— ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠳᠠᠢᠨ ᠵᠢᠴᠢ ᠳᠡᠯᠡᠬᠡᠶ᠎ᠶ᠋ᠢᠨ ᠹᠠᠱ᠌ᠢᠰ᠎ᠢ ᠡᠰᠡᠷᠭᠦᠴᠡᠬᠦ᠌ ᠳᠠᠢᠨ ᠢᠯᠠᠯᠲᠠ ᠣᠯᠤᠭ᠍ᠰᠠᠨ 80 ᠵᠢᠯ᠎ᠦᠨ ᠣᠶ᠎ᠶ᠋ᠢ ᠳᠤᠷᠠᠰᠭᠠᠬᠤ ᠠᠵᠢᠯᠯᠠᠭ᠎ᠠ᠎ᠶ᠋ᠢᠨ ᠰᠡᠩᠬᠡᠷᠡᠭᠦᠯᠦᠯ (ᠵᠢᠷᠭᠤᠭ᠎ᠠ)
ᠠᠭᠤᠤ ᠶᠡᠬᠡ ᠢᠯᠠᠯᠲᠠ ᠪᠣᠯ ᠲᠡᠦᠬᠡ᠎ᠶ᠋ᠢᠨ ᠵᠠᠢᠯᠠᠰᠢ ᠦᠭᠡᠢ ᠦᠷ᠎ᠡ ᠳ᠋ᠦᠩ ᠮᠥᠨ᠃
9 ᠰᠠᠷ᠎ᠠ᠎ᠶ᠋ᠢᠨ 3 ᠤ᠋ ᠡᠳᠦᠷ᠂ 《ᠡᠪ ᠬᠠᠮᠲᠤ ᠨᠠᠮ ᠪᠠᠢᠬᠤ ᠦᠭᠡᠢ ᠪᠣᠯ ᠱᠢᠨ᠎ᠡ ᠳᠤᠮᠳᠠᠳᠤ ᠤᠯᠤᠰ ᠪᠠᠢᠬᠤ ᠦᠭᠡᠢ》 ᠭᠡᠬᠦ᠌ ᠠᠶᠠᠰ ᠲᠢᠶᠠᠨ ᠠᠨ ᠮᠸᠨ ᠠᠭᠤᠳᠠᠮ ᠲᠠᠯᠠᠪᠠᠢ᠎ᠳᠤ ᠬᠠᠩᠭᠢᠨᠠᠬᠤ ᠳ᠋ᠦ᠂ ᠨᠠᠢᠷᠠᠯ ᠳᠠᠭᠤᠤ ᠵᠢᠨ ᠬᠦᠩᠭᠢᠨᠡᠮᠠ ᠡᠭᠡᠰᠢᠭ ᠠᠭᠠᠷ ᠲᠡᠭᠷᠢ ᠳ᠋ᠦ ᠴᠤᠤᠷᠢᠶᠠᠳᠤᠨ᠎ᠠ᠃
ᠡᠨᠡ ᠬᠦ᠌ 1943 ᠣᠨ᠎ᠳᠤ ᠮᠡᠨᠳᠦᠯᠡᠭ᠌ᠰᠡᠨ 《ᠲᠠᠢ᠌ᠴᠢᠨ ᠳᠠᠭᠤᠤ》 ᠨᠢ ᠲᠡᠦᠬᠡ᠎ᠶ᠋ᠢᠨ ᠴᠠᠭ ᠬᠤᠭᠤᠴᠠᠭ᠎ᠠ᠎ᠶ᠋ᠢ ᠲᠤᠭᠤᠯᠵᠤ᠂ ᠳᠤᠮᠳᠠᠳᠤ ᠤᠯᠤᠰ᠎ᠤᠨ ᠠᠷᠠᠳ ᠲᠦᠮᠡᠨ᠎ᠦ ᠴᠢᠰᠤ ᠡᠰ ᠲᠦ᠍ ᠱᠢᠩᠭᠡᠵᠦ᠍᠂ ᠳᠤᠮᠳᠠᠳᠤ᠎ᠶ᠋ᠢᠨ ᠦᠨᠳᠦᠰᠦᠲᠡᠨ᠎ᠦ ᠳᠤᠷᠠᠰᠤᠮᠵᠢ᠎ᠶ᠋ᠢ ᠠᠴᠢᠶᠠᠯᠠᠭ᠍ᠰᠠᠨ 《ᠢᠯᠠᠯᠲᠠ᠎ᠶ᠋ᠢᠨ ᠳᠠᠭᠤᠤ》 ᠪᠣᠯᠤᠭ᠍ᠰᠠᠨ ᠪᠠᠢᠨ᠎ᠠ᠃
《ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠰᠠᠨᠠᠭᠠᠴᠢᠯᠠᠨ ᠪᠠᠢᠭᠤᠯᠤᠭ᠍ᠰᠠᠨ ᠶᠠᠫᠣᠨ᠎ᠢ ᠡᠰᠡᠷᠭᠦᠴᠡᠬᠦ᠌ ᠦᠨᠳᠦᠰᠦᠲᠡᠨ᠎ᠦ ᠨᠢᠭᠡᠳᠦᠮᠡᠯ ᠹᠷᠣᠨᠲ᠎ᠤᠨ ᠲᠤᠭ᠎ᠤᠨ ᠳᠣᠣᠷ᠎ᠠ᠂ ᠳᠤᠮᠳᠠᠳᠤ ᠤᠯᠤᠰ᠎ᠤᠨ ᠠᠷᠠᠳ ᠲᠦᠮᠡᠨ ᠬᠠᠳᠠᠨ ᠪᠠᠲᠤ ᠵᠣᠷᠢᠭ᠎ᠢᠶᠠᠷ ᠬᠦᠴᠦᠷᠬᠡᠭ ᠳᠠᠢᠰᠤᠨᠯᠤᠭᠠ ᠪᠠᠢᠯᠳᠤᠵᠤ᠂ ᠬᠠᠯᠠᠭᠤᠨ ᠠᠮᠢ ᠪᠦᠯᠢᠶᠡᠨ ᠴᠢᠰᠤ᠎ᠪᠠᠷ᠎ᠢᠶᠠᠨ ᠤᠷᠳᠤ ᠴᠠᠭᠠᠨ ᠬᠡᠷᠡᠮ᠎ᠢ ᠴᠣᠭ᠍ᠴᠠᠯᠠᠵᠤ᠂ ᠤᠢ᠍ᠢᠷ᠎ᠠ ᠦᠶ᠎ᠡ᠎ᠡᠴᠡ ᠨᠠᠭᠠᠱᠢᠬᠢ ᠭᠠᠳᠠᠭᠠᠳᠤ᠎ᠶ᠋ᠢᠨ ᠳᠠᠢᠰᠤᠨ᠎ᠤ ᠲᠦᠷᠢᠮᠡᠬᠡᠢᠯᠡᠯ᠎ᠢ ᠡᠰᠡᠷᠭᠦᠴᠡᠭᠰᠡᠨ ᠠᠩᠬᠠᠳᠠᠭ᠍ᠴᠢ ᠪᠦᠷᠢᠨ ᠢᠯᠠᠯᠲᠠ᠎ᠶ᠋ᠢ ᠤᠯᠪᠠ》᠃ ᠶᠡᠷᠦᠩᠬᠡᠢ ᠱᠦᠵᠢ ᠰᠢ ᠵᠢᠨ ᠫᠢᠩ ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠲᠠᠢ᠌ᠨ ᠢᠯᠠᠯᠲᠠ ᠣᠯᠤᠭ᠍ᠰᠠᠨ ᠠᠭᠤᠤ ᠶᠡᠬᠡ ᠦᠨᠡᠨ ᠶᠣᠰᠣ᠎ᠶ᠋ᠢ ᠭᠦᠨᠵᠡᠭᠡᠢ ᠲᠠᠢᠯᠪᠤᠷᠢᠯᠠᠪᠠ ᠃
《ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠣᠣᠯ ᠲᠤᠯᠭᠠᠭᠤᠷᠢ᠎ᠶ᠋ᠢᠨ ᠦᠢᠯᠡᠳᠦᠯ ᠪᠣᠯ ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠳᠠᠢ᠌ᠨᠢᠯᠠᠯᠲᠠ ᠤᠯᠬᠤ᠎ᠶ᠋ᠢᠨ ᠵᠠᠩᠭᠢᠯᠠᠭ᠎ᠠ ᠮᠥᠨ》᠃ 《ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠲᠠᠢ᠌ᠨ ᠤ᠋ ᠢᠯᠠᠯᠲᠠ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠣᠣᠯ ᠲᠤᠯᠭᠠᠭᠤᠷᠢ᠎ᠶ᠋ᠢᠨ ᠦᠢᠯᠡᠳᠦᠯ᠎ᠢᠶᠡᠨ ᠪᠠᠳᠠᠷᠠᠭᠤᠯᠤᠭ᠍ᠰᠠᠨ ᠠᠭᠤᠤ ᠶᠡᠬᠡ ᠢᠯᠠᠯᠲᠠ ᠮᠥᠨ》᠃ ᠡᠨᠡ ᠪᠣᠯ ᠲᠡᠦᠬᠡ᠎ᠶ᠋ᠢᠨ ᠳ᠋ᠦᠩᠨᠡᠯᠲᠡ ᠮᠥᠨ᠂ ᠪᠠᠰᠠ ᠴᠤ᠌ ᠠᠷᠠᠳ ᠲᠦᠮᠡᠨ᠎ᠦ ᠰᠡᠳᠭᠢᠯ᠎ᠦᠨ ᠲᠠᠭᠤᠨ ᠮᠥᠨ᠃
14 ᠵᠢᠯ ᠤ᠋ᠨ ᠶᠠᠫᠣᠨ᠎ᠢ ᠡᠰᠡᠷᠭᠦᠴᠡᠬᠦ᠌ ᠳᠠᠢᠨ᠎ᠦ ᠬᠠᠲᠠᠭᠤᠵᠢᠯᠲᠠᠶ ᠲᠡᠦᠬᠡ ᠨᠢ ᠮᠥᠨ ᠴᠦ᠍ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠰᠦᠷ ᠳᠠᠯᠠᠢᠴᠠᠲᠠᠶ ᠲᠡᠮᠡᠴᠡᠯ ᠬᠢᠭ᠌ᠰᠡᠨ ᠲᠡᠦᠬᠡ ᠪᠣᠯᠤᠨ᠎ᠠ᠃ ᠶᠠᠭ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠬᠡᠬᠦᠳᠡᠭ ᠳᠦᠭᠦᠷᠡᠩ ᠡᠭᠦᠷᠭᠡᠯᠡᠯ ᠨᠢ ᠪᠦᠬᠦ᠌ ᠦᠨᠳᠦᠰᠦᠲᠡᠨ᠎ᠦ ᠮᠥᠬᠥᠯ᠎ᠡᠴᠡ ᠠᠪᠤᠷᠠᠨ ᠣᠷᠣᠱᠢᠨ ᠲᠣᠭ᠍ᠲᠠᠨᠢᠬᠤ ᠬᠦᠰᠡᠯ ᠡᠷᠡᠮᠡᠯᠵᠡᠯ᠎ᠢ ᠲᠤᠯᠭᠠᠭᠤᠷᠢᠯᠠᠵᠤ᠂ ᠲᠠᠢ᠌ᠨ᠎ᠦ ᠢᠯᠠᠯᠲᠠ᠎ᠶ᠋ᠢ ᠲᠡᠮᠡᠴᠡᠨ ᠤᠯᠬᠤ ᠵᠥᠪ ᠴᠢᠭ᠌ᠯᠡᠯ᠎ᠢ ᠬᠦᠳᠦᠯᠥᠨ ᠳᠠᠭᠠᠭᠤᠯᠪᠠ᠃ ᠳᠤᠮᠳᠠᠳᠤ ᠤᠯᠤᠰ᠎ᠤᠨ ᠡᠪ ᠬᠠᠮᠲᠤ ᠨᠠᠮ ᠪᠣᠯ ᠳᠤᠮᠳᠠᠳᠤ ᠤᠯᠤᠰ᠎ᠤᠨ ᠠᠷᠠᠳ ᠲᠦᠮᠡᠨ᠎ᠢ ᠤᠳᠤᠷᠢᠳᠤᠨ ᠦᠨᠳᠦᠰᠦᠲᠡᠨ᠎ᠦ ᠲᠤᠰᠠᠭᠠᠷ ᠲᠣᠭ᠍ᠲᠠᠨᠢᠯ ᠪᠠ ᠠᠷᠠᠳ ᠲᠦᠮᠡᠨ᠎ᠦ ᠴᠢᠯᠥᠭᠡᠯᠡᠯᠲᠡ᠎ᠶ᠋ᠢ ᠲᠡᠮᠡᠴᠡᠨ ᠤᠯᠬᠤ ᠪᠠᠲᠤ ᠴᠢᠩᠭ᠎ᠠ ᠭᠣᠣᠯᠯᠠᠭ᠍ᠴᠢ ᠬᠦᠴᠦᠨ ᠮᠥᠨ᠃
ᠲᠡᠦᠬᠡ᠎ᠪᠡᠨ ᠪᠠᠲᠤ ᠴᠡᠭᠡᠵᠢᠯᠡᠵᠦ᠍᠂ ᠦᠷᠡᠭ᠌ᠳᠡᠭ᠌ᠰᠡᠨ ᠪᠠᠭᠠᠲᠤᠷᠴᠤᠳ᠎ᠢᠶᠠᠨ ᠳᠤᠷᠠᠰᠤᠨ ᠰᠠᠨᠠᠭᠠᠯᠵᠠᠵᠤ᠂ ᠡᠩᠬᠡ ᠲᠠᠢᠪᠤᠩ᠎ᠢ ᠨᠠᠨᠳᠢᠩᠨᠠᠵᠤ᠂ ᠢᠷᠡᠭᠡᠳᠦᠶ᠎ᠵᠢ ᠡᠬᠦᠳᠤᠨ ᠨᠡᠭᠡᠭᠡᠨ᠎ᠠ᠃
ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠪᠦᠬᠦ᠌ ᠤᠯᠤᠰ᠎ᠤᠨ ᠦᠨᠳᠦᠰᠦᠲᠡᠨ᠎ᠨᠦᠭᠦᠳ᠎ᠦᠨ ᠠᠷᠠᠳ ᠲᠦᠮᠡᠨ ᠶᠠᠫᠣᠨ᠎ᠢ ᠡᠰᠡᠷᠭᠦᠴᠡᠬᠦ᠌ ᠳᠠᠢ᠌ᠨ᠎ᠦ ᠠᠭᠤᠤ ᠶᠡᠬᠡ ᠵᠣᠷᠢᠭ ᠰᠠᠨᠠᠭ᠎ᠠ᠎ᠶ᠋ᠢ ᠤᠯᠠᠮᠵᠢᠯᠠᠨ ᠪᠠᠳᠠᠷᠠᠭᠤᠯᠵᠤ᠂ ᠡᠷᠴᠢ ᠵᠣᠷᠢᠭ᠎ᠢᠶᠠᠨ ᠬᠥᠪᠴᠢᠯᠡᠨ ᠡᠷᠡᠮᠡᠭᠡᠢᠯᠡᠨ ᠤᠷᠤᠭ᠍ᠰᠢᠯᠠᠪᠠ᠃ ᠠᠭᠤᠤ ᠶᠡᠬᠡ ᠢᠯᠠᠯᠲᠠ᠎ᠡᠴᠡ ᠠᠭᠤᠤ ᠶᠡᠬᠡ ᠰᠡᠷᠭᠦᠨ ᠮᠠᠨᠳᠤᠯᠲᠠ ᠵᠦᠭ ᠤᠷᠤᠭ᠍ᠰᠢᠯᠠᠵᠠᠭᠠᠪᠠ!
ᠲᠣᠭᠡᠷᠭᠦᠨ ᠠᠶᠠᠯᠠᠯ ᠳᠠᠭᠠᠭᠤᠯᠵᠤ ᠶᠠᠫᠣᠨ᠎ᠢ ᠡᠰᠡᠷᠭᠦᠴᠡᠬᠦ᠌ ᠲᠠᠢᠨ ᠤ᠋ ᠠᠤᠭ᠎ᠠ ᠬᠦᠴᠦᠨ᠎ᠢ ᠪᠣᠶ ᠪᠣᠯᠭᠠᠪᠠ
1931 ᠣᠨ᠎ᠤ 9 ᠰᠠᠷ᠎ᠠ᠎ᠶ᠋ᠢᠨ 18 ᠤ᠋ ᠡᠳᠦᠷ᠂ ᠫᠤᠤ᠎ᠶ᠋ᠢᠨ ᠳᠠᠭᠤᠨ ᠨᠢᠵᠢᠬᠢᠨᠡᠨ ᠲᠠᠢᠨ ᠤ᠋ ᠭᠠᠯ ᠲᠦᠷᠡᠯᠵᠠᠪᠠ᠃ ᠨᠢᠭᠡ ᠯᠡ ᠰᠥᠨᠢ᠎ᠶ᠋ᠢᠨ ᠬᠣᠭᠣᠷᠣᠨᠳᠣ ᠮᠦᠭ᠌ᠳᠡᠨ ᠡᠵᠡᠯᠡᠭ᠌ᠳᠡᠵᠦ᠍᠂ ᠬᠡᠳᠦᠨ ᠰᠠᠷ᠎ᠠ᠎ᠶ᠋ᠢᠨ ᠳᠠᠷᠠᠭ᠎ᠠ ᠵᠡᠭᠦᠨ ᠬᠣᠢᠲᠤ ᠣᠷᠣᠨ ᠡᠵᠡᠯᠡᠭ᠌ᠳᠡᠪᠡ᠂ ᠬᠡᠳᠦᠨ ᠵᠢᠯ᠎ᠦᠨ ᠬᠣᠭᠣᠷᠣᠨᠳᠣ᠂ ᠳᠤᠮᠳᠠᠳᠤ ᠤᠯᠤᠰ ᠤ᠋ᠨ ᠶᠡᠭᠡᠨᠭᠭᠢ ᠨᠤᠳᠤᠭ ᠲᠠᠪᠢᠰᠭᠡᠷ ᠶᠠᠫᠣᠨ᠎ᠤ ᠴᠡᠷᠢᠭ᠎ᠦᠨ ᠲᠠᠯᠬᠢᠭ᠍ᠳᠠᠯᠳᠤ ᠤᠴᠠᠷᠠᠵᠠᠢ᠃ ᠲᠠᠯᠬᠢᠬᠳᠠᠬᠰᠡᠨ ᠠᠭᠤᠯᠠ ᠤᠰᠤ ᠴᠢᠰᠤ ᠨᠢᠯᠪᠤᠰᠤ ᠭᠠᠰᠠᠯᠠᠩ ᠵᠣᠪᠠᠯᠠᠩ᠎ᠳᠤ ᠳᠡᠪᠲᠦᠵᠦ᠍᠂ ᠳᠤᠮᠳᠠᠳᠤ᠎ᠶ᠋ᠢᠨ ᠬᠥᠪᠡᠭᠦᠳ ᠥᠬᠢᠳ ᠡᠮᠭᠡᠨᠢᠯ ᠬᠣᠷᠣᠰᠤᠯ᠎ᠢᠶᠠᠨ ᠢᠯᠡᠳᠭᠡᠬᠦᠶᠡ ᠪᠡᠷᠬᠡ ᠪᠤᠯᠪᠠ᠃
ᠬᠠᠷᠠᠩᠭᠤᠶ ᠵᠢᠨ ᠳᠤᠮᠳᠠ᠂ ᠬᠡᠨ ᠲᠤᠭ᠎ᠢ ᠮᠠᠨᠳᠤᠭᠤᠯᠤᠨ ᠴᠢᠭ᠌ᠯᠡᠯ ᠢ᠋ ᠲᠣᠭ᠍ᠲᠠᠭᠠᠵᠤ ᠪᠠᠢᠬᠤ ᠪᠤᠢ? ᠬᠡᠨ ᠤ᠋ ᠢᠳᠡᠭᠡᠯ ᠪᠢᠰᠢᠷᠡᠯ ᠬᠠᠳᠠ ᠴᠢᠯᠠᠭᠤ ᠮᠡᠲᠦ ᠪᠠᠲᠤ ᠪᠡᠬᠢ ᠪᠠᠢᠵᠤ ᠴᠢᠳᠠᠬᠤ ᠪᠤᠢ? ᠬᠡᠨ ᠦᠬᠦᠬᠦ᠌᠎ᠡᠴᠡ ᠦᠯᠤ ᠰᠦᠷᠳᠡᠬᠦ ᠪᠣᠶ?
