— ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ ᠳᠠᠢᠨ ᠵᠢᠴᠢ ᠳᠡᠯᠡᠬᠡᠶ᠎ᠶ᠋ᠢᠨ ᠹᠠᠱ᠌ᠢᠰ᠎ᠢ ᠡᠰᠡᠷᠭᠦᠴᠡᠬᠦ ᠳᠠᠢᠨ ᠢᠯᠠᠯᠲᠠ ᠣᠯᠤᠭ᠍ᠰᠠᠨ 80 ᠵᠢᠯ᠎ᠦᠨ ᠣᠶ᠎ᠶ᠋ᠢ ᠳᠤᠷᠠᠰᠭᠠᠬᠤ ᠠᠵᠢᠯᠯᠠᠭ᠎ᠠ᠎ᠶ᠋ᠢᠨ ᠰᠡᠩᠬᠡᠷᠡᠭᠦᠯᠦᠯ (ᠲᠠᠪᠤ)
9 ᠰᠠᠷ᠎ᠠ᠎ᠶ᠋ᠢᠨ 3᠎ᠤ᠋ ᠡᠳᠦᠷ᠂ ᠪᠡᠭᠡᠵᠢᠩ᠎ᠳᠦ᠃ ᠭᠠᠳᠠᠭᠠᠳᠤ᠎ᠶ᠋ᠢᠨ 60 ᠭᠠᠷᠤᠢ ᠤᠳᠤᠷᠢᠳᠭᠤ ᠬᠥᠮᠦᠨ ᠵᠢᠴᠢ ᠬᠣᠯᠪᠣᠭ᠍ᠳᠠᠯ ᠪᠦᠬᠦᠢ ᠤᠯᠤᠰ᠎ᠤᠨ ᠳᠡᠭᠡᠳᠦ ᠲᠡᠰ᠎ᠤᠨ ᠲᠥᠯᠥᠭᠡᠯᠡᠭ᠌ᠴᠢ᠂ ᠤᠯᠠᠨ ᠤᠯᠤᠰ᠎ᠤᠨ ᠵᠣᠬᠢᠶᠠᠨ ᠪᠠᠢᠭᠤᠯᠤᠯᠲᠠ᠎ᠶ᠋ᠢᠨ ᠬᠠᠷᠢᠭᠤᠴᠠᠯᠭᠠᠲᠠᠨ᠂ ᠤᠤᠯ᠎ᠤᠨ ᠤᠯᠤᠰ ᠲᠦᠷᠦ᠍᠎ᠶ᠋ᠢᠨ ᠴᠢᠬᠤᠯᠠ ᠬᠥᠮᠦᠰ ᠤᠷᠢᠯᠭ᠎ᠠ᠎ᠪᠠᠷ ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠲᠠᠢ᠌ᠨ ᠵᠢᠴᠢ ᠳᠡᠯᠡᠬᠡᠢ᠎ᠶ᠋ᠢᠨ ᠹᠠᠱ᠌ᠢᠰ᠎ᠢ ᠡᠰᠡᠷᠭᠦᠴᠡᠬᠦ᠌ ᠲᠠᠢ᠌ᠨ ᠢᠯᠠᠯᠲᠠ ᠣᠯᠤᠭ᠍ᠰᠠᠨ 80 ᠵᠢᠯ᠎ᠦᠨ ᠤᠢ᠎ᠶ᠋ᠢ ᠳᠤᠷᠠᠰᠭᠠᠬᠤ ᠶᠡᠬᠡ ᠬᠤᠷᠠᠯ ᠪᠣᠯᠤᠨ ᠳᠠᠢᠯᠠᠯᠭ᠎ᠠ᠎ᠳᠤ ᠣᠷᠣᠯᠴᠠᠪᠠ᠃
《ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠳᠠᠢ᠌ᠨ ᠪᠣᠯ ᠳᠡᠯᠡᠬᠡᠢ᠎ᠶ᠋ᠢᠨ ᠹᠠᠱ᠌ᠢᠰ᠎ᠢ ᠡᠰᠡᠷᠭᠦᠴᠡᠬᠦ᠌ ᠳᠠᠢ᠌ᠨ᠎ᠦ ᠴᠢᠬᠤᠯᠠ ᠪᠦᠷᠢᠯᠳᠦᠬᠦᠨ ᠬᠡᠰᠡᠭ ᠮᠥᠨ᠂ ᠳᠤᠮᠳᠠᠳᠤ ᠤᠯᠤᠰ᠎ᠤᠨ ᠠᠷᠠᠳ ᠲᠦᠮᠡᠨ ᠯᠤᠲᠤ ᠶᠡᠬᠡ ᠦᠨᠳᠦᠰᠦᠲᠡᠨ᠎ᠦ ᠦᠷᠡᠭ᠌ᠳᠡᠯ᠎ᠢᠶᠡᠷ ᠬᠥᠮᠦᠨ ᠲᠥᠷᠥᠯᠬᠢᠲᠡᠨ᠎ᠦ ᠪᠣᠯᠪᠠᠰᠤᠨ᠎ᠢ ᠠᠪᠤᠷᠠᠬᠤ᠂ ᠳᠡᠯᠡᠬᠡᠢ᠎ᠶ᠋ᠢᠨ ᠡᠩᠬᠡ ᠲᠠᠢᠪᠤᠩ᠎ᠢ ᠬᠠᠮᠠᠭᠠᠯᠠᠬᠤ᠎ᠳᠤ ᠴᠢᠬᠤᠯᠠ ᠶᠡᠬᠡ ᠬᠤᠪᠢ ᠨᠡᠮᠡᠷᠢ ᠦᠵᠡᠭᠦᠯᠵᠡᠢ》᠃
《ᠳᠤᠮᠳᠠᠳᠤ ᠤᠯᠤᠰ᠎ᠤᠨ ᠠᠷᠠᠳ ᠲᠦᠮᠡᠨ ᠲᠡᠦᠬᠡ᠎ᠶ᠋ᠢᠨ ᠵᠥᠪ ᠲᠠᠯ᠎ᠠ᠎ᠳᠤ ᠡᠷᠡᠰ ᠵᠣᠭ᠍ᠰᠣᠵᠤ᠂ ᠬᠥᠮᠦᠨ ᠲᠥᠷᠥᠯᠬᠢᠲᠡᠨ᠎ᠦ ᠪᠣᠯᠪᠠᠰᠤᠨ᠎ᠤ ᠲᠠᠪᠱᠢᠯᠳᠠ᠎ᠶ᠋ᠢᠨ ᠲᠠᠯ᠎ᠠ᠎ᠳᠤ ᠵᠣᠭ᠍ᠰᠣᠵᠤ᠂ ᠡᠩᠬᠡ ᠲᠠᠢᠪᠤᠩ ᠬᠥᠭ᠌ᠵᠢᠯᠲᠡ᠎ᠶ᠋ᠢᠨ ᠵᠠᠮ᠎ᠢᠶᠠᠷ ᠵᠠᠮᠨᠠᠬᠤ᠎ᠶ᠋ᠢ ᠪᠠᠷᠢᠮᠲᠠᠯᠠᠵᠤ᠂ ᠡᠯ᠎ᠡ ᠤᠯᠤᠰ᠎ᠤᠨ ᠠᠷᠠᠳ ᠲᠦᠮᠡᠨ ᠯᠤᠭᠡ ᠭᠠᠷ ᠬᠣᠯᠪᠣᠯᠴᠠᠨ ᠬᠥᠮᠦᠨ ᠲᠥᠷᠥᠯᠬᠢᠲᠡᠨ᠎ᠦ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ᠎ᠶ᠋ᠢ ᠪᠠᠢᠭᠤᠯᠪᠠ》᠃
《ᠶᠠᠮᠠᠷᠪᠠ ᠦᠶ᠎ᠠ ᠳ᠋ᠤ ᠴᠤ᠌ ᠭᠡᠰᠡᠨ᠂ ᠪᠢᠳᠡ ᠪᠦᠬᠦᠳᠡᠭᠡᠷ ᠵᠢᠡᠨ ᠪᠦᠬᠦ᠌ ᠬᠥᠮᠦᠨ ᠲᠥᠷᠥᠯᠬᠢᠲᠡᠨ᠎ᠦ ᠬᠠᠮᠲᠤ᠎ᠶ᠋ᠢᠨ ᠦᠷᠳᠡᠭ᠎ᠢ ᠪᠠᠳᠠᠷᠠᠭᠤᠯᠵᠤ᠂ ᠳᠡᠯᠡᠬᠡᠢ᠎ᠶ᠋ᠢᠨ ᠲᠥᠪ ᠭᠣᠣᠯᠴᠢ ᠱᠢᠳᠤᠷᠭᠤ ᠶᠣᠰᠣ᠎ᠶ᠋ᠢ ᠡᠷᠡᠰ ᠬᠠᠮᠠᠭᠠᠯᠠᠵᠤ᠂ ᠳᠡᠯᠡᠬᠡᠢ ᠳ᠋ᠠᠬᠢᠨ᠎ᠢ ᠲᠥᠪ ᠰᠤᠷᠲᠠᠯᠵᠢᠡᠷ ᠪᠢᠯᠬᠠᠮ᠎ᠠ᠂ ᠲᠦᠷᠦ ᠴᠢᠭᠡᠴᠢ ᠨᠡᠢᠭᠡᠮ ᠲᠤᠬᠳᠠᠭᠤᠨ ᠪᠣᠯᠭᠠᠶ᠎ᠠ》᠂《ᠶᠠᠮᠠᠷᠪᠠ ᠦᠶ᠎ᠠ ᠳ᠋ᠤ ᠴᠤ᠌ ᠭᠡᠰᠡᠨ᠂ ᠪᠢᠳᠡ ᠪᠦᠬᠦᠳᠡᠭᠡᠷ ᠵᠢᠡᠨ ᠡᠩᠬᠡ ᠲᠠᠢᠪᠤᠩ ᠬᠥᠭ᠌ᠵᠢᠯᠲᠡ᠎ᠶ᠋ᠢᠨ ᠵᠠᠮ᠎ᠢᠶᠠᠷ ᠵᠠᠮᠨᠠᠬᠤ᠎ᠶ᠋ᠢ ᠪᠠᠷᠢᠮᠲᠠᠯᠠᠵᠤ᠂ ᠭᠠᠷ ᠬᠤᠯᠪᠤᠯᠴᠠᠨ ᠳᠡᠯᠡᠬᠡᠢ᠎ᠶ᠋ᠢᠨ ᠡᠩᠬᠡ ᠲᠠᠢᠪᠤᠩ ᠠᠮᠤᠷ ᠲᠣᠭ᠍ᠲᠠᠭᠤᠨ᠎ᠢ ᠡᠷᠡᠰ ᠰᠠᠬᠢᠨ ᠬᠠᠮᠠᠭᠠᠯᠠᠵᠤ᠂ ᠬᠥᠮᠦᠨ ᠲᠥᠷᠥᠯᠬᠢᠲᠡᠨ᠎ᠦ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ᠎ᠶ᠋ᠢ ᠪᠠᠢᠭᠤᠯᠤᠶ᠎ᠠ》᠂ 《ᠶᠠᠮᠠᠷᠪᠠ ᠦᠶ᠎ᠠ ᠳ᠋ᠤ ᠴᠤ᠌ ᠭᠡᠰᠡᠨ᠂ ᠪᠢᠳᠡ ᠪᠦᠬᠦᠳᠡᠭᠡᠷ ᠵᠢᠡᠨ ᠠᠷᠠᠳ ᠲᠦᠮᠡᠨ᠎ᠦ ᠪᠤᠳᠤᠯ ᠰᠡᠳᠬᠢᠯ᠎ᠢᠶᠡᠷ ᠦᠪᠡᠷ ᠤ᠋ᠨ ᠵᠢᠡᠨ ᠪᠤᠳᠤᠯ ᠰᠡᠳᠬᠢᠯ ᠪᠤᠯᠭᠠᠵᠤ᠂ ᠳᠡᠯᠡᠬᠡᠢ ᠳ᠋ᠠᠬᠢᠨ ᠤ᠋ ᠠᠰᠢᠭ ᠲᠤᠰᠠ ᠪᠡᠷ ᠦᠪᠡᠷ ᠤ᠋ᠨ ᠵᠢᠡᠨ ᠠᠰᠢᠭ ᠲᠤᠰᠠ ᠪᠤᠯᠭᠠᠵᠤ᠂ ᠠᠷᠠᠳ ᠲᠦᠮᠡᠨ᠎ᠦ ᠠᠵᠠ ᠵᠢᠷᠭᠠᠯ᠎ᠢ ᠨᠡᠮᠡᠭ᠌ᠳᠡᠭᠦᠯᠬᠦ᠌᠎ᠶ᠋ᠢᠨ ᠲᠥᠯᠥᠭᠡ ᠴᠥᠬᠥᠷᠡᠰᠢ ᠦᠭᠡᠢ ᠴᠢᠷᠮᠠᠢᠵᠠᠭᠠᠶ᠎ᠠ》 ᠁
