ᠡᠩᠬᠡ ᠲᠠᠢᠪᠤᠩ ᠬᠥᠭ᠌ᠵᠢᠯᠲᠡ᠎ᠶ᠋ᠢ ᠬᠠᠮᠲᠤ᠎ᠪᠠᠷ ᠠᠬᠢᠭᠤᠯᠵᠤ ᠰᠠᠢ᠌ᠨ ᠰᠠᠢᠬᠠᠨ ᠢᠷᠡᠭᠡᠳᠦᠢ᠎ᠶ᠋ᠢ ᠬᠠᠮᠲᠤ᠎ᠪᠠᠷ ᠴᠣᠭ᠍ᠴᠠᠯᠠᠨ᠎ᠠ
2025-09-06 11:12:50
ᠵᠣᠬᠢᠶᠠᠭ᠍ᠴᠢ᠄
ᠵᠠᠩ ᠸᠧᠶ ᠳ᠋ᠦ᠋ ᠵᠢᠤᠸᠠᠨ ᠸᠠᠩ ᠶᠠ ᠨᠠᠨ
ᠣᠩᠱᠢᠭ᠍ᠰᠠᠨ ᠣᠳᠠᠭ᠎ᠠ᠄
★★★☆☆

— ᠲᠡᠷᠢᠭᠦᠯᠡᠭ᠌ᠴᠢ ᠰᠢ ᠵᠢᠨ ᠫᠢᠩ᠎ᠦᠨ ᠴᠢᠬᠤᠯᠠ ᠶᠠᠷᠢᠶ᠎ᠠ ᠨᠢ ᠬᠥᠮᠦᠨ ᠲᠥᠷᠥᠯᠬᠢᠲᠡᠨ᠎ᠦ ᠡᠩᠬᠡ ᠲᠠᠢᠪᠤᠩ ᠬᠥᠭ᠌ᠵᠢᠯᠲᠡ᠎ᠶ᠋ᠢᠨ ᠦᠢᠯᠡᠰ᠎ᠢ ᠠᠬᠢᠭᠤᠯᠬᠤ᠎ᠳᠤ ᠥᠷᠭᠡᠨ ᠳᠡᠯᠭᠡᠷ ᠬᠠᠮᠲᠤ᠎ᠶ᠋ᠢᠨ ᠲᠠᠨᠢᠯᠲᠠ᠎ᠶ᠋ᠢ ᠨᠢᠭ᠍ᠲᠠᠷᠠᠭᠤᠯᠵᠤ ᠬᠦᠴᠦᠷᠬᠡᠭ ᠶᠡᠬᠡ ᠬᠥᠳᠡᠯᠭᠡᠬᠦ᠌ ᠬᠦᠴᠦᠨ ᠨᠡᠮᠡᠷᠢᠯᠡᠪᠡ


9 ᠰᠠᠷ᠎ᠠ᠎ᠶ᠋ᠢᠨ 3 ᠤ᠋ ᠡᠳᠦᠷ᠂ ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠲᠠᠢ᠌ᠨ ᠵᠢᠴᠢ ᠳᠡᠯᠡᠬᠡᠢ᠎ᠶ᠋ᠢᠨ ᠹᠠᠱ᠌ᠢᠰ᠎ᠢ ᠡᠰᠡᠷᠭᠦᠴᠡᠬᠦ᠌ ᠲᠠᠢ᠌ᠨ ᠢᠯᠠᠯᠲᠠ ᠣᠯᠤᠭ᠍ᠰᠠᠨ 80 ᠵᠢᠯ᠎ᠦᠨ ᠤᠢ᠎ᠶ᠋ᠢ ᠳᠤᠷᠠᠰᠭᠠᠬᠤ ᠶᠡᠬᠡ ᠬᠤᠷᠠᠯ ᠪᠡᠭᠡᠵᠢᠩ᠎ᠦᠨ ᠲᠢᠶᠠᠨ ᠠᠨ ᠮᠸᠨ ᠲᠠᠯᠠᠪᠠᠢ᠎ᠳᠤ ᠦᠪᠡᠳᠡᠭ᠌ᠰᠢ ᠶᠡᠬᠡ᠎ᠪᠡᠷ ᠶᠠᠪᠤᠭ᠍ᠳᠠᠵᠤ᠂ ᠲᠡᠷᠢᠭᠦᠯᠡᠭ᠌ᠴᠢ ᠰᠢ ᠵᠢᠨ ᠫᠢᠩ ᠴᠢᠬᠤᠯᠠ ᠶᠠᠷᠢᠶ᠎ᠠ ᠲᠠᠯᠪᠢᠪᠠ᠃

ᠭᠠᠳᠠᠭᠠᠳᠤ ᠵᠢᠨ ᠤᠯᠠᠨ ᠤᠯᠤᠰ ᠤ᠋ᠳ ᠤ᠋ᠨ ᠲᠦᠷᠦ᠍᠎ᠶ᠋ᠢᠨ ᠨᠠᠮ ᠤᠯᠤᠰ ᠲᠦᠷᠦ ᠵᠢᠨ ᠡᠳᠡᠭᠡᠳ ᠤ᠋ᠨ ᠴᠢᠬᠤᠯᠠ ᠬᠥᠮᠦᠰ᠂ ᠲᠤᠰᠭᠠᠢ ᠮᠡᠷᠭᠡᠵᠢᠯᠲᠡᠨ ᠡᠷᠳᠡᠮᠲᠡᠨ ᠪᠣᠯᠤᠨ ᠭᠠᠳᠠᠭᠠᠳᠤ᠎ᠳᠤ ᠰᠠᠭᠤᠭ᠎ᠠ ᠳᠤᠮᠳᠠᠳᠤ᠎ᠶ᠋ᠢᠨ ᠬᠠᠷᠢᠶᠠᠲᠤ ᠪᠠ ᠲᠤᠮᠳᠠᠳᠤᠴᠤᠳ᠂ ᠲᠡᠷᠢᠭᠦᠯᠡᠭ᠌ᠴᠢ ᠰᠢ ᠵᠢᠨ ᠫᠢᠩ ᠶᠠᠷᠢᠶᠠᠨ᠎ᠳᠠᠭᠠᠨ ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠲᠠᠢ᠌ᠨ᠎ᠦ ᠪᠡᠷᠬᠡ ᠬᠠᠲᠠᠭᠤᠵᠢᠯᠲᠠᠢ ᠲᠡᠦᠬᠡ᠎ᠶ᠋ᠢ ᠡᠷᠭᠢᠴᠡᠭᠦᠯᠵᠦ᠍᠂ ᠳᠤᠮᠳᠠᠳᠤ ᠤᠯᠤᠰ᠎ᠤᠨ ᠶᠠᠫᠣᠨ᠎ᠢ ᠡᠰᠡᠷᠭᠦᠴᠡᠬᠦ᠌ ᠲᠠᠢ᠌ᠨ ᠨᠢ ᠬᠥᠮᠦᠨ ᠲᠥᠷᠥᠯᠬᠢᠲᠡᠨ᠎ᠦ ᠪᠣᠯᠪᠠᠰᠤᠨ᠎ᠢ ᠠᠪᠤᠷᠠᠬᠤ᠂ ᠳᠡᠯᠡᠬᠡᠢ᠎ᠶ᠋ᠢᠨ ᠡᠩᠬᠡ ᠲᠠᠢᠪᠤᠩ᠎ᠢ ᠬᠠᠮᠠᠭᠠᠯᠠᠬᠤ᠎ᠳᠤ ᠴᠢᠬᠤᠯᠠ ᠶᠡᠬᠡ ᠬᠤᠪᠢ ᠨᠡᠮᠡᠷᠢ ᠦᠵᠡᠭᠦᠯᠦᠭᠰᠡᠨ᠎ᠢ ᠲᠤᠳᠤᠷᠬᠠᠢ ᠵᠢᠭᠠᠵᠤ ᠭᠠᠷᠭᠠᠬᠰᠠᠨ ᠪᠠ ᠳᠤᠮᠳᠠᠳᠤ ᠤᠯᠤᠰ ᠡᠩᠬᠡ ᠲᠠᠢᠪᠤᠩ ᠬᠥᠭ᠌ᠵᠢᠯᠲᠡ᠎ᠶ᠋ᠢᠨ ᠵᠠᠮ᠎ᠢᠶᠠᠷ ᠵᠠᠮᠨᠠᠬᠤ᠎ᠶ᠋ᠢ ᠪᠠᠷᠢᠮᠲᠠᠯᠠᠵᠤ᠂ ᠡᠯ᠎ᠡ ᠤᠯᠤᠰ᠎ᠤᠨ ᠠᠷᠠᠳ ᠲᠦᠮᠡᠨ᠎ᠲᠡᠶ ᠭᠠᠷ ᠬᠣᠯᠪᠣᠨ ᠬᠥᠮᠦᠨ ᠲᠥᠷᠥᠯᠬᠢᠲᠡᠨ᠎ᠦ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ᠎ᠶ᠋ᠢ ᠪᠠᠢᠭᠤᠯᠬᠤ ᠡᠷᠡᠰ ᠪᠠᠲᠤ ᠵᠣᠷᠢᠭ᠎ᠢ ᠢᠯᠡᠷᠬᠡᠢᠯᠡᠭ᠌ᠰᠡᠨ ᠪᠠᠢᠨ᠎ᠠ᠃ ᠲᠡᠷᠢᠭᠦᠯᠡᠭ᠌ᠴᠢ ᠰᠢ ᠵᠢᠨ ᠫᠢᠩ᠎ᠦᠨ ᠶᠠᠷᠢᠶ᠎ᠠ ᠨᠢ ᠬᠥᠮᠦᠨ ᠲᠥᠷᠥᠯᠬᠢᠲᠡᠨ᠎ᠦ ᠢᠷᠡᠭᠡᠳᠦᠢ ᠬᠤᠪᠢ ᠵᠠᠶᠠᠭ᠎ᠠ᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ ᠬᠠᠷᠢᠭᠤᠴᠠᠯᠭ᠎ᠠ᠎ᠲᠠᠶ ᠲᠤᠮᠤ ᠤᠯᠤᠰ᠎ᠤᠨ ᠡᠩᠬᠡ ᠲᠠᠢᠪᠤᠩ ᠬᠥᠭ᠌ᠵᠢᠯᠲᠡ᠎ᠶ᠋ᠢᠨ ᠠᠰᠠᠭᠤᠳᠠᠯ᠎ᠤᠨ ᠲᠤᠬᠠᠢ ᠭᠦᠨᠵᠡᠭᠡᠢ ᠪᠣᠳᠣᠯᠬᠢᠯᠠᠯ᠎ᠢ ᠢᠯᠡᠷᠡᠭᠦᠯᠪᠡ᠃ ᠡᠯ᠎ᠡ ᠤᠯᠤᠰ ᠲᠡᠦᠬᠡ᠎ᠪᠡᠷ ᠲᠤᠯᠢ ᠪᠣᠯᠭᠠᠵᠤ᠂ ᠡᠩᠬᠡ ᠲᠠᠢᠪᠤᠩ ᠬᠥᠭ᠌ᠵᠢᠯᠲᠡ᠎ᠶ᠋ᠢ ᠬᠠᠮᠲᠤ᠎ᠪᠠᠷ ᠠᠬᠢᠭᠤᠯᠵᠤ᠂ ᠬᠥᠮᠦᠨ ᠲᠥᠷᠥᠯᠬᠢᠲᠡᠨ᠎ᠦ ᠨᠡᠩ ᠰᠠᠢ᠌ᠨ ᠰᠠᠢᠬᠠᠨ ᠢᠷᠡᠭᠡᠳᠦᠢ᠎ᠶ᠋ᠢ ᠬᠠᠮᠲᠤ᠎ᠪᠠᠷ ᠴᠣᠭ᠍ᠴᠠᠯᠠᠪᠠᠯ ᠵᠤᠬᠢᠨ᠎ᠠ ᠭᠡᠵᠤ ᠢᠯᠡᠳᠭᠡᠵᠡᠭᠡᠪᠡ᠃

