ᠰᠠᠯᠬᠢ᠎ᠪᠠᠷ᠎ᠢᠶᠠᠨ ᠦᠨᠦᠰᠳᠡᠭ ᠠᠭᠤᠯᠠ᠎ᠶ᠋ᠢᠨ ᠡᠩᠭᠡᠷ᠎ᠢᠶᠡᠷ ᠠᠪᠤ ᠮᠢᠨᠢ ᠢᠷᠡᠬᠦ᠌ ᠨᠢ ᠴᠤ᠌ ᠶᠤᠮ ᠦᠦ ᠳ᠋ᠠ
ᠰᠠᠢᠪᠤᠷ ᠰᠠᠢᠪᠤᠷ ᠮᠣᠷᠢᠨ ᠵᠡᠷᠭᠡᠯᠭᠡᠨ ᠨᠢᠳᠦᠨ ᠳᠤᠮᠳᠠᠭᠤᠷ ᠮᠢᠨᠢ ᠤᠷᠤᠰᠤᠨ᠎ᠠ
ᠰᠠᠶᠢ᠎ᠶ᠋ᠢᠨ ᠲᠡᠷᠡ ᠬᠦ᠌ ᠬᠣᠯᠠ᠎ᠶ᠋ᠢᠨ ᠮᠥᠷᠦᠭᠡᠳᠦᠯᠢ ᠰᠡᠳᠭᠢᠯ ᠮᠢᠨᠢ ᠲᠠᠭᠤᠭᠠᠳ ᠭᠦᠢᠴᠡᠭ᠌ᠰᠡᠨ ᠦᠭᠡᠢ
ᠰᠠᠢᠬᠠᠨ ᠬᠠᠨ ᠤ ᠡᠭᠦᠯᠡᠨ ᠰᠡᠭᠦᠳᠡᠷ ᠳᠠᠭᠠᠷᠢᠵᠤ ᠠᠪᠤᠭᠠᠳ ᠯᠠ ᠶᠠᠪᠤᠭ᠍ᠰᠠᠨ ᠪᠠᠢᠬ᠎ᠠ?
ᠨᠠᠳᠠ᠎ᠪᠠᠷ᠎ᠢᠶᠠᠨ ᠪᠠᠬᠠᠷᠬᠠᠳᠠᠭ ᠪᠤᠭᠤᠷᠤᠯ ᠠᠪᠤ ᠮᠢᠨᠢ ᠣᠲᠤᠷ᠎ᠲᠤ ᠶᠠᠪᠤᠭᠠᠳ ᠢᠷᠡᠭᠡ ᠦᠭᠡᠢ
ᠨᠠᠪᠴᠢ᠎ᠪᠠᠷ᠎ᠢᠶᠠᠨ ᠤᠬᠢᠯᠠᠭ᠍ᠰᠠᠨ ᠲᠠᠯ᠎ᠠ᠎ᠳᠤ ᠨᠢᠯᠪᠤᠰᠤᠨ᠎ᠠᠴᠠ ᠥᠭᠡᠷ᠎ᠡ ᠶᠠᠭᠤᠮ᠎ᠠ ᠬᠠᠷᠠᠭ᠍ᠳᠠᠭᠠ ᠦᠭᠡᠢ
ᠨᠠᠮᠬᠠᠨ ᠪᠤᠭᠤᠷᠤᠯ ᠬᠥᠭᠡᠷᠦᠬᠦᠢ ᠠᠪᠤ ᠮᠢᠨᠢ ᠵᠢᠷᠦᠬᠡᠨ ᠳᠣᠲᠤᠷ᠎ᠠ ᠠᠮᠢᠳᠤᠷᠠᠳᠠᠭ᠎ᠠᠴᠠ
ᠨᠠᠮᠵᠢᠭᠤᠨ ᠴᠡᠩᠬᠡᠷ ᠦᠳᠡᠰᠢ᠎ᠶ᠋ᠢᠨ ᠲᠡᠭ᠌ᠷᠢ᠎ᠡᠴᠡ ᠵᠡᠭᠦᠳᠦ ᠲᠤᠭᠤᠯᠤᠨ ᠢᠷᠡᠳᠡᠭ ᠯᠠ ᠪᠠᠢᠬ᠎ᠠ?