《ᠳᠤᠮᠳᠠᠳᠤ ᠤᠯᠤᠰ᠎ᠤᠨ ᠡᠪ ᠬᠠᠮᠲᠤᠴᠤᠳ ᠶᠠᠫᠣᠨ᠎ᠢ ᠡᠰᠡᠷᠭᠦᠴᠡᠬᠦ᠌ ᠳᠠᠢ᠌ᠨ᠎ᠦ ᠬᠠᠮᠤᠭ᠎ᠤᠨ ᠡᠮᠦᠨ᠎ᠡ ᠹᠷᠣᠨᠲ᠎ᠲᠤ ᠡᠷᠡᠯᠬᠡᠭ ᠪᠠᠭᠠᠲᠤᠷᠯᠢᠭ᠎ᠢᠶᠠᠷ ᠪᠠᠢᠯᠳᠤᠵᠤ᠂ ᠳᠤᠮᠳᠠᠳᠤ᠎ᠶ᠋ᠢᠨ ᠦᠨᠳᠦᠰᠦᠲᠡᠨ᠎ᠦ ᠤᠯᠤᠰ ᠣᠷᠣᠨ᠎ᠢᠶᠠᠨ ᠮᠥᠬᠥᠯ᠎ᠡᠴᠡ ᠠᠪᠤᠷᠠᠬᠤ ᠬᠦᠰᠡᠯ ᠡᠷᠡᠮᠡᠯᠵᠡᠯ᠎ᠢ ᠲᠤᠯᠭᠠᠭᠤᠷᠢᠯᠠᠵᠤ᠂ ᠪᠦᠬᠦ᠌ ᠦᠨᠳᠦᠰᠦᠲᠡᠨ᠎ᠦ ᠶᠠᠫᠣᠨ᠎ᠢ ᠡᠰᠡᠷᠭᠦᠴᠡᠬᠦ᠌ ᠳᠠᠢ᠌ᠨ᠎ᠦ ᠭᠣᠣᠯ ᠲᠤᠯᠭᠠᠭᠤᠷᠢ ᠪᠣᠯᠪᠠ!》 ᠶᠡᠷᠦᠩᠬᠡᠢ ᠱᠦᠵᠢ ᠰᠢ ᠵᠢᠨ ᠫᠢᠩ ᠢᠯᠠᠯᠲᠠ᠎ᠶ᠋ᠢᠨ ᠨᠢᠭᠤᠴᠠ ᠨᠣᠮᠧᠷ᠎ᠢ ᠭᠦᠨᠵᠡᠭᠡᠢ ᠲᠣᠳᠣᠷᠬᠠᠢᠯᠠᠨ ᠥᠭᠦᠯᠡᠪᠡ᠃
ᠦᠨᠳᠦᠰᠦᠲᠡᠨ᠎ᠢᠶᠡᠨ ᠮᠥᠬᠥᠯ᠎ᠡᠴᠡ ᠠᠪᠤᠷᠠᠬᠤ ᠪᠦᠷᠢᠶ᠎ᠡ᠎ᠶ᠋ᠢ ᠬᠠᠩᠭᠢᠨᠠᠭᠤᠯᠪᠠ —
《ᠶᠠᠫᠣᠨ᠎ᠤ ᠡᠵᠡᠷᠬᠡᠭ ᠲᠦᠷᠢᠮᠡᠬᠡᠢ᠌ᠳᠡᠨᠢ ᠳᠤᠮᠳᠠᠳᠤ ᠤᠯᠤᠰ᠎ᠡᠴᠡ ᠦᠯᠳᠠᠨ ᠬᠦᠭᠡᠭᠡᠵᠤ᠂ ᠠᠯᠢᠪᠠ ᠡᠵᠡᠷᠬᠡᠭ ᠲᠦᠷᠢᠮᠡᠬᠡᠢ᠌ᠳᠡᠨᠦ ᠳᠤᠮᠳᠠᠳᠤ ᠤᠯᠤᠰ᠎ᠢ ᠬᠡᠰᠡᠭ᠌ᠯᠡᠨ ᠬᠤᠪᠢᠶᠠᠯᠴᠠᠬᠤ᠎ᠶ᠋ᠢ ᠡᠰᠡᠷᠭᠦᠴᠡᠵᠦ᠍᠂ ᠳᠤᠮᠳᠠᠳᠤ᠎ᠶ᠋ᠢᠨ ᠦᠨᠳᠦᠰᠦᠲᠡᠨ᠎ᠦ ᠲᠤᠢᠯᠪᠤᠷᠢᠲᠠᠢ ᠴᠢᠯᠥᠭᠡᠯᠡᠯᠲᠡ ᠪᠠ ᠲᠤᠰᠠᠭᠠᠷ ᠲᠣᠭ᠍ᠲᠠᠨᠢᠯ᠎ᠢ ᠲᠡᠮᠡᠴᠡᠨ ᠤᠯᠬᠤ ᠬᠡᠷᠡᠭ᠌ᠲᠡᠢ》᠃
ᠷᠦᠢᠵᠢᠨᠤ ᠲᠥᠪ᠎ᠦᠨ ᠬᠤᠪᠢᠰᠭᠠᠯ᠎ᠤᠨ ᠰᠠᠭᠤᠷᠢᠨ ᠭᠠᠵᠠᠷ᠎ᠤᠨ ᠲᠡᠦᠬᠡ᠎ᠶ᠋ᠢᠨ ᠮᠦᠽᠧᠢ᠎ᠳᠦ᠂ 《ᠳᠤᠮᠳᠠᠳᠤ᠎ᠶ᠋ᠢᠨ ᠪᠦᠬᠦᠳᠠ ᠨᠠᠢᠷᠠᠮᠳᠠᠬᠤ ᠰᠣᠪᠢᠶᠠᠳ ᠤᠯᠤᠰ᠎ᠤᠨ ᠲᠦᠷ ᠴᠠᠭ᠎ᠤᠨ ᠲᠥᠪ ᠵᠠᠰᠠᠭ᠎ᠤᠨ ᠣᠷᠳᠣᠨ᠎ᠡᠴᠡ ᠶᠠᠫᠣᠨᠯᠤᠭᠠ ᠲᠠᠢ᠌ᠨ ᠬᠢᠬᠦ᠌᠎ᠪᠡᠷ ᠵᠠᠷᠯᠠᠭ᠍ᠰᠠᠨ ᠲᠤᠩᠬᠠᠭ》 ᠨᠢ ᠦᠵᠡᠭ᠌ᠴᠢᠳ ᠤ᠋ᠨ ᠠᠨᠭᠬᠠᠷᠤᠯ ᠢ᠋ ᠶᠡᠭᠡᠳᠠ ᠲᠠᠳᠠᠪᠠ᠃ ᠲᠤᠩᠬᠠᠭ᠎ᠢ ᠨᠡᠢᠲᠡᠯᠡᠬᠦ᠌ ᠦᠶ᠎ᠡ᠎ᠳᠦ᠂ ᠳᠤᠮᠳᠠᠳᠤ᠎ᠶ᠋ᠢᠨ ᠰᠣᠪᠢᠶᠠᠳ ᠵᠠᠰᠠᠭ᠎ᠤᠨ ᠣᠷᠳᠣᠨ ᠪᠠᠢᠭᠤᠯᠤᠭ᠍ᠳᠠᠭᠠᠳ ᠬᠠᠭᠠᠰ ᠵᠢᠯ ᠪᠣᠯᠤᠭ᠎ᠠ ᠦᠭᠡᠢ ᠪᠠᠢᠪᠠ᠃
《9·18》 ᠤ᠋ ᠬᠡᠷᠡᠭ ᠬᠤᠪᠢᠰᠤᠯ᠎ᠤᠨ ᠬᠣᠶᠠᠳᠤᠭᠠᠷ ᠡᠳᠦᠷ᠂ 《ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠮᠠᠨᠵᠤ ᠮᠤᠵᠢ᠎ᠶ᠋ᠢᠨ ᠬᠣᠷᠢᠶ᠎ᠠ᠎ᠡᠴᠡ ᠶᠠᠫᠣᠨ ᠡᠵᠡᠷᠬᠡᠭ ᠲᠦᠷᠢᠮᠡᠭᠡᠢᠳᠠᠨᠤ᠋ ᠵᠡᠪᠰᠡᠭ᠌ᠲᠦ ᠬᠦᠴᠦᠨ᠎ᠢᠶᠡᠷ ᠮᠠᠨᠵᠤ᠎ᠶ᠋ᠢ ᠡᠵᠡᠯᠡᠭ᠌ᠰᠡᠨ ᠲᠤᠩᠬᠠᠭ》 ᠢ᠋ ᠮᠦᠭᠳᠡᠨ ᠤ᠋ ᠵᠡᠭᠡᠯᠢ ᠭᠤᠳᠤᠮᠵᠢ᠎ᠳᠤ ᠨᠠᠭᠠᠪᠠ᠃ ᠲᠠᠷᠠᠭ᠎ᠠ ᠨᠢ᠂《ᠳᠤᠮᠳᠠᠳᠤ ᠤᠯᠤᠰ᠎ᠤᠨ ᠡᠪ ᠬᠠᠮᠲᠤ ᠨᠠᠮ᠎ᠡᠴᠡ ᠶᠠᠫᠣᠨ ᠡᠵᠡᠷᠬᠡᠭ ᠲᠦᠷᠢᠮᠡᠭᠡᠢ᠌ᠳᠡᠨᠦ ᠵᠡᠭᠦᠨ ᠬᠤᠢᠳᠤ ᠵᠢᠨ ᠭᠤᠷᠪᠠᠨ ᠮᠤᠵᠢ᠎ᠶ᠋ᠢ ᠬᠦᠴᠦᠷᠬᠡᠭ᠌ᠯᠡᠨ ᠡᠵᠡᠯᠡᠭ᠌ᠰᠡᠨ ᠬᠡᠷᠡᠭ᠎ᠦᠨ ᠲᠤᠬᠠᠢ ᠲᠤᠩᠬᠠᠭ》 ᠵᠡᠷᠭᠡ ᠠᠯᠢ ᠤᠯᠠᠨ ᠲᠤᠩᠬᠠᠭ ᠪᠠ ᠱᠢᠢᠳᠪᠦᠷᠢ᠎ᠶ᠋ᠢ ᠨᠡᠢᠲᠡᠯᠡᠵᠦ᠍᠂ ᠪᠦᠬᠦ᠌ ᠤᠯᠤᠰ᠎ᠤᠨ ᠠᠷᠠᠳ ᠲᠦᠮᠡᠨ᠎ᠢ ᠡᠷᠡᠯᠬᠡᠭ᠌ᠯᠡᠨ ᠪᠣᠰᠴᠤ᠌ ᠶᠠᠫᠣᠨ᠎ᠢ ᠡᠰᠡᠷᠭᠦᠴᠡᠲᠦᠭᠡᠢ ᠭᠡᠵᠦ᠍ ᠤᠷᠢᠶᠠᠯᠠᠪᠠ᠃
ᠦᠨᠳᠦᠰᠦᠲᠡᠨ᠎ᠦ ᠶᠡᠬᠡ ᠵᠢᠷᠤᠮ᠎ᠢ ᠴᠢᠬᠤᠯᠠᠴᠢᠯᠠᠵᠤ᠂ ᠳᠤᠮᠳᠠᠳᠤ ᠤᠯᠤᠰ᠎ᠤᠨ ᠡᠪ ᠬᠠᠮᠲᠤ ᠨᠠᠮ ᠢᠮᠠᠭ᠍ᠲᠠ ᠳᠤᠮᠳᠠᠳᠤ ᠶᠠᠫᠣᠨ᠎ᠤ ᠦᠨᠳᠦᠰᠦᠲᠡᠨ᠎ᠦ ᠵᠥᠷᠢᠴᠡᠯ ᠭᠡᠬᠦ᠌ ᠡᠨᠡ ᠬᠦ᠌ ᠨᠡᠢᠭᠡᠮ᠎ᠦᠨ ᠭᠣᠣᠯ ᠵᠥᠷᠢᠴᠡᠯ᠎ᠢ ᠠᠳᠭᠤᠵᠤ᠂ ᠤᠷᠳᠤ ᠵᠠᠮ᠎ᠤᠨ ᠠᠶᠠᠨ ᠲᠠᠢ᠌ᠨ᠎ᠦ ᠵᠠᠮ ᠳ᠋ᠠᠭᠠᠨ《ᠶᠠᠫᠣᠨ᠎ᠢ ᠡᠰᠡᠷᠭᠦᠴᠡᠪᠡᠯ ᠠᠮᠢᠳᠤ ᠦᠯᠡᠳᠡᠨᠠ᠂ ᠶᠠᠫᠣᠨ᠎ᠢ ᠡᠰᠡᠷᠭᠦᠴᠡᠬᠦ᠌ ᠦᠭᠡᠢ ᠪᠣᠯ ᠦᠬᠦᠨ᠎ᠠ》 ᠭᠡᠬᠦ᠌ ᠲᠤᠩᠬᠠᠭ ᠨᠡᠢᠲᠡᠯᠡᠵᠦ᠍᠂ 《7·7》 ᠤ᠋ ᠬᠡᠷᠡᠭ ᠬᠤᠪᠢᠰᠤᠯ ᠡᠭᠦᠰᠦᠭ᠌ᠰᠡᠨ᠎ᠦ ᠲᠠᠷᠠᠭ᠎ᠠ ᠲᠡᠷᠡ ᠳᠠᠷᠤᠢ᠎ᠳᠤ᠎ᠨᠢ ᠪᠦᠬᠦ᠌ ᠤᠯᠤᠰ᠎ᠲᠤ ᠴᠠᠬᠢᠯᠭᠠᠨ ᠮᠡᠳᠡᠭᠡ ᠶᠠᠪᠤᠭᠤᠯᠵᠤ 《ᠦᠨᠳᠦᠰᠦᠲᠡᠨ᠎ᠦ ᠨᠢᠭᠡᠳᠦᠮᠡᠯ ᠹᠷᠣᠨᠲ᠎ᠤᠨ ᠪᠠᠲᠤ ᠪᠡᠬᠢ ᠤᠷᠳᠤ ᠴᠠᠭᠠᠨ ᠬᠡᠷᠡᠮ᠎ᠢ ᠪᠠᠢᠭᠤᠯᠰᠤᠭᠠᠢ》 ᠭᠡᠮᠡᠨ ᠤᠷᠢᠶᠠᠯᠠᠵᠤ᠂ ᠪᠦᠷᠢᠢᠡ ᠵᠢᠨ ᠲᠠᠭᠤᠨ ᠹᠠᠱ᠌ᠢᠰ᠎ᠤᠨ ᠮᠠᠨᠡᠨ ᠬᠦᠳᠡᠩ ᠢ᠋ ᠵᠦᠰᠦᠵᠦ᠍᠂ ᠨᠤᠢᠷᠮᠤᠭᠯᠠᠨ ᠵᠡᠭᠦᠷᠮᠡᠭᠯᠡᠭᠰᠡᠨ ᠠᠭᠤᠯᠠ ᠤᠰᠤ᠎ᠶᠢ ᠲᠠᠭᠤᠳᠠᠨ ᠰᠡᠷᠢᠭᠡᠪᠡ᠃
ᠲᠤᠬᠠᠢ᠎ᠶ᠋ᠢᠨ ᠦᠶ᠎ᠡ᠎ᠳᠦ ᠶᠠᠫᠣᠨ᠎ᠤ ᠨᠢᠭᠡᠨ ᠳᠤᠮᠳᠠᠳᠤ ᠤᠯᠤᠰ᠎ᠤᠨ ᠬᠡᠷᠡᠭ ᠶᠠᠪᠤᠳᠠᠯ᠎ᠤᠨ ᠱᠢᠭᠦᠮᠵᠢᠯᠡᠭ᠌ᠴᠢ᠂ 《ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠠᠬᠢᠭᠤᠯᠭ᠎ᠠ ᠳᠣᠣᠷ᠎ᠠ᠂ ᠶᠠᠫᠣᠨ᠎ᠢ ᠡᠰᠡᠷᠭᠦᠴᠡᠬᠦ᠌ ᠦᠨᠳᠦᠰᠦᠲᠡᠨ᠎ᠦ ᠨᠢᠭᠡᠳᠦᠮᠡᠯ ᠹᠷᠣᠨᠲ ᠨᠢ ᠪᠦᠬᠦ᠌ ᠤᠯᠤᠰ᠎ᠤᠨ ᠶᠠᠫᠣᠨ᠎ᠢ ᠡᠰᠡᠷᠭᠦᠴᠡᠬᠦ᠌ ᠬᠥᠳᠡᠯᠭᠡᠭᠡᠨ᠎ᠢ ᠠᠬᠢᠭᠤᠯᠬᠤ ᠭᠣᠣᠯ ᠬᠦᠴᠦᠨ ᠪᠣᠯᠵᠠᠢ》 ᠭᠡᠵᠦ᠍ ᠮᠡᠳᠡᠷᠡᠪᠡ᠃ ᠶᠠᠫᠣᠨ᠎ᠤ ᠲᠤᠤᠺᠢᠤ᠋ ᠵᠢᠨ 《ᠬᠣᠯᠪᠣᠭᠠᠲᠠᠨ ᠳᠡᠯᠡᠬᠡᠢ᠎ᠶ᠋ᠢᠨ ᠭᠠᠷᠠᠭ᠎ᠤᠨ ᠰᠡᠳᠬᠦᠯ》 ᠳ᠋ᠤ᠂ 《ᠶᠠᠫᠣᠨ᠎ᠢ ᠡᠰᠡᠷᠭᠦᠴᠡᠬᠦ᠌ ᠵᠢᠩᠬᠢᠨᠢ ᠬᠦᠴᠦᠨ ᠪᠣᠯ ᠢᠮᠠᠭ᠍ᠲᠠ ᠳᠤᠮᠳᠠᠳᠤ ᠤᠯᠤᠰ᠎ᠤᠨ ᠡᠪ ᠬᠠᠮᠲᠤ ᠨᠠᠮ ᠮᠥᠨ》 ᠭᠡᠵᠦ᠍ ᠰᠡᠭᠦᠷᠡᠰᠦ ᠠᠯᠳᠠᠵᠤ ᠪᠠᠢᠯ᠎ᠠ᠃
ᠭᠠᠷᠮᠠᠭᠠᠶ ᠤᠳᠤᠷᠢᠳᠭᠤ ᠬᠦᠴᠦᠨ᠎ᠢᠶᠡᠷ ᠢᠯᠠᠯᠲᠠ ᠣᠯᠬᠤ ᠵᠠᠮ᠎ᠤᠨ ᠵᠢᠷᠤᠭ᠎ᠢ ᠵᠢᠷᠤᠭ᠍ᠯᠠᠪᠠ —
ᠳᠠᠢᠰᠤᠨ ᠬᠦᠴᠦᠷᠬᠡᠭ ᠪᠢᠳᠡ ᠪᠠᠭᠤᠷᠠᠢ᠂ ᠳᠠᠢᠰᠤᠨ ᠪᠠᠭ᠎ᠠ ᠪᠢᠳᠡ ᠶᠡᠬᠡ᠂ ᠳᠠᠢᠰᠤᠨ ᠶᠣᠰᠣ ᠠᠯᠳᠠᠵᠤ ᠲᠤᠰᠠᠯᠠᠮᠵᠢ ᠴᠦᠭᠡᠨ᠂ ᠪᠢᠳᠠ ᠶᠤᠰᠤ᠎ᠶᠢ ᠤᠯᠵᠤ ᠲᠤᠰᠠᠯᠠᠮᠵᠢ ᠤᠯᠠᠨ ᠵᠡᠷᠭᠡ ᠵᠥᠷᠢᠴᠡᠯ᠎ᠦᠨ ᠣᠨᠴᠠᠯᠢᠭᠲᠤ ᠴᠢᠭ᠌ᠯᠡᠭᠦᠯᠦᠨ᠂ ᠳᠤᠮᠳᠠᠳᠤ ᠤᠯᠤᠰ᠎ᠤᠨ ᠡᠪ ᠬᠠᠮᠲᠤ ᠨᠠᠮ ᠤᠳᠠᠭᠠᠨ ᠳᠠᠭᠠᠭᠠᠮᠠᠭᠠᠢ ᠳᠠᠢ᠌ᠨ᠎ᠦ ᠪᠠᠢᠯᠳᠤᠬᠤ ᠪᠤᠳᠤᠯᠭ᠎ᠠ᠎ᠶ᠋ᠢᠨ ᠶᠡᠷᠦᠩᠬᠡᠢ ᠴᠢᠭ᠌ᠯᠡᠯᠲᠡ᠂ ᠠᠷᠠᠳ᠎ᠤᠨ ᠳᠠᠢ᠌ᠨ᠎ᠦ ᠪᠠᠢᠯᠳᠤᠬᠤ ᠪᠤᠳᠤᠯᠭ᠎ᠠ ᠪᠠᠢᠯᠳᠤᠬᠤ ᠠᠷᠭ᠎ᠠ᠎ᠪᠠᠷ ᠶᠠᠫᠣᠨ᠎ᠢ ᠡᠰᠡᠷᠭᠦᠴᠡᠬᠦ᠌ ᠳᠠᠢ᠌ᠨ᠎ᠳᠦ ᠵᠥᠪ ᠴᠢᠭ᠌ᠯᠡᠯ᠎ᠢ ᠵᠢᠭᠠᠵᠤ ᠥᠭ᠌ᠪᠡ᠃
ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠭ᠍ᠰᠠᠨ ᠠᠷᠠᠳ᠎ᠤᠨ ᠴᠡᠷᠢᠭ ᠠᠩᠬᠢ 《ᠰᠠᠯᠬᠢ ᠪᠤᠷᠤᠭᠠᠨ ᠡᠴᠡ ᠰᠦᠷᠳᠡᠬᠦ ᠦᠭᠡᠢ᠂ ᠲᠠᠢᠰᠤᠨ ᠤ᠋ ᠠᠷᠤ ᠵᠠᠮ ᠢ᠋ ᠬᠠᠭᠠᠵᠤ᠂ ᠤᠷᠠᠨ ᠠᠷᠭ᠎ᠠ ᠭᠡᠷᠡᠭᠯᠡᠵᠤ᠂ ᠥᠨᠥᠳᠦᠷ ᠨᠢᠭᠡ ᠲᠣᠰᠭᠣᠨᠵᠢᠡᠨ ᠡᠭᠡᠬᠦᠯᠤᠨ ᠠᠪᠴᠤ᠌᠂ ᠮᠠᠷᠭᠠᠰᠢ ᠨᠢᠭᠡ ᠬᠤᠲᠠ ᠪᠡᠨ ᠪᠤᠯᠢᠶᠠᠨ ᠠᠪᠴᠢᠷᠠᠨ᠎ᠠ》᠃
1944 ᠣᠨ᠎ᠤ 7 ᠰᠠᠷ᠎ᠠ᠎ᠳᠤ᠂ ᠠᠨᠭ᠌ᠭ᠌ᠯᠢ᠎ᠶ᠋ᠢᠨ ᠬᠠᠭᠤᠷᠠᠢ ᠵᠠᠮ᠎ᠤᠨ ᠴᠡᠷᠢᠭ᠎ᠦᠨ ᠶᠠᠪᠤᠳᠠᠯ᠎ᠤᠨ ᠪᠠᠢᠳᠠᠯ᠎ᠤᠨ ᠬᠣᠶᠠᠳᠤᠭᠠᠷ ᠭᠠᠵᠠᠷ᠎ᠤᠨ ᠰᠲ᠋ᠤᠯᠰ ᠬᠣᠱᠢᠭᠤᠴᠢ ᠬᠤᠷᠠᠩᠳᠠ ᠨᠢᠭᠡᠨ ᠮᠡᠳᠡᠭᠦᠯᠦᠯᠲᠡ᠎ᠳᠡᠭᠡᠨ᠄ 《ᠣᠯᠠᠩᠬᠢ ᠹᠷᠣᠨᠲ ᠳᠡᠭᠡᠷ᠎ᠡ᠂ ᠫᠠᠷᠲ᠋ᠢᠽᠠᠨ ᠳᠠᠢ᠌ᠨ ᠪᠣᠯ ᠪᠡᠬᠢᠯᠡᠯᠳᠡ ᠵᠢᠨ ᠳᠠᠢ᠌ᠨ᠎ᠦ ᠲᠠᠭᠠᠯᠳᠠ ᠮᠥᠨ᠂ ᠭᠡᠪᠡᠴᠦ᠍ ᠳᠤᠮᠳᠠᠳᠤ ᠤᠯᠤᠰ᠎ᠲᠤ᠂ ᠫᠠᠷᠲ᠋ᠢᠽᠠᠨ ᠳᠠᠢ᠌ᠨ ᠨᠢ ᠶᠠᠫᠣᠨ᠎ᠤ ᠴᠡᠷᠢᠭ᠎ᠦᠨ ᠶᠡᠬᠡᠩᠬᠢ ᠬᠡᠰᠡᠭ᠎ᠢ ᠬᠣᠷᠢᠭ᠍ᠯᠠᠵᠠᠢ》 ᠭᠡᠵᠤ ᠦᠨᠡᠯᠡᠭᠰᠡᠨ ᠪᠠᠢᠯ᠎ᠠ᠃
ᠫᠠᠷᠲ᠋ᠢᠽᠠᠨ ᠳᠠᠢ᠌ᠨ ᠢᠯᠠᠯᠲᠠ ᠤᠯᠬᠤ᠎ᠶ᠋ᠢᠨ ᠵᠠᠩᠭᠢᠯᠠᠭ᠎ᠠ ᠪᠤᠯᠵᠤ᠂ ᠳᠠᠢᠰᠤᠨ᠎ᠤ ᠠᠷᠤ ᠲᠠᠯ᠎ᠠ᠎ᠶ᠋ᠢᠨ ᠳᠠᠢ᠌ᠨ᠎ᠦ ᠲᠠᠯᠠᠪᠤᠷ ᠱᠢᠢᠳᠪᠦᠷᠢᠲᠦ ᠢᠯᠠᠯᠲᠠ ᠤᠯᠬᠤ ᠭᠠᠵᠠᠷ ᠪᠣᠯᠤᠭ᠍ᠰᠠᠨ ᠦᠶ᠎ᠡ᠎ᠳᠦ᠂ ᠹᠠᠱ᠌ᠢᠰ᠎ᠢ ᠡᠰᠡᠷᠭᠦᠴᠡᠬᠦ᠌ ᠳᠠᠢ᠌ᠨ᠎ᠦ ᠳᠣᠷᠣᠨᠠᠳᠠᠬᠢᠨ᠎ᠤ ᠭᠣᠣᠯ ᠳᠠᠢ᠌ᠨ᠎ᠦ ᠲᠠᠯᠠᠪᠤᠷ᠎ᠤᠨ ᠳᠠᠭᠠᠭᠤᠯᠤᠭ᠍ᠴᠢ ᠪᠣᠯ ᠶᠠᠭ ᠳᠤᠮᠳᠠᠳᠤ ᠤᠯᠤᠰ᠎ᠢ ᠭᠡᠢᠭᠦᠯᠦᠭ᠌ᠰᠡᠨ ᠲᠡᠷᠡ ᠬᠦ᠌ ᠤᠯᠠᠭᠠᠨ ᠤᠳᠤ ᠪᠣᠯᠬᠤ᠎ᠶ᠋ᠢ ᠪᠦᠬᠦ᠌ ᠳᠡᠯᠡᠬᠡᠢᠪᠡᠷᠢᠶᠡᠨ ᠲᠣᠳᠣᠷᠬᠠᠢ ᠣᠯᠵᠤ ᠬᠠᠷᠠᠪᠠ᠃
ᠬᠠᠳᠠᠨ ᠪᠠᠳᠤ ᠡᠬᠦᠷᠭᠡᠯᠡᠯ ᠵᠢᠡᠷ ᠲᠡᠦᠬᠡ᠎ᠶ᠋ᠢᠨ ᠬᠠᠷᠢᠭᠤᠴᠠᠯᠭ᠎ᠠ᠎ᠶ᠋ᠢ ᠡᠭᠦᠷᠭᠡᠯᠡᠪᠠ —
ᠵᠠᠭᠤᠨ ᠬᠣᠷᠢᠶ᠎ᠠ ᠴᠡᠷᠢᠭ᠎ᠦᠨ ᠪᠠᠢᠯᠳᠤᠭᠠᠨ ᠳ᠋ᠤ᠂ ᠨᠠᠢ᠍ᠮᠠᠳᠤᠭᠠᠷ ᠵᠠᠮ᠎ᠤᠨ ᠴᠡᠷᠢᠭ 1824 ᠤᠳᠠᠭ᠎ᠠ ᠪᠠᠢᠯᠳᠤᠭᠠᠨ ᠬᠢᠵᠦ᠍᠂ ᠶᠠᠫᠣᠨ ᠴᠡᠷᠢᠭ᠎ᠦᠨ《ᠱᠢᠩᠭᠡᠯᠢᠭ᠎ᠤᠨ ᠲᠥᠷᠥ᠎ᠶ᠋ᠢᠨ ᠪᠣᠳᠣᠯᠭ᠎ᠠ》 ᠳ᠋ᠤ ᠬᠦᠨᠳᠦ ᠴᠣᠬᠢᠯᠲᠠ ᠥᠭ᠌ᠴᠦ᠂ 《ᠤᠯᠤᠰ᠎ᠢ ᠮᠥᠬᠥᠭᠡᠬᠦ᠌ ᠣᠨᠣᠯ》᠂ 《ᠪᠠᠭᠤᠵᠤ ᠥᠭ᠌ᠬᠦ ᠣᠨᠣᠯ》 ᠢ᠋ ᠬᠦᠴᠦᠲᠡᠶ ᠨᠢᠴᠤᠭᠠᠵᠤ᠂ ᠪᠦᠬᠦ᠌ ᠳᠡᠯᠡᠬᠡᠶ᠎ᠳᠦ ᠳᠤᠮᠳᠠᠳᠤ ᠤᠯᠤᠰ᠎ᠤᠨ ᠡᠪ ᠬᠠᠮᠲᠤ ᠨᠠᠮ ᠪᠠ ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠵᠣᠷᠢᠭ ᠰᠠᠨᠠᠭ᠎ᠠ ᠪᠠ ᠬᠦᠴᠦᠨ ᠴᠢᠳᠠᠯ᠎ᠢ ᠬᠠᠷᠠᠭᠤᠯᠵᠠᠢ᠃
1943 ᠣᠨ᠎ᠤ 3 ᠰᠠᠷ᠎ᠠ᠎ᠳᠤ᠂ ᠥᠪᠡᠷᠡᠴᠡᠪᠡᠨ ᠬᠡᠳᠦᠨ ᠠᠷᠪᠠᠨ ᠲᠠᠬᠢᠨ ᠢᠯᠡᠭᠦᠦ ᠳᠠᠢᠰᠤᠨ᠎ᠤ ᠡᠮᠦᠨ᠎ᠡ᠂ ᠱᠢᠨ᠎ᠡ ᠳᠥᠷᠪᠡᠳᠦᠭᠡᠷ ᠠᠷᠮᠢ᠎ᠶ᠋ᠢᠨ ᠭᠤᠷᠪᠠᠳᠤᠭᠠᠷ ᠳ᠋ᠢᠸᠢᠽᠢ᠎ᠶ᠋ᠢᠨ ᠳᠣᠯᠣᠳᠤᠭᠠᠷ ᠪᠠᠷᠢᠭᠠᠳᠠ᠎ᠶ᠋ᠢᠨ ᠠᠷᠪᠠ ᠶᠢᠰᠦᠳᠦᠭᠡᠷ ᠬᠣᠷᠢᠶ᠎ᠠ᠎ᠶ᠋ᠢᠨ ᠬᠣᠶᠠᠳᠤᠭᠠᠷ ᠪᠠᠲ᠋ᠯᠢᠶᠣᠨ᠎ᠤ ᠳᠥᠷᠪᠡᠳᠦᠭᠡᠷ ᠰᠤᠮᠤ᠎ᠶ᠋ᠢᠨ 82 ᠪᠠᠢᠯᠳᠤᠭ᠍ᠴᠢ ᠪᠠᠭᠠᠲᠤᠷᠯᠢᠭ᠎ᠢᠶᠠᠷ ᠬᠣᠷᠢᠭ᠍ᠯᠠᠨ ᠴᠣᠬᠢᠪᠠ! ᠵᠢᠳᠠ᠂ ᠫᠤᠤ᠎ᠶ᠋ᠢᠨ ᠡᠰᠢ᠂ ᠬᠦᠷᠵᠡ᠂ ᠲᠡᠷᠡᠴᠢᠯᠡᠨ ᠱᠢᠳᠤ᠎ᠪᠡᠷ ᠵᠢᠡᠨ ᠬᠤᠷᠢᠬᠯᠡᠨ ᠪᠠᠢᠯᠳᠤᠵᠤ᠂ ᠪᠠᠢᠯᠳᠤᠭᠠᠨ ᠦᠷ ᠴᠠᠢᠬᠤ᠎ᠡᠴᠡ ᠱᠢᠷ᠎ᠠ ᠪᠦᠷᠦᠶ ᠪᠣᠯᠲᠠᠯ᠎ᠠ᠂ ᠠᠮᠢ ᠨᠠᠰᠤᠨ᠎ᠤ ᠬᠠᠮᠤᠭ ᠡᠴᠦᠰ᠎ᠦᠨ ᠮᠥᠴᠡ ᠬᠦᠷᠲᠡᠯ᠎ᠡ ᠶᠠᠪᠤᠭ᠍ᠳᠠᠪᠠ᠃
ᠪᠦᠬᠦ᠌ ᠲᠠᠯ᠎ᠠ᠎ᠪᠠᠷ ᠶᠠᠫᠣᠨ᠎ᠢ ᠡᠰᠡᠷᠭᠦᠴᠡᠬᠦ᠌ ᠲᠠᠢ᠌ᠨ᠎ᠦ ᠬᠤᠭᠤᠴᠠᠭᠠᠨ᠎ᠳᠤ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠭ᠍ᠰᠠᠨ ᠨᠠᠢ᠍ᠮᠠᠳᠤᠭᠠᠷ ᠵᠠᠮ᠎ᠤᠨ ᠴᠡᠷᠢᠭ᠂ ᠱᠢᠨ᠎ᠡ ᠳᠥᠷᠪᠡᠳᠦᠭᠡᠷ ᠠᠷᠮᠢ ᠪᠣᠯᠤᠨ ᠡᠮᠦᠨᠡᠲᠦ ᠣᠷᠣᠨ᠎ᠤ ᠶᠠᠫᠣᠨ᠎ᠢ ᠡᠰᠡᠷᠭᠦᠴᠡᠬᠦ᠌ ᠵᠡᠪᠰᠡᠭ᠌ᠲᠦ ᠬᠦᠴᠦᠨ ᠵᠡᠷᠭᠡ ᠪᠦᠬᠦ᠌ ᠤᠯᠤᠰ᠎ᠤᠨ ᠡᠯ᠎ᠡ ᠭᠠᠵᠠᠷ᠎ᠤᠨ ᠶᠠᠫᠣᠨ᠎ᠢ ᠡᠰᠡᠷᠭᠦᠴᠡᠬᠦ᠌ ᠬᠤᠪᠢᠰᠭᠠᠯᠲᠤ ᠵᠡᠪᠰᠡᠭ᠌ᠲᠦ ᠬᠦᠴᠦᠨ ᠳᠠᠢᠰᠤᠨᠯᠤᠭᠠ 12.5 ᠲᠦᠮᠡ ᠭᠠᠷᠤᠢ ᠤᠳᠠᠭ᠎ᠠ ᠪᠠᠢᠯᠳᠤᠵᠤ᠂ 171.4 ᠲᠦᠮᠡ ᠭᠠᠷᠤᠢ ᠶᠠᠫᠣᠨ ᠴᠡᠷᠢᠭ᠂ ᠬᠠᠭᠤᠷᠮᠠᠭ ᠴᠡᠷᠢᠭ᠎ᠢ ᠰᠥᠨᠥᠭᠡᠵᠦ᠍᠂ ᠰᠡᠭᠦᠯᠴᠢ᠎ᠶ᠋ᠢᠨ ᠬᠤᠭᠤᠴᠠᠭᠠᠨ᠎ᠳᠤ ᠨᠡᠩ ᠴᠤ᠌ ᠳᠤᠮᠳᠠᠳᠤ ᠤᠯᠤᠰ᠎ᠢ ᠲᠦᠷᠢᠮᠡᠬᠡᠢᠯᠡᠭ᠌ᠰᠡᠨ 60% ᠱᠢᠬᠠᠮ ᠶᠠᠫᠣᠨ ᠴᠡᠷᠢᠭ᠎ᠢ ᠡᠰᠡᠷᠭᠦᠴᠡᠨ ᠪᠠᠢᠯᠳᠤᠪᠠ᠃
《ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠭᠤᠯᠤᠭ᠍ᠳᠠᠭ᠍ᠰᠠᠨ ᠡᠳᠦᠷ᠎ᠡᠴᠡ᠎ᠪᠡᠨ ᠡᠬᠢᠯᠡᠨ ᠳᠤᠮᠳᠠᠳᠤ᠎ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶ᠋ᠢ ᠪᠡᠶᠡᠯᠡᠭᠦᠯᠬᠦ᠌᠎ᠪᠡᠷ ᠥᠪᠡᠷ᠎ᠦᠨ ᠲᠡᠦᠬᠡᠲᠦ ᠡᠭᠦᠷᠭᠡ᠎ᠪᠡᠨ ᠪᠣᠯᠭᠠᠵᠤ᠂ ᠦᠨᠳᠦᠰᠦᠲᠡᠨ᠎ᠦ ᠲᠤᠰᠠᠭᠠᠷ ᠲᠣᠭ᠍ᠲᠠᠨᠢᠯ᠎ᠢ ᠬᠠᠮᠤᠭ᠎ᠤᠨ ᠡᠷᠡᠰ ᠪᠠᠲᠤ ᠬᠠᠮᠠᠭᠠᠯᠠᠵᠤ᠂ ᠦᠨᠳᠦᠰᠦᠲᠡᠨ᠎ᠦ ᠠᠱᠢᠭ ᠲᠤᠰᠠ᠎ᠶ᠋ᠢ ᠬᠠᠮᠤᠭ᠎ᠤᠨ ᠡᠷᠡᠰ ᠱᠢᠭᠤᠷᠬᠠᠢ ᠬᠠᠮᠠᠭᠠᠯᠠᠵᠤ᠂ ᠭᠠᠳᠠᠭᠠᠳᠤ᠎ᠶ᠋ᠢᠨ ᠲᠦᠷᠢᠮᠡᠬᠡᠢᠯᠡᠯ᠎ᠢ ᠬᠠᠮᠤᠭ᠎ᠤᠨ ᠡᠷᠡᠯᠬᠡᠭ ᠪᠠᠭᠠᠲᠤᠷᠯᠢᠭ᠎ᠢᠶᠡᠷ ᠡᠰᠡᠷᠭᠦᠴᠡᠪᠡ》᠃ ᠶᠡᠷᠦᠩᠬᠡᠢ ᠱᠦᠵᠢ ᠰᠢ ᠵᠢᠨ ᠫᠢᠩ᠎ᠦᠨ ᠦᠭᠡ ᠥᠷᠭᠡᠨ ᠠᠭᠤᠳᠠᠮ ᠡᠬᠡ ᠭᠠᠵᠠᠷ᠎ᠲᠤ ᠴᠤᠤᠷᠢᠶᠠᠲᠤᠨ᠎ᠠ᠃