《ᠠᠷᠢᠭᠤᠨ ᠴᠢᠰᠤ ᠪᠠ ᠲᠡᠮᠡᠴᠡᠯ᠎ᠢᠶᠡᠷ ᠰᠣᠯᠢᠵᠤ ᠠᠪᠴᠢᠷᠠᠭ᠍ᠰᠠᠨ ᠡᠩᠬᠡ ᠲᠠᠢᠪᠤᠩ ᠢ᠋ ᠨᠠᠨᠳᠢᠩᠨᠠᠬᠤ ᠬᠡᠷᠡᠭᠳᠠᠢ》

《ᠲᠡᠷᠢᠭᠦᠯᠡᠭ᠌ᠴᠢ ᠰᠢ ᠵᠢᠨ ᠫᠢᠩ ᠬᠥᠮᠦᠨ ᠲᠥᠷᠥᠯᠬᠢᠲᠡᠨ᠎ᠦ ᠨᠡᠢᠭᠡᠮ᠎ᠦᠨ ᠬᠥᠭ᠌ᠵᠢᠯᠲᠡ᠎ᠶ᠋ᠢᠨ ᠦᠨᠳᠦᠷᠴᠡ ᠡᠴᠡ᠂ ᠴᠢᠬᠤᠯᠠ ᠲᠡᠦᠬᠡ᠎ᠶ᠋ᠢᠨ ᠵᠠᠩᠭᠢᠯᠠᠭ᠎ᠠ᠎ᠶ᠋ᠢᠨ ᠴᠠᠭ ᠦᠶ᠎ᠠ ᠳ᠋ᠤ ᠴᠢᠬᠤᠯᠠ ᠶᠠᠷᠢᠶ᠎ᠠ ᠲᠠᠯᠪᠢᠵᠤ᠂ ᠬᠥᠮᠦᠰ᠎ᠢ ᠲᠡᠦᠬᠡ᠎ᠵᠢ ᠪᠠᠲᠤ ᠴᠡᠭᠡᠵᠢᠯᠡᠵᠦ᠍᠂ ᠡᠩᠬᠡ ᠲᠠᠢᠪᠤᠩ᠎ᠢ ᠨᠠᠨᠳᠢᠩᠨᠠᠬᠤ᠎ᠶ᠋ᠢ ᠤᠷᠢᠶᠠᠯᠠᠪᠠ᠂ ᠡᠨᠡ ᠨᠢ ᠣᠳᠣᠬᠠᠨ᠎ᠤ ᠡᠭᠡᠳᠡᠷᠡᠭᠡᠨ ᠪᠤᠳᠤᠯᠢᠶᠠᠨᠲᠠᠢ ᠳᠡᠯᠡᠬᠡᠢ᠎ᠶ᠋ᠢᠨ ᠪᠠᠢᠳᠠᠯ ᠳᠣᠣᠷ᠎ᠠ ᠴᠢᠬᠤᠯᠠ ᠪᠣᠳᠠᠲᠤ ᠠᠴᠢ ᠬᠣᠯᠪᠣᠭ᠍ᠳᠠᠯ᠎ᠲᠠᠶ ᠶᠤᠮ》᠃ ᠲᠤᠬᠠᠶ᠎ᠶ᠋ᠢᠨ ᠭᠠᠵᠠᠷ᠎ᠤᠨ ᠴᠠᠭ᠎ᠢᠶᠠᠷ 3 ᠤ᠋ ᠥᠷᠯᠥᠭᠡ᠂ ᠺᠠᠽᠠᠭ᠍ᠰᠲ᠋ᠠᠨ᠎ᠤ ᠠᠷᠠᠳ᠎ᠤᠨ ᠨᠠᠮ᠎ᠤᠨ ᠲᠡᠷᠢᠭᠦᠯᠡᠭ᠌ᠴᠢ ᠶᠸᠷᠲᠰᠪᠠᠶᠸᠹ ᠰᠦᠯᠵᠢᠶ᠎ᠡ᠎ᠪᠡᠷ ᠳᠤᠷᠠᠰᠭᠠᠬᠤ ᠶᠡᠬᠡ ᠬᠤᠷᠠᠯ᠎ᠤᠨ ᠱᠢᠭᠤᠳ ᠨᠡᠪᠲᠡᠷᠡᠭᠦᠯᠭᠡ᠎ᠶ᠋ᠢ ᠦᠵᠡᠪᠡ᠃ ᠲᠡᠷᠡ᠂ ᠲᠡᠦᠬᠡ ᠵᠢ ᠪᠠᠲᠤ ᠴᠡᠭᠡᠵᠢᠯᠡᠵᠦ᠍᠂ ᠳᠡᠯᠡᠬᠡᠶ᠎ᠶ᠋ᠢᠨ ᠬᠣᠶᠠᠳᠤᠭᠠᠷ ᠲᠡᠢᠨ᠎ᠦ ᠢᠯᠠᠯᠲᠠ᠎ᠶ᠋ᠢᠨ ᠦᠷ᠎ᠡ ᠪᠦᠲᠦᠭᠡᠯ᠎ᠢ ᠬᠠᠮᠠᠭᠠᠯᠠᠬᠤ᠎ᠨᠢ ᠳᠡᠯᠡᠬᠡᠶ᠎ᠶ᠋ᠢᠨ ᠡᠩᠬᠡ ᠲᠠᠢᠪᠤᠩ ᠬᠥᠭ᠌ᠵᠢᠯᠲᠡ᠎ᠳᠦ ᠠᠯᠤᠰ ᠬᠡᠲᠦ᠍᠎ᠶ᠋ᠢᠨ ᠨᠥᠯᠥᠭᠡ᠎ᠲᠡᠶ ᠶᠤᠮ ᠭᠡᠪᠡ᠃

