ᠲᠤᠰᠤ ᠠᠴᠢᠶᠠᠯᠠᠬᠤ ᠠᠩᠬᠢ ᠵᠢᠨ ᠠᠵᠢᠯᠳᠠᠳ ᠠᠵᠢᠯ ᠤ᠋ᠨ ᠪᠠᠢᠷᠢ ᠪᠡᠨ ᠪᠠᠲᠤ ᠰᠠᠬᠢᠨ᠎ᠠ
2026-02-26 09:39:20
ᠵᠣᠬᠢᠶᠠᠭ᠍ᠴᠢ᠄
ᠱᠢᠤᠸᠠᠢ ᠯᠠᠢ ᠱᠢᠶᠦ᠋ᠩ ᠴᠢᠶᠣᠤ ᠬᠣᠩ
ᠣᠩᠱᠢᠭ᠍ᠰᠠᠨ ᠣᠳᠠᠭ᠎ᠠ᠄
★★★☆☆

2 ᠰᠠᠷ᠎ᠠ ᠵᠢᠨ 22 ᠤ᠋ᠨ ᠡᠳᠦᠷ ᠤ᠋ᠨ 4 ᠴᠠᠭ 10 ᠮᠢᠨᠦ᠋ᠲ ᠲᠤ᠌᠂ ᠨᠢᠭᠡ ᠴᠤᠪᠤᠭ᠎ᠠ ᠲᠤᠰᠤ ᠠᠴᠢᠶᠠᠯᠠᠬᠤ ᠭᠠᠯᠳᠤ ᠲᠡᠷᠭᠡ ᠤᠮᠠᠷᠠᠲᠤ ᠵᠢᠨ ᠴᠢᠯᠠᠭᠤᠨ ᠲᠤᠰᠤᠨ ᠤ᠋ ᠠᠭᠤᠷᠬᠠᠢ ᠵᠢᠨ ᠪᠠᠶᠠᠨ ᠬᠤᠪᠢᠶᠠᠷᠢ ᠺᠣᠮᠫᠠᠨᠢ ᠵᠢᠨ ᠲᠦᠭᠦᠬᠡᠢ ᠴᠢᠯᠠᠭᠤᠨ ᠲᠤᠰᠤ ᠳᠠᠮᠵᠢᠭᠤᠯᠬᠤ ᠦᠷᠳᠡᠭᠡ ᠳ᠋ᠤ ᠬᠦᠷᠴᠢᠭᠢᠨᠡᠨ ᠤᠷᠤᠵᠤ ᠢᠷᠡᠭᠡᠳ ᠲᠤᠰᠤ ᠠᠴᠢᠶᠠᠯᠠᠬᠤ  ᠠᠩᠬᠢ ᠵᠢᠨ ᠳᠠᠷᠤᠭ᠎ᠠ ᠴᠢ ᠱ᠌ᠢ ᠯᠢᠶᠠᠨ ᠪᠣᠯᠤᠨ ᠬᠠᠮᠲᠤ ᠠᠵᠢᠯᠯᠠᠭ᠍ᠰᠠᠳ ᠢ᠋ ᠬᠠᠯᠠᠭᠤᠨ ᠨᠤᠢᠷ ᠡᠴᠡ ᠨᠢ ᠰᠡᠷᠡᠭᠡᠪᠡ᠃

7 ᠮᠧᠲ᠋ᠷ ᠥᠨᠳᠥᠷ ᠲᠡᠮᠦᠷ ᠵᠠᠮ᠎ᠤᠨ  ᠬᠦᠭᠦᠷᠭᠡᠨ ᠵᠠᠮ᠎ᠤᠨ ᠬᠠᠵᠠᠭᠤ ᠪᠡᠷ᠂ 50 ᠭᠠᠷᠤᠶ  ᠴᠢᠩᠭᠡᠯᠢᠭᠳᠦ ᠲᠤᠰᠤ ᠰᠠᠪᠠᠯᠠᠬᠤ ᠸᠠᠭᠤᠨ ᠲᠡᠷᠭᠡ  ᠬᠤᠶᠠᠷ ᠭᠠᠷᠯᠠᠨ ᠵᠢᠭᠰᠠᠨ᠎ᠠ᠃ 《ᠡᠨᠡ ᠰᠦᠨᠢ ᠳᠤᠯᠠᠭᠠᠨ ᠤ᠋ ᠬᠡᠮᠵᠢᠶ᠎ᠡ ᠪᠠᠭᠤᠷᠠᠪᠠ᠂ ᠣᠯᠠᠨ ᠵᠢᠡᠷ ᠵᠢᠡᠨ ᠲᠤᠰᠤ ᠪᠡᠨ ᠠᠯᠢ ᠴᠢᠳᠠᠬᠤ ᠪᠡᠷ ᠲᠦᠷᠭᠡᠨ᠎ᠰᠠᠪᠠᠯᠠᠭᠠᠷᠠᠶ》 ᠭᠡᠵᠦ᠍ ᠴᠢ ᠱ᠌ᠢ ᠯᠢᠶᠠᠨ ᠬᠠᠮᠲᠤ ᠠᠵᠢᠯᠯᠠᠭ᠍ᠰᠠᠳ᠎ᠲᠠᠭᠠᠨ ᠵᠠᠬᠢᠪᠠ᠃ ᠬᠥᠭᠥᠷᠭᠡᠨ ᠵᠠᠮ ᠳᠡᠭᠡᠷ᠎ᠡ᠂ ᠠᠵᠢᠯᠴᠢᠨ ᠱᠢᠩ ᠴᠧᠩ ᠴᠢᠶᠦ᠋ᠨ ᠬᠠᠮᠠᠭᠠᠯᠠᠯᠲᠠ ᠵᠢᠨ ᠪᠦᠰᠡ ᠪᠡᠨ ᠪᠦᠰᠡᠯᠡᠵᠤ᠂ ᠳᠡᠭᠦᠵᠢᠩ ᠱᠠᠲᠤ ᠶ᠋ᠢ ᠨᠡᠭᠡᠭᠡᠵᠦ᠍᠂ ᠰᠠᠪᠠᠨ ᠤ᠋ ᠣᠷᠣᠶ ᠳᠡᠭᠡᠷ᠎ᠡ ᠬᠢᠴᠢᠶᠡᠮᠵᠢᠲᠡᠶ᠎ᠪᠡᠷ ᠭᠠᠷᠴᠤ᠌᠂ ᠬᠥᠱᠢᠭᠦᠷ ᠵᠢᠡᠷ ᠬᠠᠪᠬᠠᠭᠠᠰᠤ ᠶ᠋ᠢ ᠮᠤᠰᠭᠢᠵᠤ ᠨᠡᠭᠡᠭᠡᠭᠰᠡᠨ ᠤ᠋ ᠳᠠᠷᠠᠭ᠎ᠠ ᠬᠥᠭᠥᠷᠭᠡᠨ ᠵᠠᠮ ᠳᠡᠭᠡᠷ᠎ᠡ ᠪᠤᠴᠠᠵᠤ᠂ ᠲᠡᠷᠭᠡᠨ ᠳ᠋ᠤ ᠠᠴᠢᠬᠤ ᠱᠢᠰᠲ᠋ᠧᠮ ᠢ᠋ ᠡᠬᠢᠯᠡᠭᠦᠯᠦᠭ᠌ᠰᠡᠨ ᠤ᠋ ᠳᠠᠷᠠᠭ᠎ᠠ ᠲᠤᠰᠤ ᠳᠠᠮᠵᠢᠭᠤᠯᠬᠤ ᠭᠤᠤᠷᠰᠤ ᠶ᠋ᠢ ᠪᠣᠯᠪᠠᠰᠤᠷᠠᠩᠭᠤᠶ ᠪᠡᠷ ᠳᠤᠷᠤᠭᠰᠢ ᠲᠠᠯᠪᠢᠪᠠ᠃ ᠱᠢᠩ ᠴᠧᠩ ᠴᠢᠶᠦ᠋ᠨ ᠬᠥᠯᠳᠡᠵᠦ᠍ ᠪᠡᠭᠡᠷᠡᠭ᠌ᠰᠡᠨ ᠴᠢᠬᠢ᠎ᠪᠡᠨ ᠭᠠᠷ ᠵᠢᠡᠷ ᠵᠢᠡᠨ ᠲᠦᠷ ᠳᠤᠯᠠᠭᠠᠴᠠᠭᠤᠯᠵᠤ ᠳᠠᠷᠠᠭ᠎ᠠ ᠵᠢᠨ ᠰᠠᠪᠠᠯᠠᠬᠤ ᠸᠠᠭᠤᠨ ᠲᠡᠷᠭᠡ ᠵᠦᠭ ᠴᠢᠭᠯᠡᠪᠡ᠃