14 ᠵᠢᠯ ᠱᠢᠷᠭᠠᠭᠤ ᠬᠠᠲᠠᠭᠤᠵᠢᠯᠲᠠᠢ᠎ᠪᠠᠷ ᠶᠠᠫᠣᠨ᠎ᠢ ᠡᠰᠡᠷᠭᠦᠴᠡᠵᠦ᠍᠂ ᠦᠷᠡᠭ᠌ᠳᠡᠭ᠌ᠰᠡᠨ ᠪᠠᠭᠠᠲᠤᠷᠴᠤᠳ ᠤ᠋ᠨ ᠨᠠᠷᠠ ᠭᠡᠷᠡᠯ ᠬᠢᠯᠪᠠᠭ᠎ᠠ ᠰᠠᠴᠤᠷᠠᠨ᠎ᠠ — ᠵᠤᠤ ᠢ ᠮᠠᠨ᠂ ᠶᠠᠩ ᠵᠢᠩ ᠢᠦᠢ᠂ ᠵᠤᠤ ᠱᠠᠩ ᡁᠢ᠂ ᠽᠦᠸᠧ ᠴᠢᠤᠸᠠᠨ᠂ ᠫᠸᠩ ᠱᠢᠤᠸᠠᠢ ᠹᠸᠩ ᠁
5098 ᠡᠳᠦᠷ ᠴᠢᠰᠤᠲᠤ ᠪᠠᠢᠯᠳᠤᠭᠠᠨ ᠬᠢᠵᠦ᠍᠂ ᠪᠠᠯᠠᠷᠠᠰᠢ ᠦᠭᠡᠢ ᠬᠠᠮᠳᠤᠯᠢᠭ ᠮᠢᠩᠭᠠᠨ ᠣᠨ ᠭᠡᠷᠡᠯᠳᠦᠨᠠ — ᠵᠡᠭᠦᠨ ᠬᠣᠢᠲᠤ᠎ᠶ᠋ᠢᠨ ᠶᠠᠫᠣᠨ᠎ᠢ ᠡᠰᠡᠷᠭᠦᠴᠡᠬᠦ᠌ ᠬᠣᠯᠪᠣᠭᠠᠲᠤ ᠴᠡᠷᠢᠭ᠎ᠦᠨ ᠨᠠᠢ᠍ᠮᠠᠨ ᠡᠮᠡᠭ᠌ᠲᠡᠢ ᠪᠠᠢᠯᠳᠤᠭ᠍ᠴᠢ᠂ ᠨᠠᠢ᠍ᠮᠠᠳᠤᠭᠠᠷ ᠵᠠᠮ᠎ᠤᠨ ᠴᠡᠷᠢᠭ᠎ᠦᠨ 《ᠯᠠᠩ ᠶᠠ ᠱᠠᠨ ᠠᠭᠤᠯᠠᠨ᠎ᠤ ᠲᠠᠪᠤᠨ ᠪᠠᠭᠠᠲᠤᠷ》᠂ ᠱᠢᠨ᠎ᠡ ᠳᠥᠷᠪᠡᠳᠦᠭᠡᠷ ᠠᠷᠮᠢ᠎ᠶ᠋ᠢᠨ 《ᠯᠢᠦ ᠯᠣᠣ ᠵᠤᠸᠠᠩ ᠰᠤᠮᠤ》 ᠁
ᠲᠣᠭ᠎ᠠ ᠲᠣᠮᠰᠢ ᠦᠭᠡᠢ ᠦᠷᠡᠭ᠌ᠳᠡᠭ᠌ᠰᠡᠨ ᠪᠠᠭᠠᠲᠤᠷᠴᠤᠳ 《ᠠᠭᠤᠯᠠ ᠤᠰᠤᠲᠠᠶ᠎ᠪᠠᠨ ᠦᠬᠦᠵᠦ᠍ ᠰᠡᠬᠡᠬᠦ᠌᠎ᠪᠡᠨ ᠬᠠᠮᠲᠤᠳᠭᠠᠬᠤ》ᠢᠲᠡᠭᠡᠯ ᠵᠣᠷᠢᠭ᠎ᠢ ᠡᠪᠦᠷᠯᠡᠨ᠂ ᠳᠠᠢᠰᠤᠨ᠎ᠤ ᠲᠠᠢᠨ᠎ᠤ ᠭᠠᠯ᠎ᠤᠨ ᠳᠤᠮᠳᠠᠭᠤᠷ ᠤᠷᠤᠭ᠍ᠰᠢᠯᠠᠪᠠ᠃
ᠤᠯᠤᠰ ᠦᠨᠳᠦᠰᠦᠲᠡᠨ ᠤᠷᠢᠳ ᠡᠮᠦᠨ᠎ᠡ ᠪᠠᠢᠭ᠎ᠠ ᠦᠭᠡᠢ ᠬᠢᠮᠤᠷᠠᠯ᠎ᠳᠤ ᠤᠴᠠᠷᠠᠭ᠍ᠰᠠᠨ ᠦᠶ᠎ᠡ᠎ᠳᠦ᠂ ᠳᠤᠮᠳᠠᠳᠤ ᠤᠯᠤᠰ᠎ᠤᠨ ᠡᠪ ᠬᠠᠮᠲᠤᠴᠤᠳ ᠦᠨᠳᠦᠰᠦᠲᠡᠨ᠎ᠦ ᠶᠡᠬᠡ ᠵᠢᠷᠤᠮ᠎ᠢ ᠴᠢᠬᠤᠯᠠᠴᠢᠯᠠᠨ᠂ ᠪᠦᠯᠬᠦᠮᠳᠡᠵᠦ᠍ ᠪᠣᠯᠬᠤ ᠬᠦᠴᠦᠨ ᠪᠦᠬᠦᠨ᠎ᠲᠡᠶ ᠪᠦᠯᠬᠦᠮᠳᠡᠵᠦ᠍᠂ ᠡᠮᠦᠨᠡᠬᠢ ᠨᠢ ᠤᠨᠠᠳᠠᠯ᠎ᠠ ᠬᠣᠢᠨᠠᠬᠢ ᠨᠢ ᠵᠠᠯᠭᠠᠵᠤ᠂ ᠴᠢᠰᠤᠲᠤ ᠪᠠᠢᠯᠳᠤᠭᠠᠨ ᠬᠢᠵᠦ᠍᠂ ᠤᠯᠤᠰ ᠣᠷᠣᠨ᠎ᠢᠶᠠᠨ ᠮᠥᠬᠥᠯ᠎ᠡᠴᠡ ᠠᠪᠤᠷᠠᠵᠤ ᠣᠷᠣᠱᠢᠨ ᠲᠣᠭ᠍ᠲᠠᠨᠢᠬᠤ ᠬᠦᠰᠡᠯ ᠡᠷᠡᠮᠡᠯᠵᠡᠯ᠎ᠢ ᠲᠠᠯᠪᠢᠭ᠍ᠰᠠᠨ ᠶᠤᠮ᠃
ᠠᠷᠠᠳ᠎ᠤᠨ ᠰᠡᠳᠭᠢᠯ᠎ᠢ ᠨᠢᠬᠳᠠᠷᠠᠭᠤᠯᠵᠤ ᠲᠡᠦᠬᠡ᠎ᠶ᠋ᠢᠨ ᠬᠦᠴᠦᠲᠦ ᠤᠷᠤᠰᠭᠠᠯ ᠢ᠋ ᠪᠦᠷᠢᠯᠳᠦᠭᠦᠯᠪᠡ
《ᠥᠩᠭᠡᠷᠡᠭ᠌ᠰᠡᠨ᠎ᠳᠦ ᠵᠥᠪᠬᠡᠨ ᠨᠢᠭᠡᠨ ᠬᠡᠰᠡᠭ ᠥᠩ ᠱᠢᠮᠡᠯᠢᠭ ᠬᠥᠷᠥᠰᠥ᠍ ᠱᠢᠷᠣᠢ ᠲᠠᠢ᠂ ᠪᠤᠳᠠᠷᠠᠵᠤ ᠰᠠᠷᠨᠢᠭᠰᠠᠨ ᠠᠮᠢᠵᠢᠷᠠᠯ ᠤ᠋ᠨ ᠬᠦᠴᠤᠨ ᠦᠭᠡᠢ ᠳᠤᠮᠳᠠᠳᠤ ᠤᠯᠤᠰ ᠪᠠᠢᠵᠠᠢ᠂ ᠤᠳᠤ ᠴᠢᠰᠤ ᠮᠢᠬ᠎ᠠ᠎ᠲᠠᠶ ᠠᠮᠢᠵᠢᠷᠠᠯ ᠤ᠋ᠨ ᠬᠦᠴᠤᠨ ᠵᠢᠡᠷ ᠪᠢᠯᠬᠠᠬᠰᠡᠨ ᠳᠤᠮᠳᠠᠳᠤ ᠤᠯᠤᠰ ᠪᠣᠯᠵᠠᠢ》᠃
《7·7》 ᠤ᠋ ᠬᠡᠷᠡᠭ ᠬᠤᠪᠢᠰᠤᠯ᠎ᠤᠨ ᠬᠣᠶᠠᠷ ᠵᠢᠯ᠎ᠦᠨ ᠤᠢ᠎ᠶ᠋ᠢᠨ ᠳᠤᠷᠠᠰᠭᠠᠯ᠎ᠤᠨ ᠡᠳᠦᠷ᠂ ᠳᠤᠮᠳᠠᠳᠤ ᠤᠯᠤᠰ᠎ᠤᠨ ᠠᠷᠠᠳ ᠲᠦᠮᠡᠨ᠎ᠦ ᠤᠷᠢᠳ ᠡᠮᠦᠨ᠎ᠡ ᠪᠠᠢᠭ᠎ᠠ ᠦᠭᠡᠢ ᠰᠡᠬᠡᠭᠡᠷᠡᠯ᠂ ᠦᠨᠳᠦᠰᠦᠲᠡᠨ᠎ᠦ ᠬᠦᠴᠦᠨ᠎ᠦ ᠤᠷᠢᠳ ᠡᠮᠦᠨ᠎ᠡ ᠪᠠᠢᠭ᠎ᠠ ᠦᠭᠡᠢ ᠨᠢᠭ᠍ᠲᠠᠷᠠᠯ᠎ᠤᠨ ᠡᠮᠦᠨ᠎ᠡ᠂ ᠬᠠᠯᠠ ᠵᠣᠪᠠᠯᠠᠩ᠎ᠢ ᠬᠠᠱᠢᠷᠠᠲᠠᠯ᠎ᠠ ᠠᠮᠰᠠᠭ᠍ᠰᠠᠨ ᠦᠨᠢ ᠤᠳᠠᠭᠠᠨ ᠲᠡᠦᠭᠡ ᠲᠠᠢ ᠦᠨᠳᠦᠰᠦᠲᠡᠨ ᠬᠦᠴᠦᠷᠬᠡᠭ ᠶᠡᠬᠡ ᠠᠮᠢᠵᠢᠷᠠᠯ᠎ᠤᠨ ᠬᠦᠴᠦᠨ ᠪᠢᠯᠬᠠᠭᠰᠠᠨᠢ ᠬᠠᠷᠠᠭᠠᠳ ᠵᠦ᠍ ᠽᠢ ᠴᠢᠩ ᠡᠨᠡ ᠬᠦ᠌ ᠭᠦᠨ ᠲᠦᠷᠦᠭ᠌ᠳᠡᠯ᠎ᠲᠡᠶ ᠮᠦᠷ ᠪᠠᠳᠠᠭ ᠢ᠋ ᠪᠢᠴᠢᠭᠰᠡᠨ ᠪᠠᠢᠯ᠎ᠠ᠃
ᠠᠷᠠᠳ᠎ᠤᠨ ᠰᠡᠳᠭᠢᠯ᠎ᠦᠨ ᠬᠠᠨᠳᠤᠰᠢ᠂ ᠲᠡᠦᠬᠡ᠎ᠶ᠋ᠢᠨ ᠰᠣᠩᠭᠣᠯᠲᠠ᠎ᠶ᠋ᠢ ᠲᠣᠭ᠍ᠲᠠᠭᠠᠵᠤ ᠪᠠᠢᠳᠠᠭ᠃
9 ᠰᠠᠷ᠎ᠠ᠎ᠶ᠋ᠢᠨ 3 ᠤ᠋ ᠡᠳᠦᠷ᠂ ᠲᠢᠶᠠᠨ ᠠᠨ ᠮᠸᠨ ᠠᠭᠤᠳᠠᠮ ᠲᠠᠯᠠᠪᠠᠶ᠎ᠳᠤ᠃ ᠮᠡᠯᠡᠬᠡᠢᠯᠢᠭ ᠪᠣᠯᠪᠠᠰᠤᠷᠠᠯ᠎ᠤᠨ ᠬᠤᠪᠴᠠᠰᠤ ᠡᠮᠦᠰᠴᠦ᠍᠂ ᠪᠣᠯᠣᠳ ᠫᠤᠤ ᠠᠳᠭᠤᠵᠤ ᠪᠠᠢᠭ᠎ᠠ ᠡᠮᠡᠭ᠌ᠲᠡᠶ ᠡᠷᠦᠬᠡ᠎ᠶ᠋ᠢᠨ ᠴᠡᠷᠢᠭ᠂ ᠪᠡᠶ᠎ᠡ ᠪᠢᠯᠳᠠᠷ ᠰᠦᠷᠯᠢᠭ᠂ ᠴᠤᠭ ᠵᠢᠪᠬᠤᠭ᠎ᠠ ᠲᠡᠭᠦᠯᠳᠡᠷ᠃ ᠲᠡᠳᠡ ᠲᠤᠬᠠᠶ᠎ᠶ᠋ᠢᠨ ᠵᠢᠯ᠎ᠦᠨ ᠶᠠᠫᠣᠨ᠎ᠢ ᠡᠰᠡᠷᠭᠦᠴᠡᠬᠦ᠌ ᠭᠤᠤᠯ ᠰᠠᠭᠤᠷᠢᠨ ᠭᠠᠵᠠᠷ᠎ᠡᠴᠡ ᠢᠷᠡᠵᠡᠢ᠃ ᠡᠨᠡ ᠪᠣᠯ ᠡᠷᠦᠬᠡ᠎ᠶ᠋ᠢᠨ ᠴᠡᠷᠢᠭ ᠠᠩᠬ᠎ᠠ ᠤᠳᠠᠭ᠎ᠠ ᠶᠠᠫᠣᠨ᠎ᠢ ᠡᠰᠡᠷᠭᠦᠴᠡᠬᠦ᠌ ᠳᠠᠢᠨ᠎ᠢ ᠳᠤᠷᠠᠰᠭᠠᠬᠤ᠎ᠪᠠᠷ ᠭᠣᠣᠯ ᠰᠡᠳᠦᠪ ᠪᠣᠯᠭᠠᠭ᠍ᠰᠠᠨ ᠴᠡᠷᠢᠭ᠎ᠦᠨ ᠵᠢᠭ᠍ᠰᠠᠭᠠᠯ ᠱᠢᠯᠭᠠᠨ ᠦᠵᠡᠬᠦ᠌ ᠠᠵᠢᠯᠯᠠᠭ᠎ᠠ᠎ᠳᠤ ᠣᠷᠣᠯᠴᠠᠵᠤ ᠪᠠᠢᠭ᠎ᠠ ᠶᠠᠪᠤᠳᠠᠯ ᠪᠣᠯᠤᠨ᠎ᠠ᠃
ᠴᠡᠷᠢᠭ ᠠᠷᠠᠳ ᠪᠣᠯ ᠢᠯᠠᠯᠲᠠ᠎ᠶ᠋ᠢᠨ ᠦᠨᠳᠦᠰᠦ ᠮᠦᠨ᠃
ᠶᠡᠷᠦᠩᠬᠡᠢ ᠱᠦᠵᠢ ᠰᠢ ᠵᠢᠨ ᠫᠢᠩ᠄ 《ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠳᠠᠢ᠌ᠨ᠎ᠦ ᠢᠯᠠᠯᠲᠠ ᠪᠣᠯ ᠪᠦᠬᠦ᠌ ᠦᠨᠳᠦᠰᠦᠲᠡᠨ᠎ᠤ ᠲᠦᠮᠡᠨ ᠤᠯᠠᠨ ᠵᠢᠡᠷ ᠵᠢᠡᠨ ᠰᠡᠳᠭᠢᠯ ᠨᠢᠭᠡᠳᠦᠨ ᠡᠷᠡᠯᠭᠡᠭ ᠪᠠᠭᠠᠳᠤᠷᠯᠢᠭ᠎ᠢᠶᠡᠷ ᠶᠠᠫᠣᠨ᠎ᠢ ᠡᠰᠡᠷᠭᠦᠴᠡᠭᠰᠡᠨ ᠳᠠᠢ᠌ᠨ᠎ᠦ ᠠᠭᠤᠤ ᠶᠡᠬᠡ ᠢᠯᠠᠯᠲᠠ ᠮᠥᠨ᠃ ᠳᠤᠮᠳᠠᠳᠤ ᠤᠯᠤᠰ᠎ᠤᠨ ᠡᠪ ᠬᠠᠮᠲᠤ ᠨᠠᠮ ᠠᠷᠠᠳ ᠲᠦᠮᠡᠨ᠎ᠢ ᠳᠠᠢ᠌ᠴᠢᠯᠠᠬᠤ᠂ ᠠᠷᠠᠳ ᠲᠦᠮᠡᠨ᠎ᠳᠦ ᠲᠦᠱᠢᠭ᠌ᠯᠡᠬᠦ᠌᠎ᠶ᠋ᠢ ᠪᠠᠷᠢᠮᠲᠠᠯᠠᠵᠤ᠂ ᠪᠦᠬᠦ᠌ ᠦᠨᠳᠦᠰᠦᠲᠡᠨ᠎ᠦ ᠶᠠᠫᠣᠨ᠎ᠢ ᠡᠰᠡᠷᠭᠦᠴᠡᠬᠦ᠌ ᠳᠠᠢ᠌ᠨ᠎ᠦ ᠲᠡᠦᠬᠡᠨ ᠤᠷᠤᠰᠭᠠᠯ᠎ᠢ ᠪᠤᠢ ᠪᠣᠯᠭᠠᠬᠤ᠎ᠶ᠋ᠢ ᠠᠬᠢᠭᠤᠯᠵᠠᠢ》 ᠭᠡᠵᠦ ᠵᠢᠭᠠᠵᠤ ᠭᠠᠷᠭᠠᠪᠠ᠃
ᠠᠷᠠᠳ ᠲᠦᠮᠡᠨ᠎ᠢᠶᠡᠷ ᠪᠦᠯᠬᠦᠮᠳᠡᠯ᠎ᠦᠨ ᠰᠠᠭᠤᠷᠢ᠎ᠶ᠋ᠢ ᠪᠠᠲᠤ ᠴᠣᠭ᠍ᠴᠠᠯᠠᠪᠠ —
1937 ᠣᠨ᠎ᠳᠤ᠂ ᠳᠤᠮᠳᠠᠳᠤ ᠶᠠᠫᠣᠨ᠎ᠤ ᠤᠯᠤᠰ᠎ᠤᠨ ᠬᠦᠴᠦᠨ ᠴᠡᠷᠢᠭ᠎ᠦᠨ ᠬᠦᠴᠦᠨ᠎ᠦ ᠵᠥᠷᠢᠢ᠎ᠡ ᠲᠤᠩ ᠶᠡᠬᠡ ᠪᠠᠢᠪᠠ᠂ ᠥᠷᠥᠨᠡᠳᠠᠬᠢᠨ᠎ᠤ ᠠᠵᠢᠭ᠍ᠯᠠᠭ᠍ᠴᠢᠳ᠄ ᠳᠤᠮᠳᠠᠳᠤ ᠤᠯᠤᠰ ᠶᠠᠫᠣᠨ᠎ᠳᠤ ᠮᠥᠬᠥᠭᠡᠭᠳᠡᠨᠡ ᠦᠦ ᠦᠭᠡᠢ ᠦᠦ ᠭᠡᠵᠦ ᠰᠡᠵᠢᠭᠯᠡᠵᠦ ᠪᠠᠢᠪᠠ᠃