《ᠲᠡᠷᠢᠭᠦᠯᠡᠭ᠌ᠴᠢ ᠰᠢ ᠵᠢᠨ ᠫᠢᠩ᠎ᠦᠨ ᠶᠠᠷᠢᠶ᠎ᠠ ᠨᠢ ᠳᠤᠮᠳᠠᠳᠤ᠎ᠤᠯᠤᠰ ᠤ᠋ᠨ ᠶᠠᠫᠣᠨ᠎ᠢ ᠡᠰᠡᠷᠭᠦᠴᠡᠬᠦ᠌ ᠲᠠᠢ᠌ᠨ᠎ᠦ ᠲᠡᠦᠬᠡ ᠵᠢ ᠪᠠᠳᠤ ᠴᠡᠭᠡᠵᠢᠯᠡᠵᠤ ᠪᠠᠢᠬᠤ ᠵᠢ ᠢᠯᠡᠷᠡᠭᠦᠯᠦᠭ᠌ᠰᠡᠨ᠎ᠢᠶᠡᠷ ᠪᠠᠷᠠᠬᠤ ᠦᠭᠡᠢ᠂ ᠪᠠᠰᠠ ᠲᠤᠮᠤ ᠤᠯᠤᠰ᠎ᠤᠨ ᠤᠳᠤᠷᠢᠳᠭᠤ ᠬᠥᠮᠦᠨ᠎ᠦ ᠬᠥᠮᠦᠨ ᠲᠥᠷᠥᠯᠬᠢᠲᠡᠨ᠎ᠦ ᠡᠩᠬᠡ ᠲᠠᠢᠪᠤᠩ ᠬᠥᠭ᠌ᠵᠢᠯᠲᠡ ᠵᠢ ᠡᠷᠢᠯᠬᠢᠯᠡᠬᠦ ᠬᠤᠯᠠ ᠵᠢᠨ ᠬᠠᠷᠠᠴᠠ ᠪᠣᠯᠤᠨ ᠳᠡᠯᠡᠬᠡᠢ ᠳ᠋ᠠᠬᠢᠨ ᠢ᠋ ᠪᠠᠭᠳᠠᠭᠠᠬᠤ ᠠᠭᠤᠳᠠᠮᠴᠢ ᠰᠡᠳᠭᠢᠯᠭᠡ᠎ᠶ᠋ᠢ ᠢᠯᠡᠷᠡᠭᠦᠯᠪᠡ》᠃ ᠲᠠᠢ ᠤᠯᠤᠰ᠎ᠤᠨ ᠠᠽᠢᠶ᠎ᠠ ᠲᠢᠪ ᠨᠣᠮᠣᠬᠠᠨ ᠲᠡᠯᠡᠶ᠎ᠶ᠋ᠢᠨ ᠣᠷᠣᠨ᠎ᠤ ᠣᠶᠤᠨ᠎ᠤ ᠬᠥᠮᠥᠷᠭᠡ᠎ᠶ᠋ᠢᠨ ᠡᠷᠬᠢᠯᠡᠭ᠌ᠴᠢ ᠸᠢᠯᠦ᠋ᠨ· ᠫᠢᠴᠠᠸᠸᠩᠫᠠᠳᠢ 《ᠳᠤᠮᠳᠠᠳᠤ ᠤᠯᠤᠰ ᠳᠡᠯᠡᠬᠡᠶ᠎ᠶ᠋ᠢᠨ ᠹᠠᠱ᠌ᠢᠰ᠎ᠢ ᠡᠰᠡᠷᠭᠦᠴᠡᠬᠦ᠌ ᠲᠡᠢᠨ᠎ᠢᠯᠠᠯᠲᠠ ᠤᠯᠬᠤ᠎ᠳᠤ ᠯᠤᠲᠤ ᠶᠡᠬᠡ ᠬᠤᠪᠢ ᠨᠡᠮᠡᠷᠢ ᠦᠵᠡᠭᠦᠯᠪᠡ》 ᠭᠡᠵᠠᠢ᠃

《ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ ᠳᠠᠢᠨ᠎ᠦ ᠠᠭᠤᠤ ᠶᠡᠬᠡ ᠢᠯᠠᠯᠲᠠ ᠨᠢ ᠤᠯᠤᠰ ᠤ᠋ᠨ ᠲᠤᠰᠠᠭᠠᠷ ᠲᠣᠭ᠍ᠲᠠᠨᠢᠯ ᠪᠠ ᠦᠨᠳᠦᠰᠦᠲᠡᠨ᠎ᠦ ᠨᠡᠷ᠎ᠡ ᠬᠦᠨᠳᠦ᠍᠎ᠶ᠋ᠢ ᠬᠠᠮᠠᠭᠠᠯᠠᠭ᠍ᠰᠠᠨ᠎ᠢᠶᠠᠷ ᠪᠠᠷᠠᠬᠤ ᠦᠭᠡᠶ ᠪᠠᠰᠠ ᠳᠤᠮᠳᠠᠳᠤ᠎ᠶ᠋ᠢᠨ ᠦᠨᠳᠦᠰᠦᠲᠡᠨ᠎ᠢ ᠳᠡᠯᠡᠬᠡᠶ᠎ᠶ᠋ᠢᠨ ᠦᠨᠳᠦᠰᠦᠲᠡᠨ᠎ᠦ ᠡᠩᠨᠡᠭᠡᠨ᠎ᠳᠦ ᠰᠡᠬᠦᠢᠨ ᠰᠦᠨᠳᠡᠷᠯᠡᠭᠦᠯᠦᠭ᠌ᠰᠡᠨ ᠪᠠᠢᠨ᠎ᠠ》᠃ ᠮᠠᠯᠠᠢᠱᠢᠶ᠎ᠠ᠎ᠶ᠋ᠢᠨ ᠳᠤᠮᠳᠠᠳᠤ ᠤᠯᠤᠰ᠎ᠤᠨ ᠣᠯᠠᠨ ᠨᠡᠢᠲᠡ᠎ᠶ᠋ᠢᠨ ᠬᠠᠷᠢᠯᠴᠠᠭᠠᠨ᠎ᠤ ᠨᠡᠢᠭᠡᠮᠯᠢᠭ᠎ᠦᠨ ᠳᠡᠳ᠋ ᠳᠠᠷᠤᠭ᠎ᠠ ᠶᠠᠨ ᠲᠢᠶᠠᠨ ᠯᠦ᠍ ᠳᠤᠷᠠᠰᠭᠠᠬᠤ ᠶᠡᠬᠡ ᠬᠤᠷᠠᠯ᠎ᠤᠨ ᠲᠤᠬᠠᠶ᠎ᠶ᠋ᠢᠨ ᠲᠠᠯᠠᠪᠠᠶ᠎ᠳᠤ ᠲᠡᠷᠢᠭᠦᠯᠡᠭ᠌ᠴᠢ ᠰᠢ ᠵᠢᠨ ᠫᠢᠩ᠎ᠦᠨ ᠶᠠᠷᠢᠶ᠎ᠠ᠎ᠶ᠋ᠢ ᠰᠣᠨᠣᠰᠤᠭ᠍ᠰᠠᠨ᠎ᠤ ᠳᠠᠷᠠᠭ᠎ᠠ᠄ 《ᠭᠠᠳᠠᠭᠠᠳᠤ᠎ᠳᠤ ᠰᠠᠭᠤᠭ᠎ᠠ ᠳᠤᠮᠳᠠᠳᠤ᠎ᠶ᠋ᠢᠨ ᠬᠠᠷᠢᠶᠠᠲᠤ ᠪᠠ ᠲᠤᠮᠳᠠᠳᠤᠴᠤᠳ ᠪᠣᠯᠤᠭ᠍ᠰᠠᠨ᠎ᠤ ᠬᠤᠪᠢ᠎ᠳᠤ᠂ ᠪᠢᠳᠡ ᠵᠠᠪᠠᠯ ᠲᠡᠦᠬᠡ ᠵᠢ ᠪᠠᠲᠤ ᠴᠡᠭᠡᠵᠢᠯᠡᠵᠦ᠍᠂ ᠤᠷᠢᠳᠤᠰ᠎ᠤᠨ ᠠᠷᠢᠭᠤᠨ ᠴᠢᠰᠤ ᠪᠠ ᠲᠡᠮᠡᠴᠡᠯ᠎ᠢᠶᠡᠷ ᠵᠢᠡᠨ ᠰᠣᠯᠢᠵᠤ ᠠᠪᠴᠢᠷᠠᠭ᠍ᠰᠠᠨ ᠡᠩᠬᠡ ᠲᠠᠢᠪᠤᠩ᠎ᠢ ᠨᠠᠨᠳᠢᠩᠨᠠᠬᠤ ᠬᠡᠷᠡᠭ᠌ᠲᠡᠶ ᠭᠡᠳᠡᠭ᠎ᠢ ᠭᠦᠨᠵᠡᠭᠡᠶ ᠣᠢᠯᠠᠭᠠᠵᠠᠢ》 ᠭᠡᠪᠡ᠃