1 ᠴᠠᠭ ᠤ᠋ᠨ ᠳᠠᠷᠠᠭ᠎ᠠ᠂ ᠲᠣᠰᠣᠨ ᠲᠦᠩᠰᠡ ᠬᠡᠪ ᠤ᠋ᠨ ᠪᠠᠢᠳᠠᠯ ᠲᠠᠢ ᠪᠠᠢᠬᠤ ᠶ᠋ᠢ ᠨᠤᠲᠠᠯᠠᠭᠰᠠᠨ ᠤ᠋ ᠳᠠᠷᠠᠭ᠎ᠠ᠂ 50 ᠭᠠᠷᠤᠶ  ᠴᠢᠩᠭᠡᠯᠢᠭ ᠲᠤᠰᠤ ᠰᠠᠪᠠᠯᠠᠬᠤ ᠸᠠᠭᠤᠨ ᠲᠡᠷᠭᠡᠨ᠎ᠳᠤ ᠡᠬᠢᠯᠡᠨ ᠲᠣᠰᠣ ᠰᠠᠪᠠᠯᠠᠵᠤ᠂ ᠲᠦᠭᠦᠬᠡᠶ ᠲᠣᠰᠣ ᠲᠣᠰᠣᠨ ᠲᠦᠩᠰᠡᠡ ᠳ᠋ᠤ ᠭᠤᠷᠴᠢᠬᠢᠨᠠᠨ ᠤᠷᠤᠨ᠎ᠠ᠃ ᠴᠢ ᠱ᠌ᠢ ᠯᠢᠶᠠᠨ ᠬᠠᠮᠲᠤ ᠠᠵᠢᠯᠯᠠᠭ᠍ᠰᠠᠳ᠎ᠲᠠᠶ ᠪᠡᠨ ᠲᠤᠰᠤ ᠰᠠᠪᠠᠯᠠᠬᠤ  ᠸᠠᠭᠤᠨ ᠲᠡᠷᠭᠡᠨ ᠤ᠋ ᠬᠣᠭᠣᠷᠣᠨᠳᠣ ᠨᠠᠭᠠᠰᠢ ᠴᠠᠭᠠᠰᠢ ᠶᠠᠭᠠᠷᠠᠨ ᠶᠠᠪᠤᠵᠦ᠂ ᠬᠥᠮᠦᠨ ᠪᠤᠯᠭᠠᠨ ᠥᠪᠡᠷ ᠥᠪᠡᠷ ᠤ᠋ᠨ ᠲᠦᠩᠰᠡ ᠳ᠋ᠡᠬᠢ ᠲᠤᠰᠤᠨ ᠤ᠋ ᠬᠡᠮᠵᠢᠶ᠎ᠡ ᠶ᠋ᠢ ᠠᠵᠢᠭ᠍ᠯᠠᠵᠤ᠂ ᠠᠩᠬᠠᠷᠤᠯ ᠵᠢᠡᠨ ᠲᠥᠪᠯᠡᠷᠡᠭᠦᠯᠦᠨ᠎ᠡ᠃ 50 ᠭᠠᠷᠤᠶ ᠲᠣᠰᠣᠨ ᠲᠦᠩᠰᠡ ᠶ᠋ᠢ ᠳᠦᠭᠦᠷᠭᠡᠬᠦ᠌ ᠳ᠋ᠤ 6 ᠴᠠᠭ ᠭᠠᠷᠤᠶ ᠬᠡᠷᠡᠭ᠌ᠰᠡᠵᠦ᠍᠂ ᠬᠥᠮᠦᠨ ᠪᠦᠷᠢ ᠨᠠᠭᠠᠳᠤ ᠵᠠᠬ᠎ᠠ᠎ᠳᠠᠭᠠᠨ 10 ᠺᠢᠯᠣᠮᠧᠲ᠋ᠷ ᠶᠠᠪᠤᠵᠤ᠂ ᠵᠤᠵᠠᠭᠠᠨ ᠬᠦᠵᠦᠭᠦᠨ ᠤ᠋ ᠤᠷᠢᠶᠠᠯᠲᠠ ᠨᠢ ᠠᠵᠢᠯᠴᠢᠳ ᠤ᠋ᠨ ᠨᠢᠭᠤᠷ ᠴᠢᠷᠠᠶ ᠶ᠋ᠢ ᠪᠠᠷᠤᠭ ᠪᠦᠬᠦᠨ ᠢ᠋ ᠪᠢᠲᠡᠭᠦᠯᠡᠵᠦ᠍᠂ ᠬᠦᠵᠦᠭᠦᠨ ᠤ᠋ ᠤᠷᠢᠶᠠᠯᠲᠠ᠂ ᠮᠠᠯᠠᠭᠠᠶ ᠪᠠ ᠰᠤᠷᠮᠤᠤᠰᠤ ᠨᠢ ᠪᠦᠷ ᠴᠠᠩᠳᠤᠵᠠᠢ᠃

《ᠪᠠᠶᠠᠷ ᠤ᠋ᠨ ᠡᠳᠦᠷ ᠵᠢᠡᠷ ᠵᠢᠵᠢᠭᠦᠷᠯᠡᠬᠦ ᠳ᠋ᠤ ᠨᠢᠭᠡᠨᠲᠡ ᠳᠠᠰᠴᠠᠢ》 ᠭᠡᠵᠦ᠍ ᠴᠢ ᠱ᠌ᠢ ᠯᠢᠶᠠᠨ ᠢᠨᠢᠶᠡᠮᠰᠦᠭ᠌ᠯᠡᠨ ᠬᠡᠯᠡᠨ᠎ᠡ᠃ ᠡᠳᠦᠷ ᠬᠣᠨᠣᠭ ᠡᠭᠡᠯᠵᠢᠯᠡᠵᠤ᠂ ᠡᠳᠦᠷ ᠰᠥᠨᠢ ᠦᠭᠡᠢ ᠡᠷᠲᠡᠯᠡᠵᠦ᠍ ᠣᠷᠣᠢᠯᠠᠬᠤ ᠳ᠋ᠤ ᠲᠡᠳᠡ ᠠᠯᠢ ᠬᠡᠳᠦᠢᠨ ᠲᠠᠰᠴᠤ᠂ ᠥᠴᠦᠬᠡᠨ ᠴᠦ᠍ ᠭᠣᠮᠣᠳᠠᠯ ᠠᠯᠠᠭ᠎ᠠ᠃ ᠠᠵᠢᠯ ᠤ᠋ᠨ ᠴᠢᠯᠥᠭᠡᠨ᠎ᠳᠡᠭᠡᠨ᠂ ᠴᠢ ᠱ᠌ᠢ ᠯᠢᠶᠠᠨ ᠮᠢᠩᠭᠠᠨ ᠭᠠᠵᠠᠷ ᠤ᠋ᠨ ᠠᠯᠤᠰ᠎ᠲᠠᠬᠢ ᠡᠵᠢ ᠠᠪᠤ᠂ ᠡᠬᠡᠨᠡᠷ ᠬᠡᠦᠬᠡᠳ ᠵᠢᠡᠨ ᠪᠠᠢᠩᠭᠤ ᠰᠠᠨᠠᠭᠠᠯᠵᠠᠵᠤ᠂ ᠡᠳᠦᠷ ᠪᠦᠷᠢ 20 ᠮᠢᠨᠦ᠋ᠲ ᠤ᠋ᠨ ᠸᠢᠳᠢᠣ᠋ ᠶᠠᠷᠢᠯᠴᠠᠭ᠎ᠠ ᠬᠢᠵᠤ᠂ ᠭᠦᠨ ᠵᠤᠵᠠᠭᠠᠨ ᠬᠠᠢᠷ᠎ᠠ ᠰᠡᠳᠭᠢᠯᠭᠡ ᠨᠢ ᠭᠠᠷ ᠤᠲᠠᠰᠤᠨ ᠤ᠋ ᠳᠡᠯᠭᠡᠴᠡ ᠪᠡᠷ ᠳᠠᠮᠵᠢᠨ ᠮᠢᠩᠭᠠᠨ ᠭᠠᠵᠠᠷ ᠤ᠋ᠨ ᠠᠯᠤᠰ ᠢ᠋ ᠳᠤᠭᠤᠯᠤᠨ᠂ ᠥᠭᠡᠷ᠎ᠡ ᠨᠢᠭᠡ ᠵᠦᠶ᠋ᠯ ᠤ᠋ᠨ ᠠᠷᠭ᠎ᠠ ᠬᠡᠯᠪᠡᠷᠢ᠎ᠪᠡᠷ ᠬᠡᠷ ᠤ᠋ᠨ ᠬᠥᠮᠦᠰ᠎ᠲᠡᠶ᠎ᠪᠡᠨ ᠠᠭᠤᠯᠵᠠᠨ᠎ᠠ᠃ 《ᠶᠠᠳᠠᠷᠠᠪᠠᠯ ᠠᠮᠠᠷᠠᠭᠠᠳ ᠠᠪ᠂ 50 ᠭᠠᠷᠤᠭ᠍ᠰᠠᠨ ᠬᠥᠮᠦᠨ ᠴᠢᠨᠢ ᠥᠪᠡᠷ ᠢ᠋᠎ᠪᠡᠨ ᠬᠠᠢᠷᠠᠯᠠᠵᠤ ᠰᠤᠷ ᠳ᠋ᠠ》 ᠭᠡᠵᠤ ᠡᠬᠡᠨᠡᠷ ᠨᠢ ᠦᠷᠭᠦᠯᠵᠢ ᠵᠠᠬᠢᠳᠠᠭ᠃ ᠴᠠᠭᠠᠨ ᠰᠠᠷ᠎ᠠ ᠵᠢᠨ ᠬᠤᠭᠤᠴᠠᠭᠠᠨ ᠳ᠋ᠤ᠂ ᠴᠢ ᠱ᠌ᠢ ᠯᠢᠶᠠᠨ ᠤ᠋ ᠪᠠᠢᠭ᠎ᠠ 3 ᠲᠣᠰᠣ ᠠᠴᠢᠶᠠᠯᠠᠬᠤ ᠠᠩᠭᠢ ᠵᠢᠨ 15 ᠠᠵᠢᠯᠲᠠᠨ ᠪᠦᠬᠦᠳᠡ ᠪᠡᠷ ᠵᠢᠡᠨ ᠠᠵᠢᠯ ᠤ᠋ᠨ ᠪᠠᠢᠷᠢ ᠪᠡᠨ ᠪᠠᠲᠤ ᠰᠠᠬᠢᠪᠠ᠃ ᠲᠡᠳᠡ ᠰᠠᠷ᠎ᠠ ᠪᠦᠷᠢ 80 ᠭᠠᠷᠤᠶ ᠲᠦᠭᠦᠬᠡᠶ ᠴᠢᠯᠠᠭᠤᠨ ᠲᠣᠰᠣ ᠰᠠᠪᠠᠯᠠᠨ ᠵᠥᠭᠡᠭᠡᠪᠦᠷᠢᠯᠡᠵᠦ᠍᠂ ᠰᠠᠯᠬᠢ ᠱᠢᠭᠤᠷᠭᠠᠨ ᠢ᠋ ᠬᠠᠢᠬᠤᠷᠤᠯ ᠥᠬᠡᠶ᠂ ᠡᠨᠧᠷᠭᠢ ᠵᠢᠨ ᠪᠠᠲᠤᠯᠠᠭ᠎ᠠ ᠬᠠᠩᠭᠠᠯᠭ᠎ᠠ ᠵᠢᠨ ᠰᠡᠷᠭᠡᠢᠯᠡᠯᠲᠡ ᠵᠢᠨ ᠱᠤᠭᠤᠮ ᠢ᠋ ᠪᠠᠲᠤ ᠰᠠᠬᠢᠨ᠎ᠠ᠃