ᠶᠡᠷᠦᠩᠬᠡᠢ ᠱᠦᠵᠢ ᠰᠢ ᠵᠢᠨ ᠫᠢᠩ᠎ᠦᠨ ᠲᠥᠪ ᠴᠢᠩᠭ᠎ᠠ ᠢᠯᠡᠷᠭᠡᠢᠯᠡᠯ ᠨᠢ ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠲᠠᠢ᠌ᠨ ᠢᠯᠠᠯᠲᠠ ᠣᠯᠤᠭ᠍ᠰᠠᠨ ᠲᠡᠦᠬᠡᠲᠦ ᠠᠴᠢ ᠬᠣᠯᠪᠣᠭ᠍ᠳᠠᠯ ᠪᠠ ᠳᠡᠯᠡᠬᠡᠢ᠎ᠶ᠋ᠢᠨ ᠠᠴᠢ ᠬᠣᠯᠪᠣᠭ᠍ᠳᠠᠯ᠎ᠢ ᠭᠦᠨᠵᠡᠭᠡᠢ ᠢᠯᠡᠷᠡᠭᠦᠯᠵᠦ᠍᠂ ᠳᠤᠮᠳᠠᠳᠤ᠎ᠶ᠋ᠢᠨ ᠬᠥᠪᠡᠭᠦᠳ ᠥᠬᠢᠳ᠎ᠦᠨ ᠦᠨᠳᠦᠰᠦᠲᠡᠨ᠎ᠦ ᠰᠡᠷᠭᠦᠨ ᠮᠠᠨᠳᠤᠯᠲᠠ ᠲᠡᠢᠰᠢ ᠤᠷᠤᠭ᠍ᠰᠢᠯᠠᠬᠤ ᠣᠮᠣᠭ ᠵᠣᠷᠢᠭ᠎ᠢ ᠲᠤᠢᠯ᠎ᠤᠨ ᠶᠡᠬᠡᠪᠡᠷ ᠤᠷᠮᠠᠱᠢᠭᠤᠯᠤᠨ ᠵᠣᠷᠢᠭ᠍ᠵᠢᠭᠤᠯᠵᠤ᠂ ᠳᠤᠮᠳᠠᠳᠤ ᠤᠯᠤᠰ᠎ᠤᠨ ᠳᠡᠯᠡᠬᠡᠢ᠎ᠶ᠋ᠢᠨ ᠡᠩᠬᠡ ᠲᠠᠢᠪᠤᠩ ᠪᠠ ᠬᠥᠭ᠌ᠵᠢᠯᠲᠡ᠎ᠶ᠋ᠢ ᠬᠠᠮᠠᠭᠠᠯᠠᠬᠤ ᠡᠷᠡᠰ ᠵᠣᠷᠢᠭ᠎ᠢ ᠭᠦᠢᠴᠡᠳ ᠢᠯᠡᠷᠡᠭᠦᠯᠵᠦ᠍᠂ ᠳᠡᠯᠡᠬᠡᠢ ᠳᠡᠭᠡᠷᠡᠬᠢ ᠡᠩᠬᠡ ᠲᠠᠢᠪᠤᠩ᠎ᠢ ᠡᠷᠬᠢᠮᠯᠡᠬᠦ᠌ ᠱᠢᠳᠤᠷᠭᠤ ᠶᠣᠰᠣᠨ᠎ᠤ ᠬᠦᠴᠦᠨ᠎ᠢ ᠬᠦᠴᠦᠲᠡᠢ ᠨᠢᠭ᠍ᠲᠠᠷᠠᠭᠤᠯᠪᠠ᠃
ᠠᠭᠤᠤ ᠶᠡᠬᠡ ᠦᠨᠡᠨ ᠶᠣᠰᠣ ᠭᠠᠢᠬᠠᠮᠱᠢᠭ᠍ᠲᠤ ᠣᠨ ᠰᠠᠷ᠎ᠠ᠎ᠳᠤ ᠪᠠᠲᠤ ᠴᠡᠭᠡᠵᠢᠯᠡᠭ᠌ᠳᠡᠨᠡ
《ᠭᠠᠢ ᠭᠠᠵᠠᠷ ᠳᠣᠣᠷ᠎ᠠ᠎ᠡᠴᠡ ᠭᠡᠳᠡᠭᠴᠢᠯᠡᠨ ᠭᠠᠰᠠᠯᠠᠩ ᠵᠣᠪᠠᠯᠠᠩ᠎ᠢ ᠬᠠᠨᠳᠠᠯ᠎ᠠ ᠠᠮᠰᠠᠵᠤ》᠂《ᠳᠥᠷᠪᠡᠨ ᠳ᠋ᠦᠩᠱᠢᠭᠤᠷ ᠠᠬ᠎ᠠ ᠳᠡᠭᠦᠦ᠍ ᠨᠡᠷᠰᠡᠳᠬᠢᠯ ᠨᠢᠭᠡᠳᠤᠨ᠂ ᠱᠢᠨ᠎ᠡ ᠲᠦᠮᠡᠨ ᠭᠠᠵᠠᠷ ᠤ᠋ᠨ ᠤᠷᠲᠤ ᠴᠠᠭᠠᠨ ᠬᠡᠷᠡᠮ ᠢ᠋ ᠴᠤᠬᠴᠠᠯᠠᠨᠠᠮ》 ᠁
9 ᠰᠠᠷ᠎ᠠ᠎ᠶ᠋ᠢᠨ 3᠎ᠤ᠋ ᠦᠳᠡ᠎ᠳᠦ᠂ ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠲᠡᠢᠨ ᠵᠢᠴᠢ ᠳᠡᠯᠡᠬᠡᠶ᠎ᠶ᠋ᠢᠨ ᠹᠠᠱ᠌ᠢᠰ᠎ᠢ ᠡᠰᠡᠷᠭᠦᠴᠡᠬᠦ᠌ ᠲᠡᠢᠨ ᠢᠯᠠᠯᠲᠠ ᠣᠯᠤᠭ᠍ᠰᠠᠨ 80 ᠵᠢᠯ᠎ᠦᠨ ᠣᠶ᠎ᠶ᠋ᠢ ᠳᠤᠷᠠᠰᠭᠠᠬᠤ ᠳᠠᠢᠯᠠᠯᠭ᠎ᠠ ᠳᠡᠭᠡᠷ᠎ᠡ᠂ 《ᠣᠷᠳᠣ ᠴᠠᠭᠠᠨ ᠬᠡᠷᠡᠮ᠎ᠦᠨ ᠳᠠᠭᠤᠤ》 ᠭᠡᠬᠦ᠌ ᠬᠡᠦᠬᠡᠳ᠎ᠦᠨ ᠨᠠᠢᠷᠠᠯ ᠲᠠᠭᠤᠤ᠂ ᠬᠥᠮᠦᠰ᠎ᠦᠨ ᠪᠣᠳᠣᠯ ᠰᠠᠨᠠᠭ᠎ᠠ᠎ᠶ᠋ᠢ ᠳᠤᠮᠳᠠᠳᠤ᠎ᠶ᠋ᠢᠨ ᠦᠨᠳᠦᠰᠦᠲᠡᠨ᠎ᠦ ᠣᠢᠷ᠎ᠠ ᠦᠶ᠎ᠡ᠎ᠶ᠋ᠢᠨ ᠲᠡᠦᠬᠡᠨ ᠳᠡᠭᠡᠷᠡᠬᠢ 《ᠲᠦᠨᠠᠷ ᠬᠠᠷᠠᠩᠭᠤᠶ ᠴᠠᠭ ᠮᠥᠴᠡ》 ᠳ᠋ᠤ ᠲᠡᠳᠡᠨ ᠠᠪᠠᠴᠢᠪᠠ᠃
ᠬᠥᠮᠦᠨ᠎ᠦ ᠴᠢᠨᠠᠷ ᠦᠭᠡᠢ ᠬᠠᠷᠭᠢᠰ ᠬᠡᠷᠴᠡᠭᠡᠢ ᠬᠢᠳᠤᠯᠭ᠎ᠠ᠂ ᠬᠥᠮᠦᠨ᠎ᠢ ᠰᠣᠴᠢᠭᠠᠮ᠎ᠠ 《ᠭᠤᠷᠪᠠᠨ ᠬᠣᠭᠣᠰᠣᠯᠠᠬᠤ》 ᠲᠦᠷᠦ᠍᠎ᠶ᠋ᠢᠨ ᠪᠤᠳᠤᠯᠭ᠎ᠠ᠂ ᠬᠤᠢᠬ᠎ᠠ ᠵᠢᠨ ᠦᠰᠤ ᠪᠤᠰᠤᠮᠠ ᠪᠠᠺᠲ᠋ᠧᠷᠢ᠎ᠶ᠋ᠢᠨ ᠲᠠᠢ᠌ᠨ ᠪᠠ ᠬᠢᠮᠢ᠎ᠶ᠋ᠢᠨ ᠲᠠᠢ᠌ᠨ ᠁ ᠲᠠᠯᠬᠢᠬᠳᠠᠬᠰᠡᠨ ᠠᠭᠤᠯᠠ ᠤᠰᠤ ᠴᠢᠰᠤ ᠨᠢᠯᠪᠤᠰᠤᠲᠤ ᠭᠠᠰᠠᠯᠠᠩ ᠵᠣᠪᠠᠯᠠᠩᠲᠤᠮᠳᠠ ᠲᠡᠯᠴᠢᠯᠡᠵᠦ᠍᠂ ᠳᠤᠮᠳᠠᠳᠤ᠎ᠶ᠋ᠢᠨ ᠬᠥᠪᠡᠭᠦᠳ ᠥᠬᠢᠳ᠎ᠦᠨ ᠡᠮᠭᠡᠨᠢᠯ ᠬᠣᠷᠣᠰᠤᠯᠢ ᠲᠣᠭᠠᠴᠢᠬᠤᠶᠠ ᠪᠡᠷᠭᠡ ᠪᠣᠯᠪᠠ᠃
ᠳᠤᠮᠳᠠᠳᠤ᠎ᠶ᠋ᠢᠨ ᠦᠨᠳᠦᠰᠦᠲᠡᠨ᠎ᠦ ᠮᠠᠭ᠍ᠲᠠᠨ ᠳᠠᠭᠤᠯᠠᠭᠤᠱᠢᠲᠠᠶ ᠨᠤᠭᠤᠷᠠᠰᠢ ᠥᠬᠡᠶ ᠶᠠᠫᠣᠨ᠎ᠢ ᠡᠰᠡᠷᠭᠦᠴᠡᠬᠦ᠌ ᠲᠡᠢ᠎ᠨᠢ ᠮᠠᠷᠳᠠᠵᠤ ᠪᠤᠯᠤᠰᠢ ᠦᠭᠡᠢ —
《ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠲᠠᠢ᠌ᠨ ᠪᠣᠯ ᠲᠤᠢᠯ᠎ᠤᠨ ᠪᠡᠷᠬᠡ ᠬᠠᠲᠠᠭᠤᠵᠢᠯᠲᠠᠢ ᠠᠭᠤᠤ ᠶᠡᠬᠡ ᠲᠠᠢ᠌ᠨ ᠮᠥᠨ》 ᠭᠡᠵᠦ᠍ ᠶᠡᠷᠦᠩᠬᠡᠢ ᠱᠦᠵᠢ ᠰᠢ ᠵᠢᠨ ᠫᠢᠩ ᠭᠦᠨᠵᠡᠭᠡᠢ ᠵᠢᠭᠠᠵᠤ ᠭᠠᠷᠭᠠᠪᠠ᠃
ᠶᠠᠭᠠᠬᠢᠭᠠᠳ ᠲᠦᠢᠯ᠎ᠤᠨ ᠬᠠᠲᠠᠭᠤᠵᠢᠯᠲᠠᠶ ᠪᠣᠶ? ᠶᠠᠭᠠᠬᠢᠭᠠᠳ ᠠᠭᠤᠤ ᠶᠡᠬᠡ ᠪᠤᠢ?
14 ᠵᠢᠯ᠎ᠦᠨ ᠴᠢᠰᠤᠲᠤ ᠪᠠᠢᠯᠳᠤᠭᠠᠨ᠂ 3500 ᠲᠦᠮᠡ ᠭᠠᠷᠤᠢ ᠬᠥᠮᠦᠨ ᠦᠬᠦᠵᠤ ᠰᠢᠷᠬᠠᠳᠤᠪᠠ ᠁ ᠡᠬᠢᠯᠡᠭ᠌ᠰᠡᠨ ᠴᠠᠭ ᠨᠢ ᠬᠠᠮᠤᠭ᠎ᠤᠨ ᠡᠷᠲᠡ᠂ ᠦᠷᠭᠦᠯᠵᠢᠯᠡᠭ᠌ᠰᠡᠨ ᠴᠠᠭ ᠨᠢ ᠬᠠᠮᠤᠭ᠎ᠤᠨ ᠤᠷᠳᠤ᠂ ᠦᠷᠡᠭ᠌ᠳᠡᠯ ᠰᠦᠢᠳᠦᠯ ᠬᠠᠮᠤᠭ᠎ᠤᠨ ᠶᠡᠬᠡ᠂ ᠳᠤᠮᠳᠠᠳᠤ᠎ᠶ᠋ᠢᠨ ᠦᠨᠳᠦᠰᠦᠲᠡᠨ ᠯᠤᠲᠤ ᠶᠡᠬᠡ ᠦᠨᠳᠦᠰᠦᠲᠡᠨ᠎ᠦ ᠦᠷᠡᠭ᠌ᠳᠡᠯ᠎ᠢᠶᠡᠷ ᠳᠡᠯᠡᠬᠡᠢ᠎ᠶ᠋ᠢᠨ ᠹᠠᠱ᠌ᠢᠰ᠎ᠢ ᠡᠰᠡᠷᠭᠦᠴᠡᠬᠦ᠌ ᠲᠠᠢ᠌ᠨ᠎ᠦ ᠳᠣᠷᠣᠨᠠᠳᠠᠬᠢᠨ᠎ᠤ ᠭᠣᠣᠯ ᠲᠠᠢ᠌ᠨ᠎ᠦ ᠲᠠᠯᠠᠪᠤᠷ᠎ᠢ ᠬᠦᠴᠦᠲᠡᠢ ᠲᠤᠯᠭᠠᠭᠤᠷᠢᠯᠠᠪᠠ᠃
