2 ᠰᠠᠷ᠎ᠠ᠎ᠶᠢᠨ 21 ᠤ᠋ ᠡᠳᠦᠷ᠂ ᠴᠠᠭᠠᠨ ᠰᠠᠷ᠎ᠠ᠎ᠶᠢᠨ ᠰᠢᠨ᠎ᠡ᠎ᠶᠢᠨ ᠲᠠᠪᠤᠨ᠎ᠳᠤ ᠂ ᠲᠤᠬᠰᠢᠨ ᠴᠠᠰᠤᠨ ᠰᠢᠭᠤᠷᠭ᠎ᠠ ᠬᠥᠯᠥᠨ ᠪᠤᠢ᠍ᠢᠷ᠎ᠤᠨ ᠲᠠᠯ᠎ᠠ ᠨᠤᠲᠤᠭ᠎ᠢ ᠭᠡᠨᠡᠳᠲᠡ ᠪᠡᠷ ᠲᠠᠭᠠᠷᠢᠵᠤ᠂ ᠲᠡᠭ᠎ᠡᠴᠡ ᠳᠣᠷᠣᠭ᠍ᠰᠢ 30 ᠭᠷᠡᠳᠦ᠋ᠰ᠎ᠦᠨ ᠬᠠᠬᠢᠷ ᠬᠦᠢᠲᠡᠨ ᠠᠭᠤᠷ ᠠᠮᠢᠰᠬᠤᠯ 9 ᠲᠡᠰ᠎ᠤᠨ ᠶᠡᠬᠡ ᠰᠠᠯᠬᠢ᠎ᠲᠠᠢ ᠳᠠᠪᠬᠤᠴᠠᠵᠤ᠂ ᠦᠵᠡᠭᠳᠡᠴᠡ᠎ᠶᠢᠨ ᠬᠡᠮᠵᠢᠶ᠎ᠡ ᠨᠢ ᠬᠣᠶᠠᠷ ᠮᠧᠲᠷ ᠴᠸ᠋ ᠬᠦᠷᠬᠦ ᠦᠭᠡᠢ 《ᠴᠠᠭᠠᠨ ᠰᠢᠭᠤᠷᠭ᠎ᠠ》 ᠪᠣᠯᠵᠤ᠂ ᠤᠯᠠᠨ ᠭᠠᠵᠠᠷ᠎ᠲᠦ ᠬᠦᠮᠦᠨ ᠬᠠᠷ᠎ᠠ᠂ ᠮᠠᠰᠢᠨ ᠤᠨᠤᠭ᠎ᠠ ᠬᠠᠰᠢᠬᠳᠠᠪᠠ᠃ ᠬᠥᠯᠥᠨ ᠪᠣᠶ᠋ᠢᠷ ᠤᠨ ᠬᠢᠯᠢ ᠶᠢᠨ ᠬᠠᠮᠢᠶᠠᠷᠤᠯᠲᠠ᠎ᠶᠢᠨ ᠰᠠᠯᠪᠤᠷᠢ ᠠᠩᠭᠢ᠎ᠶᠢᠨ ᠴᠠᠬᠳᠠᠭ᠎ᠠ ᠪᠤᠯᠤᠨ ᠲᠤᠰᠠᠯᠠᠬᠤ ᠴᠠᠭᠳᠠᠭ᠎ᠠ ᠬᠡᠷᠡᠭ ᠤ᠋ᠨ ᠮᠡᠳᠡᠬᠦᠯᠦᠯᠳᠡ ᠵᠢ ᠳᠤᠰᠤᠮᠠᠬᠴᠠ ᠳᠠᠷᠤᠢ ᠳ᠋ᠤᠨᠢ ᠬᠦᠳᠡᠯᠦᠯᠴᠡᠵᠦ᠂ ᠰᠥᠨᠢᠵᠢᠨ ᠪᠠᠢᠯᠳᠤᠵᠤ 325 ᠬᠠᠰᠢᠬᠳᠠᠬᠰᠠᠨ ᠣᠯᠠᠨ ᠲᠦᠮᠡᠨ᠎ᠢ ᠠᠮᠵᠢᠯᠳᠠ ᠲᠠᠢ ᠠᠪᠤᠷᠠᠨ ᠲᠤᠰᠠᠯᠠᠵᠤ ᠲᠥᠪᠬᠢᠨᠡᠭᠦᠯᠪᠡ᠃