《ᠲᠡᠦᠬᠡᠨ ᠰᠤᠷᠭᠠᠮᠵᠢ᠎ᠶ᠋ᠢ ᠡᠭᠦᠷᠢᠳᠡ ᠮᠠᠷᠲᠠᠵᠤ ᠪᠤᠯᠬᠤ ᠦᠬᠡᠢ》

ᠲᠡᠷᠢᠭᠦᠯᠡᠭ᠌ᠴᠢ ᠰᠢ ᠵᠢᠨ ᠫᠢᠩ ᠶᠠᠷᠢᠶᠠᠨ᠎ᠳᠠᠭᠠᠨ᠂ ᠬᠥᠮᠦᠨ ᠲᠥᠷᠥᠯᠬᠢᠲᠡᠨ ᠬᠤᠪᠢ ᠵᠠᠶᠠᠭ᠎ᠠ ᠵᠢᠷᠭᠠᠯ ᠵᠣᠪᠠᠯᠠᠩ ᠵᠢᠡᠨ ᠬᠠᠮᠳᠤᠳᠬᠠᠬᠤ ᠶᠤᠰᠤᠳᠠᠢ᠂ ᠡᠯ᠎ᠡ ᠤᠯᠤᠰ᠂ ᠡᠯ᠎ᠡ ᠦᠨᠳᠦᠰᠦᠲᠡᠨ ᠭᠠᠭ᠍ᠴᠠ ᠬᠦ᠌ ᠡᠷᠬᠡ ᠲᠡᠭ᠌ᠰᠢ᠎ᠪᠡᠷ ᠬᠠᠨᠳᠤᠯᠴᠠᠵᠤ᠂ ᠡᠶ᠎ᠡ ᠨᠠᠢᠷᠲᠠᠢ᠎ᠪᠠᠷ ᠬᠠᠮᠲᠤ ᠣᠷᠣᠱᠢᠵᠤ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠪᠠᠯ ᠰᠠᠶᠢ ᠬᠠᠮᠲᠤ᠎ᠶ᠋ᠢᠨ ᠠᠮᠤᠷ ᠲᠦᠪᠱᠢᠨ᠎ᠢ ᠬᠠᠮᠠᠭᠠᠯᠠᠵᠤ᠂ ᠲᠠᠢ᠌ᠨ᠎ᠦ ᠦᠨᠳᠦᠰᠦ᠎ᠶ᠋ᠢ ᠠᠷᠢᠯᠭᠠᠵᠤ᠂ ᠲᠡᠦᠬᠡ᠎ᠶ᠋ᠢᠨ ᠭᠤᠨᠢᠭ᠍ᠲᠤ ᠵᠦᠴᠦᠭᠡ᠎ᠶ᠋ᠢ ᠲᠠᠬᠢᠨ ᠲᠣᠭ᠍ᠯᠠᠬᠤ ᠦᠭᠡᠢ ᠪᠠᠢᠵᠤ ᠴᠢᠳᠠᠨ᠎ᠠ ᠭᠡᠳᠡᠭ᠎ᠢ ᠲᠡᠦᠬᠡ ᠪᠢᠳᠡᠨ᠎ᠳᠤ ᠰᠡᠷᠡᠮᠵᠢᠯᠡᠭᠦᠯᠵᠠᠢ! ᠬᠡᠵᠤ ᠵᠢᠭᠠᠵᠤ ᠭᠠᠷᠭᠠᠪᠠ᠃

ᠭᠠᠳᠠᠭᠠᠳᠤ ᠵᠢᠨ ᠨᠦᠬᠦᠷᠰᠡᠭ ᠬᠦᠮᠦᠨ ᠶᠤᠬᠠᠨ·ᠯᠠᠪᠸᠢ ᠨᠠᠨᠵᠢᠩ᠎ᠤᠨ ᠶᠡᠬᠡ ᠬᠢᠳᠤᠯᠭ᠎ᠠ᠎ᠳᠤ ᠳᠤᠮᠳᠠᠳᠤ ᠤᠯᠤᠰ᠎ᠤᠨ ᠶᠡᠬᠡ ᠬᠡᠮᠵᠢᠶᠠᠨ ᠤ᠋ ᠣᠯᠠᠨ ᠲᠦᠮᠡᠨ᠎ᠢ ᠬᠠᠮᠠᠭᠠᠯᠠᠭ᠍ᠰᠠᠨ ᠪᠥᠭᠡᠳ ᠶᠠᠫᠣᠨ᠎ᠤ ᠲᠦᠷᠢᠮᠡᠬᠡᠢᠯᠡᠭ᠌ᠴᠢᠳ᠎ᠦᠨ ᠬᠠᠷᠭᠢᠰ ᠬᠡᠷᠴᠡᠭᠡᠶ ᠠᠵᠢᠯᠯᠠᠭ᠎ᠠ᠎ᠶ᠋ᠢ ᠲᠡᠮᠳᠡᠭ᠌ᠯᠡᠵᠡᠶ᠃ ᠲᠡᠭᠦᠨ᠎ᠦ ᠵᠢᠭᠡ ᠣᠮᠪᠣᠯᠣ ᠵᠢᠨ ᠬᠡᠤᠬᠡᠳ ᠺᠸᠯᠢᠰᠲ᠋ᠦ᠋ᠸᠸᠹ ·ᠯᠠᠢᠶᠢᠨᠬᠠᠲ᠂ ᠲᠡᠷᠢᠭᠦᠯᠡᠭ᠌ᠴᠢ ᠰᠢ ᠵᠢᠨ ᠫᠢᠩ᠎ᠦᠨ ᠶᠠᠷᠢᠶ᠎ᠠ ᠨᠢ ᠳᠤᠮᠳᠠᠳᠤ ᠤᠯᠤᠰ᠎ᠲᠡᠦᠬᠡ᠎ᠶ᠋ᠢᠨ ᠳᠤᠷᠠᠰᠤᠮᠵᠢ᠎ᠶ᠋ᠢ ᠪᠡᠳᠦ ᠴᠡᠭᠡᠵᠢᠯᠡᠵᠤ᠂ ᠳᠡᠯᠡᠬᠡᠢ᠎ᠶ᠋ᠢᠨ ᠡᠩᠬᠡ ᠲᠠᠢᠪᠤᠩ ᠬᠥᠭ᠌ᠵᠢᠯᠲᠡ᠎ᠶ᠋ᠢ ᠠᠬᠢᠭᠤᠯᠬᠤ ᠡᠷᠡᠰ ᠵᠣᠷᠢᠭ᠎ᠢ ᠭᠦᠢᠴᠡᠳ ᠢᠯᠡᠷᠡᠭᠦᠯᠪᠡ᠃ ᠳᠤᠮᠳᠠᠳᠤ ᠤᠯᠤᠰ ᠳᠤᠷᠠᠰᠭᠠᠬᠤ ᠶᠡᠬᠡ ᠬᠤᠷᠠᠯ ᠬᠤᠷᠠᠯᠳᠤᠭᠤᠯᠤᠭᠰᠠᠨ ᠨᠢ ᠪᠡᠶ᠎ᠡ ᠦᠷᠡᠭ᠌ᠳᠡᠭ᠌ᠰᠡᠳ᠎ᠢ ᠳᠤᠷᠠᠰᠤᠨ ᠰᠠᠨᠠᠭᠠᠯᠵᠠᠭ᠍ᠰᠠᠨ᠎ᠢᠶᠠᠷ ᠪᠠᠷᠠᠬᠤ ᠦᠬᠡᠢ᠂ ᠪᠠᠰᠠ ᠲᠡᠦᠬᠡ᠎ᠳᠦ ᠬᠠᠷᠢᠭᠤᠴᠠᠵᠤ ᠪᠠᠢᠭ᠎ᠠ ᠶᠠᠪᠤᠳᠠᠯ ᠪᠣᠯᠤᠨ᠎ᠠ᠃ ᠣᠳᠣᠬᠠᠨ᠎ᠤ ᠲᠣᠭ᠍ᠲᠠᠭᠠᠯᠲᠤ ᠪᠤᠰᠤ ᠴᠢᠨᠠᠷ᠎ᠢᠶᠠᠷ ᠳᠦᠭᠦᠷᠦᠭ᠌ᠰᠡᠨ ᠶᠢᠷᠲᠢᠨᠴᠦ᠍᠎ᠳᠦ ᠡᠨᠡ ᠨᠢ ᠲᠤᠢᠯ᠎ᠤᠨ ᠡᠷᠬᠢᠮ ᠨᠠᠨᠳᠢᠨ ᠵᠦᠢᠯ ᠪᠤᠯᠤᠨ᠎ᠠ ᠭᠡᠪᠡ᠃