ᠹᠠᠱ᠌ᠢᠰ᠎ᠤᠨ ᠬᠦᠳᠡᠩ ᠮᠠᠨᠠᠨ ᠠᠩᠬ᠎ᠠ ᠢᠯᠡᠷᠡᠬᠦ᠌ ᠦᠶ᠎ᠡ᠎ᠳᠦ᠂ ᠳᠤᠮᠳᠠᠳᠤ ᠤᠯᠤᠰ ᠬᠠᠮᠤᠭ᠎ᠤᠨ ᠲᠦᠷᠦᠭᠦᠨ᠎ᠳᠦ ᠡᠰᠡᠷᠭᠦᠴᠡᠯ᠎ᠦᠨ ᠭᠠᠯ᠎ᠢ ᠨᠣᠴᠣᠭᠠᠪᠠ;
ᠹᠠᠱ᠌ᠢᠰ᠎ᠤᠨ ᠬᠦᠴᠦᠨ ᠦᠷᠭᠦᠯᠵᠢᠯᠡᠨ ᠰᠠᠬᠰᠠᠭᠤᠷᠠᠬᠤ ᠦᠶ᠎ᠠ ᠳ᠋ᠤ᠂ ᠳᠤᠮᠳᠠᠳᠤ ᠤᠯᠤᠰ ᠬᠠᠮᠤᠭ᠎ᠤᠨ ᠪᠠᠲᠤ ᠪᠡᠬᠢ ᠳᠣᠷᠣᠨᠠᠳᠠᠬᠢᠨ᠎ᠤ ᠪᠡᠬᠢᠯᠡᠯᠲᠡ᠎ᠶ᠋ᠢ ᠪᠠᠢᠭᠤᠯᠪᠠ;
ᠢᠯᠠᠯᠲᠠ᠎ᠶ᠋ᠢᠨ ᠥᠷ᠎ᠦᠨ ᠲᠤᠶᠠᠭ᠎ᠠ ᠢᠯᠡᠷᠡᠬᠦ ᠳ᠋ᠤ᠂ ᠳᠤᠮᠳᠠᠳᠤ ᠤᠯᠤᠰ ᠳᠠᠢ᠌ᠨ᠎ᠦ ᠳᠠᠷᠠᠭᠠᠬᠢ ᠤᠯᠠᠨ ᠤᠯᠤᠰ᠎ᠤᠨ ᠱᠢᠨ᠎ᠡ ᠡᠮᠬᠢ ᠳᠢᠭ᠌ᠯᠢᠮ᠎ᠢ ᠪᠠᠢᠭᠤᠯᠬᠤ᠎ᠳᠤ ᠣᠷᠣᠯᠴᠠᠵᠤ᠂ ᠳᠠᠢ᠌ᠨ᠎ᠦ ᠢᠯᠠᠯᠲᠠ᠎ᠶ᠋ᠢᠨ ᠦᠷ᠎ᠡ ᠪᠦᠲᠦᠭᠡᠯ᠎ᠢ ᠪᠡᠬᠢᠵᠢᠭᠦᠯᠬᠦ᠌᠎ᠳᠦ ᠳᠣᠷᠣᠨᠠᠳᠠᠬᠢᠨ᠎ᠤ ᠤᠶᠤᠨ ᠤᠬᠠᠭᠠᠨ᠎ᠢ ᠨᠡᠮᠡᠷᠢᠯᠡᠪᠠ᠃
ᠳᠤᠮᠳᠠᠳᠤ᠎ᠶ᠋ᠢᠨ ᠬᠥᠪᠡᠭᠦᠳ ᠥᠬᠢᠳ᠎ᠦᠨ ᠳᠣᠷᠣᠨᠠᠳᠠᠬᠢᠨ᠎ᠤ ᠭᠣᠣᠯ ᠲᠠᠢ᠌ᠨ᠎ᠦ ᠲᠠᠯᠠᠪᠤᠷ᠎ᠲᠤ ᠪᠠᠢᠭᠤᠯᠤᠭ᠍ᠰᠠᠨ ᠲᠡᠦᠬᠡᠨ ᠭᠠᠪᠢᠶ᠎ᠠ ᠵᠢᠳᠬᠦᠯ᠎ᠢ ᠮᠠᠷᠲᠠᠵᠤ ᠪᠣᠯᠤᠰᠢ ᠦᠭᠡᠢ —
1939 ᠣᠨ᠎ᠤ 9 ᠰᠠᠷ᠎ᠠ᠎ᠳᠤ ᠧᠦ᠋ᠷᠣᠫᠠ ᠲᠢᠪ᠎ᠦᠨ ᠳᠠᠢᠨ ᠭᠡᠨᠡᠳᠳᠡ ᠡᠭᠦᠰᠦᠭ᠌ᠰᠡᠨ᠎ᠦ ᠳᠠᠷᠠᠭ᠎ᠠ᠂ ᠶᠠᠫᠣᠨ ᠴᠡᠷᠢᠭ᠎ᠦᠨ ᠭᠣᠣᠯ ᠬᠦᠴᠦᠨ ᠳᠤᠮᠳᠠᠳᠤ ᠤᠯᠤᠰ᠎ᠤᠨ ᠳᠠᠢᠨ᠎ᠦ ᠲᠠᠯᠠᠪᠤᠷ᠎ᠲᠤ ᠴᠢᠩᠭ᠎ᠠ ᠬᠢᠵᠠᠭᠠᠷᠯᠠᠭ᠍ᠳᠠᠭ᠍ᠰᠠᠨᠡᠴᠡ ᠪᠣᠯᠵᠤ᠂ ᠶᠠᠫᠣᠨ ᠠᠷᠭ᠎ᠠ ᠪᠤᠰᠤ ᠧᠦ᠋ᠷᠣᠫᠠ ᠲᠢᠪ᠎ᠦᠨ ᠳᠠᠢᠨ᠎ᠦ ᠲᠠᠯᠠᠪᠤᠷ᠎ᠲᠤ ᠣᠷᠣᠯᠴᠠᠬᠤ ᠦᠭᠡᠶ ᠭᠡᠵᠦ᠍ ᠲᠣᠳᠣᠷᠬᠠᠶ ᠲᠤᠩᠬᠠᠭ᠍ᠯᠠᠵᠠᠶ;
ᠳᠤᠮᠳᠠᠳᠤ ᠤᠯᠤᠰ᠎ᠤᠨ ᠪᠦᠬᠦ᠌ ᠦᠨᠳᠦᠰᠦᠲᠡᠨ᠎ᠦ ᠶᠠᠫᠣᠨ᠎ᠢ ᠡᠰᠡᠷᠭᠦᠴᠡᠬᠦ᠌ ᠳᠠᠢ᠌ᠨ ᠨᠢ ᠭᠧᠷᠮᠠᠨ᠂ ᠢᠲ᠋ᠠᠯᠢ᠂ ᠶᠠᠫᠣᠨ᠎ᠤ ᠹᠠᠱ᠌ᠢᠰ᠎ᠤᠨ ᠱᠢᠭᠤᠳ ᠬᠠᠮᠵᠢᠯᠴᠠᠭ᠎ᠠ᠎ᠶ᠋ᠢ ᠲᠠᠰᠤᠯᠤᠭ᠍ᠰᠠᠨᠪᠦᠭᠡᠳ ᠪᠤᠰᠤᠳ ᠳᠠᠢ᠌ᠨ᠎ᠦ ᠲᠠᠯᠠᠪᠤᠷ᠎ᠲᠠᠬᠢ ᠹᠠᠱ᠌ᠢᠰ᠎ᠢ ᠡᠰᠡᠷᠭᠦᠴᠡᠬᠦ᠌ ᠳᠠᠢ᠌ᠨ᠎ᠳᠦ ᠬᠦᠴᠦᠲᠡᠢ ᠬᠠᠮᠵᠢᠯᠴᠠᠭ᠍ᠰᠠᠨ᠎ᠢᠶᠠᠷ ᠪᠠᠷᠠᠬᠤ ᠦᠭᠡᠢ ᠪᠠᠰᠠ ᠵᠡᠭᠦᠨ ᠡᠮᠦᠨᠡᠲᠦ ᠠᠽᠢᠶᠠᠳ᠋ᠦ ᠲᠠᠭᠠᠷᠢᠯᠳᠠ ᠬᠢᠬᠦ ᠶᠠᠫᠣᠨ᠎ᠤ 《ᠡᠮᠦᠨᠡᠰᠢ ᠣᠷᠣᠬᠤ》 ᠠᠯᠬᠤᠴᠠ᠎ᠶ᠋ᠢ ᠬᠣᠷᠢᠭ᠍ᠯᠠᠵᠤ ᠬᠣᠢᠱᠢᠯᠠᠭᠤᠯᠪᠠ;
ᠳᠤᠮᠳᠠᠳᠤ ᠤᠯᠤᠰ ᠶᠡᠬᠡ ᠬᠡᠮᠵᠢᠶᠡᠨ᠎ᠦ ᠨᠤᠲᠤᠭ ᠳᠡᠪᠢᠰᠭᠡᠷ ᠡᠵᠡᠯᠡᠭ᠌ᠳᠡᠨ᠂ ᠲᠤᠢᠯ᠎ᠤᠨ ᠬᠦᠴᠢᠷ ᠪᠡᠷᠬᠡᠱᠢᠶᠡᠯ᠎ᠲᠡᠶ ᠪᠠᠢᠯᠳᠤᠬᠤ ᠪᠤᠳᠤᠯᠭ᠎ᠠ᠎ᠶ᠋ᠢᠨ ᠬᠠᠷᠢᠯᠴᠠᠨ ᠪᠠᠷᠢᠮᠳᠠᠯᠠᠬᠤ ᠱᠠᠲᠤᠨ᠎ᠳᠤ ᠪᠠᠢᠬᠤ ᠦᠶ᠎ᠡ᠎ᠳᠦ᠂ ᠮᠥᠨ ᠯᠡ ᠳᠡᠯᠡᠬᠡᠢ᠎ᠶ᠋ᠢᠨ ᠹᠠᠱ᠌ᠢᠰ᠎ᠢ ᠡᠰᠡᠷᠭᠦᠴᠡᠬᠦ᠌ ᠬᠣᠯᠪᠣᠭᠠᠨ᠎ᠤ ᠪᠠᠢᠯᠳᠤᠬᠤ ᠪᠤᠳᠤᠯᠭ᠎ᠠ᠎ᠶ᠋ᠢᠨ ᠬᠡᠷᠡᠭ᠌ᠴᠡᠭᠡ᠎ᠶ᠋ᠢ ᠦᠨᠳᠦᠰᠦᠯᠡᠨ᠂ ᠡᠷᠡᠰ ᠱᠢᠭᠤᠷᠬᠠᠢ᠎ᠪᠠᠷ ᠱᠢᠯᠢᠳᠡᠭ ᠴᠡᠷᠢᠭ ᠠᠩᠭᠢ ᠲᠣᠮᠢᠯᠠᠨ ᠠᠯᠤᠰ ᠠᠶᠠᠯᠠᠬᠤ ᠴᠡᠷᠢᠭ ᠪᠠᠢᠭᠤᠯᠵᠤ᠂ ᠪᠢᠷᠮᠠ᠎ᠳᠤ ᠪᠠᠴᠢᠮ ᠣᠴᠢᠭᠤᠯᠤᠨ ᠶᠠᠫᠣᠨ᠎ᠲᠠᠶ ᠪᠠᠢᠯᠳᠤᠪᠠ;
᠁
ᠲᠤᠬᠠᠶ᠎ᠶ᠋ᠢᠨ ᠦᠶ᠎ᠡ᠎ᠳᠦ ᠠᠮᠧᠷᠢᠺᠠ᠎ᠶ᠋ᠢᠨ ᠶᠡᠷᠦᠩᠬᠡᠢᠯᠡᠭ᠌ᠴᠢ ᠪᠠᠢᠭ᠍ᠰᠠᠨ ᠷᠦᠽᠸᠸᠯᠲ᠄ 《ᠬᠡᠷᠪᠡ ᠳᠤᠮᠳᠠᠳᠤ ᠤᠯᠤᠰ ᠪᠠᠢᠭ᠍ᠰᠠᠨ ᠦᠭᠡᠶ ᠪᠣᠯ᠂ ᠬᠡᠷᠪᠡ ᠳᠤᠮᠳᠠᠳᠤ ᠤᠯᠤᠰ ᠢᠯᠠᠭ᠍ᠳᠠᠭᠰᠠᠨ ᠪᠤᠯ᠂ ᠬᠡᠳᠦᠶ ᠳ᠋ᠢᠸᠢᠽᠢ ᠬᠣᠷᠢᠶ᠎ᠠ ᠶᠠᠫᠣᠨ ᠴᠡᠷᠢᠭ ᠡᠭᠦᠨ᠎ᠡᠴᠡ ᠪᠣᠯᠵᠤ ᠪᠤᠰᠤᠳ ᠲᠠᠯ᠎ᠠ᠎ᠳᠤ ᠱᠢᠯᠵᠢᠨ ᠢᠷᠡᠵᠦ᠍ ᠳᠠᠢᠨ ᠬᠢᠬᠦ᠌᠎ᠶ᠋ᠢ ᠪᠤᠳᠤᠵᠤ ᠦᠵᠡᠭᠡᠷᠡᠢ? ᠲᠡᠳᠡ ᠳᠠᠷᠤᠢ ᠲᠦᠷᠭᠡᠨ ᠠᠦ᠋ᠰᠲ᠋ᠷᠠᠯᠢᠶ᠎ᠠ᠎ᠶ᠋ᠢ ᠡᠵᠡᠯᠡᠨ ᠠᠪᠴᠤ᠌᠂ ᠡᠨᠡᠳᠭᠡᠭᠢ ᠡᠵᠡᠯᠡᠨ ᠠᠪᠴᠤ᠌᠂ ᠥᠴᠦᠬᠡᠨ ᠴᠦ᠍ ᠬᠦᠴᠦ᠍ ᠭᠠᠷᠭᠠᠯ ᠦᠭᠡᠢ᠎ᠪᠡᠷ ᠡᠳᠡᠭᠡᠷ ᠣᠷᠣᠨ᠎ᠢ ᠡᠵᠡᠯᠡᠨ ᠠᠪᠴᠤ᠌ ᠪᠣᠯᠬᠤ ᠪᠥᠭᠡᠳ ᠳᠤᠮᠳᠠᠳᠤ ᠳᠣᠷᠣᠨᠠᠲᠤ ᠵᠦᠭ ᠲᠠᠭᠠᠷᠢᠵᠤ ᠴᠤ᠌ ᠪᠣᠯᠤᠨ᠎ᠠ ᠁》 ᠭᠡᠵᠦ ᠶᠠᠷᠢᠵᠤ ᠦᠩᠭᠡᠷᠡᠵᠡᠢ᠃