10 ᠴᠠᠭ 30 ᠮᠢᠨᠦ᠋ᠲ ᠲᠤ᠌᠂ ᠲᠦᠭᠦᠬᠡᠢ ᠴᠢᠯᠠᠭᠤᠨ ᠲᠤᠰᠤ ᠳᠦᠭᠦᠷᠲᠡᠯ᠎ᠡ ᠠᠴᠢᠭᠰᠠᠨ ᠭᠠᠯᠲᠤ ᠲᠡᠷᠭᠡ ᠬᠦᠷᠴᠢᠭᠢᠨᠡᠨ ᠬᠦᠳᠡᠯᠵᠦ᠂ ᠡᠨᠧᠷᠭᠢ ᠵᠢᠨ ᠬᠠᠩᠭᠠᠯᠭ᠎ᠠ ᠶ᠋ᠢ ᠪᠠᠲᠤᠯᠠᠬᠤ ᠡᠭᠦᠷᠭᠡ ᠶ᠋ᠢ ᠡᠭᠦᠷᠭᠡᠯᠡᠨ ᠠᠯᠤᠰ ᠢ᠋ ᠵᠣᠷᠢᠪᠠ᠃ ᠡᠨᠡ ᠬᠦ᠌ ᠲᠡᠮᠦᠷ ᠵᠠᠮ ᠪᠣᠯ ᠪᠣᠷᠣᠲᠣᠬᠣᠶ ᠵᠢᠨ ᠲᠣᠰᠣ ᠳᠠᠮᠵᠢᠭᠤᠯᠬᠤ 《ᠲᠣᠮᠣ ᠯᠤᠭ᠍ᠰᠢᠭᠤᠨ ᠰᠤᠳᠠᠯ》 ᠮᠥᠨ᠂ ᠨᠠᠩ ᠴᠤ᠌ ᠤᠯᠤᠰ ᠤ᠋ᠨ ᠡᠨᠧᠷᠭᠢ ᠵᠢᠨ ᠠᠮᠤᠷ ᠲᠦᠪᠱᠢᠨ ᠢ᠋ ᠪᠠᠲᠤᠯᠠᠬᠤ 《ᠠᠮᠢᠨ ᠰᠤᠳᠠᠰᠤ》 ᠪᠤᠯᠤᠨ᠎ᠠ᠃

ᠡᠨᠡ ᠵᠢᠯ᠂ ᠪᠠᠶᠠᠨ ᠬᠤᠪᠢᠶᠠᠷᠢ ᠺᠣᠮᠫᠠᠨᠢ ᠵᠢᠨ ᠲᠦᠭᠦᠬᠡᠶ ᠴᠢᠯᠠᠭᠤᠨ ᠲᠣᠰᠣᠨ ᠤ᠋ ᠶᠡᠷᠦᠩᠬᠡᠶ ᠭᠠᠷᠤᠯᠲᠠ 510 ᠲᠦᠮᠡᠨ ᠲᠣᠨ ᠢ᠋ ᠳᠠᠪᠠᠵᠤ᠂ ᠥᠪᠥᠷ ᠮᠣᠩᠭᠣᠯ ᠤ᠋ᠨ ᠪᠠᠷᠠᠭᠤᠨ ᠬᠡᠰᠡᠭ ᠲᠡᠬᠢ ᠠᠩᠬᠠᠳᠠᠭ᠍ᠴᠢ ᠵᠠᠭᠤᠨ ᠲᠦᠮᠡᠨ ᠲᠣᠨ ᠤ᠋ ᠲᠠᠰ ᠤ᠋ᠨ ᠲᠣᠭᠠᠴᠢᠯᠠᠭ᠍ᠰᠠᠨ ᠪᠠᠭ᠎ᠠ ᠨᠡᠭᠦᠷᠡᠰᠦᠲᠥ᠋ᠷᠥᠭ᠌ᠴᠢᠲᠦ ᠴᠢᠯᠠᠭᠤᠨ ᠲᠣᠰᠣᠨ ᠤ᠋ ᠠᠭᠤᠷᠬᠠᠶ ᠶ᠋ᠢ ᠪᠠᠢᠭᠤᠯᠪᠠ᠃ ᠪᠠᠶᠠᠨ ᠪᠣᠯᠤᠨ ᠵᠢᠷᠠᠲᠠᠢ ᠴᠢᠯᠠᠭᠤᠨ ᠲᠤᠰᠤᠨ ᠤ᠋ ᠠᠭᠤᠷᠬᠠᠢ ᠵᠢᠨ ᠲᠦᠭᠦᠬᠡᠢ ᠴᠢᠯᠠᠭᠤᠨ ᠲᠤᠰᠤ ᠶ᠋ᠢ ᠭᠠᠳᠠᠭ᠍ᠰᠢ ᠪᠣᠷᠣᠯᠠᠭᠤᠯᠬᠤ ᠴᠢᠬᠤᠯᠠ ᠪᠣᠭᠣᠮᠲᠠ ᠪᠣᠯᠤᠭ᠍ᠰᠠᠨ ᠤ᠋ ᠬᠤᠪᠢ ᠳ᠋ᠤ᠂ ᠵᠢᠯ ᠤ᠋ᠨ ᠵᠥᠭᠡᠭᠡᠪᠦᠷᠢᠯᠡᠬᠦ᠌ ᠴᠢᠳᠠᠪᠤᠷᠢ 200 ᠲᠦᠮᠡᠨ ᠲᠣᠨ ᠳ᠋ᠤ ᠬᠦᠷᠦᠭ᠌ᠰᠡᠨ ᠡᠨᠡ ᠬᠦ᠌ ᠳᠠᠮᠵᠢᠭᠤᠯᠬᠤ ᠦᠷᠳᠡᠭᠡ ᠨᠢ ᠶᠠᠭ ᠡᠨᠧᠷᠭᠢ ᠬᠠᠩᠭᠠᠬᠤ ᠱᠢᠰᠲᠸᠮ ᠤ᠋ᠨ 《ᠵᠢᠷᠦᠬᠡ》 ᠮᠡᠲᠦ᠍ ᠪᠠᠢᠳᠠᠭ᠃ ᠴᠢᠯᠠᠭᠤᠨ ᠲᠣᠰᠣᠨ ᠤ᠋ ᠠᠵᠢᠯᠲᠠᠳ ᠴᠠᠭᠠᠨ ᠰᠠᠷ᠎ᠠ ᠎ᠳᠦ ᠠᠵᠢᠯ ᠤ᠋ᠨ ᠪᠠᠢᠷᠢ ᠪᠡᠨ ᠪᠠᠲᠤ ᠰᠠᠬᠢᠵᠤ᠂ ᠡᠨᠧᠷᠭᠢ ᠵᠢᠨ ᠬᠠᠩᠭᠠᠯᠭ᠎ᠠ ᠶ᠋ᠢ ᠪᠠᠲᠤᠯᠠᠬᠤ ᠣᠷᠳᠣ ᠠᠶᠠᠨ ᠵᠠᠮ ᠢ᠋ ᠭᠡᠷᠡᠯᠲᠦᠭᠦᠯᠪᠡ᠂ ᠲᠠᠳᠠ ᠢᠳᠡᠷᠡᠭᠦᠨ ᠠᠯᠬᠤᠭ᠎ᠠ ᠪᠡᠷ ᠬᠠᠬᠢᠷ ᠬᠦᠶ᠋ᠲᠡᠨ ᠢ᠋ ᠲᠤᠭᠤᠯᠵᠤ᠂ ᠪᠠᠲᠤ ᠰᠠᠬᠢᠶ᠎ᠠ ᠪᠡᠷ ᠣᠨ ᠰᠠᠷ᠎ᠠ ᠶ᠋ᠢ ᠳᠤᠯᠠᠭᠠᠴᠠᠭᠤᠯᠵᠤ᠂ ᠡᠬᠡᠯ ᠵᠢᠷ ᠤ᠋ᠨ ᠠᠵᠢᠯ ᠤ᠋ᠨ ᠪᠠᠢᠷᠢ ᠳᠡᠭᠡᠷ᠎ᠡ᠎ᠪᠡᠨ 《ᠪᠢ ᠡᠬᠡ ᠤᠯᠤᠰ᠎ᠲᠠᠭᠠᠨ ᠴᠢᠯᠠᠭᠤᠨ ᠲᠣᠰᠣ ᠨᠡᠮᠡᠷᠢᠯᠡᠨ᠎ᠡ》 ᠭᠡᠬᠦ᠌ ᠲᠠᠩᠭᠠᠷᠢᠭ ᠵᠢᠡᠨ ᠪᠢᠴᠢᠭᠯᠡᠵᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号