ᠠᠪᠤ ᠮᠢᠨᠢ ᠪᠠᠢᠬᠤ᠎ᠳᠤ ᠮᠥᠩᠬᠡ᠎ᠶ᠋ᠢᠨ ᠳᠡᠷᠭᠡᠲᠡ ᠰᠠᠢᠬᠠᠨ ᠪᠥᠬᠦᠨ ᠤᠶᠠᠭᠠᠰᠤᠲᠠᠢ
ᠠᠷᠤ ᠨᠢᠷᠤᠭᠤᠨ᠎ᠳᠤᠨᠢ ᠮᠥᠷᠦᠭᠡᠳᠦᠯ ᠪᠢᠳᠡ ᠬᠣᠶᠠᠷ ᠨᠢᠭᠡ ᠨᠢᠭᠡᠨ᠎ᠳᠡᠭᠡᠨ ᠬᠡᠯᠬᠢᠶᠡᠰᠦᠲᠡᠢ
ᠠᠮᠢᠳᠤ᠎ᠶ᠋ᠢᠨ ᠣᠷᠴᠢᠯᠠᠩ᠎ᠳᠤ ᠪᠥᠲᠦᠨ ᠵᠢᠷᠭᠠᠯ ᠡᠭᠦᠷᠢᠳᠡ᠎ᠶ᠋ᠢᠨ ᠶᠤᠮ ᠱᠢᠭ᠋ ᠰᠠᠨᠠᠭ᠍ᠳᠠᠬᠤᠪᠠᠷ
ᠠᠯᠳᠠᠵᠤ ᠶᠠᠪᠤᠭᠤᠯᠤᠭ᠍ᠰᠠᠨ ᠦᠨ᠎ᠡ ᠲᠠᠢ ᠪᠥᠬᠦᠨ᠎ᠢᠶᠡᠨ ᠥᠪᠡᠷᠡᠴᠡᠪᠡᠨ ᠡᠷᠢᠭᠡᠳ ᠣᠯᠤᠭ᠍ᠰᠠᠨ ᠦᠭᠡᠢ
ᠲᠠᠨ᠎ᠢ᠎ᠪᠡᠨ ᠦᠭᠡᠢᠯᠡᠵᠦ᠍ ᠬᠣᠵᠢᠮ ᠨᠢ ᠳᠤᠷᠠᠰᠭᠤᠳᠤ ᠲᠡᠭ᠌ᠷᠢ ᠲᠠᠢ ᠬᠥᠮᠦᠨ ᠪᠠᠢᠭ᠍ᠰᠠᠨ ᠶᠤᠮ ᠪᠢ
ᠲᠠᠪᠤᠨ ᠲᠢᠪ᠎ᠲᠦ ᠬᠠᠮᠢᠭ᠎ᠠ᠎ᠠᠴᠠ ᠴᠤ᠌ ᠣᠯᠳᠠᠬᠤ ᠦᠭᠡᠢ ᠳᠡᠯᠡᠬᠡᠢ ᠲᠠᠢ ᠬᠥᠮᠦᠨ ᠪᠠᠢᠭ᠍ᠰᠠᠨ ᠶᠤᠮ
ᠲᠠᠩᠰᠤᠭ ᠵᠢᠷᠭᠠᠯ ᠲᠠᠢ ᠬᠥᠮᠦᠨ᠎ᠦ ᠠᠮᠢᠳᠤᠷᠠᠯ᠎ᠤᠨ ᠪᠠᠶᠠᠨ ᠯᠠ ᠬᠥᠮᠦᠨ ᠪᠠᠢᠭ᠍ᠰᠠᠨ ᠶᠤᠮ
ᠲᠠᠪᠠ᠎ᠪᠠᠷ᠎ᠢᠶᠠᠨ ᠲᠣᠭ᠍ᠯᠠᠭᠤᠯᠵᠤ ᠳᠤᠷ᠎ᠠ᠎ᠪᠠᠷ᠎ᠢᠶᠠᠨ ᠳᠠᠪᠬᠢᠭ᠍ᠰᠠᠨ ᠮᠣᠷᠢ ᠲᠠᠢ ᠬᠥᠮᠦᠨ ᠪᠠᠢᠭ᠍ᠰᠠᠨ ᠶᠤᠮ