ᠶᠠᠭ ᠮᠠᠤ ᠽᠸ ᠳ᠋ᠦᠩ ᠨᠥᠬᠥᠷ᠎ᠦᠨ ᠵᠢᠭᠠᠵᠤ ᠭᠠᠷᠭᠠᠭ᠍ᠰᠠᠨᠴᠢᠯᠠᠨ᠄ 《ᠠᠭᠤᠤ ᠶᠡᠭᠡ ᠳᠤᠮᠳᠠᠳᠤ ᠤᠯᠤᠰ᠎ᠤᠨ ᠶᠠᠫᠤᠨ ᠢ᠋ ᠡᠰᠡᠷᠭᠦᠴᠡᠬᠦ᠌ ᠳᠠᠢ᠌ᠨ ᠪᠣᠯ ᠳᠤᠮᠳᠠᠳᠤ ᠤᠯᠤᠰ᠎ᠤᠨ ᠶᠠᠪᠤᠳᠠᠯ᠂ ᠳᠣᠷᠣᠨᠠᠳᠠᠬᠢᠨ᠎ᠤ ᠶᠠᠪᠤᠳᠠᠯ ᠪᠣᠯᠬᠤ᠎ᠪᠦᠭᠡᠳ ᠪᠠᠰᠠ ᠴᠤ᠌ ᠳᠡᠯᠡᠬᠡᠢ᠎ᠶ᠋ᠢᠨ ᠶᠠᠪᠤᠳᠠᠯ ᠮᠥᠨ ᠁ ᠮᠠᠨ᠎ᠤ ᠳᠠᠢᠰᠤᠨ ᠪᠣᠯ ᠳᠡᠯᠡᠬᠡᠢ᠎ᠶ᠋ᠢᠨ ᠴᠢᠨᠠᠷᠲᠠᠢ ᠳᠠᠢᠰᠤᠨ ᠮᠥᠨ᠂ ᠳᠤᠮᠳᠠᠳᠤ ᠤᠯᠤᠰ᠎ᠤᠨ ᠶᠠᠫᠤᠨ ᠢ᠋ ᠡᠰᠡᠷᠭᠦᠴᠡᠬᠦ᠌ ᠳᠠᠢ᠌ᠨ ᠪᠣᠯ ᠳᠡᠯᠡᠬᠡᠢ᠎ᠶ᠋ᠢᠨ ᠴᠢᠨᠠᠷᠲᠠᠢ ᠶᠠᠫᠤᠨ ᠢ᠋ ᠡᠰᠡᠷᠭᠦᠴᠡᠬᠦ᠌ ᠳᠠᠢ᠌ᠨ ᠮᠥᠨ》᠃
ᠠᠭᠤᠯᠠ ᠤᠰᠤ᠎ᠶᠢ ᠲᠠᠪᠠᠵᠤ ᠮᠥᠷᠥ᠍ ᠵᠡᠷᠭᠡᠴᠡᠨ ᠪᠠᠢᠯᠳᠤᠭ᠍ᠰᠠᠨ ᠱᠢᠳᠤᠷᠭᠤ ᠶᠣᠰᠣᠨ᠎ᠤ ᠪᠠᠭᠠᠲᠤᠷᠯᠢᠭ ᠦᠢᠯᠡ ᠠᠵᠢᠯᠯᠠᠭ᠎ᠠ᠎ᠶᠢ ᠮᠠᠷᠳᠠᠵᠤ ᠪᠤᠯᠤᠰᠢ ᠦᠭᠡᠢ —
《ᠫᠠᠷᠲ᠋ᠢᠽᠠᠨ ᠠᠩᠬᠢ᠎ᠶ᠋ᠢᠨ ᠳᠠᠭᠤᠤ》᠂ 《ᠮᠢᠨᠦ᠍ ᠬᠠᠢᠷᠠᠲᠠᠢ ᠨᠤᠲᠤᠭ᠎ᠤᠨ ᠫᠢᠫᠠ᠎ᠪᠠᠨ ᠬᠥᠭ᠌ᠵᠢᠮᠳᠡᠶᠡ》᠂ 《ᠺᠠᠲ᠋ᠢᠶᠤᠱᠠ》᠂ 《ᠨᠠᠢᠵᠠ ᠮᠢᠨᠢ ᠪᠠᠶᠠᠷᠲᠠᠢ》 ᠁ ᠳᠠᠢᠯᠠᠯᠭ᠎ᠠ᠎ᠶ᠋ᠢᠨ ᠤᠷᠠᠨ ᠰᠠᠢᠬᠠᠨ᠎ᠤ ᠲᠣᠭ᠍ᠯᠠᠯᠲᠠ ᠳ᠋ᠦ ᠡᠳᠡᠭᠡᠷ ᠹᠠᠱ᠌ᠢᠰ᠎ᠢ ᠡᠰᠡᠷᠭᠦᠴᠡᠭ᠌ᠰᠡᠨ ᠳᠤᠮᠳᠠᠳᠤ ᠭᠠᠳᠠᠭᠠᠳᠤ᠎ᠶ᠋ᠢᠨ ᠰᠣᠩᠭᠣᠳᠠᠭ ᠳᠠᠭᠤᠤ᠎ᠶ᠋ᠢ ᠬᠠᠩᠭᠢᠨᠠᠲᠠᠯ᠎ᠠ ᠳᠠᠭᠤᠯᠠᠬᠤ ᠳ᠋ᠦ ᠳᠤᠮᠳᠠᠳᠤ ᠭᠠᠳᠠᠭᠠᠳᠤ᠎ᠶ᠋ᠢᠨ ᠬᠦᠨᠳᠦᠲᠦ ᠵᠣᠴᠢᠳ ᠠᠯᠠᠭ᠎ᠠ ᠲᠠᠰᠢᠵᠠᠭᠠᠨ᠂ ᠲᠤᠬᠢᠶᠠᠨ ᠭᠠᠯ᠎ᠤᠨ ᠳᠤᠮᠳᠠ ᠪᠠᠷᠢᠯᠳᠤᠭ᠍ᠰᠠᠨ ᠠᠭᠤᠤ ᠶᠡᠬᠡ ᠨᠥᠬᠥᠷᠯᠡᠯ᠎ᠳᠡᠭᠡᠨ ᠬᠠᠮᠲᠤ᠎ᠪᠠᠷ ᠬᠦᠨᠳᠦᠳᠭᠡᠯ ᠳᠡᠪᠱᠢᠭᠦᠯᠤᠨ᠎ᠠ᠃
ᠠᠮᠧᠷᠢᠺᠠ᠎ᠶ᠋ᠢᠨ 《ᠭᠠᠪᠰᠢᠭᠠᠢ ᠠᠩᠭᠢ》 ᠶ᠋ᠢᠨ ᠵᠢᠯᠣᠭᠣᠳᠤᠭ᠍ᠴᠢ ᠴᠧᠨ ᠨᠠ ᠳ᠋ᠧ ᠵᠠᠩᠵᠤᠨ᠎ᠤ ᠵᠢᠭᠡ ᠣᠮᠪᠣᠯᠣ ᠥᠬᠢᠨ ᠵᠢᠶᠠ ᠯᠠᠨ ᠬᠤᠢ᠄《ᠥᠩᠭᠡᠷᠡᠭᠰᠡᠨ᠎ᠳᠦ ᠪᠢᠳᠡ ᠳᠠᠢᠨ᠎ᠤ ᠲᠥᠯᠥᠭᠡ ᠭᠠᠷ ᠬᠣᠯᠪᠣᠯᠴᠠᠨ᠂ ᠥᠨᠥᠳᠦᠷ ᠡᠩᠬᠡ ᠲᠠᠢᠪᠤᠩ ᠤ᠋ᠨ ᠲᠦᠯᠦᠭᠡ ᠰᠡᠳᠭᠢᠯ ᠨᠢᠭᠡᠲᠡᠢ ᠪᠠᠶ᠋ᠢᠪᠠᠯ ᠵᠣᠬᠢᠨ᠎ᠠ》 ᠭᠡᠵᠤ ᠰᠡᠳᠬᠢᠯ ᠲᠤᠬᠳᠤᠯᠤᠨ ᠬᠡᠯᠡᠨ᠎ᠠ᠃
80 ᠭᠠᠷᠤᠢ ᠵᠢᠯ᠎ᠦᠨ ᠡᠮᠦᠨ᠎ᠡ᠂ ᠨᠢᠭᠡ ᠪᠦᠯᠦᠭ ᠠᠮᠧᠷᠢᠺᠠ᠎ᠶ᠋ᠢᠨ ᠵᠠᠯᠠᠭᠤ ᠨᠢᠰᠭᠡᠭ᠌ᠴᠢ ᠴᠧᠨ ᠨᠠ ᠳ᠋ᠸ ᠵᠠᠩᠵᠤᠨ᠎ᠤ ᠲᠠᠭᠠᠭᠤᠯᠭ᠎ᠠ᠎ᠪᠠᠷ ᠳᠤᠮᠳᠠᠳᠤ ᠤᠯᠤᠰ᠎ᠤᠨ ᠲᠠᠢ᠌ᠨ᠎ᠦ ᠲᠠᠯᠠᠪᠤᠷ᠎ᠲᠤ ᠢᠷᠡᠵᠦ᠂ ᠳᠤᠮᠳᠠᠳᠤ ᠤᠯᠤᠰ᠎ᠤᠨ ᠠᠷᠠᠳ ᠲᠦᠮᠡᠨᠯᠤᠭᠡ ᠬᠠᠮᠲᠤ᠎ᠪᠠᠷ ᠶᠠᠫᠣᠨ᠎ᠤ ᠹᠠᠱ᠌ᠢᠰ᠎ᠤᠨ ᠲᠦᠷᠢᠮᠡᠬᠡᠢᠯᠡᠯ᠎ᠢ ᠡᠰᠡᠷᠭᠦᠴᠡᠵᠦ᠍᠂ 2000 ᠭᠠᠷᠤᠢ ᠭᠠᠪᠰᠢᠭᠠᠢ ᠠᠨᠭᠭᠢ ᠵᠢᠨ ᠭᠡᠰᠢᠬᠦᠨ ᠳᠣᠷᠣᠨᠠᠳᠠᠬᠢᠨ᠎ᠤ ᠨᠤᠲᠤᠭ ᠳᠡᠪᠢᠰᠭᠡᠷ ᠳᠡᠭᠡᠷ᠎ᠡ ᠪᠡᠶ᠎ᠡ ᠦᠷᠡᠭ᠌ᠳᠡᠪᠡ᠃
ᠭᠠᠭ᠍ᠴᠠ ᠬᠦ᠌ 《ᠭᠠᠪᠱᠢᠭᠠᠶ ᠠᠩᠭᠢ》 ᠯᠡ ᠪᠠᠢᠬᠤ ᠪᠢᠰᠢ᠃ ᠺᠠᠨᠠᠳᠠ᠎ᠶ᠋ᠢᠨ ᠡᠮᠴᠢ ᠪᠸᠲ᠋ᠢᠶᠦ᠋ᠨ᠂ ᠡᠨᠡᠳᠭᠡᠭ᠎ᠦᠨ ᠡᠮᠴᠢ ᠺᠸᠳ᠋ᠢᠬᠤᠸᠠ ᠠᠯᠤᠰ ᠬᠤᠯᠠ᠎ᠡᠴᠡ ᠳᠤᠮᠳᠠᠳᠤ ᠤᠯᠤᠰ᠎ᠲᠤ ᠢᠷᠡᠵᠤ ᠦᠬᠦᠯ᠎ᠡᠴᠡ ᠠᠪᠤᠷᠠᠨ ᠱᠢᠷᠬᠠᠲᠤᠭ᠍ᠰᠠᠳ᠎ᠢ ᠲᠡᠩᠬᠡᠷᠡᠭᠦᠯᠵᠦ᠍᠂ ᠭᠸᠷᠮᠠᠨ᠎ᠤ ᠯᠠᠪᠸᠢ᠂ ᠳ᠋ᠸᠨᠮᠠᠷᠺᠤᠨ ᠱᠢᠨᠳ᠋ᠸᠪᠸᠢ᠌ᠭ᠌ᠸ ᠨᠠᠨᠵᠢᠩ᠎ᠤᠨ ᠶᠡᠬᠡ ᠬᠢᠳᠤᠯᠭ᠎ᠠ᠎ᠳᠤ ᠠᠷᠭ᠎ᠠ ᠪᠦᠬᠦᠨ᠎ᠢ ᠰᠦᠪᠡᠭ᠌ᠴᠢᠯᠡᠨ ᠳᠤᠮᠳᠠᠳᠤ ᠤᠯᠤᠰ᠎ᠤᠨ ᠭᠠᠴᠢᠭ᠍ᠳᠠᠯᠳᠤ ᠠᠷᠠᠳ᠂ ᠠᠨᠭ᠌ᠭ᠌ᠯᠢ᠎ᠶ᠋ᠢᠨ ᠯᠢᠨᠮᠠᠢ᠌ᠺᠸ᠂ ᠢᠨᠲᠧᠷᠨᠠᠼᠢᠣᠨᠠᠯᠤᠨ ᠪᠠᠢᠯᠳᠤᠭ᠍ᠴᠢ ᠬᠠᠨᠰ·ᠰᠢᠪᠸ ᠵᠡᠷᠭᠡ ᠰᠤᠷᠪᠤᠯᠵᠢᠯᠠᠭ᠍ᠴᠢ ᠳᠤᠮᠳᠠᠳᠤ ᠤᠯᠤᠰ᠎ᠤᠨ ᠶᠠᠫᠣᠨ᠎ᠢ ᠡᠰᠡᠷᠭᠦᠴᠡᠬᠦ᠌ ᠳᠠᠢ᠌ᠨ᠎ᠦ ᠠᠤᠭ᠎ᠠ ᠠᠵᠢᠯᠯᠠᠭ᠎ᠠ᠎ᠶ᠋ᠢ ᠢᠳᠡᠪᠬᠢᠲᠡᠢ᠎ᠪᠡᠷ ᠮᠡᠳᠡᠭᠡᠯᠡᠵᠦ᠍ ᠤᠬᠠᠭᠤᠯᠪᠠ ᠁
ᠶᠠᠭ ᠶᠡᠷᠦᠩᠬᠡᠢ ᠱᠦᠵᠢ ᠰᠢ ᠵᠢᠨ ᠫᠢᠩ᠎ᠦᠨ ᠴᠢᠬᠤᠯᠠᠴᠢᠯᠠᠭ᠍ᠰᠠᠨᠴᠢᠯᠠᠨ᠄《ᠡᠨᠡ ᠬᠦ᠌ ᠠᠭᠤᠤ ᠶᠡᠬᠡ ᠢᠯᠠᠯᠲᠠ᠎ᠶ᠋ᠢ ᠪᠣᠯ ᠳᠤᠮᠳᠠᠳᠤ ᠤᠯᠤᠰ᠎ᠤᠨ ᠠᠷᠠᠳ ᠲᠦᠮᠡᠨ ᠹᠠᠱ᠌ᠢᠰ᠎ᠢ ᠡᠰᠡᠷᠭᠦᠴᠡᠬᠦ᠌ ᠬᠣᠯᠪᠣᠭᠠᠲᠠᠨ ᠤᠯᠤᠰ ᠵᠢᠴᠢ ᠡᠯ᠎ᠡ ᠤᠯᠤᠰ᠎ᠤᠨ ᠠᠷᠠᠳ ᠲᠦᠮᠡᠨᠯᠤᠭᠡ ᠮᠥᠷᠥ᠍ ᠵᠡᠷᠭᠡᠴᠡᠨ ᠪᠠᠢᠯᠳᠤᠵᠤ ᠪᠠᠢᠭᠠᠳ ᠣᠯᠤᠭ᠍ᠰᠠᠨ ᠶᠤᠮ》᠃
80 ᠵᠢᠯ᠎ᠦᠨ ᠡᠮᠦᠨ᠎ᠡ᠂ ᠡᠯ᠎ᠡ ᠤᠯᠤᠰ᠎ᠤᠨ ᠠᠷᠠᠳ ᠲᠦᠮᠡᠨ᠎ᠦ ᠪᠦᠯᠬᠦᠮᠳᠡᠯ ᠪᠠ ᠴᠢᠷᠮᠠᠢᠯᠭ᠎ᠠ᠎ᠪᠠᠷ᠂ ᠪᠢᠳᠡ ᠳᠡᠯᠡᠬᠡᠢ᠎ᠶ᠋ᠢᠨ ᠹᠠᠱ᠌ᠢᠰ᠎ᠢ ᠡᠰᠡᠷᠭᠦᠴᠡᠬᠦ᠌ ᠲᠠᠢ᠌ᠨ᠎ᠦ ᠪᠦᠷᠢᠨ ᠢᠯᠠᠯᠲᠠ᠎ᠶ᠋ᠢ ᠤᠯᠪᠠ; ᠡᠳᠦᠭᠡ᠂ ᠡᠯ᠎ᠡ ᠤᠯᠤᠰ᠎ᠤᠨ ᠠᠷᠠᠳ ᠲᠦᠮᠡᠨ ᠨᠡᠩ ᠴᠤ᠌ ᠭᠠᠷ ᠬᠣᠯᠪᠣᠯᠴᠠᠨ ᠤᠷᠤᠭ᠍ᠰᠢᠯᠠᠵᠤ᠂ ᠳᠡᠯᠡᠬᠡᠢ᠎ᠶ᠋ᠢᠨ ᠲᠥᠪ ᠭᠣᠣᠯᠴᠢ ᠱᠢᠳᠤᠷᠭᠤ ᠶᠣᠰᠣ᠎ᠶ᠋ᠢ ᠬᠠᠮᠲᠤ᠎ᠪᠠᠷ ᠰᠠᠬᠢᠨ ᠬᠠᠮᠠᠭᠠᠯᠠᠬᠤ ᠰᠦᠷ ᠳᠠᠯᠠᠢᠴᠠᠲᠠᠢ ᠶᠡᠬᠡ ᠤᠷᠤᠰᠭᠠᠯ ᠪᠤᠯᠵᠤ ᠲᠥᠪᠯᠡᠷᠡᠪᠡᠯ ᠵᠣᠬᠢᠨ᠎ᠠ᠃
《ᠡᠯ᠎ᠡ ᠤᠯᠤᠰ᠎ᠤᠨ ᠬᠢᠨ ᠴᠥᠮ ᠲᠡᠦᠬᠡ᠎ᠪᠡᠷ ᠲᠤᠯᠢ ᠪᠣᠯᠭᠠᠵᠤ᠂ ᠡᠶ᠎ᠡ ᠨᠠᠢᠷ᠎ᠢ ᠡᠷᠬᠢᠮᠯᠡᠨ᠂ ᠳᠡᠯᠡᠬᠡᠢ᠎ᠶ᠋ᠢᠨ ᠣᠳᠣᠬᠢᠴᠢᠯᠠᠯᠲᠠ᠎ᠶ᠋ᠢ ᠬᠠᠮᠲᠤ᠎ᠪᠠᠷ ᠠᠬᠢᠭᠤᠯᠵᠤ᠂ ᠬᠥᠮᠦᠨ ᠲᠥᠷᠥᠯᠬᠢᠲᠡᠨ᠎ᠦ ᠨᠡᠩ ᠰᠠᠢ᠌ᠨ ᠰᠠᠢᠬᠠᠨ ᠢᠷᠡᠭᠡᠳᠦᠢ᠎ᠶ᠋ᠢ ᠴᠣᠭ᠍ᠴᠠᠯᠠᠬᠤ᠎ᠶ᠋ᠢ ᠪᠢᠳᠡ ᠴᠢᠩ ᠰᠡᠳᠭᠢᠯ᠎ᠡᠴᠡ᠎ᠪᠡᠨ ᠬᠦᠰᠡᠵᠦ᠍ ᠪᠠᠢᠨ᠎ᠠ!》 ᠶᠡᠷᠦᠩᠬᠡᠢ ᠱᠦᠵᠢ ᠰᠢ ᠵᠢᠨ ᠫᠢᠩ᠎ᠦᠨ ᠴᠢᠩ ᠦᠨᠡᠨᠴᠢ ᠦᠭᠡ ᠶᠠᠷᠢᠶ᠎ᠠ ᠪᠣᠯ 14 ᠳ᠋ᠦᠩᠱᠢᠭᠤᠷ ᠭᠠᠷᠤᠢ ᠳᠤᠮᠳᠠᠳᠤ ᠤᠯᠤᠰ᠎ᠤᠨ ᠠᠷᠠᠳ ᠲᠦᠮᠡᠨ᠎ᠦ ᠬᠠᠮᠲᠤ᠎ᠶ᠋ᠢᠨ ᠦᠷᠳᠡᠭ᠎ᠦᠨ ᠬᠥᠭᠡᠭᠡᠴᠡᠯᠳᠦᠯ ᠪᠠᠢᠵᠤ᠂ ᠳᠤᠮᠳᠠᠳᠤ ᠤᠯᠤᠰ᠎ᠤᠨ ᠠᠷᠠᠳ ᠲᠦᠮᠡᠨ᠎ᠦ ᠡᠩᠬᠡ ᠲᠠᠢᠪᠤᠩ᠎ᠢ ᠬᠥᠭᠡᠭᠡᠴᠡᠯᠳᠦᠬᠦ᠌᠂ ᠳᠡᠯᠡᠬᠡᠢ᠎ᠶ᠋ᠢᠨ ᠡᠯ᠎ᠡ ᠤᠯᠤᠰ ᠭᠠᠷ ᠬᠣᠯᠪᠣᠯᠴᠠᠨ ᠬᠠᠮᠲᠤ᠎ᠪᠠᠷ ᠤᠷᠤᠭ᠍ᠰᠢᠯᠠᠬᠤ᠎ᠶ᠋ᠢ ᠬᠦᠰᠡᠵᠦ᠍ ᠪᠠᠢᠭ᠎ᠠ ᠪᠠᠲᠤ ᠴᠢᠩᠭ᠎ᠠ ᠬᠦᠰᠡᠯ ᠡᠷᠡᠮᠡᠯᠵᠡᠯ᠎ᠢ ᠲᠣᠳᠣᠷᠬᠠᠢ ᠳᠠᠮᠵᠢᠭᠤᠯᠵᠠᠢ᠃
ᠡᠩᠬᠡ ᠲᠠᠢᠪᠤᠩ᠎ᠤᠨ ᠵᠠᠮ ᠬᠤᠪᠢ ᠵᠠᠶᠠᠭ᠎ᠠ ᠪᠡᠨ ᠬᠠᠮᠳᠤᠳᠬᠠᠬᠤ ᠳᠤᠮᠳᠠ ᠳᠡᠯᠭᠡᠭᠳᠡᠨ᠎ᠡ
9 ᠰᠠᠷ᠎ᠠ᠎ᠶ᠋ᠢᠨ 3 ᠤ᠋ ᠡᠳᠦᠷ ᠲᠢᠶᠠᠨ ᠠᠨ ᠮᠸᠨ ᠲᠠᠯᠠᠪᠠᠶ᠎ᠳᠤ ᠦᠪᠡᠳᠡᠭ᠌ᠰᠢ ᠶᠡᠬᠡ ᠴᠡᠷᠢᠭ᠎ᠦᠨ ᠵᠢᠭ᠍ᠰᠠᠭᠠᠯ ᠱᠢᠯᠭᠠᠨ ᠦᠵᠡᠬᠦ᠌ ᠶᠣᠰᠣᠯᠠᠯ ᠤ᠋ᠨ ᠰᠢᠯᠭᠠᠯᠳᠠ ᠬᠦᠯᠢᠶᠠᠬᠦ ᠡᠨᠭᠨᠡᠭᠡᠨ ᠤ᠋ ᠲᠤᠮᠳᠠ᠂ ᠨᠢᠭᠡᠨ ᠵᠤᠷᠪᠤᠰ ᠬᠦᠭᠡ ᠦᠨᠭᠭᠡ ᠤᠨᠴᠠ ᠵᠢᠨ ᠢᠯᠡᠭᠡᠨ ᠬᠠᠷᠠᠬᠳᠠᠨ᠎ᠠ᠃
ᠡᠩᠬᠡ ᠲᠠᠢᠪᠤᠩ᠎ᠢ ᠬᠠᠮᠠᠭᠠᠯᠠᠬᠤ ᠴᠡᠷᠢᠭ ᠠᠩᠭᠢ᠎ᠶ᠋ᠢᠨ ᠳᠠᠷᠤᠭ᠎ᠠ ᠪᠠᠢᠯᠳᠤᠭ᠍ᠴᠢᠳ ᠲᠣᠯᠣᠭᠠᠶ᠎ᠳᠠᠭᠠᠨ ᠬᠥᠬᠡ ᠥᠩᠭᠡᠲᠡᠶ ᠵᠤᠤᠪᠠᠩ ᠮᠠᠯᠠᠭᠠᠶ ᠵᠡᠭᠦᠵᠦ᠍᠂ ᠬᠦᠵᠦᠭᠦᠨ᠎ᠳᠡᠭᠡᠨ ᠬᠥᠬᠡ ᠥᠩᠭᠡᠲᠡᠶ ᠲᠣᠷᠭᠠᠨ ᠠᠯᠴᠢᠭᠤᠷ ᠤᠷᠢᠶᠠᠵᠤ᠂ ᠰᠢᠭᠤᠷᠬᠠᠢ ᠬᠠᠷᠠᠴᠠ᠂ ᠢᠳᠡᠷᠡᠬᠦᠨ ᠠᠯᠬᠤᠭ᠎ᠠ ᠪᠡᠷ ᠲᠢᠶᠠᠨ ᠠᠨ ᠮᠧᠨ ᠲᠠᠯᠠᠪᠠᠢ᠎ᠪᠡᠷ ᠥᠩᠭᠡᠷᠡᠪᠡ᠃
ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶ᠋ᠢᠨ ᠡᠩᠬᠡ ᠲᠠᠢᠪᠤᠩ᠎ᠢ ᠬᠠᠮᠠᠭᠠᠯᠠᠬᠤ ᠠᠶᠠᠨ ᠳ᠋ᠤ 35 ᠵᠢᠯ ᠭᠠᠪᠰᠢᠭᠠᠢᠯᠠᠬᠰᠡᠨ《ᠳᠤᠮᠳᠠᠳᠤ ᠤᠯᠤᠰ᠎ᠤᠨ ᠬᠦᠭᠡ ᠳᠤᠭᠤᠯᠠᠭ᠎ᠠ》 ᠬᠠᠯᠠᠭᠤᠨ ᠴᠢᠰᠤ᠎ᠪᠠᠷ᠎ᠢᠶᠠᠨ ᠡᠩᠬᠡ ᠲᠠᠢᠪᠤᠩ᠎ᠤᠨ ᠪᠠᠮᠪᠠᠢ᠎ᠶ᠋ᠢ ᠴᠣᠭ᠍ᠴᠠᠯᠠᠵᠤ᠂ ᠦᠢᠯᠡ ᠠᠵᠢᠯᠯᠠᠭ᠎ᠠ᠎ᠪᠠᠷ᠎ᠢᠶᠠᠨ ᠲᠤᠮᠤ ᠤᠯᠤᠰ᠎ᠤᠨ ᠬᠠᠷᠢᠭᠤᠴᠠᠯᠭ᠎ᠠ ᠡᠭᠦᠷᠭᠡᠯᠡᠯᠢ᠋ ᠪᠢᠴᠢᠭᠯᠡᠪᠡ — ᠲᠠᠳᠠ ᠡᠵᠡᠭᠦᠢ ᠴᠦᠯ᠎ᠤᠨ ᠲᠦᠭᠡᠷᠢᠯ ᠦᠨᠭᠭᠡᠳᠤ ᠬᠤᠪᠴᠠᠰᠤ ᠡᠮᠤᠰᠴᠤ᠂ ᠳᠡᠯᠡᠬᠡᠢ᠎ᠶ᠋ᠢᠨ ᠡᠩᠬᠡ ᠲᠠᠢᠪᠤᠩ᠎ᠢ ᠬᠠᠮᠠᠭᠠᠯᠠᠬᠤ ᠪᠤᠯᠤᠳ ᠲᠡᠮᠦᠷ᠎ᠦᠨ ᠬᠠᠯᠬᠠᠪᠴᠢ᠎ᠶ᠋ᠢ ᠴᠣᠭ᠍ᠴᠠᠯᠠᠪᠠ; ᠬᠥᠬᠡ ᠥᠩᠭᠡᠲᠡᠶ ᠵᠤᠤᠪᠠᠩ ᠮᠠᠯᠠᠭᠠᠶ ᠵᠡᠭᠦᠵᠦ᠍᠂ ᠦᠢᠮᠡᠭᠡᠨ ᠲᠡᠪᠵᠢᠶᠠᠨ ᠲᠠᠢ ᠲᠣᠭ᠍ᠲᠠᠭᠤᠨ ᠪᠤᠰᠤ ᠭᠠᠵᠠᠷᠤᠷᠤᠨ ᠳ᠋ᠤ ᠡᠩᠬᠡ ᠲᠠᠢᠪᠤᠩ ᠤ᠋ᠨ ᠥᠷ᠎ᠦᠨ ᠲᠤᠶᠠᠭ᠎ᠠ ᠵᠢ ᠠᠪᠴᠢᠷᠠᠵᠠᠶ᠃
ᠣᠳᠣᠬᠠᠨ᠎ᠤ ᠳᠡᠯᠡᠬᠡᠢ ᠶᠢᠷᠲᠢᠨᠴᠦ᠍ ᠲᠡᠢᠮᠦ᠍ ᠲᠠᠢᠪᠤᠩ ᠪᠢᠰᠢ᠃
《ᠳᠤᠮᠳᠠᠳᠤ ᠤᠯᠤᠰ ᠡᠩᠬᠡ ᠲᠠᠢᠪᠤᠩ ᠬᠥᠭ᠌ᠵᠢᠯᠲᠡ᠎ᠶ᠋ᠢᠨ ᠵᠠᠮ᠎ᠢᠶᠠᠷ ᠡᠷᠡᠰ ᠭᠤᠢᠪᠢᠰᠢ ᠦᠭᠡᠢ ᠵᠠᠮᠨᠠᠬᠤ ᠪᠥᠭᠡᠳ ᠳᠡᠯᠡᠬᠡᠢ᠎ᠶ᠋ᠢᠨ ᠡᠯ᠎ᠡ ᠤᠯᠤᠰ ᠲᠠᠢ ᠬᠠᠮᠳᠤ ᠪᠡᠷ ᠡᠩᠬᠡ ᠲᠠᠢᠪᠤᠩ ᠬᠥᠭ᠌ᠵᠢᠯᠲᠡ᠎ᠶ᠋ᠢᠨ ᠵᠠᠮ᠎ᠢᠶᠠᠷ ᠵᠠᠮᠨᠠᠵᠤ᠂ ᠡᠩᠬᠡ ᠲᠠᠢᠪᠤᠩ᠎ᠤᠨ ᠨᠡᠷᠡᠨ᠎ᠦ ᠭᠡᠷᠡᠯ᠎ᠢᠶᠡᠷ ᠬᠥᠮᠦᠨ ᠲᠥᠷᠥᠯᠬᠢᠲᠡᠨ᠎ᠦ ᠠᠮᠢᠳᠤᠷᠠᠵᠤ ᠪᠠᠢᠭ᠎ᠠ ᠤᠳᠤᠨ ᠪᠥᠮᠪᠥᠷᠴᠡᠭ᠎ᠢ ᠡᠭᠦᠷᠢᠳᠡ ᠭᠡᠢᠭᠦᠯᠬᠦ᠌᠎ᠶ᠋ᠢ ᠬᠦᠰᠡᠵᠦ᠍ ᠪᠠᠢᠨ᠎ᠠ》᠃ ᠬᠡᠰᠡᠭ ᠲᠠᠯ᠎ᠠ᠎ᠶ᠋ᠢᠨ ᠮᠥᠷᠭᠥᠯᠳᠦᠭᠡᠨ᠎ᠦ ᠲᠠᠷᠢ᠎ᠶ᠋ᠢᠨ ᠤᠳᠤᠭ᠎ᠠ ᠬᠥᠮᠦᠨ ᠲᠥᠷᠥᠯᠬᠢᠲᠡᠨ᠎ᠦ ᠨᠡᠢᠭᠡᠮ᠎ᠦᠨ ᠤᠷᠤᠭ᠍ᠰᠢᠯᠠᠯᠲᠠ᠎ᠶ᠋ᠢᠨ ᠠᠯᠬᠤᠭ᠎ᠠ᠎ᠶ᠋ᠢ ᠰᠠᠮᠠᠭᠤᠷᠠᠭᠤᠯᠤᠭ᠍ᠰᠠᠨ ᠦᠶ᠎ᠡ᠎ᠳᠦ᠂ ᠶᠡᠷᠦᠩᠬᠡᠢ ᠱᠦᠵᠢ ᠰᠢ ᠵᠢᠨ ᠫᠢᠩ ᠪᠠᠯᠠᠷ ᠬᠠᠷᠠᠨᠭᠭᠤᠢ ᠵᠢ ᠰᠢᠪᠳᠤᠯᠵᠤ ᠭᠡᠭᠡᠨ ᠰᠠᠷᠠᠭᠤᠯᠢ ᠦᠵᠡᠬᠦ ᠭᠦᠨᠵᠡᠭᠡᠢ ᠲᠠᠨᠢᠯᠲᠠ ᠪᠡᠷ ᠳᠡᠯᠡᠬᠡᠢ ᠳ᠋ᠠᠬᠢᠨ᠎ᠳᠤ ᠤᠷᠤᠭ᠍ᠰᠢᠯᠠᠯᠲᠠ᠎ᠶ᠋ᠢᠨ ᠴᠢᠭ᠌ᠯᠡᠯ᠎ᠢ ᠲᠣᠳᠣᠷᠬᠠᠢᠯᠠᠵᠤ᠂ ᠵᠥᠪ ᠵᠠᠮ᠎ᠢ ᠵᠢᠭᠠᠵᠤ ᠥᠭ᠌ᠪᠡ᠃
《80 ᠭᠠᠷᠤᠢ ᠵᠢᠯ᠎ᠦᠨ ᠡᠮᠦᠨ᠎ᠡ᠂ ᠳᠤᠮᠳᠠᠳᠤ ᠤᠯᠤᠰ᠎ᠤᠨ ᠴᠡᠷᠢᠭ ᠠᠩᠭᠢ ᠳᠡᠯᠡᠬᠡᠢ᠎ᠶ᠋ᠢᠨ ᠹᠠᠱ᠌ᠢᠰ᠎ᠢ ᠡᠰᠡᠷᠭᠦᠴᠡᠬᠦ᠌ ᠳᠠᠢ᠌ᠨ᠎ᠦ ᠢᠯᠠᠯᠲᠠ᠎ᠶ᠋ᠢ ᠤᠯᠬᠤ᠎ᠳᠤ ᠯᠤᠲᠤ ᠶᠡᠬᠡ ᠬᠤᠪᠢ ᠨᠡᠮᠡᠷᠢ ᠦᠵᠡᠭᠦᠯᠵᠡᠢ; ᠡᠨᠡ ᠡᠳᠦᠷ᠂ ᠳᠤᠮᠳᠠᠳᠤ ᠤᠯᠤᠰ᠎ᠤᠨ ᠴᠡᠷᠢᠭ ᠠᠩᠭᠢ ᠮᠥᠨ ᠯᠡ ᠳᠡᠯᠡᠬᠡᠢ᠎ᠶ᠋ᠢᠨ ᠡᠩᠬᠡ ᠲᠠᠢᠪᠤᠩ᠎ᠢ ᠬᠠᠮᠠᠭᠠᠯᠠᠬᠤ ᠡᠷᠡᠰ ᠴᠢᠩᠭ᠎ᠠ ᠬᠦᠴᠦᠨ ᠪᠣᠯᠤᠭ᠍ᠰᠠᠭᠠᠷ ᠪᠠᠢᠨ᠎ᠠ》᠃ ᠡᠩᠬᠡ ᠲᠠᠢᠪᠤᠩ᠎ᠢ ᠬᠠᠮᠠᠭᠠᠯᠠᠬᠤ ᠴᠡᠷᠢᠭ ᠠᠩᠭᠢ᠎ᠶ᠋ᠢᠨ ᠵᠢᠭ᠍ᠰᠠᠭᠠᠯ᠎ᠤᠨ ᠭᠡᠱᠢᠭᠦᠳ ᠰᠢᠯᠭᠠᠯᠲᠠ ᠬᠦᠯᠢᠶᠡᠬᠦ ᠬᠦᠮᠦᠰ᠎ᠦᠨ ᠰᠡᠳᠭᠢᠯ᠎ᠦᠨ ᠳᠠᠭᠤᠨ᠎ᠢ ᠢᠯᠡᠳᠭᠡᠪᠡ᠃
《ᠱᠢᠳᠤᠷᠭᠤ ᠶᠣᠰᠣ ᠯᠠᠪᠲᠠᠢ ᠢᠯᠠᠨ᠎ᠠ》᠂《ᠡᠩᠬᠡ ᠲᠠᠢᠪᠤᠩ ᠯᠠᠪᠲᠠᠢ ᠢᠯᠠᠨ᠎ᠠ》᠂ 《ᠠᠷᠠᠳ ᠲᠦᠮᠡᠨ ᠯᠠᠪᠲᠠᠢ ᠢᠯᠠᠨ᠎ᠠ》 ᠭᠡᠬᠦ᠌ ᠪᠢᠴᠢᠭᠡᠰᠦ᠎ᠲᠠᠢ ᠡᠭ᠌ᠴᠡ ᠨᠢᠰᠭᠡᠯ ᠲᠢᠶᠠᠨ ᠠᠨ ᠮᠸᠨ ᠤ᠋ ᠣᠭ᠍ᠲᠠᠷᠭᠤᠢ ᠲᠡᠭᠡᠭᠦᠷ ᠨᠢᠰᠴᠦ᠂ ᠨᠢᠰᠭᠡᠯ᠎ᠦᠨ ᠬᠦᠩᠭᠢᠨᠡᠬᠦ᠌ ᠳᠠᠭᠤᠨ ᠪᠠ ᠬᠥᠮᠦᠰ᠎ᠦᠨ ᠤᠷᠠᠢᠯᠠᠬᠤ ᠳᠠᠭᠤᠨ᠎ᠤ ᠳᠤᠮᠳᠠ ᠶᠣᠰᠣᠯᠠᠯ᠎ᠤᠨ ᠲᠠᠢᠰᠠᠨ ᠳ᠋ᠦ ᠰᠠᠭᠠᠳᠠᠭᠰᠠᠨ ᠭᠠᠪᠤᠨᠤ ᠵᠠᠭᠤᠴᠢᠯᠠᠭᠤᠷ᠎ᠤᠨ ᠬᠥᠮᠦᠨ ᠮᠠᠯᠢᠶ᠎ᠠ· ᠮᠦᠪᠢᠨᠠ ᠨᠡᠩ ᠭᠦᠨ ᠲᠦᠷᠦᠭᠳᠡᠯ ᠲᠠᠢ ᠪᠡᠷ᠄《ᠳᠤᠮᠳᠠᠳᠤ ᠤᠯᠤᠰ ᠪᠣᠯ ᠡᠩᠬᠡ ᠲᠠᠢᠪᠤᠩ᠎ᠢ ᠰᠠᠨᠠᠭᠠᠴᠢᠯᠠᠳᠠᠭ ᠤᠯᠤᠰ ᠮᠥᠨ᠂ ᠤᠳᠤ ᠶᠠᠭ ᠡᠯ᠎ᠡ ᠤᠯᠤᠰ᠎ᠲᠠᠶ ᠭᠠᠷ ᠬᠣᠯᠪᠣᠯᠴᠠᠨ ᠨᠡᠩ ᠡᠩᠬᠡ ᠲᠠᠢᠪᠤᠩ᠂ ᠬᠠᠮᠲᠤ᠎ᠪᠠᠷ ᠬᠥᠭ᠌ᠵᠢᠬᠦ᠌ ᠳᠡᠯᠡᠬᠡᠢ ᠶᠢᠷᠲᠢᠨᠴᠦ᠍᠎ᠶ᠋ᠢ ᠪᠠᠢᠭᠤᠯᠬᠤ᠎ᠪᠠᠷ ᠴᠢᠷᠮᠠᠢᠵᠤ ᠪᠠᠢᠨ᠎ᠠ》 ᠭᠡᠪᠡ᠃
ᠨᠢᠭᠡᠨ ᠭᠠᠳᠠᠭᠠᠳᠤ ᠤᠯᠤᠰ᠎ᠤᠨ ᠤᠯᠤᠰ ᠲᠦᠷᠦ ᠵᠢᠨ ᠴᠢᠬᠤᠯᠠ ᠬᠦᠮᠦᠨ ᠳᠤᠷᠠᠰᠭᠠᠬᠤ ᠠᠵᠢᠯᠯᠠᠭ᠎ᠠ᠎ᠳᠤ ᠣᠷᠣᠯᠴᠠᠭ᠍ᠰᠠᠨ᠎ᠤ ᠲᠠᠷᠠᠭ᠎ᠠ᠂ ᠨᠡᠢᠭᠡᠮ᠎ᠦᠨ ᠬᠠᠷᠢᠯᠴᠠᠭᠠᠨ᠎ᠤ ᠵᠠᠭᠤᠴᠢᠯᠠᠭᠤᠷ᠎ᠤᠨ ᠲᠠᠪᠴᠠᠩ᠎ᠳᠤ ᠵᠣᠬᠢᠶᠠᠯ ᠨᠡᠢᠲᠡᠯᠡᠵᠦ᠍᠂ ᠡᠨᠡ ᠬᠦ᠌ ᠦᠪᠡᠳᠡᠭ᠌ᠰᠢ ᠶᠣᠰᠣᠯᠠᠯ ᠨᠢ ᠬᠥᠮᠦᠰ᠎ᠲᠦ ᠡᠩᠬᠡ ᠲᠠᠢᠪᠤᠩ ᠪᠣᠯᠤᠨ ᠬᠥᠭ᠌ᠵᠢᠯ ᠴᠡᠴᠡᠭ᠌ᠯᠡᠯ᠎ᠢ ᠵᠦᠢ ᠶᠤᠰᠤᠨ᠎ᠤ ᠶᠠᠪᠤᠳᠠᠯ ᠭᠡᠵᠦ ᠬᠡᠵᠢᠶᠡᠳᠡ ᠦᠵᠡᠵᠦ ᠪᠣᠯᠬᠤ ᠦᠭᠡᠢ᠂ ᠡᠷᠬᠡᠪᠰᠢ ᠲᠡᠦᠬᠡ᠎ᠶ᠋ᠢᠨ ᠰᠤᠷᠭᠠᠮᠵᠢ᠎ᠶ᠋ᠢ ᠪᠠᠲᠤ ᠴᠡᠭᠡᠵᠢᠯᠡᠵᠦ᠍᠂ ᠢᠷᠡᠭᠡᠳᠦᠢ᠎ᠶ᠋ᠢᠨ ᠬᠥᠭ᠌ᠵᠢᠯᠲᠡ᠎ᠳᠦ ᠠᠩᠬᠠᠷᠤᠯ᠎ᠢᠶᠠᠨ ᠬᠠᠨᠳᠤᠭᠤᠯᠬᠤ ᠬᠡᠷᠡᠭ᠌ᠲᠡᠢ ᠭᠡᠳᠡᠭ᠎ᠢ ᠰᠡᠷᠡᠮᠵᠢᠯᠡᠭᠦᠯᠪᠡ᠃
《ᠪᠢᠳᠡ ᠡᠩᠬᠡ ᠲᠠᠢᠪᠤᠩ ᠬᠥᠭ᠌ᠵᠢᠯᠲᠡ᠎ᠶ᠋ᠢᠨ ᠵᠠᠮ᠎ᠢᠶᠠᠷ ᠵᠠᠮᠨᠠᠬᠤ᠎ᠶ᠋ᠢ ᠪᠠᠷᠢᠮᠲᠠᠯᠠᠵᠤ ᠪᠠᠢᠭ᠎ᠠ ᠨᠢ ᠬᠡᠳᠦᠨ ᠮᠢᠩᠭᠠᠨ ᠵᠢᠯ᠎ᠦᠨ ᠲᠤᠷᠱᠢᠬᠢ ᠳᠤᠮᠳᠠᠳᠤ᠎ᠶ᠋ᠢᠨ ᠦᠨᠳᠦᠰᠦᠲᠡᠨ᠎ᠦ ᠡᠩᠬᠡ ᠲᠠᠢᠪᠤᠩ᠎ᠢ ᠡᠷᠬᠢᠮᠯᠡᠳᠡᠭ ᠰᠣᠶᠣᠯ᠎ᠤᠨ ᠤᠯᠠᠮᠵᠢᠯᠠᠯ᠎ᠢ ᠵᠠᠯᠭᠠᠮᠵᠢᠯᠠᠨ ᠪᠠᠳᠠᠷᠠᠭᠤᠯᠵᠤ ᠪᠠᠢᠭ᠎ᠠ ᠶᠠᠪᠤᠳᠠᠯ ᠮᠥᠨ》᠃ ᠶᠡᠷᠦᠩᠬᠡᠢ ᠱᠦᠵᠢ ᠰᠢ ᠵᠢᠨ ᠫᠢᠩ ᠳᠤᠮᠳᠠᠳᠤ ᠤᠯᠤᠰ᠎ᠤᠨ ᠡᠩᠬᠡ ᠲᠠᠢᠪᠤᠩ ᠬᠥᠭ᠌ᠵᠢᠯᠲᠡ᠎ᠶ᠋ᠢᠨ ᠵᠠᠮ᠎ᠢᠶᠠᠷ ᠵᠠᠮᠨᠠᠬᠤ ᠪᠣᠯᠪᠠᠰᠤᠨ᠎ᠤ ᠠᠭᠤᠯᠤᠭ᠍ᠳᠠᠬᠤᠨ᠎ᠢ ᠭᠦᠨᠵᠡᠭᠡᠢ ᠵᠢᠭᠠᠵᠤ ᠭᠠᠷᠭᠠᠪᠠ᠃