21 ᠤ᠋ ᠡᠳᠦᠷ᠎ᠦᠨ 20 ᠴᠠᠭ 40 ᠮᠢᠨᠦ᠋ᠲ᠎ᠲᠦ᠂ ᠪᠠᠶᠠᠨᠨᠠᠭᠤᠷ ᠳᠡᠬᠢ ᠬᠢᠯᠢ᠎ᠶᠢᠨ ᠲᠣᠮᠢᠯᠠᠭᠰᠠᠨ ᠰᠠᠯᠪᠤᠷᠢ ᠲᠤᠰᠠᠯᠠᠮᠵᠢ ᠭᠤᠶᠤᠴᠢᠯᠠᠬᠰᠠᠨ ᠮᠡᠳᠡᠬᠡ ᠵᠢ ᠤᠯᠵᠤ᠄ 2 ᠮᠠᠯᠴᠢᠨ ᠡᠷᠦᠬᠡ᠂ 1 ᠵᠠᠮᠴᠢᠯᠠᠭ᠍ᠴᠢ ᠵᠢᠴᠢ 6 ᠭᠠᠳᠠᠷ ᠣᠷᠣᠨ ᠤ ᠵᠢᠭᠤᠯᠴᠢᠯᠠᠬᠴᠢ ᠨᠡᠢ᠍ᠢᠳᠡ 9 ᠬᠦᠮᠦᠨ ᠨᠤᠳᠤᠬ ᠲᠠᠭᠠᠨ ᠪᠤᠴᠠᠬᠤ ᠵᠠᠮ ᠳ᠋ᠠᠭᠠᠨ ᠴᠠᠰᠤᠨ ᠰᠢᠭᠤᠷᠭ᠎ᠠ ᠲᠠᠢ ᠲᠠᠭᠠᠷᠠᠯᠳᠤᠵᠤ᠂ ᠮᠠᠰᠢᠨ ᠲᠡᠷᠬᠡ ᠨᠢ ᠴᠠᠰᠤᠨ᠎ᠳᠤ ᠬᠠᠰᠢᠬᠳᠠᠨ ᠬᠥᠮᠥᠰ ᠴᠢᠭᠯᠡᠯ᠎ᠢᠶᠡᠨ ᠠᠯᠳᠠᠵᠤ᠂ ᠲᠤᠢᠯ᠎ᠤᠨ ᠠᠶᠤᠯᠲᠠᠢ ᠪᠠᠢᠨ᠎ᠠ ᠬᠡᠪᠡ᠃ ᠬᠡᠷᠡᠭ ᠤ᠋ᠨ ᠮᠡᠳᠡᠬᠦᠯᠦᠯᠳᠡ ᠵᠢ ᠣᠯᠣᠭᠰᠠᠨ᠎ᠤ ᠳᠠᠷᠠᠭ᠎ᠠ᠂ ᠴᠠᠭᠳᠠᠭ᠎ᠠ ᠨᠠᠷ ᠭᠤᠷᠪᠠᠬᠠᠨ ᠮᠢᠨᠦ᠋ᠲ᠎ᠦᠨ ᠳᠣᠲᠣᠷ᠎ᠠ ᠮᠠᠰᠢᠨ ᠲᠣᠨᠣᠭᠯᠠᠯ ᠵᠢᠡᠨ ᠠᠪᠴᠤ ᠪᠠᠴᠢᠮ ᠮᠤᠷᠳᠠᠪᠠ᠃
ᠠᠪᠤᠷᠠᠨ ᠲᠤᠰᠠᠯᠠᠬᠤ ᠵᠠᠮ ᠳᠤᠮᠳᠠ᠂ ᠪᠦᠬᠦᠢᠯᠡ ᠵᠠᠮ ᠱᠤᠭᠤᠮ ᠴᠠᠰᠤᠨ᠎ᠳᠤ ᠬᠤᠴᠢᠭ᠍ᠳᠠᠵᠤ᠂ ᠭᠠᠵᠠᠷ᠎ᠤᠨ ᠲᠡᠮᠳᠡᠭ ᠪᠦᠬᠦᠨ᠎ᠢᠶᠡᠷ᠎ᠢᠶᠡᠨ ᠪᠤᠯᠠᠭᠳᠠᠵᠤ᠂ ᠴᠠᠭᠳᠠᠭᠠᠨ᠎ᠤ ᠮᠠᠰᠢᠨ ᠲᠡᠷᠭᠡ ᠣᠯᠠᠨ ᠤᠳᠠᠭ᠎ᠠ ᠴᠠᠰᠤᠨ᠎ᠳᠤ ᠬᠠᠰᠢᠬᠳᠠᠪᠠ᠃ ᠴᠠᠭᠳᠠᠭ᠎ᠠ ᠨᠠᠷ ᠬᠠᠬᠢᠷ ᠬᠦᠢᠲᠡᠨ᠎ᠡᠴᠡ ᠰᠦᠷᠳᠡᠯ ᠦᠭᠡᠢ᠂ ᠮᠠᠰᠢᠨ ᠲᠡᠷᠭᠡᠨ᠎ᠡᠴᠡ ᠪᠠᠨ ᠪᠠᠭᠤᠵᠤ ᠶᠠᠪᠠᠭᠠᠨ᠎ᠢᠶᠠᠷ ᠵᠠᠮ ᠬᠠᠢᠵᠤ᠂ ᠡᠪᠦᠳᠦᠭ ᠴᠢᠨᠡᠭᠡ ᠭᠦᠨ ᠴᠠᠰᠤᠨ ᠳᠤᠮᠳᠠᠭᠤᠷ ᠴᠠᠰᠤ ᠠᠷᠢᠯᠭᠠᠨ ᠵᠠᠮ ᠨᠡᠭᠡᠭᠡᠵᠦ᠂ 6 ᠴᠠᠭ ᠭᠠᠷᠤᠢ᠎ᠶᠢᠨ ᠬᠠᠳᠠᠭᠤᠵᠢᠯᠳᠠᠢ ᠡᠷᠢᠵᠦ ᠠᠪᠤᠷᠠᠬᠤ ᠪᠡᠷ ᠲᠠᠮᠵᠢᠨ᠂ 22 ᠤ᠋ᠨ ᠥᠷᠯᠥᠭᠡᠬᠦᠷ ᠬᠠᠰᠢᠭ᠍ᠳᠠᠭᠰᠠᠨ ᠣᠯᠠᠨ ᠲᠦᠮᠡᠨ᠎ᠢ ᠡᠷᠢᠵᠦ ᠣᠯᠪᠠ᠃ ᠴᠠᠭᠳᠠᠭ᠎ᠠ ᠨᠠᠷ ᠲᠡᠷᠡ ᠳᠠᠷᠤᠢ ᠳ᠋ᠤᠨᠢ ᠣᠯᠠᠨ ᠲᠦᠮᠡᠨ᠎ᠢ ᠬᠠᠯᠠᠭᠤᠨ ᠳᠤᠯᠠᠭᠠᠨ ᠴᠠᠭᠳᠠᠭᠠᠨ ᠤ᠋ ᠮᠠᠰᠢᠨ ᠲᠡᠷᠭᠡᠨ ᠳᠣᠲᠣᠷ᠎ᠠ ᠪᠡᠨ ᠰᠢᠯᠵᠢᠭᠦᠯᠵᠦ᠂ ᠲᠡᠳᠡᠨ᠎ᠳᠦ ᠬᠠᠯᠠᠭᠤᠨ ᠤᠰᠤ ᠪᠠ ᠢᠳᠡᠭᠡᠨ ᠬᠦᠷᠭᠡᠵᠦ᠂ ᠪᠡᠶ᠎ᠡ᠎ᠶᠢᠨ ᠪᠠᠢᠳᠠᠯ᠎ᠢ ᠨᠢ ᠨᠠᠷᠢᠨ ᠪᠠᠢᠴᠠᠭᠠᠪᠠ᠃
ᠲᠤᠰ ᠣᠷᠣᠢ᠂ ᠤᠯᠠᠨ ᠭᠠᠵᠠᠷ ᠲᠤ ᠬᠦᠮᠦᠨ ᠬᠠᠷ᠎ᠠ ᠳᠠᠷᠭᠡ ᠤᠨᠤᠭ᠎ᠠ ᠬᠠᠰᠢᠬᠳᠠᠵᠤ ᠲᠦᠪᠡᠭᠳᠡᠭᠰᠡᠨ ᠠᠶᠤᠯ ᠲᠦᠭᠰᠢᠭᠦᠷᠢᠲᠦ ᠪᠠᠢᠳᠠᠯ ᠢᠯᠡᠷᠡᠪᠡ᠃ ᠮᠤᠳᠤᠡ ᠠᠮᠵᠢ ᠤᠯᠠᠭ᠎ᠠ ᠥᠷᠲᠡᠭᠡ ᠵᠢᠨ ᠣᠶ᠋ᠢᠷᠠᠯᠴᠠᠭ᠎ᠠ᠂ ᠨᠢᠭᠡ ᠭᠡᠷ᠎ᠦᠨ ᠲᠠᠪᠤᠭᠤᠯᠠ ᠪᠡᠨ ᠮᠠᠰᠢᠨ ᠲᠡᠷᠭᠡ ᠲᠠᠢ ᠪᠡᠨ ᠴᠠᠰᠤᠨ᠎ᠳᠦ ᠬᠠᠰᠢᠭ᠍ᠳᠠᠪᠠ᠂ ᠮᠠᠰᠢᠨ ᠲᠡᠷᠭᠡᠨ ᠳᠤᠨᠢ ᠨᠢᠭᠡᠨ 3 ᠨᠠᠰᠤᠲᠠᠢ ᠬᠡᠦᠬᠡᠳ ᠪᠠ 2 ᠨᠠᠰᠤᠲᠠᠨ ᠪᠠᠢᠯ᠎ᠠ; ᠵᠢᠯᠤᠭᠤᠴᠢ ᠱᠤᠸᠠᠩ ᠯᠢᠨ ᠪᠠᠰᠠ ᠴᠠᠰᠤᠨ ᠰᠢᠭᠤᠷᠭᠠᠨ ᠳ᠋ᠸ᠋ ᠬᠠᠰᠢᠬᠳᠠᠬᠰᠠᠨ ᠡᠴᠨ ᠪᠤᠯᠵᠤ ᠬᠠᠮᠢᠭᠠᠰᠢ ᠪᠡᠨ ᠴᠦ᠍ ᠶᠠᠪᠤᠵᠤ ᠴᠢᠳᠠᠬᠤ ᠦᠬᠡᠢ ᠪᠠᠢᠪᠠ᠃ ᠣᠯᠠᠨ ᠭᠠᠵᠠᠷ᠎ᠲᠤ ᠵᠡᠷᠭᠡ ᠪᠡᠷ ᠡᠭᠦᠰᠦᠭᠰᠡᠨ ᠪᠠᠴᠢᠮ ᠪᠠᠢᠳᠠᠯ᠎ᠤᠨ ᠡᠮᠦᠨ᠎ᠡ᠂ ᠬᠥᠯᠥᠨ ᠪᠣᠶ᠋ᠢᠷ᠎ᠤᠨ ᠬᠢᠯᠢ᠎ᠶᠢᠨ ᠬᠠᠮᠢᠶᠠᠷᠤᠯᠲᠠ᠎ᠶᠢᠨ ᠰᠠᠯᠪᠤᠷᠢ ᠠᠩᠭᠢ ᠳᠠᠷᠤᠢ ᠲᠦᠷᠭᠡᠨ ᠣᠷᠣᠨ ᠠᠯᠤᠰᠯᠠᠨ ᠬᠣᠯᠪᠤᠭᠠᠯᠠᠨ ᠬᠥᠳᠡᠯᠦᠯᠴᠡᠵᠦ ᠠᠪᠤᠷᠠᠨ ᠲᠤᠰᠠᠯᠠᠬᠤ ᠪᠡᠯᠡᠳᠬᠡᠯ ᠲᠥᠰᠥᠯ᠎ᠢ ᠡᠬᠢᠯᠡᠭᠦᠯᠵᠦ ᠂ ᠡᠯ᠎ᠡ ᠲᠣᠮᠢᠯᠠᠭᠰᠠᠨ ᠰᠠᠯᠪᠤᠷᠢ᠎ᠶᠢᠨ ᠬᠢᠨ ᠪᠦᠭᠦᠳᠡᠭᠡᠷ ᠵᠢᠡᠨ ᠬᠥᠳᠡᠯᠦᠯᠴᠡᠵᠦ᠂ ᠣᠷᠣᠨ ᠪᠦᠰᠡ ᠬᠤᠪᠢᠶᠠᠨ ᠠᠪᠤᠷᠠᠨ ᠲᠤᠰᠠᠯᠠᠬᠤ ᠠᠵᠢᠯᠯᠠᠭ᠎ᠠ ᠥᠷᠨᠢᠭᠦᠯᠪᠡ᠃
10 ᠴᠠᠭ ᠰᠢᠬᠠᠮ ᠦᠷᠭᠦᠯᠵᠢᠯᠡᠨ ᠲᠡᠮᠡᠴᠡᠨ ᠠᠵᠢᠯᠯᠠᠬᠤ ᠪᠡᠷ ᠲᠠᠮᠵᠢᠨ᠂ 22 ᠤ᠋ᠨ ᠡᠳᠦᠷ᠎ᠦᠨ 10 ᠴᠠᠭ ᠪᠣᠯᠲᠠᠯ᠎ᠠ᠂ ᠲᠣᠰ ᠰᠠᠯᠪᠤᠷᠢ ᠠᠩᠭᠢ ᠨᠡᠶ᠋ᠢᠲᠡ 230 ᠭᠠᠷᠤᠢ ᠬᠦᠮᠦᠨ ᠤᠳᠠᠭ᠎ᠠ ᠵᠢᠨ ᠴᠠᠭᠳᠠᠭ᠎ᠠ ᠬᠥᠳᠡᠯᠭᠡᠵᠦ᠂ ᠬᠠᠰᠢᠭ᠍ᠳᠠᠭᠰᠠᠨ ᠣᠯᠠᠨ ᠲᠦᠮᠡᠨ᠎ᠢ ᠠᠮᠵᠢᠯᠲᠠ ᠲᠠᠢ ᠠᠪᠤᠷᠠᠨ ᠭᠠᠷᠭᠠᠭᠰᠠᠨ ᠪᠥᠭᠡᠳ ᠲᠣᠬᠢᠲᠠᠢ ᠲᠥᠪᠬᠢᠨᠡᠭᠦᠯᠵᠦ᠂ ᠨᠢᠭᠡ ᠬᠥᠮᠥᠨ ᠴᠦ᠍ ᠬᠥᠯᠳᠡᠵᠦ ᠰᠢᠷᠬᠠᠲᠤᠭᠰᠠᠨ ᠦᠭᠡᠢ᠂ ᠨᠢᠭᠡ ᠬᠥᠮᠥᠨ ᠴᠦ᠍ ᠡᠨᠳᠡᠯ ᠭᠠᠷᠤᠭᠰᠠᠨ ᠦᠭᠡᠢ᠃