ᠨᠠᠮ ᠵᠢᠮ ᠵᠣᠰᠠᠭᠠᠯ
2026-06-10 10:59:57
ᠵᠣᠬᠢᠶᠠᠭ᠍ᠴᠢ᠄
ᠲᠦᠷᠪᠡᠳ ᠡᠷᠳᠡᠨᠢᠪᠠᠶᠠᠷ
ᠣᠩᠱᠢᠭ᠍ᠰᠠᠨ ᠣᠳᠠᠭ᠎ᠠ᠄
★★★☆☆


ᠣᠷᠴᠢᠯᠠᠩ᠎ᠤᠨ ᠰᠣᠨᠣᠷ ᠠᠳᠡ ᠠᠮᠠᠷᠠᠨ᠎ᠠ

ᠣᠳᠣᠨ᠎ᠤ ᠭᠡᠷᠡᠯ ᠴᠦ᠍ ᠠᠳᠡ ᠨᠣᠢᠷᠰᠣᠨ᠎ᠠ

ᠦᠨᠳᠦᠷ ᠲᠡᠭ᠌ᠷᠢ ᠠᠳᠡ ᠠᠮᠣᠰᠭᠢᠨ᠎ᠠ

ᠦᠷᠭᠡᠨ ᠲᠠᠯ᠎ᠠ ᠠᠳᠡ ᠰᠣᠨᠣᠰᠭᠢᠨ᠎ᠡ




ᠲᠡᠮᠦᠷ᠎ᠤᠨ ᠵᠢᠪᠡᠭᠦᠨ ᠲᠠᠭᠤ ᠠᠳᠡ ᠬᠦᠷᠦᠭᠡᠳ ᠣᠨᠲᠠᠷᠠᠨ᠎ᠠ

ᠲᠡᠣᠬᠡ᠎ᠶ᠋ᠢᠨ ᠰᠠᠮᠠᠭᠤᠨ ᠴᠢᠮᠡᠭᠡ ᠠᠳᠡ ᠬᠦᠷᠦᠭᠡᠳ ᠵᠣᠭ᠍ᠰᠣᠨ᠎ᠠ

ᠬᠦᠮᠦᠨ᠎ᠤ ᠬᠠᠷ᠎ᠠ ᠱᠣᠣᠭᠢᠶᠠᠨ ᠠᠳᠡ ᠬᠦᠷᠦᠭᠡᠳ ᠠᠷᠢᠯᠣᠨ᠎ᠠ

ᠬᠦᠰᠭᠡ᠎ᠶ᠋ᠢᠨ ᠵᠠᠪᠠᠭᠠᠨ ᠴᠣᠣᠷᠢᠶ᠎ᠠ ᠠᠳᠡ ᠬᠦᠷᠦᠭᠡᠳ ᠲᠠᠯᠠᠷᠠᠨ᠎ᠠ




ᠬᠠᠷᠢᠶᠠᠯ᠎ᠤᠨ ᠪᠣᠵᠠᠷ ᠬᠠᠰᠭᠢᠷᠤᠭ᠎ᠠ ᠠᠳᠡ ᠦᠭᠡᠢ

ᠬᠠᠨᠢᠶᠠᠳᠣ᠎ᠶ᠋ᠢᠨ ᠪᠣᠬᠢᠷ ᠠᠭ᠍ᠰᠠᠭ᠎ᠠ ᠠᠳᠡ ᠦᠭᠡᠢ

ᠬᠠᠳᠠ ᠮᠣᠳᠣ ᠠᠳᠡ ᠬᠠᠮᠤᠭ ᠭᠦᠨ ᠨᠠᠪᠳᠡᠷᠡᠯᠴᠡᠭᠡᠳ

ᠬᠠᠮᠤᠭ ᠪᠦᠬᠦᠨ ᠠᠳᠡ ᠨᠠᠮ ᠵᠢᠮ᠎ᠳᠤ ᠠᠭᠤᠰᠣᠭᠠᠳ