ᠳᠡᠯᠡᠬᠡᠢ ᠳᠡᠭᠡᠷ᠎ᠡ᠎ᠪᠡᠨ ᠡᠵᠡᠨ ᠶᠠᠪᠤᠭ᠍ᠰᠠᠨ ᠬᠠᠭᠠᠨ ᠲᠠᠢ ᠬᠥᠮᠦᠨ ᠪᠠᠢᠭ᠍ᠰᠠᠨ ᠶᠤᠮ
ᠳᠡᠷᠭᠡᠲᠡ ᠨᠢ ᠰᠠᠭᠤᠭᠠᠳ ᠥᠷᠦᠱᠢᠶᠡᠭ᠌ᠳᠡᠵᠦ᠍ ᠪᠠᠢᠭ᠍ᠰᠠᠨ ᠪᠤᠷᠬᠠᠨ ᠲᠠᠢ ᠯᠠ ᠬᠥᠮᠦᠨ ᠪᠠᠢᠭ᠍ᠰᠠᠨ ᠶᠤᠮ
ᠳᠡᠭᠡᠪᠦᠷᠲᠡᠬᠡᠨ ᠨᠠᠷᠠ ᠲᠠᠢ ᠪᠦᠷᠢᠨ ᠪᠥᠲᠦᠨ ᠭᠡᠷ ᠲᠠᠢ ᠬᠥᠮᠦᠨ ᠪᠠᠢᠭ᠍ᠰᠠᠨ ᠶᠤᠮ
ᠳᠡᠪᠡᠯ ᠲᠠᠢ ᠠᠪᠤ᠎ᠶ᠋ᠢᠨ᠎ᠢᠶᠡᠨ ᠨᠥᠮᠦᠷᠢ ᠳ᠋ᠦ᠍ᠨᠢ ᠥᠰᠦᠭ᠌ᠰᠡᠨ ᠰᠢᠳᠦᠭᠡᠨ ᠲᠠᠢ ᠬᠥᠮᠦᠨ ᠪᠠᠢᠭ᠍ᠰᠠᠨ ᠶᠤᠮ ᠪᠢ
ᠲᠡᠭ᠌ᠷᠢ᠎ᠳᠡᠭᠡᠨ ᠶᠠᠪᠤᠭ᠍ᠰᠠᠨ ᠠᠪᠤ ᠮᠢᠨᠢ ᠪᠠᠢᠬᠤ᠎ᠳᠤ ᠶᠠᠭᠤᠮ᠎ᠠ ᠪᠥᠬᠦᠨ ᠣᠢᠷᠠᠬᠠᠨ ᠶᠤᠮ
ᠲᠡᠷᠡ ᠵᠢᠯ᠎ᠦᠨ ᠶᠠᠷᠢᠵᠤ ᠥᠭ᠌ᠭᠦᠭ᠌ᠰᠡᠨ ᠦᠯᠢᠭᠡᠷ ᠨᠢ ᠬᠦᠷᠲᠡᠯ᠎ᠡ ᠮᠥᠩᠬᠡ᠎ᠶ᠋ᠢᠨ ᠶᠤᠮ
ᠲᠡᠷᠲᠡᠭᠡ ᠬᠤᠸᠠ᠎ᠶ᠋ᠢᠨ ᠨᠠᠷᠠᠨ ᠡᠭᠡᠪᠦᠷ᠎ᠲᠦ ᠠᠪᠤ ᠮᠢᠨᠢ ᠨᠣᠢᠷᠰᠤᠵᠤ ᠨᠤᠲᠤᠭ᠍ᠰᠢᠭ᠍ᠰᠠᠨ᠎ᠠᠴᠠ ᠬᠣᠢᠨ᠎ᠠ
ᠲᠡᠮᠡᠦᠯᠵᠦ᠍ ᠬᠦᠷᠳᠡᠭ ᠦᠭᠡᠢ ᠣᠷᠴᠢᠯᠠᠩ᠎ᠤᠨ ᠵᠠᠢ᠎ᠶ᠋ᠢ ᠲᠡᠢᠮᠦ᠍ ᠯᠠ ᠬᠣᠯᠠ ᠭᠡᠵᠤ ᠮᠠᠳᠠᠷᠡᠭ᠌ᠰᠡᠨ ᠶᠤᠮ᠃