎ᠤᠨ ᠪᠠᠬ᠎ᠠ᠎ᠵᠢ ᠳᠠᠳᠠᠵᠦ᠂ ᠤᠯᠠᠨ ᠬᠡᠥᠬᠡᠳ ᠦᠪᠡᠰᠦᠪᠡᠨ ᠬᠢᠵᠦ ᠤᠷᠤᠯᠳᠤᠵᠦ ᠡᠬᠢᠯᠡᠵᠡᠢ᠃
ᠵᠠᠯᠠᠭᠤ ᠨᠢᠭᠡ ᠦᠶ᠎ᠠ᠎ᠶᠢᠨ ᠬᠢᠨ ᠪᠤᠳᠠᠰ᠎ᠤᠨ ᠪᠤᠰᠤ ᠰᠤᠶᠤᠯ᠎ᠤᠨ ᠦᠪ ᠤᠯᠠᠮᠵᠢᠯᠠᠯᠳᠦ ᠢᠳᠡᠪᠬᠢᠯᠡᠨ ᠣᠷᠣᠯᠴᠠᠬᠤ ᠪᠤᠯᠤᠭᠰᠠᠨ ᠨᠢ ᠰᠣᠶᠣᠯ᠎ᠤᠨ ᠥᠪ᠎ᠢ ᠨᠡᠩ ᠠᠮᠢᠵᠢᠷᠠᠯ᠎ᠤᠨ ᠬᠦᠴᠦᠨ᠎ᠲᠡᠶ ᠪᠣᠯᠭᠠᠵᠠᠢ᠃ ᠬᠥᠬᠡᠬᠣᠲᠠ᠎ᠶᠢᠨ ᠮᠦᠽᠧᠢ᠎ᠶᠢᠨ ᠲᠠᠶ᠋ᠢᠯᠪᠤᠷᠢᠯᠠᠭᠴᠢ ᠨᠢᠩ ᠢᠦᠢ ᠵᠢᠶᠠ ᠤᠯᠠᠮᠵᠢᠯᠠᠯᠲᠤ᠌ ᠬᠤᠪᠴᠠᠰᠤ ᠵᠠᠰᠠᠯ᠎ᠢᠶᠠᠨ ᠡᠮᠦᠰᠴᠦ᠍ ᠂ ᠲᠡᠦᠬᠡ᠎ᠶᠢᠨ ᠳᠤᠷᠠᠰᠬᠠᠯᠲᠤ᠌ ᠵᠦᠢᠯᠡᠰ᠎ᠦᠨ ᠦᠯᠢᠭᠡᠷ᠎ᠢ ᠶᠠᠷᠢᠵᠤ ᠂ ᠭᠦᠨ ᠵᠤᠵᠠᠭᠠᠨ ᠲᠡᠦᠬᠡ᠎ᠶᠢ ᠬᠢᠯᠪᠠᠷ ᠣᠶ᠋ᠢᠯᠠᠭᠠᠮᠵᠢᠲᠠᠢ ᠪᠣᠯᠭᠠᠵᠠᠢ᠃ 《ᠪᠢ ᠰᠣᠶᠣᠯ᠎ᠤᠨ ᠥᠪ᠎ᠦᠨ 〈ᠳᠠᠭᠤ ᠳᠠᠮᠵᠢᠭᠤᠯᠤᠭᠴᠢ〉 ᠪᠣᠯᠵᠤ᠂ ᠨᠡᠩ ᠤᠯᠠᠨ ᠬᠥᠮᠥᠨ ᠢᠯᠠᠩᠭᠤᠶ᠎ᠠ ᠵᠠᠯᠠᠭᠤᠴᠤᠳᠲᠤ᠌ ᠲᠡᠦᠬᠡ᠎ᠶᠢᠨ ᠦᠯᠢᠭᠡᠷ᠎ᠢ ᠣᠶ᠋ᠢᠯᠠᠭᠠᠭᠤᠯᠵᠤ᠂ ᠤᠯᠠᠮᠵᠢᠯᠠᠯᠲᠤ᠌ ᠰᠣᠶᠣᠯ᠎ᠢ ᠬᠠᠶ᠋ᠢᠷᠠᠯᠠᠬᠤ᠎ᠶᠢ ᠬᠦᠰᠡᠵᠦ᠍ ᠪᠠᠶ᠋ᠢᠨ᠎ᠠ》 ᠬᠡᠵᠦ ᠬᠦᠨ ᠰᠡᠳᠬᠢᠯᠬᠡ ᠲᠠᠢ ᠶᠠᠷᠢᠨ᠎ᠠ᠃
ᠡᠷᠲᠡᠨ᠎ᠦ ᠵᠡᠭᠡᠯᠢ ᠳᠡᠭᠡᠷ᠎ᠡ᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠴᠤᠭᠯᠠᠭ᠎ᠠ ᠮᠠᠶ᠋ᠢᠮᠠᠢ᠎ᠳᠦ ᠬᠥᠮᠥᠨ ᠬᠠᠷ᠎ᠠ ᠪᠠᠭᠰᠢᠷᠠᠯᠳᠤᠨ᠂ 34 ᠳᠡᠯᠭᠡᠨ ᠦᠵᠡᠭᠦᠯᠭᠡ᠎ᠶᠢᠨ ᠪᠠᠶ᠋ᠢᠷᠢ᠎ᠳᠦ ᠪᠤᠭᠤᠲᠤ᠌᠂ ᠣᠷᠳᠣᠰ᠂ ᠤᠯᠠᠭᠠᠨᠴᠠᠪ ᠭᠤᠷᠪᠠᠨ ᠭᠠᠵᠠᠷ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠷᠥᠯ ᠵᠦᠢᠯ᠎ᠢ ᠣᠨᠴᠠ ᠤᠷᠢᠵᠤ ᠦᠵᠡᠰᠬᠦᠯᠡᠩᠳᠦ ᠣᠷᠣᠯᠴᠠᠭᠤᠯᠤᠨ᠂ ᠠᠮᠲᠠᠲᠤ᠌ ᠢᠳᠡᠭᠡᠨ᠂ ᠰᠣᠶᠣᠯ᠎ᠤᠨ ᠪᠦᠳᠦᠭᠡᠯᠴᠢ ᠦᠢᠯᠡᠳᠬᠦᠨ᠂ ᠤᠯᠠᠮᠵᠢᠯᠠᠯᠲᠤ᠌ ᠡᠮ ᠡᠮᠨᠡᠯᠭᠡ ᠵᠡᠷᠭᠡ ᠭᠤᠷᠪᠠᠨ ᠶᠡᠬᠡ ᠣᠷᠣᠨ ᠪᠦᠰᠡ ᠬᠤᠪᠢᠶᠠᠵᠤ᠂ ᠥᠪᠥᠷ ᠮᠣᠩᠭᠣᠯ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠡᠯᠪᠡᠭ ᠪᠠᠶᠠᠯᠢᠭ ᠠᠭᠤᠯᠤᠭᠳᠠᠬᠤᠨ᠎ᠢ ᠪᠥᠬᠥ᠌ ᠲᠠᠯ᠎ᠠ᠎ᠪᠠᠷ ᠳᠡᠯᠭᠡᠨ ᠦᠵᠡᠭᠦᠯᠵᠡᠢ᠃
ᠤᠯᠠᠨ ᠡᠰᠢᠳᠦ ᠪᠡᠶᠡᠴᠢ ᠤᠢᠯᠠᠭᠠᠯᠳᠠ
ᠰᠢᠷᠠᠭᠰᠠᠨ ᠢᠳᠡᠭᠡᠨ᠎ᠤ ᠠᠩᠬᠢᠯᠤᠮ᠎ᠠ ᠦᠨᠦᠷ ᠬᠠᠩᠬᠤᠯᠵᠤ᠂ ᠲᠣᠭᠲᠠᠬᠤ ᠰᠢᠶᠠᠨ᠎ᠤ ᠴᠢᠨᠠᠭᠰᠠᠨ ᠵᠢᠭᠠᠰᠤ᠂ ᠠᠮᠲᠠᠲᠤ᠌ ᠱᠤᠤᠮᠠᠢ᠂ ᠶᠤᠤᠮᠠᠢ ᠵᠢᠨ ᠮᠢᠨᠲᠤᠤᠷ᠂ ᠴᠢᠨᠠᠭᠰᠠᠨ ᠮᠢᠬ᠎ᠠ᠂ ᠤᠯᠠᠮᠵᠢᠯᠠᠯᠲᠤ᠌ ᠴᠠᠭᠠᠨ ᠢᠳᠡᠭᠡᠨ᠂ ᠪᠤᠷᠴᠠ ᠁ ᠵᠡᠷᠭᠡ ᠠᠷᠪᠠ ᠭᠠᠷᠤᠢ ᠵᠦᠢᠯ᠎ᠦᠨ ᠪᠤᠳᠠᠰ᠎ᠤᠨ ᠪᠤᠰᠤ ᠰᠤᠶᠤᠯ᠎ᠤᠨ ᠦᠪ᠎ᠤᠨ ᠠᠮᠲᠠᠲᠤ᠌ ᠢᠳᠡᠭᠡᠨ᠎ᠢ ᠵᠡᠷᠭᠡᠯᠡᠨ ᠵᠢᠬᠰᠠᠭᠠᠵᠤ᠂ ᠵᠢᠭᠤᠯᠴᠢᠯᠠᠬᠰᠠᠳ ᠦᠪᠡᠷ᠎ᠤᠨ ᠡᠷᠭᠡ ᠦᠬᠡᠢ ᠵᠣᠭᠰᠣᠨ ᠠᠮᠲᠠᠯᠠᠵᠤ᠂ ᠡᠷᠡᠭᠡᠢ ᠭᠠᠷᠭᠠᠨ ᠮᠠᠭᠲᠠᠨ᠎ᠠ᠃ 《ᠡᠨᠡ ᠱᠤᠤᠮᠠᠢ ᠨᠢ ᠦᠨᠡᠬᠡᠷ ᠠᠮᠳᠠᠳᠠᠢ ᠪᠠᠢᠨ᠎ᠠ᠂ ᠲᠡᠰᠭᠡᠯ ᠦᠬᠡᠢ ᠬᠡᠳᠤ ᠡᠴᠡ ᠢᠳᠡᠯ᠎ᠠ!》 ᠬᠡᠵᠤ ᠬᠤᠨᠠᠨ᠎ᠤ ᠵᠢᠭᠤᠯᠴᠢᠯᠠᠬᠴᠢ ᠯᠢᠤ ᠠᠪᠠᠭᠠᠢ ᠪᠠᠶᠠᠷᠳᠠᠢᠬᠠᠨ ᠶᠠᠷᠢᠨ᠎ᠠ᠃
ᠰᠣᠶᠣᠯ᠎ᠤᠨ ᠪᠦᠳᠤᠭᠡᠯᠴᠢ ᠦᠢᠯᠡᠳᠬᠦᠨ᠎ᠤ ᠦᠵᠡᠭᠦᠯᠭᠡ᠎ᠶᠢᠨ ᠲᠣᠭᠣᠷᠢᠭ ᠲᠸ᠋᠂ ᠮᠣᠩᠭᠣᠯ ᠦᠨᠳᠦᠰᠦᠲᠡᠨ᠎ᠦ ᠠᠷᠠᠰᠤᠨ ᠤᠷᠠᠯᠠᠯ᠂ ᠠᠯᠲᠠ ᠮᠥᠩᠭᠥᠨ ᠡᠳ᠋ᠯᠡᠯ᠂ ᠬᠤᠯᠤ᠎ᠶᠢᠨ ᠰᠡᠶ᠋ᠢᠯᠦᠮᠡᠯ᠂ ᠴᠠᠭᠠᠰᠤᠨ ᠬᠠᠶ᠋ᠢᠴᠢᠯᠠᠮᠠᠯ᠂ ᠰᠥᠩ᠎ᠦᠨ ᠬᠡᠮᠡᠷᠯᠢᠭ ᠨᠡᠬᠡᠮᠡᠯ᠂ ᠨᠠᠷᠠᠨ ᠬᠡᠤᠭᠡᠨ ᠵᠡᠷᠭᠡ ᠤᠯᠠᠮᠵᠢᠯᠠᠯᠲᠤ᠌ ᠭᠠᠷ ᠤᠷᠠᠯᠠᠯ᠎ᠤᠨ ᠪᠦᠲᠦᠭᠡᠭᠳᠡᠬᠦᠨ ᠦᠩᠭᠡ ᠢᠯᠭᠠᠷᠠᠨ᠎ᠠ᠃ ᠪᠣᠳᠠᠰ᠎ᠤᠨ ᠪᠤᠰᠤ ᠰᠣᠶᠣᠯ᠎ᠤᠨ ᠥᠪ᠎ᠦᠨ ᠤᠯᠠᠮᠵᠢᠯᠠᠬᠴᠢ ᠵᠢᠨ ᠭᠠᠷᠤᠨ ᠤᠷᠠᠨ ᠵᠢᠡᠷ ᠪᠦᠳᠤᠭᠡᠭᠳᠡᠭᠰᠡᠨ ᠪᠦᠲᠦᠭᠡᠯ ᠨᠢᠭᠡᠪᠦᠷᠢ᠎ᠳᠦ ᠴᠥᠮ ᠤᠯᠠᠮᠵᠢᠯᠠᠯᠲᠤ᠌ ᠭᠠᠷ ᠤᠷᠠᠯᠠᠯ᠎ᠤᠨ ᠤᠷᠠᠨ ᠰᠠᠨᠠᠭ᠎ᠠ ᠪᠠ ᠤᠷᠠᠨ ᠳᠠᠷᠬᠠᠨ᠎ᠤ ᠰᠡᠳᠬᠢᠯ ᠵᠢᠳᠬᠦᠯ ᠰᠢᠩᠭᠡᠵᠦ᠍᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠪᠦᠲᠦᠭᠡᠯᠴᠢ ᠴᠢᠨᠠᠷᠲᠠᠶ ᠬᠤᠪᠢᠷᠠᠭᠤᠯᠤᠯᠲᠠ᠂ ᠰᠢᠨ᠎ᠡ᠎ᠶᠢ ᠡᠭᠦᠳᠬᠦ᠌ ᠴᠢᠨᠠᠷᠲᠠᠶ ᠬᠥᠭᠵᠢᠯᠲᠡ᠎ᠶᠢᠨ ᠦᠷ᠎ᠡ ᠪᠦᠲᠦᠭᠡᠯ᠎ᠢ ᠬᠠᠷᠠᠭᠤᠯᠵᠦ᠂ ᠴᠥᠭᠡᠨ ᠪᠤᠰᠤ ᠵᠢᠭᠤᠯᠴᠢᠯᠠᠬᠰᠠᠳ ᠦᠪᠡᠷ᠎ᠤᠨ ᠲᠤᠭᠤᠵᠤ ᠪᠠᠬᠠᠷᠬᠠᠬᠰᠠᠨ ᠪᠦᠳᠤᠭᠡᠯ ᠵᠢᠡᠨ ᠰᠢᠯᠢᠨ ᠰᠣᠩᠭᠣᠵᠤ ᠶᠠᠭᠠᠷᠠᠨ᠎ᠠ᠃

ᠰᠢᠬᠢᠷ ᠤ᠋ᠨ ᠱᠤᠭᠤᠮᠠᠯᠴᠢᠨ ᠡᠴᠡ ᠤᠷ᠎ᠠ ᠮᠡᠷᠭᠡᠵᠢᠯ ᠵᠢᠡᠨ ᠭᠠᠢᠬᠠᠭᠤᠯᠤᠨ᠎ᠠ
ᠤᠯᠠᠮᠵᠢᠯᠠᠯᠲᠤ᠌ ᠡᠮ ᠡᠮᠨᠡᠯᠭᠡ᠎ᠶᠢᠨ ᠦᠵᠡᠭᠦᠯᠭᠡ᠎ᠶᠢᠨ ᠲᠣᠭᠣᠷᠢᠭ ᠲᠸ᠋ ᠬᠦᠷᠪᠡᠯ ᠤᠯᠠᠨ ᠬᠦᠮᠤᠰ ᠮᠦᠷᠯᠡᠨ᠂ ᠰᠠᠨ ᠺᠦᠩ᠎ᠦᠨ ᠯᠢ ᠣᠪᠣᠭᠲᠤ᠎ᠶᠢᠨ ᠶᠠᠰᠤ ᠪᠠᠷᠢᠬᠤ ᠠᠷᠭ᠎ᠠ᠂ ᠷᠧᠨ ᠣᠪᠣᠭᠲᠤ᠎ᠶᠢᠨ ᠴᠢᠰᠤ ᠲᠠᠯᠪᠢᠬᠤ ᠵᠠᠰᠠᠯᠭ᠎ᠠ᠂ ᠦ᠋ ᠣᠪᠣᠭᠲᠤ᠎ᠶᠢᠨ ᠡᠮ᠎ᠦᠨ ᠲᠥᠭᠡᠨᠡᠯᠭᠡ᠎ᠶᠢᠨ ᠠᠷᠭ᠎ᠠ ᠵᠡᠷᠭᠡ ᠤᠯᠠᠮᠵᠢᠯᠠᠯᠲᠤ᠌ ᠪᠤᠳᠠᠰ᠎ᠤᠨ ᠪᠤᠰᠤ ᠰᠤᠶᠤᠯ᠎ᠤᠨ ᠦᠪ᠎ᠤᠨ ᠡᠮ ᠡᠮᠨᠡᠯᠭᠡ᠎ᠶᠢᠨ ᠲᠥᠷᠥᠯ ᠵᠦᠢᠯ᠎ᠦᠨ ᠦᠪᠯᠡᠨ ᠤᠯᠠᠮᠵᠢᠯᠠᠭᠴᠢ ᠨᠡᠷ ᠲᠤᠬᠠᠶ᠎ᠶᠢᠨ ᠲᠠᠯᠠᠪᠠᠶ᠎ᠳᠤ ᠡᠪᠡᠳᠴᠢᠨ ᠦᠵᠡᠵᠦ᠍᠂ ᠦᠨ᠎ᠡ ᠲᠥᠯᠥᠪᠦᠷᠢ ᠥᠬᠡᠶ᠎ᠪᠡᠷ ᠡᠪᠡᠳᠴᠢᠨ ᠣᠨᠣᠰᠢᠯᠠᠨ᠂ ᠮᠠᠳᠠᠭ᠎ᠲᠠᠶ ᠠᠰᠠᠭᠤᠳᠠᠯ᠎ᠢ ᠨᠢ ᠳᠠᠢᠯᠪᠤᠷᠢᠯᠠᠵᠦ᠂ ᠤᠯᠠᠮᠵᠢᠯᠠᠯᠲᠤ᠌ ᠬᠢᠲᠠᠳ ᠡᠮ ᠡᠮᠨᠡᠯᠭᠡ᠎ᠶᠢᠨ ᠰᠢᠯᠢᠳᠡᠭ ᠦᠢᠯᠡᠴᠢᠯᠡᠭᠡ᠎ᠶᠢ ᠣᠯᠠᠨ ᠲᠦᠮᠡᠨ᠎ᠦ ᠳᠡᠷᠭᠡᠳᠡ ᠬᠦᠷᠭᠡᠵᠦ᠍᠂ ᠦᠵᠡᠭᠴᠢᠳ ᠡᠮ᠎ᠳᠦ ᠤᠳᠤᠯᠭ᠎ᠠ ᠦᠢᠯᠡᠳᠬᠦ᠌᠎ᠶᠢ ᠪᠡᠶᠡᠴᠢᠯᠡᠨ ᠲᠤᠷᠰᠢᠵᠤ᠂ ᠤᠯᠠᠮᠵᠢᠯᠠᠯᠲᠤ᠌ ᠡᠮ ᠡᠮᠨᠡᠯᠭᠡ᠎ᠶᠢᠨ ᠰᠣᠶᠣᠯ᠎ᠤᠨ ᠥᠪᠡᠷᠮᠢᠴᠡ ᠷᠢᠳᠢ ᠰᠢᠳᠢ᠎ᠶᠢ ᠮᠡᠳᠡᠷᠡᠪᠡ᠃
ᠬᠤᠪᠢ᠎ᠶᠢᠨ ᠵᠠᠭᠤᠴᠢᠯᠠᠭᠤᠷ᠎ᠤᠨ ᠰᠤᠳᠤᠨ ᠨᠡᠪᠳᠡᠷᠡᠬᠦᠯᠦᠭᠴᠢ ᠶᠠᠩ ᠸᠧᠨ ᠯᠦᠩ᠄ 《ᠪᠣᠳᠠᠰ᠎ᠤᠨ ᠪᠤᠰᠤ ᠰᠣᠶᠣᠯ᠎ᠤᠨ ᠥᠪ᠎ᠢ ᠪᠢᠳᠡ ᠵᠠᠯᠠᠭᠤᠴᠤᠳ᠎ᠤᠨ ᠪᠠᠬᠠᠷᠬᠠᠳᠠᠭ ᠣᠬᠣᠷ ᠸᠢᠳᠢᠤ᠋᠂ ᠰᠢᠭᠤᠳ ᠨᠡᠪᠲᠡᠷᠡᠭᠦᠯᠭᠡ ᠵᠡᠷᠭᠡ ᠠᠷᠭ᠎ᠠ ᠬᠡᠯᠪᠡᠷᠢ᠎ᠪᠡᠷ ᠦᠵᠡᠬᠦᠯᠵᠦ᠂ ᠪᠤᠭᠤᠮᠳᠠ᠎ᠶᠢᠨ ᠬᠠᠭᠤᠴᠢᠨ ᠵᠡᠭᠡᠯᠢ᠎ᠶᠢᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠦᠯᠢᠭᠡᠷ᠂ ᠲᠠᠯ᠎ᠠ ᠨᠤᠲᠤᠭ᠎ᠤᠨ ᠰᠣᠶᠣᠯ᠎ᠤᠨ ᠥᠪᠡᠷᠮᠢᠴᠡ ᠷᠢᠳᠢ ᠰᠢᠳᠢ᠎ᠶᠢ ᠤᠯᠠᠮᠵᠢᠯᠠᠵᠤ᠂ ᠰᠣᠶᠣᠯ ᠤᠯᠠᠮᠵᠢᠯᠠᠯ᠎ᠢ ᠥᠪᠥᠷ ᠮᠣᠩᠭᠣᠯ᠎ᠠᠴᠠ ᠭᠠᠷᠭᠠᠵᠤ᠂ ᠨᠡᠩ ᠥᠷᠭᠡᠨ ᠠᠭᠤᠳᠠᠮ ᠲᠠᠪᠴᠠᠩ᠎ᠳᠤ ᠭᠠᠷᠭᠠᠬᠤ ᠨᠢ ᠵᠦᠢᠳᠡᠢ》 ᠭᠡᠵᠦ ᠬᠡᠯᠡᠨ᠎ᠠ᠃
ᠠᠵᠢᠯᠯᠠᠭ᠎ᠠ᠎ᠶᠢᠨ ᠳᠠᠯᠠᠪᠠᠢ᠎ᠳᠦ᠂ ᠪᠦᠬᠡ᠎ᠶᠢᠨ ᠤᠷᠠᠢ ᠳᠠᠭᠤᠨ ᠬᠠᠩᠬᠢᠨᠠᠵᠦ᠂ ᠪᠦᠬᠡ᠎ᠶᠢᠨ ᠪᠠᠷᠢᠯᠳᠤᠭᠠᠨ ᠨᠢ ᠤᠯᠠᠨ᠎ᠤ ᠤᠤᠬᠠᠢᠯᠠᠯ ᠲᠤᠮᠳᠠ ᠢᠳᠡ ᠬᠦᠭ ᠲᠠᠢ ᠶᠠᠪᠤᠭᠳᠠᠵᠦ᠂ ᠵᠤᠳᠤᠭ ᠰᠢᠬᠦᠷᠡᠭᠰᠡᠨ ᠬᠦᠴᠦᠳᠦ ᠪᠦᠭᠡ ᠬᠦᠴᠦ ᠬᠢᠭᠡᠳ ᠤᠬᠠᠭᠠᠨ᠎ᠢᠶᠡᠨ ᠰᠢᠯᠭᠠᠨ᠎ᠠ᠃ ᠮᠤᠨᠭᠭᠤᠯ ᠪᠦᠬᠡ ᠨᠢ ᠮᠤᠨᠭᠭᠤᠯᠴᠤᠳ᠎ᠤᠨ ᠲᠦᠯᠦᠬᠡᠯᠡᠬᠦ ᠴᠢᠨᠠᠷᠳᠠᠢ ᠪᠡᠶ᠎ᠠ ᠳᠠᠮᠢᠷ᠂ ᠨᠠᠭᠠᠳᠤᠮ᠎ᠤᠨ ᠰᠤᠶᠤᠯ᠂ ᠵᠠᠩ ᠦᠢᠯᠡ᠂ ᠶᠢᠷᠲᠢᠨᠴᠦ᠎ᠶᠢᠨ ᠦᠵᠡᠯᠳᠡ᠎ᠶᠢᠨ ᠲᠦᠷᠦᠯ ᠪᠤᠯᠤᠭᠰᠠᠨ᠎ᠢᠶᠡᠷ᠂ ᠡᠷᠡᠯᠬᠡᠭ ᠪᠠᠭᠠᠳᠤᠷᠯᠢᠭ᠂ ᠡᠷᠡᠰ ᠪᠠᠳᠤ᠂ ᠪᠦᠯᠬᠦᠮᠳᠡᠯ᠂ ᠳᠡᠰᠪᠦᠷᠢ ᠳᠡᠪᠴᠢᠶᠡᠷᠢ᠎ᠵᠢ ᠲᠦᠯᠦᠬᠡᠯᠡᠵᠦ᠂ ᠦᠵᠡᠭᠴᠢᠳ᠎ᠤᠨ ᠰᠤᠨᠢᠷᠬᠠᠯ᠎ᠢ ᠶᠡᠬᠡᠳᠡ ᠳᠠᠳᠠᠵᠠᠢ᠃ ᠵᠠᠯᠠᠭᠤᠴᠤᠳ ᠪᠠᠭᠠᠴᠤᠳ ᠬᠤᠢᠨ᠎ᠠ ᠬᠤᠢᠨ᠎ᠠ ᠡᠴᠡ ᠪᠠᠨ ᠪᠦᠬᠡ ᠪᠠᠷᠢᠯᠳᠤᠬᠤ ᠪᠡᠷ ᠤᠷᠤᠵᠦ᠂ ᠦᠪᠯᠡᠨ ᠤᠯᠠᠮᠵᠢᠯᠠᠭᠴᠢ᠎ᠶᠢᠨ ᠳᠠᠭᠠᠭᠤᠯᠭ᠎ᠠ ᠪᠡᠷ ᠪᠦᠬᠡ᠎ᠶᠢᠨ ᠪᠠᠷᠢᠴᠠ᠂ ᠵᠤᠭᠰᠤᠯᠳᠠ᠂ ᠬᠢᠴᠡ ᠮᠡᠷᠭᠡᠵᠢᠯ ᠵᠢᠴᠢ ᠬᠠᠮᠢᠶ᠎ᠠ ᠪᠦᠬᠦᠢ ᠲᠦᠷᠢᠮ ᠭᠤᠷᠢᠮ᠂ ᠵᠠᠩ ᠵᠠᠩᠰᠢᠯ᠎ᠢ ᠰᠤᠷᠴᠤ᠂ ᠮᠢᠩᠭᠠᠨ ᠤᠨ᠎ᠤ ᠳᠠᠯ᠎ᠠ ᠨᠤᠲᠤᠭ᠎ᠤᠨ ᠳᠠᠢᠴᠢᠨ ᠪᠠᠭᠠᠳᠤᠷᠴᠤᠳ᠎ᠤᠨ ᠰᠦᠷ ᠵᠢᠪᠬᠤᠭ᠎ᠠ᠎ᠵᠢ ᠮᠡᠳᠡᠷᠡᠨ ᠪᠠᠶᠠᠰᠴᠤ ᠪᠠᠢᠯ᠎ᠠ᠃

ᠭᠠᠷ ᠤᠷᠠᠯᠠᠯ ᠤ᠋ᠨ ᠪᠦᠳᠤᠭᠡᠯ ᠵᠢᠡᠨ ᠲᠠᠨᠢᠯᠴᠠᠭᠤᠯᠤᠨ᠎ᠠ
ᠡᠬᠦᠨ ᠡᠴᠡ ᠭᠠᠳᠠᠨ᠎ᠠ᠂ ᠰᠤᠳᠤᠯᠤᠨ ᠰᠤᠷᠤᠯᠴᠠᠵᠦ ᠪᠡᠶᠡᠴᠢᠯᠡᠨ ᠣᠶ᠋ᠢᠯᠠᠭᠠᠬᠤ ᠲᠤᠭᠤᠷᠢᠭ ᠨᠢ ᠭᠡᠷ ᠪᠦᠯᠢ᠎ᠶᠢᠨ ᠬᠢᠨ᠎ᠤ ᠬᠠᠯᠠᠮᠰᠢᠯ ᠣᠷᠣᠨ ᠪᠣᠯᠵᠤ᠂ ᠪᠥᠰ ᠨᠠᠭᠠᠮᠠᠯ ᠵᠢᠷᠤᠭ᠂ ᠴᠠᠭᠠᠰᠤᠨ ᠬᠠᠢᠴᠢᠯᠠᠮᠠᠯ᠂ ᠰᠥᠩ᠎ᠤᠨ ᠬᠡᠮᠡᠷᠯᠢᠭ᠎ᠦᠨ ᠦᠢᠯᠡᠳᠬᠡᠯ ᠵᠡᠷᠭᠡ ᠪᠡᠶᠡᠴᠢᠯᠡᠨ ᠣᠶ᠋ᠢᠯᠠᠭᠠᠬᠤ ᠵᠦᠢᠯᠡᠰ ᠨᠢ ᠬᠦᠮᠦᠰ᠎ᠤᠨ ᠠᠩᠬᠠᠷᠤᠯ᠎ᠢ ᠲᠠᠲᠠᠪᠠ᠃ ᠬᠡᠦᠬᠡᠳ᠎ᠦᠳ ᠦᠪᠯᠡᠨ ᠤᠯᠠᠮᠵᠢᠯᠠᠭᠴᠢ᠎ᠶᠢᠨ ᠵᠢᠯᠣᠭᠣᠳᠤᠯᠭ᠎ᠠ ᠳᠣᠣᠷ᠎ᠠ᠂ ᠨᠠᠷᠢᠨ ᠬᠢᠨᠠᠮᠠᠭᠠᠢ ᠡᠰᠬᠡᠵᠦ᠍᠂ ᠨᠠᠷᠢᠨ ᠨᠢᠮᠪᠠᠢ ᠨᠠᠭᠠᠵᠤ᠂ ᠰᠣᠨᠢᠷᠬᠠᠯᠳᠦ ᠪᠦᠲᠦᠭᠡᠯ᠎ᠦᠳ ᠪᠣᠢ ᠪᠣᠯᠪᠠ᠃ 《ᠬᠡᠦᠬᠡᠳ᠎ᠢ ᠳᠠᠭᠠᠭᠤᠯᠤᠨ ᠪᠣᠳᠠᠰ᠎ᠤᠨ ᠪᠤᠰᠤ ᠰᠣᠶᠣᠯ᠎ᠤᠨ ᠥᠪ᠎ᠢ ᠪᠡᠶᠡᠴᠢᠯᠡᠨ ᠣᠶ᠋ᠢᠯᠠᠭᠠᠭᠤᠯᠬᠤ ᠨᠢ ᠭᠠᠷᠤᠨ ᠤᠷ᠎ᠠ᠎ᠶᠢ ᠨᠢ ᠪᠣᠯᠪᠠᠰᠤᠷᠠᠭᠤᠯᠬᠤ᠎ᠪᠠᠷ ᠪᠠᠷᠠᠬᠤ ᠦᠭᠡᠢ ᠪᠠᠰᠠ ᠲᠡᠭᠦᠨ᠎ᠳᠦ ᠤᠯᠠᠮᠵᠢᠯᠠᠯᠲᠤ᠌ ᠰᠣᠶᠣᠯ᠎ᠢ ᠣᠶ᠋ᠢᠯᠠᠭᠠᠭᠤᠯᠵᠤ ᠴᠢᠳᠠᠨ᠎ᠠ᠂ ᠣᠨᠴᠠᠭᠠᠶ ᠤᠳᠬ᠎ᠠ ᠠᠭᠤᠯᠭ᠎ᠠ᠎ᠲᠠᠶ》 ᠭᠡᠵᠦ ᠬᠣᠲᠠ᠎ᠶᠢᠨ ᠠᠷᠠᠳ ᠸᠠᠩ ᠠᠪᠠᠬᠠᠢ ᠢᠨᠢᠶᠡᠮᠰᠦᠭᠯᠡᠨ ᠬᠡᠯᠡᠪᠡ᠃
ᠦᠳᠡᠰᠢ᠎ᠶᠢᠨ ᠪᠦᠷᠦᠢ ᠪᠠᠭᠤᠵᠦ ᠠᠷᠠᠳ᠎ᠲᠤ᠌ ᠠᠰᠢᠭ ᠬᠦᠷᠲᠡᠭᠡᠬᠦ᠌ ᠲᠤᠭᠯᠠᠯᠳᠠ ᠶᠠᠪᠤᠭᠳᠠᠪᠠ᠃ ᠤᠷᠲᠤ᠎ᠶᠢᠨ ᠳᠠᠭᠤᠤ ᠮᠣᠷᠢᠨ ᠬᠤᠭᠤᠷ᠎ᠤᠨ ᠠᠶ᠎ᠠ ᠨᠢ ᠢᠷᠠᠭᠤ ᠴᠡᠭᠡᠯᠬᠡᠨ᠂ ᠨᠡᠷᠡᠬᠦᠢ ᠨᠢᠳᠤᠷᠭ᠎ᠠ ᠨᠢ ᠤᠶᠠᠨ ᠬᠠᠳᠠᠨ ᠪᠠᠢᠵᠦ᠂ ᠬᠣᠯᠪᠣᠭ᠎ᠠ ᠠᠶ᠋ᠢᠵᠠᠮ ᠨᠢ ᠢᠯᠭᠤᠮ ᠲᠣᠳᠣ᠂ ᠠᠷᠠᠳ᠎ᠤᠨ ᠬᠦᠭᠵᠢᠮ᠎ᠢ ᠭᠣᠶ᠋ᠢᠳᠠ ᠰᠠᠶ᠋ᠢᠬᠠᠨ ᠬᠥᠭᠵᠢᠮᠳᠡᠵᠦ᠍᠂ ᠦᠨᠳᠦᠰᠦᠲᠡᠨ᠎ᠨᠦᠭᠦᠳ᠎ᠦᠨ ᠰᠣᠶᠣᠯ ᠠᠭᠤᠰᠤᠯᠴᠠᠭᠰᠠᠨ ᠳᠦᠷᠰᠦ ᠪᠠᠶ᠋ᠢᠳᠠᠯ᠎ᠢ ᠭᠦᠢᠴᠡᠳ ᠢᠯᠡᠷᠡᠭᠦᠯᠪᠡ᠃ ᠲᠤᠭᠯᠠᠯᠳᠠ᠎ᠶᠢᠨ ᠡᠴᠦᠰ᠎ᠲᠦ᠍᠂ ᠪᠥᠬᠥ᠌ ᠠᠷᠠᠳ᠎ᠤᠨ ᠠᠨᠳᠠᠢ ᠪᠥᠵᠢᠭ᠎ᠦᠨ ᠨᠠᠶ᠋ᠢᠷ ᠬᠥᠷ ᠬᠥᠭᠵᠢᠶᠡᠨᠲᠡᠶ ᠡᠬᠢᠯᠡᠵᠦ᠍᠂ ᠲᠣᠭᠯᠠᠭᠴᠢᠳ ᠵᠢᠭᠤᠯᠴᠢᠯᠠᠭᠰᠠᠳ ᠲᠠᠶ ᠭᠠᠷ ᠭᠠᠷ᠎ᠢᠶᠠᠨ ᠬᠣᠯᠪᠣᠨ᠂ ᠮᠥᠷᠥ᠍ ᠵᠡᠷᠭᠡᠴᠡᠵᠦ᠍᠂ ᠪᠠᠶᠠᠷ ᠬᠥᠷ᠎ᠲᠡᠶ ᠬᠥᠭ ᠠᠶᠠᠰ ᠲᠸ᠋ ᠨᠠᠢᠷᠯᠠᠯᠳᠤᠨ ᠪᠥᠵᠢᠭᠯᠡᠵᠦ᠂ ᠬᠥᠮᠥᠰ᠎ᠦᠨ ᠴᠢᠷᠠᠢ᠎ᠳᠦ ᠪᠠᠶᠠᠷ᠎ᠤᠨ ᠢᠨᠢᠶᠡᠮᠰᠦᠭᠯᠡᠯ ᠲᠣᠳᠣᠷᠠᠵᠤ᠂ ᠰᠣᠶᠣᠯ᠎ᠤᠨ ᠥᠪ ᠬᠥᠷᠥᠩᠭᠡ᠎ᠶᠢᠨ ᠷᠢᠳᠢ ᠰᠢᠳᠢ ᠬᠥᠷ ᠨᠠᠷᠭᠢᠶᠠᠨ᠎ᠤ ᠳᠤᠮᠳᠠ ᠳᠡᠯᠭᠡᠷᠡᠨ᠎ᠠ᠃
ᠰᠤᠶᠤᠯ᠎ᠤᠨ ᠦᠪ ᠤᠯᠠᠮᠵᠢᠯᠠᠯ ᠡᠬᠦᠷᠢᠳᠡ ᠦᠷᠬᠦᠯᠵᠢᠯᠡᠵᠦ᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠭᠤᠸ᠎ᠠ ᠰᠠᠶ᠋ᠢᠬᠠᠨ ᠨᠢ ᠠᠮᠢᠳᠤᠷᠠᠯ᠎ᠢ ᠭᠡᠷᠡᠯᠲᠦᠭᠦᠯᠦᠨ᠎ᠡ᠃ ᠪᠤᠭᠤᠮᠳᠠ᠎ᠶᠢᠨ ᠬᠠᠭᠤᠴᠢᠨ ᠵᠡᠭᠡᠯᠢ᠎ᠶᠢᠨ ᠡᠷᠲᠡᠨ᠎ᠦ ᠦᠵᠡᠮᠵᠢ᠎ᠡᠴᠡ ᠦᠪᠯᠡᠨ ᠤᠯᠠᠮᠵᠢᠯᠠᠭᠴᠢ᠎ᠶᠢᠨ ᠤᠷᠠᠨ ᠳᠠᠷᠬᠠᠨ᠎ᠤ ᠵᠤᠷᠢᠭ ᠰᠠᠨᠠᠭ᠎ᠠ ᠬᠦᠷᠲᠡᠯ᠎ᠡ; ᠡᠷᠲᠡᠨ᠎ᠦ ᠤᠷ᠎ᠠ ᠮᠡᠷᠭᠡᠰᠢᠯ᠎ᠦᠨ ᠠᠮᠢᠳᠤᠯᠢᠭ ᠤᠯᠠᠮᠵᠢᠯᠠᠯ᠎ᠠᠴᠠ᠂ ᠵᠠᠯᠠᠭᠤᠴᠤᠳ ᠰᠢᠨ᠎ᠡ᠎ᠶᠢ ᠡᠭᠦᠳᠦᠨ ᠤᠯᠠᠮᠵᠢᠯᠠᠬᠤ ᠬᠦᠷᠲᠡᠯ᠎ᠡ᠂ 2026ᠣᠨ᠎ᠤ 《ᠪᠦᠬᠦ ᠤᠯᠤᠰ᠎ᠤᠨ ᠰᠣᠶᠣᠯ ᠪᠠ ᠪᠠᠶ᠋ᠢᠭᠠᠯᠢ᠎ᠶᠢᠨ ᠥᠪ᠎ᠦᠨ ᠡᠳᠦᠷ》 ᠤ᠋ᠨ ᠬᠦᠬᠡᠬᠤᠳᠠ ᠬᠤᠪᠢᠶᠠᠷᠢ ᠲᠠᠯᠠᠪᠠᠶ᠎ᠶᠢᠨ ᠠᠵᠢᠯᠯᠠᠭ᠎ᠠ ᠨᠢ ᠨᠢᠭᠡ ᠤᠳᠠᠭᠠᠨ᠎ᠤ ᠰᠣᠶᠣᠯ᠎ᠤᠨ ᠦᠪᠡᠳᠡᠭᠰᠢ ᠨᠠᠶ᠋ᠢᠷ ᠪᠣᠯᠤᠭᠰᠠᠨ᠎ᠢᠶᠡᠷ ᠪᠠᠷᠠᠬᠤ ᠦᠭᠡᠢ ᠨᠠᠩ ᠴᠤ᠌ ᠨᠢᠭᠡ ᠤᠳᠠᠭᠠᠨ᠎ᠤ ᠤᠯᠠᠮᠵᠢᠯᠠᠨ ᠵᠠᠯᠭᠠᠮᠵᠢᠯᠠᠬᠤ ᠪᠤᠤᠬᠢᠶ᠎ᠠ᠂ ᠨᠢᠭᠡ ᠤᠳᠠᠭᠠᠨ᠎ᠤ ᠵᠣᠷᠢᠭ ᠰᠠᠨᠠᠭᠠᠨ᠎ᠤ ᠬᠠᠮᠲᠤ᠎ᠶᠢᠨ ᠲᠤᠰᠬᠠᠯ ᠪᠣᠯᠵᠠᠢ᠃
ᠠᠵᠢᠯᠯᠠᠭ᠎ᠠ᠎ᠶᠢᠨ ᠬᠤᠭᠤᠴᠠᠭᠠᠨ᠎ᠳᠤ᠂ ᠬᠥᠬᠡᠬᠣᠲᠠ᠎ᠶᠢᠨ ᠪᠥᠬᠥ᠌ ᠬᠣᠲᠠ᠎ᠶᠢᠨ 9 ᠬᠣᠰᠢᠭᠤ ᠰᠢᠶᠠᠨ ᠲᠣᠭᠣᠷᠢᠭ ᠬᠣᠯᠪᠣᠭᠠᠯᠠᠨ ᠬᠥᠳᠡᠯᠦᠯᠴᠡᠵᠦ᠍᠂ 6 ᠰᠠᠷ᠎ᠠ᠎ᠶᠢᠨ 10 ᠡᠴᠡ 30 ᠤ᠋ ᠡᠳᠦᠷ ᠪᠣᠯᠲᠠᠯ᠎ᠠ᠂ 30 ᠰᠢᠬᠠᠮ ᠲᠦᠷᠤᠯ᠎ᠦᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠦᠵᠡᠭᠦᠯᠭᠡ᠎ᠶᠢᠨ ᠲᠣᠭᠯᠠᠯᠲᠠ᠂ ᠰᠤᠳᠤᠯᠤᠨ ᠰᠤᠷᠤᠯᠴᠠᠬᠤ᠂ ᠠᠷᠠᠳ᠎ᠲᠤ᠌ ᠠᠰᠢᠭ ᠬᠦᠷᠲᠡᠭᠡᠬᠦ᠌ ᠦᠢᠯᠡᠴᠢᠯᠡᠭᠡᠨ᠎ᠦ ᠠᠵᠢᠯᠯᠠᠭ᠎ᠠ᠎ᠶᠢ ᠦᠷᠨᠢᠬᠦᠯᠵᠤ᠂ ᠪᠣᠳᠠᠰ᠎ᠤᠨ ᠪᠤᠰᠤ ᠰᠣᠶᠣᠯ᠎ᠤᠨ ᠥᠪ᠎ᠢ ᠦᠵᠡᠮᠵᠢ᠎ᠶᠢᠨ ᠣᠷᠣᠨ᠎ᠳᠤ ᠣᠷᠣᠭᠤᠯᠬᠤ᠂ ᠰᠤᠷᠭᠠᠭᠤᠯᠢ᠎ᠶᠢᠨ ᠬᠦᠷᠢᠶᠡᠨ᠎ᠳᠦ ᠣᠷᠣᠭᠤᠯᠬᠤ᠂ ᠨᠡᠶ᠋ᠢᠭᠡᠮ ᠲᠣᠭᠣᠷᠢᠭ᠎ᠲᠤ᠌ ᠣᠷᠣᠭᠤᠯᠬᠤ ᠵᠡᠷᠭᠡ ᠰᠢᠷᠢᠰ ᠠᠵᠢᠯᠯᠠᠭ᠎ᠠ᠎ᠶᠢ ᠵᠡᠷᠭᠡ ᠪᠡᠷ ᠥᠷᠨᠢᠭᠦᠯᠵᠦ᠍᠂ ᠰᠣᠶᠣᠯ᠎ᠤᠨ ᠥᠪ᠎ᠢ ᠦᠨᠡᠨ ᠬᠦ᠌ ᠣᠯᠠᠨ ᠲᠦᠮᠡᠨ᠎ᠦ ᠳᠤᠮᠳᠠ ᠭᠦᠨᠵᠡᠭᠡᠶ᠋ᠢᠷᠡᠭᠦᠯᠵᠦ᠍᠂ ᠡᠳᠦᠷ ᠲᠤᠲᠤᠮ᠎ᠤᠨ ᠠᠮᠢᠳᠤᠷᠠᠯ᠎ᠳᠤ ᠠᠭᠤᠰᠤᠯᠴᠠᠭᠤᠯᠤᠨ᠂ ᠰᠣᠶᠣᠯ᠎ᠤᠨ ᠥᠪ᠎ᠢ ᠣᠲᠣ ᠦᠶ᠎ᠡ᠎ᠶᠢᠨ ᠠᠮᠢᠳᠤᠷᠠᠯ᠎ᠳᠤ ᠭᠦᠨᠵᠡᠭᠡᠶ ᠠᠭᠤᠰᠤᠯᠴᠠᠭᠤᠯᠬᠤ᠎ᠶᠢ ᠠᠬᠢᠭᠤᠯᠪᠠ᠃
ᠡᠳᠦᠭᠡ᠂ ᠬᠥᠬᠡᠬᠣᠲᠠ᠎ᠳᠤ᠂ ᠰᠣᠶᠣᠯ᠎ᠤᠨ ᠥᠪ ᠨᠢ ᠠᠨᠢᠷ ᠬᠤᠯᠠᠳᠠᠭᠰᠠᠨ ᠲᠡᠦᠬᠡ᠎ᠶᠢᠨ ᠲᠡᠮᠳᠡᠭ ᠪᠢᠰᠢ᠂ ᠬᠠᠷᠢᠨ ᠤᠢᠯᠠᠭᠠᠵᠦ ᠮᠡᠳᠡᠵᠦ᠍ ᠪᠣᠯᠬᠤ ᠤᠶᠤᠨ ᠤᠬᠠᠭᠠᠨ᠎ᠤ ᠦᠪ᠂ ᠣᠶ᠋ᠢᠯᠠᠭᠠᠵᠤ ᠪᠣᠯᠬᠤ ᠠᠮᠢᠳᠤᠷᠠᠯ᠎ᠤᠨ ᠰᠠᠶ᠋ᠢᠨ ᠰᠠᠶ᠋ᠢᠬᠠᠨ ᠬᠦᠰᠡᠯ ᠡᠷᠡᠮᠡᠯᠵᠡᠯ ᠪᠠᠶ᠋ᠢᠵᠤ᠂ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠢ ᠨᠢᠭᠲᠠᠷᠠᠭᠤᠯᠬᠤ ᠣᠶᠤᠨ ᠰᠠᠨᠠᠭᠠᠨ᠎ᠤ ᠬᠣᠯᠪᠣᠭᠠᠰᠤ ᠪᠣᠯᠵᠠᠢ᠃