ᠮᠠᠤ ᠽᠸ ᠳ᠋ᠦᠩ ᠨᠥᠬᠥᠷ᠄ ᠪᠦᠬᠦ᠌ ᠤᠯᠤᠰ᠎ᠤᠨ ᠠᠷᠠᠳ ᠤᠯᠠᠨ᠎ᠢ ᠳᠠᠢ᠌ᠴᠢᠯᠠᠪᠠᠯ᠂ ᠳᠠᠷᠤᠢ ᠳᠠᠢᠰᠤᠨ᠎ᠢ ᠮᠥᠬᠥᠬᠦᠯᠬᠦ ᠨᠡᠯᠦᠭᠡᠷ ᠳᠠᠯᠠᠢ᠎ᠶ᠋ᠢ ᠪᠤᠢ ᠪᠣᠯᠭᠠᠵᠤ᠂ ᠵᠡᠪᠰᠡᠭ ᠵᠡᠷᠭᠡ ᠳᠤᠲᠠᠭ᠍ᠳᠠᠯ᠎ᠢ ᠨᠥᠬᠥᠪᠥᠷᠢᠯᠡᠬᠦ᠌ ᠨᠥᠬᠥᠴᠡᠯ᠎ᠢ ᠪᠤᠢ ᠪᠣᠯᠭᠠᠵᠤ᠂ ᠳᠠᠢ᠌ᠨ᠎ᠦ ᠠᠯᠢᠪᠠ ᠬᠦᠴᠢᠷ ᠪᠡᠷᠬᠡᠱᠢᠶᠡᠯ᠎ᠢ ᠢᠯᠠᠨ ᠳᠠᠪᠠᠬᠤ ᠤᠷᠢᠲᠠᠯ ᠨᠥᠬᠥᠴᠡᠯ᠎ᠢ ᠪᠤᠢ ᠪᠣᠯᠭᠠᠵᠤ ᠴᠢᠳᠠᠨ᠎ᠠ》 ᠭᠡᠵᠦ᠍ ᠲᠣᠳᠣᠷᠬᠠᠢ ᠳᠤᠷᠠᠳᠤᠨ ᠭᠠᠷᠭᠠᠵᠠᠢ᠃
ᠶᠠᠫᠣᠨ᠎ᠢ ᠡᠰᠡᠷᠭᠦᠴᠡᠬᠦ᠌ ᠲᠠᠢ᠌ᠨ᠎ᠦ ᠡᠬᠢᠨ᠎ᠦ ᠦᠶ᠎ᠡ᠎ᠳᠦ᠂ ᠵᠥᠪᠬᠡᠨ 4 ᠲᠦᠮᠡ ᠭᠠᠷᠤᠢ ᠬᠥᠮᠦᠨ ᠲᠠᠢ ᠪᠠᠢᠭ᠍ᠰᠠᠨ ᠨᠠᠢ᠍ᠮᠠᠳᠤᠭᠠᠷ ᠵᠠᠮ᠎ᠤᠨ ᠴᠡᠷᠢᠭ ᠶᠠᠭ ᠯᠠ 4 ᠲᠦᠮᠡ ᠭᠠᠷᠤᠢ ᠤᠴᠢ ᠱᠢᠭ᠋᠎ᠢᠶᠡᠷ ᠳᠠᠢᠰᠤᠨ᠎ᠤ ᠠᠷᠤ ᠲᠠᠯ᠎ᠠ᠎ᠳᠤ ᠭᠦᠨᠵᠡᠭᠡᠢᠷᠡᠨ ᠲᠦᠭ ᠲᠦᠮᠡᠨ ᠤᠯᠠᠨ ᠲᠦᠮᠡᠨ᠎ᠢ ᠵᠣᠬᠢᠶᠠᠨ ᠪᠠᠢᠭᠤᠯᠵᠤ᠂ ᠶᠠᠫᠣᠨ᠎ᠢ ᠡᠰᠡᠷᠭᠦᠴᠡᠬᠦ᠌ ᠳᠦᠷᠡᠯᠵᠡᠭ᠌ᠰᠡᠨ ᠭᠠᠯ᠎ᠢ ᠨᠣᠴᠣᠭᠠᠭ᠍ᠰᠠᠨ ᠪᠠᠢᠨ᠎ᠠ᠃
ᠠᠮᠧᠷᠢᠺᠠ᠎ᠶ᠋ᠢᠨ ᠰᠤᠷᠪᠤᠯᠵᠢᠯᠠᠭ᠍ᠴᠢ ᠬᠠᠯᠢᠱᠢᠶᠦᠢ᠍ᠨ·ᠹᠤᠢ᠍ᠷᠮᠠᠨ 《ᠬᠤᠪᠢᠰᠬᠠᠯᠳᠤ ᠳᠤᠮᠳᠠᠳᠤ ᠤᠯᠤᠰ ᠡᠴᠡ ᠢᠷᠡᠭᠦᠯᠦᠭᠰᠡᠨ ᠮᠡᠳᠡᠭᠡᠯᠡᠯ》 ᠳ᠋ᠡᠭᠡᠨ᠄ 《ᠨᠠᠢ᠍ᠮᠠᠳᠤᠭᠠᠷ ᠵᠠᠮ᠎ᠤᠨ ᠴᠡᠷᠢᠭ᠎ᠲᠡᠶ ᠠᠭᠤᠯᠵᠠᠭ᠍ᠰᠠᠨ ᠪᠦᠬᠦᠨ ᠲᠡᠳᠡᠨ᠎ᠢ ᠰᠡᠵᠢᠭ᠌ᠯᠡᠬᠦ᠌ ᠦᠭᠡᠢ ᠶᠤᠮ᠂ ᠲᠡᠳᠡ ᠳᠥᠭᠥᠮ ᠪᠦᠳᠦᠭᠦᠯᠢᠭ ᠵᠡᠪᠰᠡᠭ᠎ᠢᠶᠡᠷ ᠦᠷᠭᠦᠯᠵᠢᠯᠡᠨ ᠪᠠᠢᠯᠳᠤᠵᠤ ᠴᠢᠳᠠᠭ᠍ᠰᠠᠨ ᠨᠢ ᠳᠠᠷᠤᠢ ᠲᠡᠳᠡ ᠠᠷᠠᠳ ᠲᠦᠮᠡᠨ᠎ᠲᠡᠶ ᠬᠠᠮᠲᠤ ᠵᠣᠭ᠍ᠰᠣᠭ᠍ᠰᠠᠨ᠎ᠡᠴᠡ ᠪᠣᠯᠤᠭ᠍ᠰᠠᠨ ᠶᠤᠮ》 ᠭᠡᠵᠦ ᠪᠢᠴᠢᠪᠡ᠃
ᠨᠥᠬᠥᠴᠡᠯ ᠬᠡᠳᠦᠢ ᠪᠡᠷᠭᠡ ᠬᠠᠲᠠᠭᠤᠵᠢᠯᠲᠠᠢ᠂ ᠪᠠᠢᠳᠠᠯ ᠬᠡᠳᠦᠢ ᠠᠶᠤᠯ ᠲᠦᠭ᠌ᠰᠢᠭᠦᠷᠢᠲᠡᠢ᠂ ᠲᠠᠢ᠌ᠨ ᠬᠡᠳᠦᠢ ᠬᠠᠲᠠᠭᠤ ᠱᠢᠷᠦᠭᠦᠨ ᠪᠠᠢᠭ᠍ᠰᠠᠨ ᠴᠤ᠌ ᠳᠤᠮᠳᠠᠳᠤ ᠤᠯᠤᠰ᠎ᠤᠨ ᠡᠪ ᠬᠠᠮᠲᠤ ᠨᠠᠮ ᠶᠠᠫᠣᠨ᠎ᠢ ᠡᠰᠡᠷᠭᠦᠴᠡᠬᠦ᠌ ᠲᠠᠢ᠌ᠨ᠎ᠢ ᠢᠮᠠᠭ᠍ᠲᠠ ᠪᠠᠷᠢᠮᠲᠠᠯᠠᠵᠤ᠂ ᠪᠠᠭᠤᠵᠤ ᠥᠭ᠌ᠬᠦ᠎ᠶ᠋ᠢ ᠡᠰᠡᠷᠭᠦᠴᠡᠵᠦ᠍᠂ ᠪᠦᠯᠬᠦᠮᠳᠡᠬᠦ᠌᠎ᠶ᠋ᠢ ᠪᠠᠷᠢᠮᠲᠠᠯᠠᠵᠤ᠂ ᠬᠠᠭᠠᠴᠠᠭᠤᠯᠬᠤ᠎ᠶ᠋ᠢ ᠡᠰᠡᠷᠭᠦᠴᠡᠵᠦ᠍᠂ ᠲᠠᠪᠱᠢᠬᠤ᠎ᠶ᠋ᠢ ᠪᠠᠷᠢᠮᠲᠠᠯᠠᠵᠤ᠂ ᠤᠬᠤᠷᠢᠬᠤ᠎ᠶ᠋ᠢ ᠡᠰᠡᠷᠭᠦᠴᠡᠵᠦ᠍᠂ ᠡᠯ᠎ᠡ ᠡᠭᠡ ᠣᠷᠣᠨᠴᠢ ᠨᠠᠮ ᠪᠦᠯᠦᠭ ᠪᠦᠯᠬᠦᠮ ᠪᠠ ᠥᠷᠭᠡᠨ ᠤᠯᠠᠨ ᠠᠷᠠᠳ ᠲᠦᠮᠡᠨ᠎ᠲᠡᠶ ᠬᠠᠮᠲᠤ᠎ᠪᠠᠷ ᠪᠦᠯᠬᠦᠮᠳᠡᠵᠦ᠍ ᠶᠠᠫᠣᠨ᠎ᠢ ᠡᠰᠡᠷᠭᠦᠴᠡᠬᠦ᠌ ᠲᠠᠢ᠌ᠨ᠎ᠦ ᠶᠡᠬᠡ ᠲᠠᠯ᠎ᠠ᠎ᠶ᠋ᠢ ᠬᠠᠮᠠᠭᠠᠯᠠᠪᠠ᠃
ᠶᠠᠫᠣᠨ᠎ᠢ ᠡᠰᠡᠷᠭᠦᠴᠡᠬᠦ᠌ ᠳᠠᠢᠨ ᠢᠯᠠᠯᠲᠠ ᠤᠯᠲᠠᠯ᠎ᠠ ᠠᠷᠠᠳ᠎ᠤᠨ ᠴᠡᠷᠢᠭ ᠠᠨᠭᠭᠢ ᠪᠠᠷᠤᠭ 132 ᠲᠦᠮᠡᠨ ᠬᠥᠮᠦᠨ᠂ ᠡᠷᠦᠬᠡ᠎ᠶ᠋ᠢᠨ ᠴᠡᠷᠢᠭ 260 ᠭᠠᠷᠤᠶ ᠲᠦᠮᠡᠨ ᠬᠥᠮᠦᠨ ᠪᠠᠢᠵᠤ᠂ ᠶᠠᠫᠣᠨ᠎ᠢ ᠡᠰᠡᠷᠭᠦᠴᠡᠬᠦ᠌ ᠠᠷᠠᠳᠴᠢᠯᠠᠭ᠍ᠰᠠᠨ ᠰᠠᠭᠤᠷᠢᠨ ᠭᠠᠵᠠᠷ᠎ᠤᠨ ᠲᠠᠯᠠᠪᠠᠶ 100 ᠲᠦᠮᠡᠨ ᠲᠡᠭ᠌ᠰᠢ ᠳᠥᠷᠪᠡᠯᠵᠢᠨ ᠺᠢᠯᠣᠮᠧᠲ᠋ᠷ᠂ ᠬᠥᠮᠦᠨ ᠠᠮᠠ 1 ᠳ᠋ᠦᠩᠱᠢᠭᠤᠷ ᠱᠢᠬᠠᠮ ᠪᠠᠢᠪᠠ᠃
ᠵᠤᠷᠢᠯᠳᠠ ᠰᠠᠨᠠᠭᠠᠴᠢᠯᠠᠭ᠎ᠠ ᠪᠡᠷ ᠨᠢᠭᠡᠳᠦᠮᠡᠯ ᠹᠷᠣᠨᠲ᠎ᠢ ᠪᠡᠬᠢᠵᠢᠭᠦᠯᠪᠠ —
9 ᠰᠠᠷ᠎ᠠ᠎ᠶ᠋ᠢᠨ 3 ᠤ᠋ ᠡᠳᠦᠷ᠂ ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠲᠡᠢᠨ ᠵᠢᠴᠢ ᠳᠡᠯᠡᠬᠡᠶ᠎ᠶ᠋ᠢᠨ ᠹᠠᠱ᠌ᠢᠰ᠎ᠢ ᠡᠰᠡᠷᠭᠦᠴᠡᠬᠦ᠌ ᠲᠡᠢᠨ ᠢᠯᠠᠯᠲᠠ ᠣᠯᠤᠭ᠍ᠰᠠᠨ 80 ᠵᠢᠯ᠎ᠦᠨ ᠣᠶ᠎ᠶ᠋ᠢ ᠳᠤᠷᠠᠰᠭᠠᠬᠤ ᠤᠷᠠᠨ ᠰᠠᠢᠬᠠᠨ᠎ᠤ ᠦᠳᠡᠱᠢᠯᠡᠭᠡ ᠳᠡᠭᠡᠷ᠎ᠡ 《ᠤᠯᠠᠭᠠᠨ ᠣᠲᠣ ᠳᠤᠮᠳᠠᠳᠤ ᠤᠯᠤᠰ᠎ᠢ ᠭᠡᠢᠭᠦᠯᠪᠡ》 ᠭᠡᠰᠡᠨ ᠬᠠᠭᠤᠳᠠᠰᠤ ᠲᠡᠦᠬᠡ᠎ᠶ᠋ᠢᠨ ᠪᠤᠳᠠᠳᠤ ᠪᠠᠢᠳᠠᠯ᠎ᠢ ᠳᠠᠬᠢᠨ ᠢᠯᠡᠷᠡᠭᠦᠯᠪᠡ᠄
ᠶᠠᠨ ᠠᠨ᠎ᠤ ᠨᠦᠬᠡᠨ ᠭᠡᠷ᠎ᠲᠦ᠂ ᠨᠢᠭᠡᠨ ᠲᠠᠨᠢᠯ ᠲᠠᠰᠤᠯ ᠬᠦᠮᠦᠨ ᠵᠣᠬᠢᠶᠠᠯ ᠲᠤᠭᠤᠷᠪᠢᠨ᠎ᠠ᠃ ᠡᠨᠳᠡ᠎ᠡᠴᠡ ᠡᠬᠢᠯᠡᠵᠦ᠍᠂《ᠶᠠᠫᠣᠨ᠎ᠢ ᠡᠰᠡᠷᠭᠦᠴᠡᠬᠦ᠌ ᠦᠨᠳᠦᠰᠦᠲᠡᠨ᠎ᠦ ᠨᠢᠭᠡᠳᠦᠮᠡᠯ ᠹᠷᠣᠨᠲ᠎ᠢ ᠪᠠᠢᠭᠤᠯᠬᠤ》 ᠵᠣᠷᠢᠯᠲᠠ ᠪᠦᠬᠦ᠌ ᠤᠯᠤᠰ᠎ᠲᠤ ᠤᠯᠠᠮᠵᠢᠯᠠᠭ᠍ᠳᠠᠪᠠ᠃
ᠶᠡᠷᠦᠩᠬᠡᠢ ᠱᠦᠵᠢ ᠰᠢ ᠵᠢᠨ ᠫᠢᠩ᠄ 《ᠳᠤᠮᠳᠠᠳᠤ ᠤᠯᠤᠰ᠎ᠤᠨ ᠡᠪ ᠬᠠᠮᠲᠤ ᠨᠠᠮ ᠶᠠᠫᠣᠨ᠎ᠢ ᠡᠰᠡᠷᠭᠦᠴᠡᠬᠦ᠌ ᠦᠨᠳᠦᠰᠦᠲᠡᠨ᠎ᠦ ᠨᠢᠭᠡᠳᠦᠮᠡᠯ ᠹᠷᠣᠨᠲ᠎ᠤᠨ ᠲᠤᠭ᠎ᠢ ᠥᠨᠳᠥᠷ ᠮᠠᠨᠳᠤᠭᠤᠯᠵᠤ᠂ ᠨᠢᠭᠡᠳᠦᠮᠡᠯ ᠹᠷᠣᠨᠲ᠎ᠢ ᠡᠷᠡᠰ ᠬᠠᠮᠠᠭᠠᠯᠠᠵᠤ᠂ ᠪᠡᠬᠢᠵᠢᠭᠦᠯᠵᠦ᠍᠂ ᠬᠥᠭ᠌ᠵᠢᠭᠦᠯᠵᠦ᠍᠂ ᠪᠡᠶ᠎ᠡ᠎ᠪᠡᠨ ᠳᠠᠭᠠᠭᠠᠵᠤ ᠡᠵᠡᠨ ᠮᠡᠳᠡᠬᠦ᠌᠎ᠶ᠋ᠢ ᠪᠠᠷᠢᠮᠲᠠᠯᠠᠵᠤ᠂ ᠪᠦᠯᠬᠦᠮᠳᠡᠨ ᠨᠢᠭᠡᠳᠴᠦ᠍ ᠶᠠᠫᠣᠨ᠎ᠢ ᠡᠰᠡᠷᠭᠦᠴᠡᠬᠦ᠌ ᠶᠡᠬᠡ ᠲᠠᠯ᠎ᠠ᠎ᠶ᠋ᠢ ᠬᠠᠮᠠᠭᠠᠯᠠᠪᠠ》 ᠭᠡᠵᠦ ᠵᠢᠭᠠᠵᠤ ᠭᠠᠷᠭᠠᠪᠠ᠃
ᠶᠠᠨ ᠠᠨ᠂ ᠭᠡᠷᠡᠯᠲᠦ ᠴᠠᠮᠬᠠᠭ ᠭᠡᠷᠡᠯᠲᠦᠭ᠌ᠰᠡᠨ ᠭᠠᠵᠠᠷ᠃ ᠵᠦᠪᠯᠡᠯ᠎ᠳᠤ ᠬᠣᠯᠪᠣᠭᠠᠲᠤ ᠤᠯᠤᠰ᠎ᠤᠨ 《ᠮᠡᠳᠡᠭᠡ ᠰᠣᠨᠢᠨ》᠎ᠤ᠋ ᠣᠨᠴᠠ ᠲᠣᠮᠢᠯᠠᠭ᠍ᠰᠠᠨ ᠰᠤᠷᠪᠤᠯᠵᠢᠯᠠᠭ᠍ᠴᠢ ᠷᠤᠮᠠᠨ·ᠺᠠᠷᠮᠠᠨ᠄ 《ᠵᠠᠯᠠᠭᠤᠴᠤᠳ ᠪᠦᠬᠦ᠌ ᠤᠯᠤᠰ᠎ᠤᠨ ᠡᠯ᠎ᠡ ᠭᠠᠵᠠᠷ᠎ᠡᠴᠡ ᠡᠨᠳᠡ ᠴᠤᠭ᠍ᠯᠠᠷᠠᠪᠠ᠃ ᠵᠠᠯᠠᠭᠤᠴᠤᠳ ᠪᠠ ᠥᠬᠢᠳ ᠵᠠᠮ᠎ᠤᠨ ᠲᠡᠷᠭᠡᠨ᠎ᠳᠦ ᠰᠠᠭᠤᠵᠤ᠂ ᠡᠰᠡᠬᠦᠯ᠎ᠡ ᠪᠦᠯᠦᠭ ᠪᠦᠯᠦᠭ᠎ᠢᠶᠡᠷ ᠶᠠᠨ ᠠᠨ᠎ᠳᠤ ᠶᠠᠪᠠᠭᠠᠨ᠎ᠢᠶᠠᠷ ᠣᠴᠢᠬᠤ》 ᠪᠠᠢᠳᠠᠯ᠎ᠢ ᠤᠯᠵᠤ ᠬᠠᠷᠠᠪᠠ᠃ ᠤᠯᠤᠰ᠎ᠢᠶᠡᠨ ᠬᠠᠢᠷᠠᠯᠠᠬᠤ ᠬᠠᠷᠢᠶᠠᠲᠤ᠎ᠨᠠᠷ᠎ᠤᠨ ᠤᠳᠤᠷᠢᠳᠤᠭ᠍ᠴᠢ ᠴᠧᠨ ᠵᠢᠶᠠ ᠭᠧᠩ ᠴᠦᠩᠴᠢᠩ ᠪᠣᠯᠤᠨ ᠶᠠᠨ ᠠᠨ᠎ᠳᠤ ᠠᠵᠢᠯ ᠪᠠᠢᠴᠠᠭᠠᠭ᠍ᠰᠠᠨ᠎ᠤ ᠳᠠᠷᠠᠭ᠎ᠠ᠄ 《ᠳᠤᠮᠳᠠᠳᠤ ᠤᠯᠤᠰ᠎ᠤᠨ ᠬᠦᠰᠡᠯ ᠡᠷᠡᠮᠡᠯᠵᠡᠯ ᠶᠠᠨ ᠠᠨ᠎ᠳᠤ ᠪᠠᠢᠨ᠎ᠠ!》 ᠭᠡᠵᠦ ᠪᠠᠳᠤᠳᠠᠢ ᠬᠡᠯᠡᠪᠡ᠃