ᠴᠠᠷᠴᠠᠬᠠᠢ᠎ᠶ᠋ᠢᠨ ᠴᠠᠷᠭᠢᠶ᠎ᠠ ᠬᠤᠯᠡ ᠰᠦᠮᠡᠯᠵᠡᠭᠡᠳ

ᠴᠢᠮᠡᠭᠡ ᠠᠨᠢᠷ᠎ᠤᠨ ᠴᠢᠮᠡᠭ᠎ᠢ ᠮᠡᠳᠡᠭᠦᠯᠬᠦ᠌ ᠲᠡᠳᠦᠢ

ᠴᠠᠭᠠᠨ ᠮᠠᠨᠠᠨ᠎ᠤ ᠨᠡᠭᠦᠳᠡᠯ ᠦᠯᠦ᠍ ᠮᠡᠳᠡᠭ ᠠᠨᠢᠷᠳᠣᠭᠠᠳ

ᠴᠠᠭᠠᠨ ᠲᠣᠩᠭᠠᠯᠠᠭ ᠰᠡᠳᠭᠢᠯ᠎ᠢ ᠴᠢᠭ᠌ᠯᠡᠭᠦᠯᠬᠦ᠌ ᠲᠡᠳᠦᠢ




ᠮᠠᠭᠤ ᠰᠡᠳᠭᠢᠯ ᠲᠦᠷᠦᠬᠦ᠌ ᠦᠭᠡᠢ ᠭᠬᠢᠷ ᠦᠭᠡᠢ ᠨᠠᠮ ᠵᠢᠮ

ᠮᠣᠬᠤᠷ ᠪᠣᠳᠣᠯ ᠣᠷᠣᠬᠤ ᠦᠬᠡᠢ ᠲᠣᠷᠳᠤᠭ ᠦᠭᠡᠢ ᠨᠠᠮ ᠵᠢᠮ

ᠮᠢᠩᠭᠠᠨ ᠭᠠᠯᠪᠠ ᠪᠣᠬᠢᠷᠳᠣᠭ᠎ᠠ ᠦᠬᠡᠢ ᠠᠷᠢᠭᠤᠨ ᠨᠠᠮ ᠵᠢᠮ

ᠮᠢᠩᠭᠠᠨ ᠯᠠᠢ᠎ᠶ᠋ᠢᠨ ᠦᠷᠢ ᠦᠭᠡᠢ ᠠᠮᠣᠭᠤᠯᠠᠩ ᠨᠠᠮ ᠵᠢᠮ




ᠴᠢᠮᠡᠭᠡ ᠦᠭᠡᠢ᠎ᠳᠤ ᠰᠠᠨᠠᠭ᠎ᠠ ᠰᠡᠳᠭᠢᠯ ᠲᠣᠩᠭᠠᠯᠠᠭ ᠠᠮᠣᠭᠤᠯᠠᠩ

ᠴᠢᠮᠡᠭᠡ ᠦᠭᠡᠢ᠎ᠳᠤ ᠣᠶᠣᠨ ᠪᠢᠯᠢᠭ ᠭᠦᠨ ᠭᠦᠨᠵᠡᠭᠡᠢ

ᠲᠣᠩᠭᠠᠯᠠᠭ ᠠᠮᠣᠭᠤᠯᠠᠩ᠎ᠳᠤ ᠶᠠᠭᠤᠮ᠎ᠠ ᠪᠦᠬᠦᠨ ᠦᠩᠭᠡ᠎ᠲᠠᠢ

ᠲᠣᠩᠭᠠᠯᠠᠭ ᠠᠮᠣᠭᠤᠯᠠᠩ᠎ᠳᠤ ᠶᠠᠭᠤᠮ᠎ᠠ ᠪᠦᠬᠦᠨ ᠭᠡᠷᠡᠯ᠎ᠲᠠᠢ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号