ᠠᠷᠤ ᠪᠤᠷᠤᠬᠠᠠ ᠭᠡᠷ᠎ᠲᠡᠭᠡᠨ
ᠠᠷᠤ ᠶᠡᠭᠡ ᠠᠯᠳᠠᠢ ᠠᠭᠤᠯᠠ ᠱᠢᠭ᠋ ᠲᠦᠱᠢᠭ
ᠠᠪᠠᠢ ᠬᠤᠩᠭᠤᠷ ᠪᠦᠰᠡᠬᠦᠢ᠎ᠳᠡᠭᠡᠨ
ᠠᠩᠬᠢᠷ ᠴᠠᠭᠠᠨ ᠬᠤᠨ ᠱᠢᠭ᠋ ᠬᠠᠨᠢᠰᠠᠭ
ᠠᠮᠢᠳᠣᠷᠠᠯ᠎ᠤᠨ ᠣᠷᠳᠣ ᠠᠶᠠᠨ᠎ᠳᠤ
ᠠᠷᠰᠢ (ᠠᠷᠠᠯ) ᠶ᠋ᠢᠨ ᠴᠠᠷ (ᠱᠠᠷ) ᠱᠢᠭ᠋ ᠵᠢᠳᠬᠦᠳᠡᠭ
ᠠᠩᠭ᠎ᠠ ᠬᠦᠬᠡᠷᠦᠬᠦᠨ ᠦᠷᠡᠰᠲᠡᠭᠡᠨ
ᠡᠬᠡ᠎ᠪᠠᠨ ᠦᠵᠡᠭ᠌ᠰᠡᠨ ᠠᠩᠭᠠᠬᠠᠢ ᠱᠢᠭ᠋ ᠨᠢᠯᠬᠠᠰᠠᠭ
ᠠᠨᠳᠠ ᠤᠯᠠᠨ ᠨᠠᠢᠵᠠ᠎ᠳᠠᠭᠠᠨ
ᠢᠵᠢᠯᠢ᠎ᠳᠡᠭᠡᠨ ᠨᠡᠢᠯᠡᠭ᠌ᠰᠡᠨ ᠮᠣᠷᠢ ᠰᠢᠬ ᠳᠣᠳᠣᠨᠣᠰᠣᠭ
ᠠᠬ᠎ᠠ ᠲᠡᠬᠦᠦ ᠲᠦᠷᠦᠯ ᠰᠠᠳᠤᠨ᠎ᠳᠠᠭᠠᠨ
ᠠᠮᠠᠭᠠᠢ ᠵᠦᠬᠡᠯᠡᠨ ᠮᠣᠷᠢ ᠱᠢᠭ᠋ ᠨᠣᠮᠣᠬᠠᠨ
ᠪᠣᠷᠣ ᠭᠡᠷ᠎ᠤᠨ᠎ᠢᠶᠠᠨ ᠪᠠᠳᠣ ᠲᠣᠯᠭᠠᠭᠤᠷᠢ
ᠪᠣᠶᠠᠨ ᠬᠡᠱᠢᠭ ᠬᠤᠷᠠᠭ᠍ᠰᠠᠨ
ᠪᠣᠷᠬᠠᠨ ᠰᠡᠳᠭᠢᠯᠳᠣ ᠠᠪᠤ ᠮᠢᠨᠢ
ᠡᠭᠡᠲᠡᠷᠡᠭᠡᠨ ᠪᠣᠳᠣᠯᠢᠶᠠᠨᠳᠣ ᠠᠮᠢᠳᠣᠷᠠᠯ᠎ᠤᠨ ᠠᠶᠠᠨ᠎ᠳᠤ
ᠡᠷᠦᠬᠡ ᠭᠡᠷ᠎ᠤᠨ᠎ᠢᠶᠠᠨ ᠨᠤᠶᠠᠨ ᠨᠢᠷᠣᠭᠤ
ᠦᠰᠴᠦ᠍ ᠲᠦᠯᠵᠢᠬᠦ᠌ ᠬᠡᠦᠬᠡᠳ᠎ᠤᠨ᠎ᠢᠶᠠᠨ ᠠᠷᠣ᠎ᠳᠤ
ᠦᠨᠢ ᠡᠬᠦᠷᠢᠳᠡ᠎ᠶ᠋ᠢᠨ ᠰᠠᠢᠨ ᠡᠴᠢᠭᠡ
ᠬᠠᠳᠠᠭᠤ ᠬᠦᠳᠡᠬᠦᠦ ᠡᠳᠦᠷ ᠬᠤᠨᠤᠭ᠎ᠲᠤ
ᠬᠠᠨᠢ ᠨᠦᠬᠦᠳ᠎ᠤᠨ᠎ᠢᠶᠠᠨ ᠰᠠᠢᠨ ᠭᠠᠷ ᠬᠦᠯ
ᠬᠠᠯᠠᠳᠠᠢ ᠬᠠᠳᠠᠭᠤᠵᠢᠯᠲᠠᠢ ᠬᠦᠴᠢᠷ ᠬᠦᠳᠡᠯᠮᠤᠷᠢ᠎ᠳᠤ