ᠪᠦᠯᠬᠦᠮᠳᠡᠯ᠎ᠢᠶᠡᠷ ᠵᠠᠪᠠᠯ ᠢᠯᠠᠬᠤ ᠬᠠᠮᠳᠤᠷᠠᠯ ᠬᠦᠴᠦᠨ᠎ᠢ ᠬᠥᠭ᠌ᠵᠢᠭᠡᠪᠠ —
ᠠᠮᠧᠷᠢᠺᠠ᠎ᠶ᠋ᠢᠨ ᠸᠠᠱᠢᠩᠲ᠋ᠣᠨ ᠣᠨᠴᠠᠭᠠᠢ ᠣᠷᠣᠨ᠂ ᠠᠮᠧᠷᠢᠺᠠ᠎ᠶ᠋ᠢᠨ ᠤᠯᠤᠰ᠎ᠤᠨ ᠳᠠᠩᠰᠠ ᠡᠪᠬᠡᠮᠡᠯ᠎ᠦᠨ ᠣᠷᠳᠣᠨ᠎ᠤ ᠲᠣᠮᠣ ᠠᠰᠠᠷ᠎ᠲᠤ᠂ ᠳᠤᠮᠳᠠᠳᠤ ᠤᠯᠤᠰ᠎ᠤᠨ ᠶᠠᠫᠣᠨ᠎ᠢ ᠡᠰᠡᠷᠭᠦᠴᠡᠬᠦ᠌ ᠳᠠᠢᠨ᠎ᠤ 30 ᠪᠣᠳᠢ ᠳᠦᠷᠰᠦ ᠱᠢᠩᠭᠡᠭᠡᠯᠲᠡ᠎ᠶ᠋ᠢᠨ ᠮᠠᠲ᠋ᠧᠷᠢᠶᠠᠯ᠎ᠢ ᠬᠠᠳᠠᠭᠠᠯᠠᠵᠤ ᠪᠠᠢᠨ᠎ᠠ᠃ ᠬᠣᠪᠣᠷ ᠨᠠᠨᠳᠢᠨ ᠬᠡᠷᠡᠯ ᠵᠢᠷᠤᠭᠲᠤ ᠬᠦᠨᠳᠦ ᠱᠢᠷᠬᠠᠲᠤᠭ᠍ᠰᠠᠨ ᠪᠣᠯᠪᠠᠴᠤ᠌ ᠮᠥᠨ ᠯᠡ ᠵᠡᠪᠰᠡᠭ ᠠᠳᠭᠤᠭ᠍ᠰᠠᠭᠠᠷ ᠪᠠᠢᠭ᠎ᠠ ᠪᠠᠢᠯᠳᠤᠭ᠍ᠴᠢ᠂ ᠠᠮᠤ ᠪᠤᠳᠠᠭ᠎ᠠ ᠲᠡᠷᠢ ᠰᠤᠮᠤ ᠡᠭᠦᠷᠦᠭ᠌ᠰᠡᠨ ᠨᠠᠰᠤᠲᠠᠨ᠂ ᠪᠠᠭ᠎ᠠ ᠪᠠᠭᠤᠷᠠᠢ ᠪᠣᠯᠪᠠᠴᠤ᠌ ᠰᠢᠭᠤᠷᠬᠠᠢ ᠬᠠᠷᠠᠴᠠ᠎ᠲᠠᠶ ᠪᠠᠭᠠᠴᠤᠳ᠂ ᠰᠥᠨᠢᠵᠢᠨ ᠴᠡᠷᠢᠭ᠎ᠦᠨ ᠬᠤᠪᠴᠠᠰᠤ ᠤᠶᠤᠭᠰᠠᠨ ᠡᠮᠡᠭ᠌ᠲᠡᠢᠴᠦᠳ᠎ᠢ ᠲᠡᠮᠳᠡᠭ᠌ᠯᠡᠵᠡᠶ ᠁
ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠯᠭ᠎ᠠ ᠳᠣᠣᠷ᠎ᠠ᠂ 《ᠡᠮᠦᠨ᠎ᠡ ᠹᠷᠣᠨᠲ᠎ᠤᠨ ᠳᠠᠷᠤᠭ᠎ᠠ ᠪᠠᠢᠯᠳᠤᠭ᠍ᠴᠢᠳ ᠠᠮᠢ ᠪᠡᠶ᠎ᠡ᠎ᠪᠡᠨ ᠦᠷᠡᠭ᠌ᠳᠡᠭᠦᠯᠵᠦ᠍ ᠴᠢᠰᠤ᠎ᠪᠠᠨ ᠤᠷᠤᠰᠭᠠᠪᠠ᠃ ᠡᠯ᠎ᠡ ᠨᠠᠮ ᠡᠯ᠎ᠡ ᠪᠦᠯᠦᠭ ᠦᠨᠡᠨ ᠰᠡᠳᠭᠢᠯ᠎ᠡᠴᠡ᠎ᠪᠡᠨ ᠪᠦᠯᠬᠦᠮᠳᠡᠵᠦ᠍ ᠪᠠᠢᠨ᠎ᠠ᠃ ᠡᠯ᠎ᠡ ᠡᠲᠡᠭᠡᠳ᠎ᠦᠨ ᠠᠷᠠᠳ ᠲᠦᠮᠡᠨ ᠬᠠᠮᠵᠢᠯᠴᠠᠨ ᠮᠥᠬᠥᠯ᠎ᠡᠴᠡ ᠠᠪᠤᠷᠠᠵᠤ ᠪᠠᠢᠨ᠎ᠠ》᠂ ᠰᠦᠷ ᠳᠠᠯᠠᠢᠴᠠᠲᠠᠶ ᠠᠤᠭ᠎ᠠ ᠬᠦᠴᠦᠨ᠎ᠢ ᠬᠤᠷᠠᠮᠳᠤᠭᠤᠯᠤᠨ᠂ ᠡᠴᠦᠰ᠎ᠲᠡᠬᠡᠨ ᠣᠷᠴᠢᠨ ᠦᠶ᠎ᠡ᠎ᠡᠴᠡ ᠨᠠᠭᠠᠱᠢᠬᠢ ᠭᠠᠳᠠᠭᠠᠳᠤ᠎ᠶ᠋ᠢᠨ ᠳᠠᠢᠰᠤᠨ᠎ᠤ ᠲᠦᠷᠢᠮᠡᠬᠡᠢᠯᠡᠯ᠎ᠢ ᠡᠰᠡᠷᠭᠦᠴᠡᠬᠰᠡᠨ ᠠᠩᠬᠠᠳᠤᠭᠠᠷ ᠤᠳᠠᠭᠠᠨ᠎ᠤ ᠪᠦᠷᠢᠨ ᠢᠯᠠᠯᠲᠠ᠎ᠶ᠋ᠢ ᠣᠯᠵᠠᠶ᠃
ᠳᠤᠮᠳᠠᠳᠤ ᠤᠯᠤᠰ᠎ᠤᠨ ᠠᠷᠠᠳ ᠲᠦᠮᠡᠨ ᠳᠤᠮᠳᠠᠳᠤ ᠤᠯᠤᠰ᠎ᠤᠨ ᠡᠪ ᠬᠠᠮᠲᠤ ᠨᠠᠮ᠎ᠢ ᠰᠣᠩᠭᠣᠵᠤ᠂ ᠲᠡᠦᠬᠡ ᠳᠤᠮᠳᠠᠳᠤ ᠤᠯᠤᠰ᠎ᠤᠨ ᠡᠪ ᠬᠠᠮᠲᠤ ᠨᠠᠮ᠎ᠢ ᠰᠣᠩᠭᠣᠵᠠᠢ᠃
ᠶᠡᠷᠦᠩᠬᠡᠢ ᠱᠦᠵᠢ ᠰᠢ ᠵᠢᠨ ᠫᠢᠩ᠄ 《ᠨᠠᠮ ᠪᠣᠯᠤᠨ ᠠᠷᠠᠳ ᠲᠦᠮᠡᠨ᠎ᠦ ᠣᠯᠤᠭ᠍ᠰᠠᠨ ᠠᠯᠢᠪᠠ ᠠᠮᠵᠢᠯᠲᠠ ᠪᠦᠲᠦᠮᠵᠢ ᠪᠣᠯ ᠴᠥᠮ ᠪᠦᠯᠬᠦᠮᠳᠡᠨ ᠲᠡᠮᠡᠴᠡᠭ᠌ᠰᠡᠨ᠎ᠦ ᠦᠷ᠎ᠡ ᠳ᠋ᠦᠩ ᠮᠥᠨ᠂ ᠪᠦᠯᠬᠦᠮᠳᠡᠨ ᠲᠡᠮᠡᠴᠡᠬᠦ᠌ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ ᠪᠣᠯᠤᠨ ᠳᠤᠮᠳᠠᠳᠤ ᠤᠯᠤᠰ᠎ᠤᠨ ᠠᠷᠠᠳ ᠲᠦᠮᠡᠨ᠎ᠦ ᠬᠠᠮᠤᠭ᠎ᠤᠨ ᠢᠯᠡᠷᠬᠡᠢ ᠤᠶᠤᠨ ᠰᠠᠨᠠᠭᠠᠨ᠎ᠤ ᠪᠡᠯᠭᠡ ᠲᠡᠮᠳᠡᠭ ᠮᠥᠨ》 ᠭᠡᠵᠦ᠍ ᠭᠦᠨᠵᠡᠭᠡᠢ ᠵᠢᠭᠠᠵᠤ ᠭᠠᠷᠭᠠᠪᠠ᠃
ᠢᠯᠠᠯᠲᠠ᠎ᠶ᠋ᠢᠨ ᠳᠤᠷᠠᠰᠭᠠᠯ᠎ᠤᠨ ᠡᠳᠦᠷ ᠠᠬᠠᠮᠠᠳ ᠴᠡᠷᠢᠭ᠎ᠢ ᠤᠷᠢᠵᠤ ᠶᠣᠰᠣᠯᠠᠯ ᠦᠵᠡᠭᠦᠯᠦᠭ᠌ᠰᠡᠨ ᠨᠢ ᠪᠠᠭᠠᠲᠤᠷᠴᠤᠳ᠎ᠲᠤ ᠬᠦᠨᠳᠦᠳᠭᠡᠯ ᠳᠡᠪᠱᠢᠭᠦᠯᠵᠦ᠍᠂ ᠲᠡᠦᠬᠡ᠎ᠶ᠋ᠢ ᠪᠠᠲᠤ ᠴᠡᠭᠡᠵᠢᠯᠡᠭ᠌ᠰᠡᠨ ᠶᠠᠪᠤᠳᠠᠯ ᠪᠣᠯᠤᠨ᠎ᠠ᠃
ᠲᠢᠶᠠᠨ ᠠᠨ ᠮᠸᠨ ᠠᠰᠠᠷ ᠳᠡᠭᠡᠷ᠎ᠡ᠂ ᠶᠡᠷᠦᠩᠬᠡᠢ ᠱᠦᠵᠢ ᠰᠢ ᠵᠢᠨ ᠫᠢᠩ᠎ᠲᠡᠶ ᠭᠠᠷ ᠠᠳᠭᠤᠭ᠍ᠰᠠᠨ 6 ᠠᠬᠠᠮᠠᠳ ᠴᠡᠷᠢᠭ᠎ᠦᠨ ᠳᠣᠲᠣᠷ᠎ᠠ 100 ᠨᠠᠰᠤᠲᠠᠢ ᠠᠬᠠᠮᠠᠳ ᠴᠡᠷᠢᠭ ᠰᠦᠩ ᠴᠢ ᠱᠢᠶᠠᠩ ᠪᠠᠢᠯᠴᠠᠪᠠ᠃ ᠪᠡᠭᠡᠵᠢᠩ᠎ᠡᠴᠡ ᠬᠤᠪᠸᠢ᠎ᠳᠤ ᠪᠤᠴᠠᠬᠤ ᠭᠠᠯᠲᠤ ᠲᠡᠷᠭᠡᠨ ᠳᠡᠭᠡᠷ᠎ᠡ᠂ ᠰᠦᠩ ᠴᠢ ᠱᠢᠶᠠᠩ ᠠᠵᠢᠯᠳᠠᠨ᠎ᠳᠤ ᠬᠠᠯᠠᠭᠤᠨ᠎ᠢᠶᠠᠷ ᠬᠦᠷᠢᠶᠡᠯᠡᠭᠳᠡᠵᠦ᠂ ᠰᠣᠷᠭᠣᠭ ᠴᠡᠴᠡᠭ ᠲᠤᠰᠴᠤ᠂ ᠪᠠᠰᠠ ᠨᠢᠭᠡᠨ ᠤᠨᠴᠠᠭᠠᠢ ᠭᠠᠯᠲᠤ ᠲᠡᠷᠭᠡᠨ᠎ᠦ ᠪᠢᠯᠧᠲ ᠣᠯᠵᠠᠢ᠂ ᠡᠬᠢᠯᠡᠯᠲᠡ᠎ᠶ᠋ᠢᠨ ᠦᠷᠳᠡᠭᠡ ᠪᠣᠯᠤᠨ ᠵᠣᠷᠢᠭ᠍ᠰᠠᠨ ᠭᠠᠵᠠᠷ ᠲᠦ᠍ ᠲᠤᠰ ᠲᠤᠰ᠄
《ᠢᠯᠠᠯᠲᠠ ᠥᠷᠲᠡᠭᠡ — ᠰᠡᠷᠭᠦᠨ ᠮᠠᠨᠳᠤᠯᠲᠠ᠎ᠶ᠋ᠢᠨ ᠥᠷᠲᠡᠭᠡ》 ᠭᠡᠵᠦ ᠪᠢᠴᠢᠪᠡ᠃
ᠳᠤᠮᠳᠠᠳᠤ᠎ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶ᠋ᠢ ᠪᠡᠶᠡᠯᠡᠭᠦᠯᠬᠦ᠌᠎ᠳᠦ ᠪᠦᠬᠦ᠌ ᠳᠤᠮᠳᠠᠳᠤ᠎ᠶ᠋ᠢᠨ ᠬᠥᠪᠡᠭᠦᠳ ᠥᠬᠢᠳ ᠡᠨᠡ ᠬᠦ᠌ ᠬᠠᠷᠠᠯᠲᠠ᠎ᠳᠤ ᠯᠠᠪᠲᠠᠢ ᠬᠠᠮᠲᠤ᠎ᠪᠠᠷ᠎ᠢᠶᠠᠨ ᠬᠦᠷᠴᠦ᠍ ᠴᠢᠳᠠᠬᠤ ᠶᠤᠮ᠃
ᠤᠮᠤᠭ ᠵᠤᠷᠢᠭ ᠪᠠᠳᠠᠷᠠᠨᠭᠭᠤᠢ ᠪᠡᠷ ᠡᠷᠡᠯᠬᠡᠭᠯᠡᠨ ᠴᠢᠷᠮᠠᠢᠵᠤ ᠱᠢᠨ᠎ᠡ ᠢᠯᠠᠯᠲᠠ ᠵᠦᠭ ᠤᠷᠤᠭ᠍ᠰᠢᠯᠠᠪᠠ
ᠬᠠᠷᠭᠢᠰ ᠳᠠᠢᠰᠤᠨ᠎ᠢ ᠬᠠᠮᠲᠤ᠎ᠪᠠᠷ ᠬᠣᠷᠣᠰᠤᠨ ᠵᠠᠨᠤᠵᠤ᠂ ᠴᠢᠰᠤᠳᠤ ᠪᠠᠢᠯᠳᠤᠭᠠᠨ ᠬᠢᠵᠦ ᠶᠠᠫᠣᠨ᠎ᠢ ᠡᠰᠡᠷᠭᠦᠴᠡᠭ᠌ᠰᠡᠨ ᠲᠡᠦᠬᠡ ᠪᠣᠯ ᠮᠥᠨ ᠴᠦ᠍ ᠭᠤᠤᠯ ᠲᠤᠯᠭᠠᠭᠤᠷᠢ ᠪᠤᠯᠵᠤ᠂ ᠭᠠᠯᠪᠠ ᠶᠢᠷᠳᠢᠨᠴᠦ ᠵᠢ ᠰᠢᠨᠡᠳᠭᠡᠭᠰᠡᠨ ᠲᠡᠮᠡᠴᠡᠯ᠎ᠦᠨ ᠲᠡᠦᠬᠡ ᠪᠣᠯᠤᠨ᠎ᠠ᠃
《ᠳᠠᠢᠰᠤᠨ ᠢᠷᠡᠪᠡᠯ ᠫᠦᠯᠧᠮᠶᠣᠲ ᠪᠠᠷᠢᠵᠤ ᠪᠠᠢᠯᠳᠤᠨ᠎ᠠ᠂ ᠳᠠᠢᠰᠤᠨ ᠢᠷᠡᠭᠡ ᠦᠭᠡᠢ ᠪᠣᠯ ᠠᠷᠴᠢᠭᠤᠷ ᠪᠠᠷᠢᠵᠤ ᠲᠠᠷᠢᠶ᠎ᠠ ᠠᠷᠴᠢᠨ᠎ᠠ》᠃ 80 ᠭᠠᠷᠤᠢ ᠵᠢᠯ᠎ᠦᠨ ᠡᠮᠦᠨ᠎ᠡ᠂ ᠬᠦᠨᠳᠦ ᠨᠣᠴᠢᠲᠠᠢ ᠠᠵᠤ ᠠᠬᠤᠢ᠎ᠶ᠋ᠢᠨ ᠪᠢᠲᠡᠭᠦᠮᠵᠢᠯᠡᠯ᠎ᠦᠨ ᠡᠮᠦᠨ᠎ᠡ᠂ ᠳᠤᠮᠳᠠᠳᠤ ᠤᠯᠤᠰ᠎ᠤᠨ ᠡᠪ ᠬᠠᠮᠲᠤ ᠨᠠᠮ 《ᠥᠪᠡᠷ᠎ᠢᠶᠡᠨ ᠬᠥᠳᠡᠯᠦᠯᠴᠡᠵᠦ᠍᠂ ᠢᠳᠡᠵᠦ᠍ ᠡᠮᠦᠰᠭᠦ᠎ᠪᠡᠨ ᠡᠯᠪᠡᠭ ᠳᠡᠯᠪᠡᠭ ᠪᠣᠯᠭᠠᠨ᠎ᠠ》 ᠭᠡᠵᠦ᠍ ᠳᠤᠷᠠᠳᠴᠤ᠌᠂ ᠡᠯ᠎ᠡ ᠶᠠᠫᠣᠨ᠎ᠢ ᠡᠰᠡᠷᠭᠦᠴᠡᠬᠦ᠌ ᠰᠠᠭᠤᠷᠢᠨ ᠭᠠᠵᠠᠷ᠎ᠤᠨ ᠴᠡᠷᠢᠭ ᠠᠷᠠᠳ ᠨᠡᠢᠳᠡᠮ᠎ᠳᠡᠭᠡᠨ ᠶᠡᠬᠡ ᠦᠢᠯᠡᠳᠪᠦᠷᠢᠯᠡᠯ᠎ᠦᠨ ᠬᠥᠳᠡᠯᠭᠡᠭᠡᠨ ᠥᠷᠨᠢᠭᠦᠯᠵᠦ᠍᠂ 《ᠨᠠᠨ ᠨᠢ ᠸᠠᠨ》 ᠢ᠋ 《ᠠᠮᠤ ᠵᠢᠨ ᠨᠤᠲᠤᠭ》 ᠪᠣᠯᠭᠠᠪᠠ᠃