ᠪᠷᠠᠽᠢᠯ᠎ᠤᠨ ᠰᠠᠩᠸᠤᠩ ᠫᠠᠦ᠋ᠯᠦ᠋ ᠵᠧᠤ᠎ᠶ᠋ᠢᠨ ᠶᠡᠬᠡ ᠰᠤᠷᠭᠠᠭᠤᠯᠢ᠎ᠶ᠋ᠢᠨ ᠠᠵᠤ ᠠᠬᠤᠶ ᠬᠢᠭᠡᠳ ᠣᠯᠠᠨ ᠤᠯᠤᠰ᠎ᠤᠨ ᠰᠤᠳᠤᠯᠭᠠᠨ᠎ᠤ ᠭᠠᠵᠠᠷ᠎ᠤᠨ ᠡᠷᠬᠢᠯᠡᠭ᠌ᠴᠢ ᠮᠠᠺᠸᠰ· ᠫᠢᠯᠸᠢ᠌ᠰ᠂ ᠳᠡᠯᠡᠬᠡᠢ᠎ᠶ᠋ᠢᠨ ᠬᠣᠶᠠᠳᠤᠭᠠᠷ ᠲᠠᠢ᠌ᠨ ᠳᠠᠭᠤᠰᠤᠭ᠍ᠰᠠᠨ 80 ᠵᠢᠯ᠎ᠦᠨ ᠳᠠᠷᠠᠭᠠᠬᠢ ᠥᠨᠥᠳᠦᠷ᠂ ᠭᠠᠭ᠍ᠴᠠ ᠲᠠᠯᠠᠲᠤ ᠦᠵᠡᠯ᠂ ᠬᠠᠮᠠᠭᠠᠯᠠᠬᠤ ᠦᠵᠡᠯ᠂ ᠬᠡᠲᠦᠷᠡᠮᠡᠬᠡᠢ ᠦᠨᠳᠦᠰᠦᠲᠡᠨ᠎ᠦ ᠦᠵᠡᠯ ᠵᠡᠷᠭᠡ ᠲᠣᠯᠣᠭᠠᠢ ᠥᠨᠳᠡᠢᠭ᠌ᠰᠡᠨ ᠪᠠᠢᠳᠠᠯ᠎ᠤᠨ ᠡᠮᠦᠨ᠎ᠡ᠂ ᠡᠯ᠎ᠡ ᠤᠯᠤᠰ ᠵᠠᠪᠠᠯ ᠲᠡᠦᠬᠡ᠎ᠶ᠋ᠢᠨ ᠰᠤᠷᠭᠠᠮᠵᠢ᠎ᠶ᠋ᠢ ᠪᠠᠲᠤ ᠴᠡᠭᠡᠵᠢᠯᠡᠵᠦ᠍᠂ ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶ᠋ᠢᠨ ᠦᠨᠳᠦᠰᠦᠨ ᠲᠦᠷᠢᠮ᠎ᠦᠨ ᠵᠣᠷᠢᠯᠲᠠ ᠪᠠ ᠵᠠᠷᠴᠢᠮ᠎ᠢ ᠪᠠᠷᠢᠮᠲᠠᠯᠠᠵᠤ᠂ ᠤᠯᠠᠨ ᠲᠠᠯᠠᠲᠤ ᠦᠵᠡᠯ᠎ᠢ ᠬᠠᠮᠠᠭᠠᠯᠠᠵᠤ᠂ ᠲᠠᠢ᠌ᠨ᠎ᠦ ᠵᠠᠮ᠎ᠢᠶᠠᠷ ᠲᠠᠬᠢᠨ ᠵᠠᠮᠨᠠᠬᠤ᠎ᠠᠴᠠ ᠵᠠᠢᠯᠠᠰᠭᠢᠬᠦ᠌ ᠬᠡᠷᠡᠭ᠌ᠲᠡᠢ ᠭᠡᠪᠡ᠃

《ᠥᠪᠡᠷ᠎ᠦᠨ ᠬᠥᠭ᠌ᠵᠢᠯᠲᠡ᠎ᠪᠡᠷ᠎ᠢᠶᠡᠨ ᠳᠡᠯᠡᠬᠡᠢ᠎ᠶ᠋ᠢᠨ ᠡᠩᠬᠡ ᠲᠠᠢᠪᠤᠩ ᠪᠠ ᠬᠥᠭ᠌ᠵᠢᠯᠲᠡ᠎ᠶ᠋ᠢ ᠠᠬᠢᠭᠤᠯᠬᠤ ᠬᠡᠷᠡᠭᠳᠠᠢ》

ᠲᠡᠷᠢᠭᠦᠯᠡᠭ᠌ᠴᠢ ᠰᠢ ᠵᠢᠨ ᠫᠢᠩ ᠶᠠᠷᠢᠶᠠᠨ᠎ᠳᠠᠭᠠᠨ᠂ ᠳᠤᠮᠳᠠᠳᠤ ᠤᠯᠤᠰ᠎ᠤᠨ ᠠᠷᠠᠳ ᠲᠦᠮᠡᠨ ᠲᠡᠦᠬᠡ᠎ᠶ᠋ᠢᠨ ᠵᠥᠪ ᠲᠠᠯ᠎ᠠ᠎ᠳᠤ ᠡᠷᠡᠰ ᠵᠣᠭ᠍ᠰᠣᠵᠤ᠂ ᠬᠥᠮᠦᠨ ᠲᠥᠷᠥᠯᠬᠢᠲᠡᠨ᠎ᠦ ᠪᠣᠯᠪᠠᠰᠤᠨ᠎ᠤ ᠳᠠᠪᠱᠢᠯᠳᠠ᠎ᠶ᠋ᠢᠨ ᠲᠠᠯ᠎ᠠ᠎ᠳᠤ ᠵᠣᠭ᠍ᠰᠣᠵᠤ᠂ ᠡᠩᠬᠡ ᠲᠠᠢᠪᠤᠩ ᠬᠥᠭ᠌ᠵᠢᠯᠲᠡ᠎ᠶ᠋ᠢᠨ ᠵᠠᠮ᠎ᠢᠶᠠᠷ ᠵᠠᠮᠨᠠᠬᠤ᠎ᠶ᠋ᠢ ᠪᠠᠷᠢᠮᠲᠠᠯᠠᠵᠤ᠂ ᠡᠯ᠎ᠡ ᠤᠯᠤᠰ᠎ᠤᠨ ᠠᠷᠠᠳ ᠲᠦᠮᠡᠨ᠎ᠲᠡᠶ ᠭᠠᠷ ᠬᠣᠯᠪᠣᠨ ᠬᠥᠮᠦᠨ ᠲᠥᠷᠥᠯᠬᠢᠲᠡᠨ᠎ᠦ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ᠎ᠶ᠋ᠢ ᠪᠠᠢᠭᠤᠯᠤᠨ᠎ᠠ ᠭᠡᠵᠦ ᠵᠢᠭᠠᠵᠤ ᠭᠠᠷᠭᠠᠪᠠ᠃