ᠡᠨᠡ ᠬᠦ᠌ ᠨᠠᠷᠢᠨ ᠠᠭᠤᠯᠭ᠎ᠠ ᠨᠢ ᠳᠤᠮᠳᠠᠳᠤ᠎ᠶ᠋ᠢᠨ ᠦᠨᠳᠦᠰᠦᠲᠡᠨ᠎ᠦ 5000 ᠭᠠᠷᠤᠢ ᠵᠢᠯ᠎ᠦᠨ ᠲᠤᠷᠱᠢᠬᠢ ᠡᠩᠬᠡ ᠲᠠᠢᠪᠤᠩ᠂ ᠡᠪ ᠨᠠᠢᠷᠠᠮᠳᠠᠭᠤ᠂ ᠡᠶ᠎ᠡ ᠵᠣᠬᠢᠴᠠᠯ᠎ᠤᠨ ᠲᠤᠬᠠᠢ ᠬᠥᠭᠡᠭᠡᠴᠡᠯᠳᠦᠯ ᠪᠠ ᠤᠯᠠᠮᠵᠢᠯᠠᠯᠳᠤ ᠦᠨᠳᠦᠰᠦᠯᠡᠭ᠌ᠰᠡᠨ ᠶᠤᠮ᠃ ᠡᠩᠬᠡ ᠲᠠᠢᠪᠤᠩ ᠬᠥᠭ᠌ᠵᠢᠯᠲᠡ᠎ᠶ᠋ᠢᠨ ᠵᠠᠮ᠎ᠳᠤ ᠳᠤᠮᠳᠠᠳᠤ᠎ᠶ᠋ᠢᠨ ᠪᠣᠯᠪᠠᠰᠤᠨ᠎ᠤ 《ᠡᠶ᠎ᠡ ᠨᠠᠢᠷᠠᠮᠳᠠᠭᠤ᠎ᠶ᠋ᠢ ᠡᠷᠬᠢᠮᠯᠡᠬᠦ᠌》 ᠳᠣᠲᠣᠭᠠᠳᠤ ᠭᠸᠨ ᠠᠭᠤᠯᠤᠭ᠍ᠳᠠᠵᠤ᠂ ᠳᠤᠮᠳᠠᠳᠤ᠎ᠶ᠋ᠢᠨ ᠪᠣᠯᠪᠠᠰᠤᠨ᠎ᠤ 《ᠡᠶ᠎ᠠ ᠡᠪᠳᠡᠢ ᠬᠠᠮᠲᠤ ᠣᠷᠣᠱᠢᠬᠤ》 ᠦᠷᠳᠡᠭ᠎ᠦᠨ ᠬᠥᠭᠡᠭᠡᠴᠡᠯᠳᠦᠯ᠎ᠢ ᠢᠯᠡᠷᠡᠭᠦᠯᠵᠡᠢ᠃
ᠡᠩᠬᠡ ᠲᠠᠢᠪᠤᠩ᠂ ᠬᠥᠭ᠌ᠵᠢᠯᠲᠡ᠂ ᠬᠠᠮᠲᠤᠷᠠᠯᠴᠠᠭ᠎ᠠ᠂ ᠬᠠᠮᠲᠤ᠎ᠪᠠᠷ ᠠᠱᠢᠭ ᠬᠦᠷᠲᠡᠬᠦ᠌ ᠲᠡᠦᠬᠡ᠎ᠶ᠋ᠢᠨ ᠤᠷᠤᠰᠭᠠᠯ ᠬᠤᠷᠢᠬ᠍ᠯᠠᠭ᠍ᠳᠠᠰᠢ ᠦᠭᠡᠢ ᠶᠤᠮ᠃
《ᠬᠥᠮᠦᠨ ᠲᠥᠷᠥᠯᠬᠢᠲᠡᠨ ᠨᠢᠭᠡ ᠪᠥᠮᠪᠥᠷᠴᠡᠭ ᠳᠡᠭᠡᠷ᠎ᠡ ᠠᠮᠢᠳᠤᠷᠠᠵᠤ ᠪᠠᠢᠭ᠎ᠠ ᠪᠣᠯᠬᠣᠷ ᠬᠠᠲᠠᠭᠤ ᠪᠡᠷᠬᠡᠱᠢᠶᠡᠯ᠎ᠢ ᠬᠠᠮᠲᠤ᠎ᠪᠠᠷ ᠳᠤᠭᠤᠯᠵᠤ᠂ ᠡᠶ᠎ᠡ ᠨᠠᠢᠷᠲᠠᠶᠶᠠᠪᠤᠯᠴᠠᠬᠤ ᠬᠡᠷᠡᠭ᠌ᠲᠡᠶ》᠂ 《ᠡᠯ᠎ᠡ ᠤᠯᠤᠰ 190 ᠭᠠᠷᠤᠶ ᠵᠢᠵᠢᠭ ᠣᠩᠭᠣᠴᠠᠨ ᠳᠡᠭᠡᠷ᠎ᠡ ᠰᠠᠭᠤᠵᠤ ᠪᠠᠢᠭ᠎ᠠ ᠪᠢᠰᠢ᠂ ᠬᠠᠷᠢᠨ ᠬᠤᠪᠢ ᠵᠠᠶᠠᠭ᠎ᠠ᠎ᠪᠠᠨ ᠬᠠᠮᠲᠤᠳᠭᠠᠭ᠍ᠰᠠᠨ ᠲᠣᠮᠣ ᠣᠩᠭᠣᠴᠠᠨ ᠳᠡᠭᠡᠷ᠎ᠡ ᠰᠠᠭᠤᠵᠤ ᠪᠠᠢᠨ᠎ᠠ》᠂ 《ᠳᠤᠮᠳᠠᠳᠤ ᠤᠯᠤᠰ᠎ᠤᠨ ᠡᠷᠲᠡᠨ᠎ᠦ ᠬᠥᠮᠦᠰ〈ᠬᠠᠲᠠᠭᠤ ᠪᠡᠷᠬᠡᠱᠢᠶᠡᠯ᠎ᠢ ᠬᠠᠮᠲᠤ᠎ᠪᠠᠷ ᠳᠤᠭᠤᠯᠤᠨ᠎ᠠ〉 ᠭᠡᠵᠦ᠍ ᠬᠡᠯᠡᠳᠡᠭ᠂ ᠣᠲᠣ ᠳᠡᠯᠡᠬᠡᠶ ᠨᠡᠢᠲᠡ᠎ᠪᠡᠷ᠎ᠢᠶᠡᠨ 〈ᠪᠦᠬᠦ ᠪᠥᠮᠪᠥᠷᠴᠡᠭ ᠵᠢᠡᠷ ᠵᠢᠡᠨ ᠬᠠᠮᠲᠤ᠎ᠪᠠᠷ ᠳᠤᠭᠤᠯᠬᠤ ᠬᠡᠷᠡᠭ᠌ᠲᠡᠶ〉 ᠪᠤᠯᠵᠠᠢ》 ᠁
ᠶᠡᠷᠦᠩᠬᠡᠢ ᠱᠦᠵᠢ ᠰᠢ ᠵᠢᠨ ᠫᠢᠩ ᠶᠡᠬᠡ ᠨᠠᠮ ᠶᠡᠬᠡ ᠤᠯᠤᠰ᠎ᠤᠨ ᠤᠳᠤᠷᠢᠳᠤᠭ᠍ᠴᠢ ᠪᠣᠯᠤᠨ ᠳᠡᠯᠡᠬᠡᠢ᠎ᠶ᠋ᠢᠨ ᠲᠡᠰ᠎ᠤᠨ ᠤᠳᠤᠷᠢᠳᠤᠭ᠍ᠴᠢ᠎ᠶ᠋ᠢᠨ ᠭᠦᠨᠵᠡᠭᠡᠢ ᠪᠣᠳᠣᠯᠬᠢᠯᠠᠯ᠂ ᠪᠦᠬᠦ᠌ ᠪᠥᠮᠪᠥᠷᠴᠡᠭ᠎ᠦᠨ ᠬᠠᠷᠠᠭᠠᠰᠤ᠂ ᠠᠭᠤᠳᠠᠮᠴᠢ ᠪᠤᠳᠤᠯ ᠪᠣᠯᠤᠨ ᠳᠡᠯᠡᠬᠡᠢ ᠳ᠋ᠠᠬᠢᠨ᠎ᠢ ᠪᠠᠭᠳᠠᠭᠠᠬᠤ ᠬᠠᠢᠷ᠎ᠠ ᠰᠡᠳᠭᠢᠯᠭᠡ᠎ᠪᠡᠷ᠂ ᠳᠡᠯᠡᠬᠡᠢ ᠨᠡᠢᠭᠡᠮ᠎ᠢᠶᠡᠷ᠎ᠢᠶᠡᠨ ᠭᠠᠷ ᠬᠣᠯᠪᠣᠯᠴᠠᠨ ᠬᠠᠮᠲᠤ᠎ᠶ᠋ᠢᠨ ᠥᠷᠢᠰᠥᠯᠳᠦᠭᠡᠨ᠎ᠢ ᠠᠷᠭᠠᠴᠠᠭᠠᠵᠤ᠂ ᠬᠥᠮᠦᠨ ᠲᠥᠷᠥᠯᠬᠢᠲᠡᠨ᠎ᠦ ᠡᠩᠬᠡ ᠲᠠᠢᠪᠤᠩ ᠪᠣᠯᠤᠨ ᠬᠥᠭ᠌ᠵᠢᠯᠲᠡ᠎ᠶ᠋ᠢᠨ ᠡᠷᠬᠢᠮ ᠳᠡᠭᠡᠳᠦ ᠦᠢᠯᠡᠰ᠎ᠢ ᠠᠬᠢᠭᠤᠯᠪᠠᠯ ᠵᠣᠬᠢᠨ᠎ᠠ ᠭᠡᠵᠦ᠍ ᠲᠣᠳᠣᠷᠬᠠᠢ ᠵᠢᠭᠠᠵᠤ ᠭᠠᠷᠭᠠᠪᠠ᠃
ᠳᠤᠷᠠᠰᠭᠠᠬᠤ ᠶᠡᠬᠡ ᠬᠤᠷᠠᠯ᠎ᠤᠨ ᠡᠮᠦᠨ᠎ᠠ ᠬᠤᠶᠠᠷ ᠡᠳᠦᠷ ᠲᠦ᠍᠂ ᠳᠡᠯᠡᠬᠡᠢ ᠳ᠋ᠠᠬᠢᠨ᠎ᠤ ᠠᠩᠬᠠᠷᠤᠯ᠎ᠢ ᠠᠳᠠᠯᠢᠬᠠᠨ ᠲᠠᠲᠠᠭ᠍ᠰᠠᠨ ᠳᠤᠮᠳᠠᠳᠤ ᠤᠯᠤᠰ᠎ᠤᠨ ᠡᠵᠡᠨ ᠲᠠᠯᠠᠪᠤᠷ᠎ᠤᠨ ᠭᠠᠳᠠᠭᠠᠳᠤ ᠬᠠᠷᠢᠯᠴᠠᠭ᠎ᠠ ᠪᠦᠸᠧᠬᠠᠢ ᠲᠠᠩᠭᠢᠰ᠎ᠤᠨ ᠬᠥᠪᠡᠭᠡᠨ᠎ᠳᠦ ᠶᠠᠪᠤᠭ᠍ᠳᠠᠪᠠ᠃ 9 ᠰᠠᠷ᠎ᠠ᠎ᠶ᠋ᠢᠨ 1᠎ᠤ᠋ ᠡᠳᠦᠷ᠂ ᠲᠢᠶᠠᠨᠵᠢᠨ᠎ᠤ ᠮᠧᠶ ᠵᠢᠶᠠᠩ ᠬᠤᠷᠠᠯ ᠦᠵᠡᠰᠭᠦᠯᠡᠩ᠎ᠦᠨ ᠲᠥᠪ᠎ᠦᠨ ᠬᠤᠷᠠᠯ᠎ᠤᠨ ᠲᠠᠯᠠᠪᠠᠶ᠎ᠶ᠋ᠢᠨ ᠲᠥᠪ᠎ᠲᠦ᠂ ᠡᠯ᠎ᠡ ᠲᠠᠯ᠎ᠠ᠎ᠶ᠋ᠢᠨ ᠲᠥᠯᠥᠭᠡᠯᠡᠭ᠌ᠴᠢᠳ᠎ᠦᠨ ᠰᠠᠭᠤᠭᠰᠠᠨ ᠱᠢᠷᠡᠭᠡ ᠰᠠᠨᠳᠠᠯᠢ ᠨᠢ ᠨᠢᠭᠡᠨ ᠯᠤᠲᠤ ᠶᠡᠬᠡ ᠲᠣᠭᠣᠷᠢᠭ ᠪᠣᠯᠵᠣ᠂ ᠡᠯ᠎ᠡ ᠲᠠᠯ᠎ᠠ ᠵᠢᠨ ᠬᠢᠨ ᠡᠶ᠎ᠡ ᠨᠠᠢᠷᠠᠮᠳᠠᠭᠤ ᠬᠠᠮᠳᠤᠷᠠᠯᠴᠠᠵᠤ ᠬᠠᠮᠳᠤ ᠪᠡᠷ ᠠᠰᠢᠭ ᠬᠦᠷᠳᠡᠬᠦ ᠰᠠᠨᠠᠭ᠎ᠠ ᠵᠢ ᠠᠭᠤᠯᠵᠤ ᠪᠠᠢᠳᠠᠭ᠃
ᠶᠠᠭ ᠡᠨᠳᠡ᠂ ᠱᠠᠩᠬᠠᠢ᠎ᠶ᠋ᠢᠨ ᠬᠠᠮᠲᠤᠷᠠᠯᠴᠠᠭᠠᠨ᠎ᠤ ᠵᠣᠬᠢᠶᠠᠨ ᠪᠠᠢᠭᠤᠯᠤᠯᠲᠠ᠎ᠶ᠋ᠢᠨ ᠲᠢᠶᠠᠨᠵᠢᠨ᠎ᠳᠠᠬᠢ ᠲᠦᠷᠦᠭᠦᠴᠦᠳ᠎ᠦᠨ ᠬᠤᠷᠠᠯ᠎ᠳᠤ ᠣᠷᠣᠯᠴᠠᠭ᠍ᠰᠠᠨ ᠡᠯ᠎ᠡ ᠤᠯᠤᠰ᠎ᠤᠨ ᠤᠳᠤᠷᠢᠳᠭᠤ ᠬᠥᠮᠦᠰ ᠪᠣᠯᠤᠨ ᠤᠯᠠᠨ ᠤᠯᠤᠰ᠎ᠤᠨ ᠵᠣᠬᠢᠶᠠᠨ ᠪᠠᠢᠭᠤᠯᠤᠯᠲᠠ᠎ᠶ᠋ᠢᠨ ᠬᠠᠷᠢᠭᠤᠴᠠᠯᠭᠠᠲᠠᠨ᠎ᠤ ᠡᠮᠦᠨ᠎ᠡ᠂ ᠶᠡᠷᠦᠩᠬᠡᠢ ᠱᠦᠵᠢ ᠰᠢ ᠵᠢᠨ ᠫᠢᠩ ᠳᠡᠯᠡᠬᠡᠢ ᠳ᠋ᠠᠬᠢᠨ᠎ᠳᠤ ᠪᠦᠬᠦ᠌ ᠪᠥᠮᠪᠥᠷᠴᠡᠭ᠎ᠦᠨ ᠵᠠᠰᠠᠯᠲᠠ᠎ᠶ᠋ᠢᠨ ᠰᠠᠨᠠᠭᠠᠴᠢᠯᠠᠭ᠎ᠠ᠎ᠶ᠋ᠢ ᠲᠥᠪ ᠴᠢᠩᠭ᠎ᠠ᠎ᠪᠠᠷ ᠳᠤᠷᠠᠳᠪᠠ᠃