ᠴᠠᠭ ᠮᠥᠴᠡ ᠤᠷᠤᠰ᠎ᠤᠨ ᠦᠨᠭᠭᠡᠷᠡᠵᠦ᠂ ᠥᠩᠭᠡᠷᠡᠭ᠌ᠰᠡᠨ᠎ᠦ ᠰᠠᠭᠤᠷᠢᠨ ᠭᠠᠵᠠᠷ ᠠᠯᠢ ᠡᠷᠲᠡ ᠶᠡᠷᠦ᠍ ᠪᠤᠰᠤ᠎ᠶ᠋ᠢᠨ ᠪᠣᠯᠵᠠᠢ᠃ ᠲᠦᠷᠭᠡᠨ᠎ᠤ ᠵᠠᠮ᠂ ᠲᠡᠮᠦᠷ ᠵᠠᠮ᠂ ᠡᠭᠡᠯᠵᠢ᠎ᠶ᠋ᠢᠨ ᠨᠢᠰᠭᠡᠯ ᠡᠯ᠎ᠡ ᠭᠠᠵᠠᠷ᠎ᠲᠤ ᠨᠡᠪᠲᠡᠷᠡᠭ᠌ᠰᠡᠨ᠎ᠡᠴᠡ ᠪᠥᠬᠥ᠌ ᠤᠯᠤᠰ᠎ᠤᠨ ᠣᠶ ᠱᠢᠭᠤᠶ᠎ᠶ᠋ᠢᠨ ᠬᠣᠲᠠ᠎ᠪᠠᠷ ᠦᠨᠡᠯᠡᠭ᠌ᠳᠡᠭ᠌ᠰᠡᠨ ᠬᠦᠷᠲᠡᠯ᠎ᠡ ;ᠴᠢᠯᠠᠭᠤᠨ ᠲᠤᠰᠤ ᠬᠢᠮᠢ᠎ᠶ᠋ᠢᠨ ᠠᠵᠤ ᠦᠢᠯᠡᠳᠪᠦᠷᠢ᠂ ᠱᠢᠨ᠎ᠡ ᠡᠨᠧᠷᠭᠢ ᠵᠢᠴᠢ ᠡᠨᠧᠷᠭᠢ ᠬᠠᠳᠠᠭᠠᠯᠠᠬᠤ ᠠᠵᠤ ᠦᠢᠯᠡᠳᠪᠦᠷᠢ᠎ᠶ᠋ᠢᠨ ᠬᠡᠯᠬᠢᠶ᠎ᠡ᠎ᠶ᠋ᠢ ᠤᠷᠲᠤᠳᠭᠠᠬᠤ᠂ ᠬᠡᠯᠬᠢᠶ᠎ᠡ᠎ᠶ᠋ᠢ ᠨᠥᠬᠥᠪᠥᠷᠢᠯᠡᠬᠦ᠌᠂ ᠬᠡᠯᠬᠢᠶ᠎ᠡ᠎ᠶ᠋ᠢ ᠴᠢᠩᠭᠠᠷᠠᠭᠤᠯᠬᠤ᠎ᠡᠴᠡ ᠲᠡᠷᠢᠭᠦᠨ᠎ᠦ ᠦᠢᠯᠡᠳᠬᠦ᠌ ᠦᠢᠯᠡᠰ ᠵᠡᠷᠭᠡ ᠱᠢᠨ᠎ᠡ᠎ᠪᠡᠷ ᠮᠠᠨᠳᠤᠭ᠍ᠰᠠᠨ ᠠᠵᠤ ᠦᠢᠯᠡᠰ᠎ᠦᠨ ᠪᠦᠯᠦᠭ᠌ᠵᠢᠯ ᠲᠦᠷᠭᠡᠨ ᠪᠤᠢ ᠪᠤᠯᠤᠭᠰᠠᠨ ᠬᠦᠷᠳᠡᠯ᠎ᠡ᠂ ᠬᠤᠪᠢᠰᠭᠠᠯ᠎ᠤᠨ ᠡᠷᠲᠡ ᠴᠢᠯᠥᠭᠡᠯᠡᠭ᠌ᠳᠡᠭ᠌ᠰᠡᠨ ᠣᠷᠣᠨ ᠡᠳᠦᠷ᠎ᠡᠴᠡ ᠡᠳᠦᠷ ᠱᠢᠨᠡᠳᠴᠦ᠍ ᠪᠠᠢᠨ᠎ᠠ᠃
ᠳᠠᠷᠢ᠎ᠶ᠋ᠢᠨ ᠤᠲᠤᠭ᠎ᠠ ᠠᠯᠢ ᠡᠷᠲᠡ ᠰᠠᠷᠨᠢᠭᠰᠠᠨ ᠪᠤᠯᠪᠠᠴᠤ ᠲᠡᠦᠬᠡ ᠶᠡᠷᠦ᠍᠎ᠡᠴᠡ ᠬᠣᠯᠠᠳᠠᠭ᠎ᠠ ᠦᠭᠡᠢ᠃
《ᠶᠠᠫᠣᠨ᠎ᠢ ᠡᠰᠡᠷᠭᠦᠴᠡᠬᠦ᠌ ᠲᠠᠢ᠌ᠨ᠎ᠦ ᠠᠭᠤᠤ ᠶᠡᠬᠡ ᠵᠣᠷᠢᠭ ᠰᠠᠨᠠᠭ᠎ᠠ ᠪᠣᠯ ᠳᠤᠮᠳᠠᠳᠤ ᠤᠯᠤᠰ᠎ᠤᠨ ᠠᠷᠠᠳ ᠲᠦᠮᠡᠨ᠎ᠦ ᠡᠷᠬᠢᠮ ᠨᠠᠨᠳᠢᠨ ᠤᠶᠤᠨ ᠰᠠᠨᠠᠭᠠᠨ᠎ᠤ ᠥᠪ ᠬᠦᠷᠦᠨᠭ᠌ᠭᠡ ᠮᠥᠨ᠂ ᠳᠤᠮᠳᠠᠳᠤ ᠤᠯᠤᠰ᠎ᠤᠨ ᠠᠷᠠᠳ ᠲᠦᠮᠡᠨ᠎ᠢ ᠵᠣᠷᠢᠭ᠍ᠵᠢᠭᠤᠯᠤᠨ ᠠᠯᠢᠪᠠ ᠬᠦᠴᠢᠷ ᠪᠡᠷᠬᠡᠱᠢᠶᠡᠯ ᠬᠠᠷᠰᠢ ᠰᠠᠭᠠᠳ᠎ᠢ ᠢᠯᠠᠨ ᠳᠠᠪᠠᠭᠤᠯᠵᠤ᠂ ᠳᠤᠮᠳᠠᠳᠤ᠎ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶ᠋ᠢ ᠪᠡᠶᠡᠯᠡᠭᠦᠯᠬᠦ᠌᠎ᠶ᠋ᠢᠨ ᠲᠥᠯᠥᠭᠡ ᠲᠡᠮᠡᠴᠡᠬᠦ᠌ ᠬᠦᠴᠦᠷᠬᠡᠭ ᠶᠡᠬᠡ ᠤᠶᠤᠨ ᠰᠠᠨᠠᠭᠠᠨ᠎ᠤ ᠬᠥᠳᠡᠯᠭᠡᠬᠦ᠌ ᠬᠦᠴᠦᠨ ᠮᠥᠨ》᠃ ᠴᠠᠭ ᠦᠶ᠎ᠡ᠎ᠡᠴᠡ ᠣᠯᠭᠣᠭ᠍ᠰᠠᠨ ᠱᠢᠨ᠎ᠡ ᠰᠡᠳᠦᠪᠲᠦ ᠬᠠᠨᠳᠤᠵᠤ᠂ ᠶᠡᠷᠦᠩᠬᠡᠢ ᠱᠦᠵᠢ ᠰᠢ ᠵᠢᠨ ᠫᠢᠩ ᠤᠳᠤ ᠦᠶ᠎ᠡ᠎ᠶ᠋ᠢᠨ ᠳᠤᠮᠳᠠᠳᠤ ᠤᠯᠤᠰ᠎ᠤᠨ ᠡᠪ ᠬᠠᠮᠲᠤᠴᠤᠳ᠎ᠢ ᠲᠥᠯᠥᠭᠡᠯᠡᠨ ᠡᠷᠡᠰ ᠪᠠᠳᠤ ᠬᠠᠷᠢᠭᠤᠯᠲᠠ ᠥᠭ᠌ᠪᠡ᠃
ᠱᠢᠨ᠎ᠡ ᠢᠯᠠᠯᠲᠠ᠎ᠳᠤ ᠬᠦᠷᠬᠦ᠌᠎ᠳᠦ ᠡᠷᠬᠡᠪᠰᠢ ᠶᠠᠫᠣᠨ᠎ᠢ ᠡᠰᠡᠷᠭᠦᠴᠡᠬᠦ᠌ ᠳᠠᠢᠨ᠎ᠤ ᠠᠭᠤᠤ ᠶᠡᠬᠡ ᠵᠣᠷᠢᠭ ᠰᠠᠨᠠᠭ᠎ᠠ᠎ᠶ᠋ᠢ ᠪᠠᠳᠠᠷᠠᠭᠤᠯᠬᠤ ᠬᠡᠷᠡᠭ᠌ᠲᠡᠢ —
《ᠤᠷᠤᠭ᠍ᠰᠢᠯᠠᠯᠲᠠ᠎ᠶ᠋ᠢᠨ ᠵᠠᠮ ᠳᠡᠭᠡᠷ᠎ᠡ ᠪᠢᠳᠡᠨ᠎ᠳᠦ ᠲᠤᠯᠭᠠᠷᠠᠵᠤ ᠪᠠᠢᠭ᠎ᠠ ᠴᠢᠬᠤᠯᠠ ᠶᠡᠬᠡ ᠲᠡᠮᠡᠴᠡᠯ ᠴᠥᠭᠡᠨ ᠪᠤᠰᠤ ᠶᠤᠮ᠃ ᠪᠢᠳᠡ ᠡᠷᠬᠡᠪᠰᠢ ᠤᠯᠠᠮ ᠪᠡᠷᠬᠡ ᠬᠠᠲᠠᠭᠤᠵᠢᠯᠲᠠᠢ ᠪᠣᠯᠬᠤ ᠲᠤᠳᠤᠮ ᠤᠯᠠᠮ ᠤᠷᠤᠭ᠍ᠰᠢᠯᠠᠬᠤ ᠵᠣᠷᠢᠭ ᠰᠠᠨᠠᠭ᠎ᠠ᠎ᠪᠠᠷ ᠡᠷᠡᠯᠬᠡᠭ᠌ᠯᠡᠨ ᠲᠡᠮᠡᠴᠡᠵᠦ᠍᠂ ᠬᠦᠴᠢᠷ᠎ᠢ ᠰᠦᠷᠦᠨ ᠤᠷᠤᠭ᠍ᠰᠢᠯᠠᠬᠤ ᠬᠡᠷᠡᠭ᠌ᠲᠡᠢ》᠃ ᠶᠡᠷᠦᠩᠬᠡᠢ ᠱᠦᠵᠢ ᠰᠢ ᠵᠢᠨ ᠫᠢᠩ᠎ᠦᠨ ᠤᠷᠢᠶᠠᠯᠠᠭ᠎ᠠ ᠢᠳᠡ ᠬᠦᠴᠦᠲᠡᠢ ᠪᠠᠢᠵᠤ᠂ ᠬᠥᠮᠦᠰ᠎ᠢ ᠤᠷᠮᠠᠱᠢᠭᠤᠯᠤᠨ ᠵᠣᠷᠢᠭ᠍ᠵᠢᠭᠤᠯᠤᠨ᠎ᠠ᠃
《ᠶᠠᠳᠠᠭᠤ ᠬᠣᠭᠣᠰᠣᠨ》 ᠪᠠᠢᠭ᠍ᠰᠠᠨ᠎ᠡᠴᠡ᠎ᠪᠠᠨ ᠲᠣᠮᠣ ᠤᠯᠤᠰ᠎ᠤᠨ ᠲᠣᠨᠣᠭ᠍ᠯᠠᠯ᠎ᠲᠠᠶ ᠪᠣᠯᠵᠣ᠂ ᠠᠵᠤ ᠦᠶ᠋ᠯᠡᠳᠪᠦᠷᠢ᠎ᠶ᠋ᠢᠨ ᠨᠢᠷᠤᠭᠤ ᠲᠤᠯᠭᠠᠭᠤᠷᠢ᠎ᠶ᠋ᠢ ᠲᠤᠯᠭᠠᠭᠤᠷᠢᠯᠠᠵᠤ᠂ 《ᠪᠥᠮᠪᠥᠷᠴᠡᠭ᠎ᠡᠴᠡ ᠬᠥᠭᠡᠭᠡᠭ᠌ᠳᠡᠬᠦ᠌》 ᠠᠶᠤᠯ᠎ᠳᠤ ᠲᠤᠯᠭᠠᠷᠠᠵᠤ ᠪᠠᠢᠭ᠍ᠰᠠᠨ᠎ᠡᠴᠡ᠎ᠪᠠᠨ ᠳᠡᠯᠡᠬᠡᠶ᠎ᠶ᠋ᠢᠨ ᠬᠣᠶᠠᠳᠤᠭᠠᠷ ᠲᠣᠮᠣ ᠠᠵᠤ ᠠᠬᠤᠶ᠎ᠶ᠋ᠢᠨ ᠴᠣᠭ᠍ᠴᠠ ᠪᠣᠯᠵᠣ᠂ ᠬᠥᠭ᠌ᠵᠢᠯᠲᠡ᠎ᠶ᠋ᠢᠨ ᠭᠠᠢᠬᠠᠮᠱᠢᠭ᠎ᠢ ᠡᠭᠦᠳᠴᠦ᠍᠂ ᠡᠷᠡᠯᠬᠡᠭ᠌ᠯᠡᠨ ᠤᠷᠤᠭ᠍ᠰᠢᠯᠠᠭ᠍ᠰᠠᠨ ᠪᠠᠢᠨ᠎ᠠ᠂ ᠠᠭᠤᠤ ᠶᠡᠬᠡ ᠵᠣᠷᠢᠭ ᠰᠠᠨᠠᠭ᠎ᠠ ᠨᠢ ᠳᠤᠮᠳᠠᠳᠤ᠎ᠶ᠋ᠢᠨ ᠦᠨᠳᠦᠰᠦᠲᠡᠨ᠎ᠦ ᠢᠯᠠᠯᠲᠠ᠎ᠡᠴᠡ ᠱᠢᠨ᠎ᠡ ᠢᠯᠠᠯᠲᠠ ᠳᠠᠢᠰᠢ ᠤᠷᠤᠭ᠍ᠰᠢᠯᠠᠬᠤ᠎ᠶ᠋ᠢ ᠵᠢᠯᠣᠭᠣᠳᠴᠤ᠌ ᠪᠠᠢᠨ᠎ᠠ᠃
ᠤᠶᠤᠨ ᠰᠠᠨᠠᠭᠠᠨ᠎ᠤ ᠤᠷᠳᠤ ᠴᠠᠭᠠᠨ ᠬᠡᠷᠡᠮ ᠰᠡᠬᠦᠢᠨ ᠰᠦᠨᠳᠡᠷᠯᠡᠵᠦ᠍᠂ ᠤᠶᠤᠨ ᠰᠠᠨᠠᠭᠠᠨ᠎ᠤ ᠬᠦᠴᠦᠨ ᠴᠢᠳᠠᠯ ᠴᠠᠭ ᠤᠷᠤᠨ ᠵᠠᠢ᠎ᠶ᠋ᠢ ᠳᠠᠪᠠᠨ᠎ᠠ᠃ ᠶᠠᠫᠣᠨ᠎ᠢ ᠡᠰᠡᠷᠭᠦᠴᠡᠬᠦ᠌ ᠳᠠᠢ᠌ᠨ᠎ᠦ ᠠᠭᠤᠤ ᠶᠡᠬᠡ ᠵᠣᠷᠢᠭ ᠰᠠᠨᠠᠭ᠎ᠠ᠎ᠶ᠋ᠢ ᠪᠠᠳᠠᠷᠠᠭᠤᠯᠬᠤ ᠨᠢ ᠨᠢᠭᠡᠨᠲᠡ ᠳ᠋ᠦᠩᠱᠢᠭᠤᠷ ᠭᠠᠷᠤᠢ ᠳᠤᠮᠳᠠᠳᠤ ᠤᠯᠤᠰ᠎ᠤᠨ ᠡᠪ ᠬᠠᠮᠲᠤᠴᠤᠳ᠎ᠤᠨ ᠤᠯᠤᠰ ᠲᠦᠷᠦ᠍᠎ᠶ᠋ᠢᠨ ᠤᠬᠠᠮᠰᠠᠷ ᠪᠤᠯᠵᠤ᠂ 14 ᠳ᠋ᠦᠩᠱᠢᠭᠤᠷ ᠭᠠᠷᠤᠢ ᠳᠤᠮᠳᠠᠳᠤᠴᠤᠳ᠎ᠤᠨ ᠦᠨᠳᠦᠰᠦᠲᠡᠨ᠎ᠦ ᠤᠬᠠᠮᠰᠠᠷᠲᠤ ᠠᠭᠤᠰᠤᠯᠴᠠᠵᠤ᠂ ᠢᠷᠡᠭᠡᠳᠦᠢ᠎ᠶ᠋ᠢᠨ ᠰᠠᠯᠬᠢ ᠳᠠᠪᠠᠯᠭᠠᠨ᠎ᠢ ᠰᠦᠷᠦᠨ ᠤᠷᠤᠭ᠍ᠰᠢᠯᠠᠬᠤ ᠂ ᠬᠠᠷᠰᠢ ᠰᠠᠭᠠᠳ᠎ᠢ ᠢᠯᠠᠨ ᠳᠠᠪᠠᠬᠤ ᠡᠷᠳᠡᠨᠢ ᠪᠣᠯᠵᠠᠢ᠃
ᠱᠢᠨ᠎ᠡ ᠢᠯᠠᠯᠲᠠ ᠵᠦᠭ ᠤᠷᠤᠭ᠍ᠰᠢᠯᠠᠬᠤ᠎ᠳᠤ ᠡᠷᠬᠡᠪᠰᠢ ᠦᠨᠡᠨ ᠪᠣᠳᠠᠲᠠᠢ ᠠᠵᠢᠯᠯᠠᠵᠤ ᠲᠡᠮᠡᠴᠡᠬᠦ᠌ ᠬᠡᠷᠡᠭ᠌ᠲᠡᠢ —
ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠶ᠋ᠢ ᠬᠢᠵᠦ᠍ ᠪᠠᠢᠭᠠᠳ ᠪᠦᠲᠦᠭᠡᠭ᠌ᠰᠡᠨ ᠶᠤᠮ᠂ ᠠᠭᠤᠤ ᠶᠡᠬᠡ ᠦᠢᠯᠡᠰ ᠨᠢ ᠴᠥᠮ ᠪᠣᠳᠠᠲᠠᠢᠠᠵᠢᠯᠯᠠᠭᠠ ᠡᠴᠡ ᠪᠦᠲᠦᠭ᠌ᠰᠡᠨ ᠶᠤᠮ᠃