ᠬᠠᠰᠢᠷ ᠲᠤᠬᠢᠳᠠᠢ ᠦᠯᠴᠢᠷ ᠬᠦᠬᠡ
ᠪᠣᠷᠣ ᠭᠡᠷ᠎ᠤᠨ᠎ᠢᠶᠠᠨ ᠪᠠᠳᠣ ᠲᠣᠯᠭᠠᠭᠤᠷᠢ
ᠪᠣᠶᠠᠨ ᠬᠡᠱᠢᠭ ᠬᠤᠷᠠᠭ᠍ᠰᠠᠨ
ᠪᠣᠷᠬᠠᠨ ᠰᠡᠳᠭᠢᠯᠳᠣ ᠠᠪᠤ ᠮᠢᠨᠢ
ᠣᠳᠣᠳ ᠳᠠᠭ᠍ᠵᠢᠭ᠍ᠰᠠᠨ ᠬᠦᠢᠳᠠᠨ ᠡᠪᠦᠯ᠎ᠢ
ᠠᠳᠣᠭᠤᠨ᠎ᠤ ᠪᠡᠯᠴᠢᠬᠡᠷ᠎ᠲᠤ ᠦᠩᠬᠡᠷᠡᠭᠡᠳᠡᠭ
ᠲᠦᠯ᠎ᠤᠨ ᠲᠠᠭᠤ᠎ᠲᠠᠢ ᠵᠡᠷᠭᠡᠯᠭᠡᠨᠳᠣ ᠬᠠᠪᠤᠷ᠎ᠢ
ᠰᠦᠷᠦᠭ᠎ᠤᠨ ᠳᠡᠷᠭᠡᠳᠡ ᠣᠭ᠍ᠳᠣᠳᠠᠭ
ᠰᠠᠭᠠᠯᠢ᠎ᠶ᠋ᠢᠨ ᠦᠨᠦᠷᠳᠦ ᠳᠡᠯᠭᠡᠷ ᠵᠣᠨᠢ
ᠨᠠᠷᠠᠨ᠎ᠤ ᠲᠣᠣᠷ᠎ᠠ ᠦᠳᠡᠳᠡᠭ
ᠨᠠᠪᠴᠢᠨ ᠱᠢᠷᠭᠠᠯ ᠨᠠᠯᠠᠭᠠᠷ ᠨᠠᠮᠤᠷ᠎ᠢ
ᠨᠠᠷᠮᠠᠢ ᠬᠤᠷᠢᠶᠠᠯᠳᠠ᠎ᠪᠠᠷ ᠲᠣᠰᠳᠠᠭ
ᠪᠣᠷᠣ ᠭᠡᠷ᠎ᠤᠨ᠎ᠢᠶᠠᠨ ᠪᠠᠳᠣ ᠲᠣᠯᠭᠠᠭᠤᠷᠢ
ᠪᠣᠶᠠᠨ ᠬᠡᠱᠢᠭ ᠬᠤᠷᠠᠭ᠍ᠰᠠᠨ
ᠪᠣᠷᠬᠠᠨ ᠰᠡᠳᠭᠢᠯᠳᠣ ᠠᠪᠤ ᠮᠢᠨᠢ
ᠵᠦᠪ ᠶᠠᠪᠤᠳᠠᠯ᠎ᠳᠤ ᠵᠦᠬᠡᠯᠡᠨ
ᠪᠣᠷᠣᠭᠤ ᠦᠢᠯᠡ᠎ᠳᠤ ᠬᠠᠳᠠᠭᠤ
ᠪᠣᠰᠣᠳ᠎ᠲᠤ ᠦᠨᠡᠨᠴᠢ ᠱᠢᠳᠣᠷᠭᠤ
ᠪᠡᠶ᠎ᠡ᠎ᠳᠡᠭᠡᠨ ᠲᠦᠪ ᠴᠢᠬᠡᠴᠢ
ᠬᠠᠯᠠ᠎ᠨᠢ ᠭᠠᠳᠠᠨ᠎ᠠ᠎ᠪᠠᠨ
ᠬᠠᠢᠷ᠎ᠠ᠎ᠨᠢ ᠳᠣᠳᠣᠷ᠎ᠠ᠎ᠪᠠᠨ
ᠨᠢᠬᠡ ᠪᠡᠶ᠎ᠡ᠎ᠶ᠋ᠢᠨ ᠮᠢᠨᠢ ᠨᠡᠮᠡᠷᠢ
ᠨᠢᠮᠭᠡᠨ ᠳᠡᠪᠡᠯ᠎ᠤᠨ ᠮᠢᠨᠢ ᠨᠦᠬᠦᠬᠡᠰᠦ
ᠪᠣᠷᠣ ᠭᠡᠷ᠎ᠤᠨ᠎ᠢᠶᠠᠨ ᠪᠠᠳᠣ ᠲᠣᠯᠭᠠᠭᠤᠷᠢ
ᠪᠣᠶᠠᠨ ᠬᠡᠱᠢᠭ ᠬᠤᠷᠠᠭ᠍ᠰᠠᠨ
ᠪᠣᠷᠬᠠᠨ ᠰᠡᠳᠭᠢᠯᠳᠣ ᠠᠪᠤ ᠮᠢᠨᠢ