《ᠲᠡᠷᠢᠭᠦᠯᠡᠭ᠌ᠴᠢ ᠰᠢ ᠵᠢᠨ ᠫᠢᠩ᠎ᠦᠨ ᠶᠠᠷᠢᠶ᠎ᠠ ᠡᠩᠬᠡ ᠲᠠᠢᠪᠤᠩ᠎ᠤᠨ ᠴᠢᠬᠤᠯᠠ ᠴᠢᠨᠠᠷ᠎ᠢ ᠴᠢᠬᠤᠯᠠᠴᠢᠯᠠᠵᠤ᠂ ᠳᠤᠮᠳᠠᠳᠤ ᠤᠯᠤᠰ᠎ᠤᠨ ᠠᠷᠠᠳ ᠲᠦᠮᠡᠨ᠎ᠦ ᠡᠩᠬᠡ ᠲᠠᠢᠪᠤᠩ᠎ᠢ ᠬᠠᠢᠷᠠᠯᠠᠬᠤ ᠤᠯᠠᠮᠵᠢᠯᠠᠯ᠎ᠢ ᠭᠦᠢᠴᠡᠳ ᠢᠯᠡᠷᠡᠭᠦᠯᠪᠡ》᠃ ᠰᠷᠢ ᠯᠠᠨᠺᠠ᠎ᠶ᠋ᠢᠨ ᠵᠥᠪᠯᠡᠯᠭᠡᠨ᠎ᠦ ᠬᠤᠷᠠᠯ᠎ᠤᠨ ᠳᠠᠷᠤᠭ᠎ᠠ ᠵᠢᠶᠠᠵᠢᠶᠠᠲ᠋ᠸ ·ᠸᠢᠺᠸᠯᠠᠮᠠᠯᠠᠲᠸᠨᠠ᠂ ᠳᠤᠮᠳᠠᠳᠤ ᠤᠯᠤᠰ ᠤᠯᠠᠨ ᠲᠠᠯᠠᠲᠤ ᠬᠠᠮᠲᠤᠷᠠᠯᠴᠠᠭ᠎ᠠ᠎ᠶ᠋ᠢ ᠠᠬᠢᠭᠤᠯᠬᠤ᠂ ᠳᠡᠯᠡᠬᠡᠢ᠎ᠶ᠋ᠢᠨ ᠡᠩᠬᠡ ᠲᠠᠢᠪᠤᠩ᠎ᠢ ᠬᠠᠮᠠᠭᠠᠯᠠᠬᠤ ᠲᠠᠯ᠎ᠠ᠎ᠪᠠᠷ ᠬᠠᠷᠢᠭᠤᠴᠠᠯᠭ᠎ᠠ᠎ᠲᠠᠶ ᠲᠤᠮᠤ ᠤᠯᠤᠰ᠎ᠤᠨ ᠡᠭᠦᠷᠭᠡᠯᠡᠯ᠎ᠢᠶᠡᠨ ᠢᠯᠡᠷᠡᠭᠦᠯᠪᠡ ᠭᠡᠪᠡ᠃

ᠫᠠᠺᠢᠰᠲ᠋ᠠᠨ᠎ᠤ ᠳᠡᠭᠡᠳᠦ ᠵᠥᠪᠯᠡᠯ᠎ᠦᠨ ᠤᠯᠤᠰ᠎ᠤᠨ ᠪᠠᠲᠤᠯᠠᠨ ᠬᠠᠮᠠᠭᠠᠯᠠᠯᠲᠠ᠎ᠶ᠋ᠢᠨ ᠵᠥᠪᠯᠡᠯ᠎ᠦᠨ ᠤᠤᠯ᠎ᠤᠨ ᠲᠡᠷᠢᠭᠦᠯᠡᠭ᠌ᠴᠢ ᠮᠦᠱᠠᠱᠢᠳ᠋ᠸ· ᠡᡁᠸᠦ᠋ᠰᠠᠢ᠌ᠶ᠍ᠢᠨ᠂ ᠳᠤᠮᠳᠠᠳᠤ ᠤᠯᠤᠰ ᠡᠩᠬᠡ ᠲᠠᠢᠪᠤᠩ ᠬᠥᠭ᠌ᠵᠢᠯᠲᠡ᠎ᠶ᠋ᠢᠨ ᠵᠠᠮ᠎ᠢᠶᠠᠷ ᠵᠠᠮᠨᠠᠬᠤ᠎ᠶ᠋ᠢ ᠢᠮᠠᠭ᠍ᠲᠠ ᠪᠠᠷᠢᠮᠲᠠᠯᠠᠬᠤ᠎ᠶ᠋ᠢᠨ ᠬᠠᠮᠲᠤ ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶ᠋ᠢᠨ ᠡᠩᠬᠡ ᠲᠠᠢᠪᠤᠩ᠎ᠢ ᠬᠠᠮᠠᠭᠠᠯᠠᠬᠤ ᠠᠵᠢᠯᠯᠠᠭ᠎ᠠ ᠳᠤᠮᠳᠠ ᠴᠢᠬᠤᠯᠠ ᠦᠢᠯᠡᠳᠦᠯ ᠦᠵᠡᠭᠦᠯᠪᠡ᠃ ᠳᠤᠮᠳᠠᠳᠤ ᠤᠯᠤᠰ᠎ᠤᠨ ᠴᠡᠷᠢᠭ ᠠᠩᠭᠢ ᠤᠯᠤᠰ᠎ᠤᠨ᠎ᠢᠶᠡᠨ ᠠᠮᠤᠷ ᠲᠦᠪᠱᠢᠨ᠎ᠢ ᠬᠠᠮᠠᠭᠠᠯᠠᠬᠤ᠎ᠪᠠᠷ ᠪᠠᠷᠠᠬᠤ ᠦᠭᠡᠢ ᠪᠠᠰᠠ ᠳᠡᠯᠡᠬᠡᠢ᠎ᠶ᠋ᠢᠨ ᠡᠩᠬᠡ ᠲᠠᠢᠪᠤᠩ᠎ᠢ ᠬᠠᠮᠠᠭᠠᠯᠠᠬᠤ ᠴᠢᠬᠤᠯᠠ ᠬᠦᠴᠦᠨ ᠮᠥᠨ ᠭᠡᠵᠦ ᠢᠯᠡᠳᠭᠡᠪᠡ᠃

