ᠬᠦᠶᠠᠩ ᠎ᠤᠨ ᠬᠤᠨᠴᠢᠷ ᠰᠢᠨ᠎ᠠ ᠵᠢᠨ ᠪᠡᠯᠡᠭ ᠎ᠤᠨ ᠰᠤᠩᠭᠤᠯᠳᠠ ᠪᠤᠯᠤᠯ᠎ᠠ
2026-02-28 10:51:54
ᠵᠣᠬᠢᠶᠠᠭ᠍ᠴᠢ᠄
ᠸ·ᠭᠡᠷᠡᠯᠳᠤ
ᠣᠩᠱᠢᠭ᠍ᠰᠠᠨ ᠣᠳᠠᠭ᠎ᠠ᠄
★★★☆☆

ᠴᠠᠭᠠᠨ ᠰᠠᠷ᠎ᠠ ᠵᠢᠨ ᠬᠤᠭᠤᠴᠠᠭᠠᠨ ᠳ᠋ᠤ᠂ ᠪᠤᠭᠤᠲᠤ ᠬᠤᠳᠠ ᠪᠤᠯᠤᠨ ᠬᠦᠶᠠᠩ ᠰᠢᠶᠠᠨ᠎ᠤ ᠴᠠᠭᠠᠨ ᠰᠠᠷ᠎ᠠ ᠵᠢᠨ ᠪᠠᠷᠠᠭᠠᠨ ᠎ᠤ ᠵᠠᠬ᠎ᠠ ᠲᠡᠯᠭᠡᠭᠦᠷ ᠵᠢᠡᠷ ᠨᠠᠷᠢᠯᠢᠭ ᠪᠤᠭᠤᠳᠠᠯᠯᠠᠬᠰᠠᠨ ᠬᠦᠶᠠᠩ ᠎ᠤᠨ ᠬᠤᠨᠴᠢᠷ ᠎ᠤᠨ ᠪᠦᠳᠦᠭᠡᠭᠳᠡᠭᠦᠨ ᠡᠨᠳᠡ ᠲᠡᠨᠳᠡ ᠦᠭᠡᠢ ᠬᠠᠷᠠᠬᠳᠠᠵᠦ᠂ ᠬᠤᠨᠴᠢᠷ ᠎ᠤᠨ ᠵᠦᠰᠦᠮ᠂ ᠬᠤᠨᠴᠢᠷ᠎ᠤᠨ ᠢᠯᠭᠠᠷᠠᠭᠤᠯᠤᠬᠰᠠᠨ ᠰᠢᠩᠬᠡᠨ᠂ ᠬᠤᠨᠴᠢᠷ᠎ᠤᠨ ᠴᠠᠢ ᠵᠡᠷᠭᠡ ᠪᠦᠳᠦᠭᠡᠭᠳᠡᠭᠦᠨ᠎ᠤᠳ ᠬᠦᠮᠤᠰ ᠎ᠤᠨ ᠴᠠᠭᠠᠨ ᠰᠠᠷ᠎ᠠ ᠵᠢᠨ ᠪᠡᠯᠡᠭ ᠎ᠤᠨ ᠨᠢᠭᠡ ᠰᠤᠩᠭᠤᠯᠳᠠ ᠪᠤᠯᠵᠦ᠂ 《ᠡᠷᠡᠭᠦᠯ ᠡᠩᠬᠡ》 ᠵᠢᠨ ᠪᠦᠳᠦᠭᠡᠭᠳᠡᠭᠦᠨ ᠎ᠢ ᠬᠦᠷᠭᠡᠬᠦ ᠨᠢ ᠨᠢᠭᠡ ᠶᠤᠰᠤᠨ ᠎ᠤ ᠬᠠᠯᠠᠮᠰᠢᠯ ᠪᠤᠯᠤᠬᠰᠠᠨ ᠪᠠᠢᠨ᠎ᠠ᠃