ᠶᠠᠫᠣᠨ᠎ᠢ ᠡᠰᠡᠷᠭᠦᠴᠡᠬᠦ᠌ ᠣᠨ ᠰᠠᠷ᠎ᠠ᠎ᠳᠤ 《ᠠᠷᠴᠢᠭᠤᠷ ᠪᠤᠯᠤᠨ ᠫᠤᠤ》 ᠪᠡᠷ 《ᠱᠠᠨᠪᠧᠢ᠎ᠶ᠋ᠢᠨ ᠵᠢᠶᠠᠩᠨᠠᠨ ᠣᠷᠣᠨ》 ᠢ᠋ ᠬᠠᠭᠠᠯᠪᠤᠷᠢᠯᠠᠵᠤ ᠂ ᠥᠭᠡᠷᠡᠴᠢᠯᠡᠯᠲᠡ ᠨᠡᠭᠡᠭᠡᠯᠳᠠ᠎ᠶ᠋ᠢᠨ ᠬᠤᠭᠤᠴᠠᠭᠠᠨ᠎ᠳᠤ 《ᠭᠤᠷᠪᠠᠨ ᠡᠳᠦᠷ ᠲᠦ᠍ ᠨᠢᠭᠡ ᠳᠠᠪᠬᠤᠷ ᠠᠰᠠᠷ ᠪᠠᠷᠢᠬᠤ》 ᠪᠡᠷ 《ᠱᠧᠨᠵᠧᠨ᠎ᠦ ᠬᠤᠷᠳᠤᠴᠠ》 ᠵᠢ ᠢᠯᠡᠷᠡᠭᠦᠯᠵᠦ᠍᠂ ᠱᠢᠨ᠎ᠡ ᠴᠠᠭ ᠦᠶ᠎ᠡ᠎ᠳᠦ 《ᠪᠦᠬᠦ᠌ ᠲᠠᠯ᠎ᠠ᠎ᠶ᠋ᠢᠨ ᠢᠯᠠᠯᠲᠠ᠎ᠶᠢ ᠤᠯᠬᠤ ᠦᠭᠡᠢ ᠪᠣᠯ ᠶᠠᠭᠠᠬᠢᠭ᠍ᠰᠠᠨ ᠴᠤ᠌ ᠴᠡᠷᠢᠭ᠎ᠢᠶᠡᠨ ᠬᠤᠷᠢᠶᠠᠬᠤ ᠦᠭᠡᠢ》 ᠪᠡᠷ ᠶᠠᠳᠠᠭᠤ᠎ᠡᠴᠡ ᠠᠩᠭᠢᠵᠢᠷᠠᠭᠤᠯᠬᠤ ᠪᠣᠭᠣᠮᠲᠠ ᠱᠢᠪᠲᠤᠯᠬᠤ ᠳᠠᠢᠯᠠᠯᠳᠤᠭᠠᠨ᠎ᠤ ᠢᠯᠠᠯᠲᠠ᠎ᠶ᠋ᠢ ᠣᠯᠵᠤ᠂ ᠳᠤᠮᠳᠠᠳᠤ ᠤᠯᠤᠰ᠎ᠤᠨ ᠡᠪ ᠬᠠᠮᠲᠤᠴᠤᠳ ᠪᠤᠳᠠᠳᠠᠢ ᠠᠵᠢᠯᠯᠠᠭ᠎ᠠ᠎ᠪᠠᠷ ᠭᠣᠣᠯ ᠪᠣᠯᠭᠠᠵᠤ᠂ ᠪᠣᠳᠠᠲᠤ ᠠᠮᠵᠢᠯᠲᠠ᠎ᠪᠠᠷ ᠬᠠᠷᠢᠭᠤᠯᠲᠠ ᠥᠭ᠌ᠴᠦ᠂ ᠨᠢᠭᠡ ᠨᠢᠭᠡ ᠠᠯᠬᠤᠮ᠎ᠢᠶᠠᠷ ᠯᠠᠪᠳᠠᠭᠤᠨ ᠪᠠᠲᠤᠲᠠᠢ ᠶᠠᠪᠤᠵᠤ᠂ ᠨᠢᠭᠡ ᠨᠢᠭᠡ ᠠᠯᠬᠤᠮ᠎ᠢᠶᠠᠷ ᠤᠷᠤᠭ᠍ᠰᠢᠯᠠᠵᠤ᠂ ᠠᠤᠭ᠎ᠠ ᠵᠢᠷᠤᠭ ᠲᠥᠰᠦᠪ᠎ᠢ ᠠᠯᠬᠤᠮ ᠠᠯᠬᠤᠮ᠎ᠢᠶᠠᠷ ᠰᠠᠢ᠌ᠨ ᠰᠠᠢᠬᠠᠨ ᠪᠣᠳᠠᠲᠤ ᠠᠬᠤᠢ ᠪᠣᠯᠭᠠᠨ ᠬᠤᠪᠢᠷᠠᠭᠤᠯᠪᠠ᠃
《ᠪᠢᠳᠡ ᠶᠠᠫᠣᠨ᠎ᠢ ᠡᠰᠡᠷᠭᠦᠴᠡᠬᠦ᠌ ᠲᠠᠢ᠌ᠨ᠎ᠦ ᠠᠭᠤᠤ ᠶᠡᠬᠡ ᠵᠣᠷᠢᠭ ᠰᠠᠨᠠᠭ᠎ᠠ᠎ᠶ᠋ᠢ ᠪᠠᠳᠠᠷᠠᠭᠤᠯᠵᠤ᠂ ᠠᠯᠢᠪᠠ ᠬᠦᠴᠢᠷ ᠪᠡᠷᠬᠡᠱᠢᠶᠡᠯ᠎ᠢ ᠢᠯᠠᠨ ᠳᠠᠪᠠᠬᠤ᠎ᠡᠴᠡ ᠪᠢᠰᠢ ᠬᠦᠴᠢᠷ ᠪᠡᠷᠬᠡᠱᠢᠶᠡᠯ᠎ᠳᠦ ᠨᠤᠭᠤᠷᠠᠬᠤ ᠦᠭᠡᠢ ᠡᠷᠡᠰ ᠵᠤᠷᠢᠭ ᠪᠠ ᠰᠦᠰᠦ ᠵᠣᠷᠢᠭ᠎ᠢᠶᠠᠷ ᠵᠣᠷᠢᠭ᠍ᠲᠠᠢ ᠲᠡᠮᠡᠴᠡᠵᠦ᠍᠂ ᠴᠢᠳᠠᠮᠠᠭᠠᠢ ᠡᠭᠦᠳᠦᠨ ᠪᠦᠲᠦᠭᠡᠵᠦ᠍᠂ ᠳᠤᠮᠳᠠᠳᠤ᠎ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶ᠋ᠢ ᠪᠡᠶᠡᠯᠡᠭᠦᠯᠬᠦ᠌᠎ᠶ᠋ᠢᠨ ᠲᠥᠯᠥᠭᠡ ᠴᠥᠬᠥᠷᠡᠰᠢ ᠦᠭᠡᠢ ᠲᠡᠮᠡᠴᠡᠵᠦ᠍᠂ ᠡᠴᠦᠰ᠎ᠦᠨ ᠢᠯᠠᠯᠲᠠ᠎ᠶ᠋ᠢ ᠤᠯᠬᠤ ᠪᠤᠯᠳᠠᠯ᠎ᠠ ᠲᠡᠮᠡᠴᠡᠬᠦ ᠬᠡᠷᠡᠭ᠌ᠲᠡᠢ》᠃ ᠶᠡᠷᠦᠩᠬᠡᠢ ᠱᠦᠵᠢ ᠰᠢ ᠵᠢᠨ ᠫᠢᠩ᠎ᠦᠨ ᠶᠠᠷᠢᠶ᠎ᠠ ᠤᠷᠤᠭ᠍ᠰᠢᠯᠠᠯᠲᠠ᠎ᠶ᠋ᠢᠨ ᠵᠠᠮ᠎ᠢ ᠵᠢᠭᠠᠪᠠ᠃ ᠤᠷᠲᠤ ᠤᠳᠠᠭᠠᠨ ᠠᠶᠠᠨ ᠵᠠᠮ ᠳ᠋ᠦ᠂ ᠴᠦᠬᠦᠷᠡᠰᠢ ᠦᠭᠡᠢ ᠲᠡᠮᠡᠴᠠᠨᠠ᠃
ᠤᠨᠢᠨ ᠳᠡᠭᠡᠷ᠎ᠡ ᠨᠢ ᠶᠠᠳᠠᠭᠤ᠎ᠶ᠋ᠢ ᠲᠡᠳᠬᠦᠬᠦ᠌᠎ᠶ᠋ᠢ ᠪᠠᠷᠢᠮᠲᠠᠯᠠᠵᠤ᠂ ᠲᠦᠭ ᠲᠦᠮᠡᠨ ᠨᠠᠮ᠎ᠤᠨ ᠭᠡᠱᠢᠭᠦᠨ ᠲᠣᠰᠭᠣᠨ᠎ᠳᠤ ᠰᠠᠭᠤᠵᠤ ᠡᠷᠦᠬᠡ᠎ᠳᠦ ᠭᠦᠨᠵᠡᠭᠡᠢᠷᠡᠵᠦ᠂ ᠠᠮᠵᠢᠯᠲᠠ ᠪᠦᠲᠦᠮᠵᠢ ᠲᠡᠦᠬᠡᠨ ᠬᠠᠭᠤᠳᠠᠰᠤᠨ᠎ᠳᠤ ᠲᠡᠮᠳᠡᠭ᠌ᠯᠡᠭ᠌ᠳᠡᠪᠡ; ᠠᠮᠢ ᠠᠬᠤᠢ ᠣᠷᠴᠢᠨ ᠲᠣᠭᠣᠷᠢᠨ᠎ᠢ ᠵᠠᠰᠠᠵᠤ᠂ ᠪᠦᠬᠦ᠌ ᠠᠷᠠᠳ᠎ᠢᠶᠠᠷ᠎ᠢᠶᠠᠨ ᠪᠣᠬᠢᠷᠲᠤᠯ ᠦᠭᠡᠢ ᠭᠡᠷ ᠣᠷᠣᠨ᠎ᠢ ᠬᠠᠮᠲᠤ᠎ᠪᠠᠷ ᠪᠦᠲᠦᠭᠡᠨ ᠪᠠᠢᠭᠤᠯᠵᠤ᠂ ᠨᠤᠮᠢᠨ ᠤᠰᠤ ᠬᠦᠬᠡᠮᠳᠦᠭ ᠠᠭᠤᠯᠠ ᠵᠢᠨ ᠦᠨᠭᠭᠡ ᠨᠡᠩ ᠭᠦᠨ ᠪᠣᠯᠪᠠ; ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠨᠣᠶᠠᠨ ᠤᠷᠬᠢᠯ᠎ᠳᠤ ᠵᠣᠷᠢᠭ᠍ᠲᠠᠢ ᠠᠪᠠᠷᠢᠵᠤ᠂ ᠲᠣᠭ᠎ᠠ ᠲᠣᠮᠰᠢ ᠦᠭᠡᠢ ᠰᠣᠳᠣᠨ ᠴᠢᠳᠠᠪᠤᠷᠢᠲᠠᠨ ᠬᠦᠴᠢᠷ᠎ᠢ ᠲᠤᠭᠤᠯᠤᠨ ᠪᠡᠷᠬᠡ᠎ᠶ᠋ᠢ ᠳᠠᠪᠠᠵᠤ ᠂ ᠶᠡᠬᠡ ᠤᠯᠤᠰ᠎ᠤᠨ ᠰᠤᠳᠤᠨ ᠲᠤᠨᠤᠭᠯᠠᠯ᠎ᠢ ᠴᠣᠭ᠍ᠴᠠᠯᠠᠪᠠ; ᠡᠷᠡᠨ ᠵᠠᠭᠤᠨ᠎ᠤ ᠬᠢᠵᠢᠭ᠎ᠲᠡᠶ ᠲᠡᠮᠡᠴᠡᠬᠦ᠌᠎ᠳᠦ᠂ ᠡᠷᠡᠭᠦᠯ ᠡᠩᠬᠡ᠎ᠶ᠋ᠢᠨ ᠡᠯᠴᠢᠳ ᠭᠠᠪᠱᠢᠭᠠᠢᠯᠠᠨ ᠪᠠᠢᠯᠳᠤᠵᠤ᠂ ᠡᠮᠦᠨ᠎ᠡ ᠹᠷᠣᠨᠲ᠎ᠢ ᠪᠠᠲᠤ ᠰᠠᠬᠢᠪᠠ; ᠪᠦᠬᠦ᠌ ᠬᠦᠴᠦᠨ᠎ᠢᠶᠡᠷ ᠭᠠᠮᠱᠢᠭ᠎ᠲᠠᠶ ᠲᠡᠮᠡᠴᠡᠵᠦ᠍ ᠭᠠᠮᠱᠢᠭ᠎ᠡᠴᠡ ᠠᠪᠤᠷᠠᠵᠤ᠂ ᠬᠣᠱᠢᠭᠤᠴᠢ ᠵᠢᠱ᠌ᠢᠶᠡᠴᠢ ᠨᠠᠷ ᠤᠷᠤᠰᠭᠠᠯ᠎ᠢ ᠰᠦᠷᠦᠨ ᠤᠷᠤᠭ᠍ᠰᠢᠯᠠᠵᠤ᠂ ᠨᠠᠮ᠎ᠤᠨ ᠲᠤᠭ᠎ᠢ ᠡᠮᠦᠨ᠎ᠡ ᠹᠷᠣᠨᠲ᠎ᠲᠤ ᠨᠠᠮᠢᠷᠠᠭᠤᠯᠪᠠ ᠁ ᠳᠤᠮᠳᠠᠳᠤ᠎ᠶ᠋ᠢᠨ ᠦᠨᠳᠦᠰᠦᠲᠡᠨ ᠠᠭᠤᠤ ᠶᠡᠬᠡ ᠰᠡᠷᠭᠦᠨ ᠮᠠᠨᠳᠤᠯᠲᠠ᠎ᠶ᠋ᠢᠨ ᠱᠢᠨ᠎ᠡ ᠠᠶᠠᠨ ᠳ᠋ᠦ ᠲᠤᠮᠤ ᠠᠯᠬᠤᠮ᠎ᠢᠶᠠᠷ ᠵᠠᠮᠨᠠᠵᠤ᠂ ᠴᠤᠭ ᠵᠣᠷᠢᠭ ᠪᠠᠳᠠᠷᠠᠩᠭᠤᠢ᠂ ᠣᠮᠣᠭ ᠵᠣᠷᠢᠭ ᠲᠡᠭᠦᠯᠳᠡᠷ ᠪᠠᠢᠨ᠎ᠠ᠃
《ᠵᠠᠭᠤ᠂ ᠮᠢᠩᠭᠠᠨ ᠵᠢᠯ ᠵᠢᠡᠷ ᠨᠢᠭᠡᠴᠢᠯᠡᠭᠰᠡᠨ》 ᠴᠠᠭᠬᠤᠭᠤᠴᠠᠭᠠᠨᠤ ᠦᠵᠡᠯᠲᠡ ᠪᠣᠯᠤᠨ ᠲᠡᠮᠡᠴᠡᠯ᠎ᠦᠨ ᠲᠡᠦᠬᠡᠨ᠎ᠳᠦ᠂ ᠳᠤᠮᠳᠠᠳᠤ ᠤᠯᠤᠰ᠎ᠤᠨ ᠡᠪ ᠬᠠᠮᠲᠤᠴᠤᠳ ᠢᠮᠠᠭ᠍ᠲᠠ ᠠᠷᠠᠳ ᠲᠦᠮᠡᠨ᠎ᠳᠦ ᠵᠣᠯ ᠵᠢᠷᠭᠠᠯ ᠣᠯᠭᠣᠬᠤ᠂ ᠦᠨᠳᠦᠰᠦᠲᠡᠨ᠎ᠦ ᠰᠡᠷᠭᠦᠨ ᠮᠠᠨᠳᠤᠯᠲᠠ᠎ᠶ᠋ᠢ ᠪᠡᠶᠡᠯᠡᠭᠦᠯᠬᠦ᠌᠂ ᠳᠡᠯᠡᠬᠡᠢ ᠳ᠋ᠠᠬᠢᠨ᠎ᠤ ᠶᠡᠬᠡ ᠨᠢᠭᠡᠳᠦᠯ᠎ᠦᠨ ᠲᠥᠯᠥᠭᠡ ᠲᠡᠮᠡᠴᠡᠬᠦ᠌ ᠠᠭᠤᠤ ᠶᠡᠬᠡ ᠡᠭᠦᠷᠭᠡ᠎ᠶ᠋ᠢ ᠡᠭᠦᠷᠭᠡᠯᠡᠵᠦ᠍᠂ ᠳᠠᠪᠠᠯᠭᠠᠨ᠎ᠢ ᠵᠦᠰᠦᠨ ᠤᠷᠤᠭ᠍ᠰᠢᠯᠠᠵᠤ᠂ ᠤᠷᠤᠰᠭᠠᠯ᠎ᠤᠨ ᠡᠮᠦᠨ᠎ᠡ ᠵᠣᠷᠢᠭ᠍ᠲᠠᠢ᠎ᠪᠠᠷ ᠬᠤᠰᠢᠭᠤᠷᠠᠪᠠ᠃
ᠲᠦᠮᠡᠨ ᠪᠡᠷᠬᠡ ᠮᠢᠨᠭᠭᠠᠨ ᠪᠠᠷᠳᠠᠭ᠎ᠠ ᠵᠢ ᠲᠠᠪᠠᠨ ᠲᠤᠭᠤᠯᠵᠤ᠂ ᠬᠥᠮᠦᠨ᠎ᠦ ᠶᠢᠷᠲᠢᠨᠴᠦ᠍ ᠵᠢᠨ ᠨᠤᠶᠠᠨ ᠤᠷᠭᠢᠯ ᠪᠤᠯᠵᠤ ᠰᠡᠬᠦᠢᠨ ᠰᠦᠨᠳᠡᠷᠯᠡᠨ᠎ᠡ᠃
ᠤᠷᠳᠤ ᠬᠤᠭᠤᠴᠠᠭᠠᠨ᠎ᠤ ᠳᠠᠪᠲᠠᠯᠲᠠ᠎ᠶ᠋ᠢ ᠥᠩᠭᠡᠷᠡᠭᠡᠭ᠌ᠰᠡᠨ ᠵᠠᠭᠤᠨ ᠵᠢᠯ᠎ᠦᠨ ᠲᠡᠦᠬᠡ᠎ᠲᠡᠶ ᠲᠤᠮᠤ ᠨᠠᠮ᠂ ᠴᠠᠭ ᠦᠶ᠎ᠡ᠎ᠶ᠋ᠢᠨ ᠠᠶᠤᠯ ᠲᠦᠭ᠌ᠰᠢᠭᠦᠷᠢ᠎ᠶ᠋ᠢ ᠰᠦᠷᠦᠨ ᠰᠦᠨᠳᠡᠷᠯᠡᠵᠦ᠍᠂ ᠲᠦᠭ ᠲᠦᠮᠡᠨ ᠠᠷᠠᠳ ᠲᠦᠮᠡᠨ᠎ᠢ ᠳᠠᠭᠠᠭᠤᠯᠤᠨ ᠨᠡᠩ ᠭᠡᠭᠡᠨ ᠰᠠᠷᠠᠭᠤᠯ ᠢᠷᠡᠭᠡᠳᠦᠢ ᠲᠡᠢᠰᠢ ᠣᠮᠣᠭ ᠲᠡᠭᠦᠯᠳᠡᠷ ᠤᠷᠤᠭ᠍ᠰᠢᠯᠠᠨ᠎ᠠ!
(ᠰᠢᠨᠬᠤᠸᠠ ᠬᠤᠷᠢᠶ᠎ᠠ ᠵᠢᠨ ᠪᠡᠭᠡᠵᠢᠩ ᠤ᠋ᠨ 9 ᠰᠠᠷ᠎ᠠ ᠵᠢᠨ 15 ᠤ᠋ ᠴᠠᠬᠢᠯᠭᠠᠨ ᠮᠡᠳᠡᠭᠡ)