ᠳᠤᠮᠳᠠᠳᠤ ᠤᠯᠤᠰ᠎ᠤᠨ 23 ᠳ᠋ᠤᠭᠠᠷ ᠪᠦᠯᠦᠭ ᠯᠧᠪᠠᠨᠣᠨ᠎ᠤ ᠡᠩᠬᠡ ᠲᠠᠢᠪᠤᠩ᠎ᠢ ᠬᠠᠮᠠᠭᠠᠯᠠᠬᠤ ᠴᠡᠷᠢᠭ ᠠᠩᠭᠢ᠎ᠶ᠋ᠢᠨ ᠳᠠᠷᠤᠭ᠎ᠠ ᠪᠠᠢᠯᠳᠤᠭ᠍ᠴᠢᠳ ᠳᠤᠷᠠᠰᠭᠠᠬᠤ ᠶᠡᠬᠡ ᠬᠤᠷᠠᠯ᠎ᠤᠨ ᠱᠢᠭᠤᠳ ᠨᠡᠪᠲᠡᠷᠡᠭᠦᠯᠭᠡ᠎ᠶ᠋ᠢ ᠬᠠᠮᠳᠤ ᠪᠡᠷ ᠦᠵᠡᠪᠡ᠃ ᠵᠢᠯᠣᠭᠣᠳᠭᠤ ᠳᠠᠷᠤᠭ᠎ᠠ ᠯᠢᠨ ᠸᠠᠨ ᠯᠸᠢ᠂ ᠲᠡᠷᠢᠭᠦᠯᠡᠭ᠌ᠴᠢ ᠰᠢ ᠵᠢᠨ ᠫᠢᠩ᠎ᠦᠨ ᠴᠢᠬᠤᠯᠠ ᠶᠠᠷᠢᠶ᠎ᠠ᠎ᠶ᠋ᠢ ᠰᠣᠨᠣᠰᠤᠭ᠍ᠰᠠᠨ᠎ᠤ ᠳᠠᠷᠠᠭ᠎ᠠ᠂ ᠲᠡᠷᠡ ᠮᠠᠰᠢ ᠳᠣᠭ᠍ᠳᠣᠯᠤᠨ ᠵᠣᠷᠢᠭ᠍ᠵᠢᠪᠠ᠃ ᠳᠤᠮᠳᠠᠳᠤ ᠤᠯᠤᠰ᠎ᠤᠨ ᠴᠡᠷᠢᠭ ᠠᠩᠭᠢ ᠪᠣᠯ ᠤᠯᠤᠰ᠎ᠤᠨ ᠠᠮᠤᠷ ᠲᠦᠪᠱᠢᠨ᠎ᠦ ᠬᠠᠮᠠᠭᠠᠯᠠᠭ᠍ᠴᠢ ᠪᠣᠯᠬᠤ᠎ᠪᠠᠷ ᠪᠠᠷᠠᠬᠤ ᠦᠭᠡᠢ᠂ ᠨᠡᠩ ᠴᠤ᠌ ᠳᠡᠯᠡᠬᠡᠢ᠎ᠶ᠋ᠢᠨ ᠡᠩᠬᠡ ᠲᠠᠢᠪᠤᠩ᠎ᠤᠨ ᠦᠢᠯᠡᠰ ᠲᠤ᠌ ᠬᠤᠪᠢ ᠨᠡᠮᠡᠷᠢ ᠦᠵᠡᠭᠦᠯᠦᠭ᠌ᠴᠢ ᠮᠥᠨ᠃ 《ᠪᠢᠳᠡ ᠯᠧᠪᠠᠨᠣᠨ᠎ᠳᠤ ᠡᠭᠦᠷᠭᠡ ᠭᠦᠢᠴᠡᠳᠭᠡᠵᠦ᠍᠂ ᠨᠢᠭᠡ ᠮᠢᠨ᠎ᠠ ᠵᠢ ᠠᠷᠢᠯᠭᠠᠵᠤ᠂ ᠨᠢᠭᠡ ᠬᠦᠮᠦᠨ ᠢ᠋ ᠠᠪᠤᠷᠠᠨ ᠲᠤᠰᠠᠯᠠᠵᠤ᠂ ᠨᠢᠭᠡ ᠵᠤᠷᠪᠤᠰ ᠵᠠᠮ ᠢ᠋ ᠨᠡᠪᠲᠡᠷᠡᠭᠦᠯᠬᠦ᠌ ᠪᠦᠷᠢ ᠴᠥᠮ ᠪᠣᠳᠠᠲᠤ ᠠᠵᠢᠯᠯᠠᠭ᠎ᠠ᠎ᠪᠠᠷ᠎ᠢᠶᠠᠨ ᠬᠥᠮᠦᠨ ᠲᠥᠷᠥᠯᠬᠢᠲᠡᠨ᠎ᠦ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ᠎ᠶ᠋ᠢ ᠪᠠᠢᠭᠤᠯᠬᠤ ᠣᠢᠯᠠᠭᠠᠭ᠍ᠳᠠᠬᠤᠨ᠎ᠢ ᠦᠢᠯᠡᠳᠦᠯᠭᠡᠵᠢᠭᠦᠯᠵᠦ᠍᠂ ᠡᠩᠬᠡ ᠲᠠᠢᠪᠤᠩ᠎ᠢ ᠬᠠᠮᠠᠭᠠᠯᠠᠵᠤ᠂ ᠨᠥᠬᠥᠷᠯᠡᠯ᠎ᠢ ᠵᠤᠵᠠᠭᠠᠳᠬᠠᠵᠤ ᠪᠠᠢᠨ᠎ᠠ》 ᠭᠡᠪᠡ᠃

ᠪᠸᠯᠤᠷᠦ᠋ᠱᠢᠶ᠎ᠡ ᠵᠢᠨ ᠪᠸᠯᠤᠷᠦ᠋ᠱᠢᠶ᠎ᠡ ᠳᠤᠮᠳᠠᠳᠤ᠎ᠶ᠋ᠢᠨ ᠨᠥᠬᠥᠷᠯᠡᠯ᠎ᠦᠨ ᠨᠡᠢᠭᠡᠮᠯᠢᠭ᠎ᠦᠨ ᠳᠡᠳ᠋ ᠲᠡᠷᠢᠭᠦᠯᠡᠭ᠌ᠴᠢ ᠠᠯᠢᠨ᠎ᠠ· ᠭᠸᠯᠢᠱᠺᠸᠸᠢᠴ᠂ ᠲᠡᠷᠡ 《ᠭᠡᠬᠦᠳᠡᠭ ᠳᠦᠭᠦᠷᠡᠩ ᠳᠣᠭ᠍ᠳᠣᠯᠤᠯ ᠪᠠ ᠬᠦᠨᠳᠦᠳᠭᠡᠯ》 ᠵᠢᠡᠷ ᠳᠤᠷᠠᠰᠭᠠᠬᠤ ᠶᠡᠬᠡ ᠬᠤᠷᠠᠯ᠎ᠤᠨ ᠠᠬᠤᠢ ᠪᠠᠢᠳᠠᠯ᠎ᠢ ᠬᠦᠯᠢᠶᠡᠨ ᠠᠪᠴᠤ᠌ ᠦᠵᠡᠪᠡ᠃ ᠳᠤᠮᠳᠠᠳᠤ ᠤᠯᠤᠰ ᠪᠣᠯ ᠨᠢᠭᠡᠨ ᠬᠠᠷᠢᠭᠤᠴᠠᠯᠭ᠎ᠠ᠎ᠲᠠᠶ ᠲᠤᠮᠤ ᠤᠯᠤᠰ᠂ ᠳᠡᠯᠡᠬᠡᠢ᠎ᠶ᠋ᠢᠨ ᠬᠣᠶᠠᠳᠤᠭᠠᠷ ᠳᠠᠢ᠌ᠨ᠎ᠦ ᠲᠤᠬᠠᠢ ᠲᠡᠦᠬᠡ᠎ᠶ᠋ᠢᠨ ᠵᠦᠪ ᠦᠵᠡᠯᠲᠡ᠎ᠶ᠋ᠢ ᠡᠷᠡᠰ ᠪᠠᠳᠠᠷᠠᠭᠤᠯᠬᠤ ᠳᠡᠯᠡᠬᠡᠢ᠎ᠶ᠋ᠢᠨ ᠡᠩᠬᠡ ᠲᠠᠢᠪᠤᠩ᠎ᠤᠨ ᠰᠠᠨᠠᠭᠠᠴᠢᠯᠠᠭ᠍ᠴᠢ ᠪᠠ ᠠᠬᠢᠭᠤᠯᠤᠭ᠍ᠴᠢ ᠮᠥᠨ ᠭᠡᠪᠡ᠃ ᠲᠡᠷᠡ ᠪᠠᠰᠠ᠂ ᠲᠡᠷᠢᠭᠦᠯᠡᠭ᠌ᠴᠢ ᠰᠢ ᠵᠢᠨ ᠫᠢᠩ ᠤᠢ᠍ᠢᠷ᠎ᠠ᠎ᠶ᠋ᠢᠨ ᠡᠳᠦᠷ ᠠᠩᠬ᠎ᠠ ᠤᠳᠠᠭ᠎ᠠ ᠪᠦᠬᠦ᠌ ᠪᠥᠮᠪᠥᠷᠴᠡᠭ᠎ᠦᠨ ᠵᠠᠰᠠᠯᠲᠠ᠎ᠶ᠋ᠢᠨ ᠰᠠᠨᠠᠭᠠᠴᠢᠯᠠᠭ᠎ᠠ ᠵᠢ ᠳᠤᠷᠠᠳᠴᠠᠢ᠂ ᠡᠨᠡ ᠪᠣᠯ ᠳᠡᠯᠡᠬᠡᠢ ᠨᠡᠢᠭᠡᠮ᠎ᠦᠨ ᠪᠦᠬᠦ᠌ ᠪᠥᠮᠪᠥᠷᠴᠡᠭ᠎ᠦᠨ ᠵᠠᠰᠠᠯᠲᠠ᠎ᠶ᠋ᠢ ᠲᠡᠭᠦᠯᠳᠡᠷᠵᠢᠭᠦᠯᠦᠭ᠌ᠰᠡᠨ ᠬᠥᠱᠢᠢ᠎ᠡ ᠳᠤᠷᠠᠰᠭᠠᠯ᠎ᠤᠨ ᠴᠢᠨᠠᠷᠲᠠᠢ ᠬᠡᠷᠡᠭ ᠶᠠᠪᠤᠳᠠᠯ ᠮᠥᠨ᠂ ᠡᠯ᠎ᠡ ᠤᠯᠤᠰ᠎ᠤᠨ ᠠᠷᠠᠳ ᠲᠦᠮᠡᠨ᠎ᠦ ᠰᠡᠳᠭᠢᠯ᠎ᠦᠨ ᠳᠠᠭᠤᠨ᠎ᠢ ᠲᠤᠰᠭᠠᠵᠤ᠂ ᠬᠥᠮᠦᠨ ᠲᠥᠷᠥᠯᠬᠢᠲᠡᠨ᠎ᠦ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ᠎ᠶ᠋ᠢ ᠪᠠᠢᠭᠤᠯᠬᠤ ᠣᠢᠯᠠᠭᠠᠭ᠍ᠳᠠᠬᠤᠨ᠎ᠢ ᠪᠠᠶᠠᠯᠢᠭ᠍ᠵᠢᠭᠤᠯᠪᠠ᠂ ᠳᠤᠮᠳᠠᠳᠤ ᠤᠯᠤᠰ ᠢᠮᠠᠭ᠍ᠲᠠ ᠡᠯ᠎ᠡ ᠤᠯᠤᠰ᠎ᠲᠠᠶ ᠬᠠᠮᠲᠤ᠎ᠪᠠᠷ ᠳᠡᠯᠡᠬᠡᠢ᠎ᠶ᠋ᠢᠨ ᠡᠩᠬᠡ ᠲᠠᠢᠪᠤᠩ ᠪᠣᠯᠤᠨ ᠬᠥᠭ᠌ᠵᠢᠯᠲᠡ᠎ᠶ᠋ᠢ ᠠᠬᠢᠭᠤᠯᠬᠤ᠎ᠪᠠᠷ ᠴᠢᠷᠮᠠᠢᠵᠤ ᠪᠠᠢᠬᠤ᠎ᠶ᠋ᠢ ᠳᠠᠬᠢᠨᠲᠠ ᠭᠡᠷᠡᠴᠢᠯᠡᠪᠡ ᠭᠡᠪᠡ᠃