《ᠦᠩᠬᠡᠷᠡᠭᠰᠡᠨ ᠳ᠋ᠤ ᠰᠠᠳᠤᠨ ᠲᠦᠷᠦᠯ ᠵᠢᠡᠷ ᠵᠢᠡᠨ ᠲᠤᠭᠤᠷᠢᠬᠤ ᠦᠶᠡᠰ᠂ ᠬᠡᠪᠰᠢᠮᠡᠯ ᠲᠡᠷᠡ ᠨᠢᠭᠡ ᠬᠡᠳᠤᠨ ᠪᠠᠷᠠᠭ᠎ᠠ ᠪᠡᠨ ᠠᠪᠳᠠᠭ ᠪᠠᠢᠬᠰᠠᠨ᠂ ᠡᠨᠡ ᠵᠢᠯ ᠡᠨᠡ ᠬᠤᠨᠴᠢᠷ᠎ᠤᠨ ᠪᠦᠳᠦᠭᠡᠭᠳᠡᠭᠦᠨ ᠎ᠢ ᠠᠪᠤᠯ᠎ᠠ᠂ ᠦᠵᠡᠮᠦᠷᠢ ᠳᠠᠢ ᠲᠡᠭᠡᠷ᠎ᠠ ᠪᠡᠨ ᠤᠳᠬ᠎ᠠ ᠠᠭᠤᠯᠭ᠎ᠠ ᠲᠠᠢ》᠃ ᠰᠢᠨ᠎ᠠ ᠵᠢᠨ ᠲᠦᠷᠪᠡᠨ ᠎ᠤ ᠡᠳᠦᠷ᠂  ᠪᠤᠭᠤᠲᠤ ᠬᠤᠳᠠ ᠵᠢᠨ ᠵᠠᠩ ᠤᠪᠤᠬᠳᠤ ᠨᠢᠭᠡ ᠬᠢᠵᠢᠶᠡᠯᠢ ᠨᠠᠰᠤᠨ ᠎ᠤ ᠡᠮᠡᠭᠳᠠᠢ ᠲᠤᠰ ᠬᠤᠳᠠ ᠵᠢᠨ ᠨᠦᠬᠦᠷᠯᠡᠯ ᠵᠠᠮ ᠲᠡᠭᠡᠷᠡᠬᠢ ᠨᠢᠭᠡ ᠬᠤᠨᠴᠢᠷ ᠎ᠤᠨ ᠪᠦᠳᠦᠭᠡᠭᠳᠡᠭᠦᠨ ᠎ᠤ ᠲᠤᠰᠬᠠᠢ ᠬᠤᠳᠠᠯᠳᠤᠭᠠᠨ ᠎ᠤ ᠲᠡᠯᠭᠡᠭᠦᠷ ᠲᠤ᠌ ᠰᠤᠷᠪᠤᠯᠵᠢᠯᠠᠬᠴᠢ ᠳ᠋ᠤ ᠢᠩᠬᠢᠵᠦ ᠶᠠᠷᠢᠵᠦ ᠪᠠᠢᠯ᠎ᠠ᠃ ᠲᠤᠰ ᠲᠡᠯᠭᠡᠭᠦᠷ ᠲᠤ᠌ ᠤᠯᠠᠨ ᠶᠠᠩᠵᠤ ᠵᠢᠨ ᠬᠤᠨᠴᠢᠷ ᠎ᠤᠨ ᠪᠦᠳᠦᠭᠡᠭᠳᠡᠭᠦᠨ ᠬᠤᠳᠠᠯᠳᠤᠵᠦ ᠪᠠᠢᠪᠠ᠃ ᠮᠦᠨ ᠴᠠᠭᠠᠨ ᠰᠠᠷ᠎ᠠ ᠵᠢᠨ ᠬᠤᠭᠤᠴᠠᠭᠠᠨ ᠳ᠋ᠤ ᠲᠡᠭᠷᠢ ᠰᠠᠢᠬᠠᠨ  ᠪᠤᠯᠬᠤᠷ᠂ ᠲᠡᠯᠭᠡᠭᠦᠷ ᠎ᠤᠨ ᠭᠠᠳᠠᠨ᠎ᠠ ᠪᠡᠨ ᠨᠡᠯᠢᠶᠡᠳ ᠬᠡᠳᠤᠨ ᠲᠦᠷᠤᠯ ᠎ᠤᠨ ᠪᠦᠳᠦᠭᠡᠭᠳᠡᠭᠦᠨ ᠎ᠢ ᠰᠢᠷᠡᠭᠡᠨ ᠲᠡᠭᠡᠷ᠎ᠠ ᠲᠡᠯᠭᠡᠨ ᠵᠡᠭᠡᠯᠢ ᠪᠡᠷ ᠦᠩᠬᠡᠷᠡᠬᠦ ᠬᠦᠮᠤᠰ ᠎ᠤᠨ ᠰᠤᠩᠭᠤᠯᠳᠠ ᠳ᠋ᠤ ᠲᠦᠭᠦᠮ ᠦᠵᠡᠬᠦᠯᠵᠦ ᠪᠠᠢᠯ᠎ᠠ᠃ ᠲᠡᠯᠭᠡᠭᠦᠷ ᠲᠤᠳᠤᠷ᠎ᠠ ᠨᠢ ᠲᠠᠰᠤᠷᠠᠯᠳᠠ ᠦᠭᠡᠢ ᠬᠦᠮᠦᠨ ᠬᠠᠷ᠎ᠠ ᠤᠷᠤᠵᠦ ᠢᠷᠡᠨ᠂ ᠪᠠᠷᠠᠭ᠎ᠠ ᠬᠤᠳᠠᠯᠳᠤᠨ ᠠᠪᠬᠤ ᠵᠢᠨ ᠲᠠᠭᠠᠤ ᠪᠠᠰᠨ ᠲᠡᠯᠭᠡᠭᠦᠷ ᠎ᠤᠨ ᠡᠵᠡᠨ ᠲᠠᠢ ᠬᠤᠨᠴᠢᠷ ᠎ᠤᠨ ᠲᠤᠬᠠᠢ ᠵᠤᠭᠤᠭ ᠲᠡᠯᠭᠡᠵᠦ ᠪᠠᠢᠯ᠎ᠠ᠃ ᠨᠡᠷᠢᠬᠠᠨ ᠬᠤᠷᠤᠭᠤ ᠯᠤᠩᠬᠤᠨ ᠳ᠋ᠤ ᠬᠢᠭᠰᠡᠨ ᠬᠤᠨᠴᠢᠷ ᠎ᠤᠨ ᠢᠯᠭᠠᠷᠠᠭᠤᠯᠤᠬᠰᠠᠨ ᠰᠢᠩᠬᠡᠨ ᠲᠡᠯᠭᠡᠭᠦᠷ ᠴᠢᠮᠡᠭᠰᠡᠨ ᠪᠦᠳᠦᠭᠡᠭᠳᠡᠭᠦᠨ ᠪᠤᠯᠵᠦ᠂ ᠭᠠᠳᠠᠷ ᠮᠤᠵᠢ ᠵᠢᠨ ᠰᠢᠮ᠎ᠠ ᠲᠡᠵᠢᠭᠡᠯ᠎ᠤᠨ ᠪᠦᠳᠦᠭᠡᠭᠳᠡᠭᠦᠨ ᠲᠠᠢ ᠬᠡᠯᠪᠡᠷᠢ ᠲᠦᠷᠰᠦ ᠪᠡᠷ ᠠᠪ ᠠᠳᠠᠯᠢᠬᠠᠨ ᠪᠠᠢᠯ᠎ᠠ᠃

ᠬᠦᠶᠠᠩ ᠎ᠤᠨ ᠬᠤᠨᠴᠢᠷ ᠎ᠤᠨ ᠪᠦᠳᠦᠭᠡᠭᠳᠡᠭᠦᠨ ᠬᠡᠬᠦᠯᠡᠷ ᠲᠡᠷᠡ ᠨᠢ ᠤᠯᠤᠰ ᠲᠤ᠌ ᠠᠯᠳᠠᠷ ᠳᠠᠢ ᠬᠤᠨᠴᠢᠷ ᠎ᠤᠨ ᠨᠤᠳᠤᠭ ᠪᠤᠯᠬᠤ ᠪᠤᠭᠤᠳᠤ ᠬᠤᠳᠠ ᠵᠢᠨ ᠬᠦᠶᠠᠩ ᠰᠢᠶᠠᠨ ᠳ᠋ᠤ ᠮᠡᠨᠳᠦᠯᠡᠭᠰᠡᠨ ᠪᠦᠳᠦᠭᠡᠭᠳᠡᠭᠦᠨ ᠪᠠᠢᠵᠦ᠂ ᠤᠢᠷ᠎ᠠ ᠵᠢᠨ ᠵᠢᠯ ᠡᠴᠡ ᠨᠠᠭᠠᠰᠢ᠂ ᠤᠮᠠᠷᠠᠳᠤ ᠦᠷᠭᠡᠷᠢᠭ ᠎ᠤᠨ《41° ᠬᠦᠶᠠᠩ ᠎ᠤᠨ ᠪᠡᠯᠡᠭ》 ᠤᠷᠤᠨ ᠲᠤᠭᠤᠷᠢᠭ ᠎ᠤᠨ ᠨᠡᠢᠳᠡ ᠵᠢᠨ ᠬᠡᠷᠡᠭᠯᠡᠭᠡᠨ ᠎ᠤ ᠱᠤᠰᠢᠭ᠎ᠠ ᠪᠡᠷ ᠵᠢᠡᠨ ᠠᠯᠳᠠᠷᠰᠢᠬᠰᠠᠨ ᠪᠠᠢᠨ᠎ᠠ᠃ ᠬᠦᠶᠠᠩ ᠰᠢᠶᠠᠨ ᠬᠤᠨᠴᠢᠷ ᠲᠡᠷᠢᠵᠦ ᠤᠷᠭᠤᠭᠤᠯᠬᠤ ᠪᠠᠢᠭᠠᠯᠢ ᠵᠢᠨ ᠰᠠᠢᠬᠠᠨ ᠨᠦᠬᠦᠴᠡᠯ ᠎ᠢ ᠪᠦᠷᠢᠯᠳᠤᠭᠦᠯᠵᠦ᠂ ᠬᠤᠨᠴᠢᠷ᠎ᠤᠨ ᠠᠵᠤ ᠦᠢᠯᠡᠰ ᠎ᠨᠢ ᠬᠦᠳᠡᠭᠡ ᠲᠤᠰᠬᠤᠨ ᠎ᠢ ᠬᠦᠭᠵᠢᠭᠦᠯᠦᠨ ᠮᠠᠨᠳᠤᠭᠤᠯᠬᠤ ᠵᠢ ᠠᠬᠢᠭᠤᠯᠬᠤ᠂ ᠠᠮᠢ ᠠᠬᠤᠢ ᠵᠢᠨ ᠦᠷᠳᠡᠭ ᠎ᠤᠨ ᠨᠡᠭᠦᠯᠭᠡᠨ ᠰᠢᠯᠵᠢᠬᠦᠯᠦᠯᠳᠡ ᠵᠢᠨ ᠴᠢᠬᠤᠯᠠ ᠠᠷᠭ᠎ᠠ ᠪᠠᠷᠢᠯ ᠪᠤᠯᠤᠬᠰᠠᠨ ᠪᠠᠢᠨ᠎ᠠ᠃ ᠤᠳᠤ ᠲᠤᠰ ᠰᠢᠶᠠᠨ ᠳ᠋ᠤ ᠬᠤᠨᠴᠢᠷ ᠨᠢ ᠨᠢᠭᠡᠨᠳᠡ ᠡᠮ ᠎ᠤᠨ ᠮᠠᠲᠧᠷᠢᠶᠠᠯ ᠎ᠤᠨ ᠬᠦᠷᠢᠶ᠎ᠠ ᠴᠠᠷᠠᠭ᠎ᠠ ᠡᠴᠡ ᠪᠡᠨ ᠲᠠᠪᠠᠵᠦ᠂ 7 ᠶᠡᠬᠡ ᠴᠤᠪᠤᠷᠠᠯ ᠎ᠤᠨ 200 ᠭᠠᠷᠤᠢ ᠲᠦᠷᠤᠯ ᠎ᠤᠨ ᠨᠠᠷᠢᠯᠢᠭ ᠪᠤᠯᠪᠠᠰᠤᠷᠠᠭᠤᠯᠤᠬᠰᠠᠨ ᠪᠦᠳᠦᠭᠡᠭᠳᠡᠭᠦᠨ ᠪᠤᠯᠵᠦ ᠬᠦᠭᠵᠢᠵᠦ᠂ ᠡᠯ᠎ᠠ ᠲᠦᠷᠤᠯ ᠎ᠤᠨ ᠦᠵᠡᠭᠦᠯᠭᠡ ᠦᠵᠡᠰᠭᠦᠯᠡᠩ ᠲᠡᠭᠡᠷ᠎ᠠ ᠴᠤ᠌ ᠬᠦᠮᠦᠰ ᠎ᠤᠨ ᠬᠠᠷᠠᠭ᠎ᠠ ᠵᠢ ᠪᠤᠯᠢᠶᠠᠳᠠᠭ ᠪᠦᠳᠦᠭᠡᠭᠳᠡᠭᠦᠨ ᠪᠤᠯᠤᠬᠰᠠᠨ ᠪᠠᠢᠨ᠎ᠠ᠃ ᠲᠡᠳᠡᠭᠡᠷ ᠤᠯᠠᠭᠠᠠ ᠰᠢᠷᠭᠠᠯ ᠪᠤᠯᠤᠨ ᠰᠢᠷᠭᠠᠯ  ᠪᠤᠭᠤᠳᠠᠯ ᠲᠠᠢ᠂ ᠶᠠᠩᠵᠦ ᠶᠠᠩᠵᠦ ᠵᠢᠨ ᠨᠠᠷᠢᠯᠢᠭ ᠬᠢᠴᠠ ᠲᠠᠢ ᠬᠤᠨᠴᠢᠷ ᠎ᠤᠨ ᠪᠦᠳᠦᠭᠡᠭᠳᠡᠭᠦᠨ ᠢ᠋ ᠬᠠᠷᠠᠬᠤᠯᠠᠷ᠂ ᠲᠡᠭᠦᠨ ᠎ᠢ ᠪᠤᠭᠤᠲᠤ ᠬᠤᠳᠠ ᠵᠢᠨ ᠮᠤᠨᠠ ᠠᠭᠤᠯᠠ ᠵᠢᠨ ᠠᠷᠤ ᠳ᠋ᠤ ᠪᠠᠢᠷᠢᠯᠠᠭ᠎ᠠ  ᠬᠦᠶᠠᠩ ᠰᠢᠶᠠᠨ ᠎ᠦ ᠬᠡᠵᠦ ᠢᠳᠡᠭᠡᠮᠡᠷ ᠦᠭᠡᠢ ᠰᠠᠨᠠᠬᠳᠠᠬᠤ ᠪᠤᠯᠪᠠᠴᠤ᠂ ᠲᠡᠳᠡᠭᠡᠷ ᠨᠢ ᠦᠪ ᠦᠨᠡᠨ ᠳ᠋ᠡᠭᠡᠨ ᠲᠡᠷᠡ ᠪᠦᠰᠨ ᠨᠤᠳᠤᠭ ᠎ᠤᠨ ᠠᠵᠤ ᠠᠬᠤᠢᠯᠠᠯ ᠎ᠤᠨ ᠦᠢᠯᠡᠳᠪᠦᠷᠢᠯᠡᠭᠰᠡᠨ ᠪᠦᠳᠦᠭᠡᠭᠳᠡᠭᠦᠨ ᠪᠤᠯᠬᠤ ᠶᠤᠮ᠃

ᠰᠠᠢᠨ ᠬᠤᠨᠴᠢᠷ ᠭᠠᠷᠳᠠᠭ ᠡᠴᠡ  ᠪᠤᠯᠵᠦ᠂ ᠤᠢᠷ᠎ᠠ ᠵᠢᠨ ᠵᠢᠯ ᠡᠴᠡ ᠨᠠᠭᠠᠰᠢ ᠬᠦᠶᠠᠩ ᠰᠢᠶᠠᠨ ᠪᠦᠬᠦ ᠤᠯᠤᠰ ᠎ᠤᠨ ᠡᠯ᠎ᠠ ᠭᠠᠵᠠᠷ ᠎ᠤᠨ ᠬᠤᠨᠴᠢᠷ ᠪᠤᠯᠪᠠᠰᠤᠷᠠᠭᠤᠯᠬᠤ ᠠᠵᠤ ᠠᠬᠤᠢᠯᠠᠯ ᠎ᠡᠴᠨ ᠨᠡᠯᠢᠶᠡᠳ ᠎ᠢ ᠤᠷᠢᠨ ᠤᠷᠤᠭᠤᠯᠤᠬᠰᠠᠨ ᠶᠤᠮ᠃ ᠴᠠᠭᠠᠨ ᠰᠠᠷ᠎ᠠ ᠡᠴᠡ ᠡᠮᠦᠨᠡᠬᠡᠨ ᠬᠦᠶᠠᠩ ᠎ᠤᠨ ᠬᠤᠨᠴᠢᠷ ᠎ᠤᠨ ᠪᠦᠳᠦᠭᠡᠭᠳᠡᠭᠦᠨ ᠤᠯᠤᠰ ᠎ᠤᠨ ᠡᠭᠦᠳᠡ ᠵᠢ ᠠᠯᠬᠤᠨ ᠭᠠᠷᠴᠦ᠂ ᠺᠢᠷᠬᠢᠽᠰᠲ᠋ᠠᠨ ᠎ᠤ ᠪᠠᠢᠭᠤᠯᠤᠮᠵᠢ ᠵᠢᠨ 《ᠤᠯᠤᠰ ᠎ᠤᠨ ᠵᠤᠴᠢᠨ ᠎ᠤ ᠭᠠᠷ ᠪᠡᠯᠡᠭ》 ᠲᠤ᠌ ᠰᠤᠩᠭᠤᠬᠳᠠᠨ ᠤᠷᠤᠬᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号