《ᠲᠡᠷᠢᠭᠦᠯᠡᠭ᠌ᠴᠢ ᠰᠢ ᠵᠢᠨ ᠫᠢᠩ ᠴᠢᠬᠤᠯᠠ ᠶᠠᠷᠢᠶ᠎ᠠ ᠲᠠᠯᠪᠢᠵᠤ᠂ 〈ᠳᠤᠮᠳᠠᠳᠤ᠎ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ ᠵᠢᠨ ᠰᠦᠷ ᠬᠦᠴᠦᠨ ᠬᠤᠷᠢᠬ᠍ᠯᠠᠭ᠍ᠳᠠᠰᠢ ᠦᠭᠡᠢ ! ᠬᠥᠮᠦᠨ ᠲᠥᠷᠥᠯᠬᠢᠲᠡᠨ᠎ᠦ ᠡᠩᠬᠡ ᠲᠠᠢᠪᠤᠩ ᠪᠠ ᠬᠥᠭ᠌ᠵᠢᠯᠲᠡ᠎ᠶ᠋ᠢᠨ ᠡᠷᠬᠢᠮ ᠳᠡᠭᠡᠳᠦ ᠦᠢᠯᠡᠰ ᠯᠠᠪᠲᠠᠢ ᠢᠯᠠᠯᠲᠠ ᠣᠯᠤᠨ᠎ᠠ!〉 ᠭᠡᠵᠦ ᠴᠢᠬᠤᠯᠠᠴᠢᠯᠠᠭᠰᠠᠨ ᠨᠢ ᠨᠠᠳᠠ ᠵᠢ ᠬᠠᠯᠠᠭᠤᠨ ᠨᠢᠯᠪᠤᠰᠤ ᠠᠰᠭᠠᠷᠠᠭᠤᠯᠪᠠ》᠃ ᠪᠢᠷᠮᠠ᠎ᠶ᠋ᠢᠨ ᠳᠤᠮᠳᠠᠳᠤ᠎ᠶ᠋ᠢᠨ ᠬᠤᠳᠠᠯᠳᠤᠭᠠᠴᠢᠳ᠎ᠤᠨ ᠶᠡᠷᠦᠩᠬᠡᠶ ᠡᠪᠯᠡᠯ᠎ᠦᠨ ᠳᠠᠷᠤᠭ᠎ᠠ ᠯᠢᠨ ᠸᠸᠨ ᠮᠸᠩ ᠳᠤᠷᠠᠰᠭᠠᠬᠤ ᠶᠡᠬᠡ ᠬᠤᠷᠠᠯ᠎ᠳᠤ ᠣᠷᠣᠯᠴᠠᠭ᠍ᠰᠠᠨ᠎ᠤ ᠳᠠᠷᠠᠭ᠎ᠠ ᠰᠤᠷᠪᠤᠯᠵᠢᠯᠠᠭ᠍ᠴᠢ᠎ᠳᠤ᠂《ᠡᠨᠡ ᠬᠦ᠌ ᠢᠲᠡᠭᠡᠯ ᠪᠠ ᠣᠮᠣᠭ ᠵᠣᠷᠢᠭ ᠨᠢ ᠭᠠᠳᠠᠭᠠᠳᠤ᠎ᠳᠤ ᠰᠠᠭᠤᠭ᠎ᠠ ᠳᠤᠮᠳᠠᠳᠤ᠎ᠶ᠋ᠢᠨ ᠬᠠᠷᠢᠶᠠᠲᠤ ᠪᠠ ᠳᠤᠮᠳᠠᠳᠤ᠎ᠶ᠋ᠢᠨ ᠬᠥᠮᠦᠰ᠎ᠢ ᠨᠠᠩ ᠵᠣᠷᠢᠭ᠍ᠲᠠᠶ᠂ ᠨᠠᠩ ᠢᠲᠡᠭᠡᠯ ᠲᠡᠭᠦᠯᠳᠡᠷ ᠪᠣᠯᠭᠠᠵᠠᠶ᠃ ᠪᠢᠳᠡ ᠬᠥᠭᠥᠷᠭᠡ ᠬᠣᠯᠪᠣᠭᠠᠰᠤ᠎ᠶ᠋ᠢᠨ ᠦᠢᠯᠡᠳᠦᠯ᠎ᠢᠶᠡᠨ ᠦᠷᠭᠦᠯᠵᠢᠯᠡᠨ ᠪᠠᠳᠠᠷᠠᠭᠤᠯᠵᠤ᠂ ᠳᠤᠮᠳᠠᠳᠤ᠎ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ ᠪᠣᠯᠤᠨ ᠳᠡᠯᠡᠬᠡᠢ᠎ᠶ᠋ᠢᠨ ᠡᠩᠬᠡ ᠲᠠᠢᠪᠤᠩ ᠬᠥᠭ᠌ᠵᠢᠯᠲᠡ᠎ᠳᠦ ᠬᠦᠴᠦᠨ ᠴᠢᠳᠠᠯ᠎ᠢᠶᠠᠨ ᠡᠷᠭᠦᠨ᠎ᠡ》 ᠭᠡᠪᠡ᠃

(ᠱᠢᠨᠬᠤᠸᠠ ᠬᠣᠷᠢᠶ᠎ᠠ ᠵᠢᠨ ᠪᠡᠭᠡᠵᠢᠩ᠎ᠦᠨ 9 ᠰᠠᠷ᠎ᠠ᠎ᠶ᠋ᠢᠨ 4᠎ᠤ᠋ ᠴᠠᠬᠢᠯᠭᠠᠨ ᠮᠡᠳᠡᠭᠡ ᠡᠴᠡ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号