ᠪᠦᠬᠦ᠌ ᠪᠥᠮᠪᠥᠷᠴᠡᠭ᠎ᠦᠨ ᠵᠠᠰᠠᠯᠲᠠ᠎ᠶ᠋ᠢᠨ ᠰᠠᠨᠠᠭᠠᠴᠢᠯᠠᠭ᠎ᠠ᠂ ᠪᠦᠬᠦ᠌ ᠪᠥᠮᠪᠥᠷᠴᠡᠭ᠎ᠦᠨ ᠬᠥᠭ᠌ᠵᠢᠯᠲᠡ᠎ᠶ᠋ᠢᠨ ᠰᠠᠨᠠᠭᠠᠴᠢᠯᠠᠭ᠎ᠠ᠂ ᠪᠦᠬᠦ᠌ ᠪᠥᠮᠪᠥᠷᠴᠡᠭ᠎ᠦᠨ ᠠᠮᠤᠷ ᠲᠦᠪᠱᠢᠨ᠎ᠦ ᠰᠠᠨᠠᠭᠠᠴᠢᠯᠠᠭ᠎ᠠ᠂ ᠪᠦᠬᠦ᠌ ᠪᠥᠮᠪᠥᠷᠴᠡᠭ᠎ᠦᠨ ᠪᠣᠯᠪᠠᠰᠤᠨ᠎ᠤ ᠰᠠᠨᠠᠭᠠᠴᠢᠯᠠᠭ᠎ᠠ ᠪᠣᠯᠤᠨ《ᠨᠢᠭᠡ ᠪᠦᠰᠡ ᠨᠢᠭᠡ ᠵᠠᠮ》 ᠢ᠋ ᠬᠠᠮᠲᠤ᠎ᠪᠠᠷ ᠪᠦᠳᠦᠭᠡᠨ ᠪᠠᠢᠭᠤᠯᠬᠤ ᠵᠡᠷᠭᠡ ᠴᠢᠬᠤᠯᠠ ᠤᠢ᠍ᠢᠯᠠᠭᠠᠭ᠍ᠳᠠᠬᠤᠨ ᠰᠠᠨᠠᠭᠠᠴᠢᠯᠠᠭ᠎ᠠ᠎ᠲᠠᠶ ᠬᠠᠮᠲᠤ᠎ᠪᠠᠷ᠂ ᠬᠥᠮᠦᠨ ᠲᠥᠷᠥᠯᠬᠢᠲᠡᠨ᠎ᠦ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ᠎ᠶ᠋ᠢ ᠪᠠᠢᠭᠤᠯᠬᠤ ᠤᠨᠤᠯ᠎ᠤᠨ ᠠᠭᠤᠯᠤᠭ᠍ᠳᠠᠬᠤᠨ ᠪᠣᠯᠤᠨ ᠦᠢᠯᠡᠳᠦᠯᠭᠡ᠎ᠶ᠋ᠢᠨ ᠠᠷᠭ᠎ᠠ ᠵᠠᠮ᠎ᠢ ᠪᠠᠶᠠᠯᠢᠭ᠍ᠵᠢᠭᠤᠯᠤᠨ ᠬᠥᠭ᠌ᠵᠢᠭᠦᠯᠵᠦ᠍᠂ ᠲᠣᠭ᠍ᠲᠠᠭᠤᠨ ᠴᠢᠨᠠᠷ ᠪᠣᠯᠤᠨ ᠴᠢᠭᠯᠡᠯ᠎ᠢ ᠬᠦᠰᠡᠨ ᠡᠷᠡᠮᠡᠯᠵᠡᠵᠦ ᠪᠠᠢᠭ᠎ᠠ ᠤᠳᠤ᠎ᠶ᠋ᠢᠨ ᠳᠡᠯᠡᠬᠡᠢ ᠶᠢᠷᠲᠢᠨᠴᠦ᠍᠎ᠳᠦ ᠤᠳᠤᠷᠢᠳᠭᠤ ᠬᠦᠴᠦᠨ᠎ᠢ ᠠᠮᠢᠳᠤᠯᠢᠭ᠎ᠢᠶᠠᠷ ᠢᠯᠡᠷᠡᠭᠦᠯᠵᠦ᠍᠂ ᠲᠣᠭ᠍ᠲᠠᠭᠠᠯᠲᠤ ᠴᠢᠨᠠᠷ᠎ᠢ ᠬᠠᠩᠭᠠᠵᠤ᠂ ᠪᠦᠬᠦ᠌ ᠪᠥᠮᠪᠥᠷᠴᠡᠭ᠎ᠦᠨ ᠵᠠᠰᠠᠯᠲᠠ᠎ᠶ᠋ᠢᠨ ᠬᠤᠪᠢᠰᠤᠯᠲᠠ᠎ᠶ᠋ᠢ ᠬᠦᠳᠦᠯᠥᠨ ᠳᠠᠭᠠᠭᠤᠯᠬᠤ᠎ᠳᠤ ᠦᠵᠡᠯ ᠰᠠᠨᠠᠭᠠᠨ᠎ᠤ ᠲᠤᠭ᠎ᠢ ᠥᠨᠳᠥᠷ ᠮᠠᠨᠳᠤᠭᠤᠯᠪᠠ᠃
ᠳᠤᠮᠳᠠᠳᠤ ᠤᠯᠤᠰ᠎ᠤᠨ ᠬᠦᠴᠦᠨ ᠨᠢᠭᠡ ᠬᠤᠪᠢ ᠨᠡᠮᠡᠭ᠌ᠳᠡᠬᠦ᠌ ᠪᠦᠷᠢ᠂ ᠳᠡᠯᠡᠬᠡᠢ᠎ᠶ᠋ᠢᠨ ᠡᠩᠬᠡ ᠲᠠᠢᠪᠤᠩ ᠬᠥᠭ᠌ᠵᠢᠯᠲᠡ᠎ᠶ᠋ᠢᠨ ᠬᠦᠰᠡᠯ ᠡᠷᠡᠮᠡᠯᠵᠡᠯ ᠨᠢᠭᠡ ᠬᠤᠪᠢ ᠨᠡᠮᠡᠭ᠌ᠳᠡᠳᠡᠭ᠂ ᠡᠨᠡ ᠪᠣᠯ ᠳᠡᠯᠡᠬᠡᠢ ᠳᠡᠭᠡᠷᠡᠬᠢ ᠮᠠᠰᠢ ᠤᠯᠠᠨ ᠤᠯᠤᠰ᠎ᠤᠨ ᠬᠠᠮᠲᠤ᠎ᠶ᠋ᠢᠨ ᠲᠦᠷᠦᠭ᠌ᠳᠡᠯ ᠪᠣᠯᠤᠨ᠎ᠠ᠃
ᠡᠩᠬᠡ ᠲᠠᠢᠪᠤᠩ ᠬᠥᠭ᠌ᠵᠢᠯᠲᠡ ᠪᠣᠯ ᠲᠡᠦᠬᠡ᠎ᠡᠴᠡ ᠣᠯᠤᠭ᠍ᠰᠠᠨ ᠭᠦᠨ ᠵᠤᠵᠠᠭᠠᠨ ᠤᠶᠤᠨ ᠤᠬᠠᠭᠠᠨ ᠮᠥᠨ; ᠬᠤᠪᠢ ᠵᠠᠶᠠᠭ᠎ᠠ᠎ᠪᠠᠨ ᠬᠠᠮᠲᠤᠳᠭᠠᠬᠤ ᠪᠤᠯ ᠳᠡᠯᠡᠬᠡᠢ ᠳ᠋ᠠᠬᠢᠨ᠎ᠳᠤ ᠬᠠᠷᠠᠭᠤᠯᠤᠭᠰᠠᠨ ᠴᠠᠭ ᠦᠶ᠎ᠡ᠎ᠶ᠋ᠢᠨ ᠡᠭᠦᠷᠭᠡᠯᠡᠯ ᠮᠦᠨ᠃
ᠬᠠᠲᠠᠭᠤ ᠪᠡᠷᠬᠡᠱᠢᠶᠡᠯ᠎ᠢ ᠬᠠᠮᠲᠤ᠎ᠪᠠᠷ ᠲᠤᠭᠤᠯᠵᠤ᠂ ᠡᠶ᠎ᠡ ᠨᠠᠢᠷᠲᠠᠢ ᠶᠠᠪᠤᠯᠴᠠᠪᠠᠯ᠂ ᠬᠥᠮᠦᠨ ᠲᠥᠷᠥᠯᠬᠢᠲᠡᠨ᠎ᠦ ᠨᠡᠢᠭᠡᠮ ᠭᠠᠷ ᠬᠣᠯᠪᠣᠯᠴᠠᠨ ᠥᠨᠢ ᠤᠳᠠᠭᠠᠨ ᠡᠩᠬᠡ ᠲᠠᠢᠪᠤᠩ᠂ ᠬᠠᠮᠲᠤ᠎ᠪᠠᠷ ᠴᠡᠴᠡᠭ᠌ᠯᠡᠨ ᠬᠥᠭ᠌ᠵᠢᠭ᠌ᠰᠡᠨ ᠭᠡᠭᠡᠨ ᠰᠠᠷᠠᠭᠤᠯ ᠢᠷᠡᠭᠡᠳᠦᠢ ᠲᠡᠢᠰᠢ ᠤᠷᠤᠭ᠍ᠰᠢᠯᠠᠵᠤ ᠴᠢᠳᠠᠨ᠎ᠠ᠃
ᠰᠠᠢ᠌ᠨ ᠰᠠᠢᠬᠠᠨ ᠢᠷᠡᠭᠡᠳᠦᠢ ᠠᠷᠠᠳ ᠲᠦᠮᠡᠨ᠎ᠳᠦ ᠪᠤᠶᠠᠨ ᠦᠢᠯᠡᠳᠬᠦ᠌ ᠳᠤᠮᠳᠠ ᠴᠤᠭᠴᠠᠯᠠᠭᠳᠠᠨᠠ
ᠶᠠᠫᠣᠨ᠎ᠢ ᠡᠰᠡᠷᠭᠦᠴᠡᠬᠦ᠌ ᠲᠠᠢ᠌ᠨ᠎ᠦ ᠦᠶ᠎ᠡ᠎ᠳᠦ᠂ ᠭᠠᠳᠠᠭᠠᠳᠤ᠎ᠶ᠋ᠢᠨ ᠰᠤᠷᠪᠤᠯᠵᠢᠯᠠᠭ᠍ᠴᠢ ᠵᠠᠮᠸᠰ· ᠪᠸᠷᠲᠷᠠᠮ ᠶᠠᠨ ᠠᠨ᠎ᠳᠤ ᠢᠷᠡᠭᠡᠳ ᠦᠵᠡᠵᠦ᠍ ᠰᠣᠨᠣᠰᠤᠭ᠍ᠰᠠᠨ ᠵᠦᠢᠯ ᠨᠢ ᠲᠡᠭᠦᠨ᠎ᠳᠦ ᠭᠦᠨ ᠰᠠᠭᠤᠭ᠍ᠳᠠᠯ ᠦᠯᠡᠳᠡᠭᠡᠵᠡᠢ᠂ 《ᠨᠠᠢ᠍ᠮᠠᠳᠤᠭᠠᠷ ᠵᠠᠮ᠎ᠤᠨ ᠴᠡᠷᠢᠭ》 ᠭᠡᠬᠦ᠌ ᠦᠭᠡ ᠨᠢ ᠥᠷᠭᠡᠨ ᠠᠭᠤᠳᠠᠮ ᠬᠥᠳᠡᠭᠡ ᠲᠣᠰᠭᠣᠨ᠎ᠳᠤ 《ᠨᠢᠭᠡᠨᠲᠡ ᠨᠢᠭᠡᠨ ᠭᠠᠢᠬᠠᠮᠱᠢᠭ᠍ᠲᠤ ᠲᠡᠮᠳᠡᠭ ᠪᠣᠯᠵᠠᠢ》᠂ ᠠᠷᠠᠳ ᠤᠯᠠᠨ ᠨᠠᠢ᠍ᠮᠠᠳᠤᠭᠠᠷ ᠵᠠᠮ᠎ᠤᠨ ᠴᠡᠷᠢᠭ᠎ᠲᠠᠢ ᠠᠭᠤᠯᠵᠠᠪᠠᠯ 《ᠥᠪᠡᠷ᠎ᠦᠨ ᠭᠡᠷ᠎ᠦᠨ ᠬᠥᠮᠦᠰ᠎ᠲᠡᠶ᠎ᠪᠡᠨ ᠠᠭᠤᠯᠵᠠᠭ᠍ᠰᠠᠨ ᠰᠢᠭ᠋ ᠪᠠᠢᠯ᠎ᠠ》 ᠁
ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠤᠭ ᠲᠡᠮᠳᠡᠭ᠎ᠢᠶᠡᠷ ᠬᠦᠳᠦᠯᠥᠨ ᠳᠠᠭᠠᠭᠤᠯᠤᠭᠰᠠᠨ᠎ᠢᠶᠡᠷ ᠴᠡᠷᠢᠭ ᠠᠷᠠᠳ ᠪᠦᠯᠬᠦᠮᠳᠡᠨ ᠨᠢᠭᠡᠳᠴᠦ᠍᠂ ᠬᠠᠯᠠᠭᠤᠨ ᠠᠮᠢ ᠪᠦᠯᠢᠶᠡᠨ ᠴᠢᠰᠤ᠎ᠪᠠᠷ᠎ᠢᠶᠠᠨ ᠪᠤᠯᠤᠳ ᠲᠡᠮᠤᠷ ᠮᠡᠲᠦ ᠤᠷᠳᠤ ᠴᠠᠭᠠᠨ ᠬᠡᠷᠡᠮ᠎ᠢ ᠴᠣᠭ᠍ᠴᠠᠯᠠᠵᠤ᠂ ᠬᠦᠴᠦ᠍᠎ᠪᠡᠨ ᠲᠥᠪᠯᠡᠷᠡᠭᠦᠯᠦᠨ ᠶᠠᠫᠣᠨ᠎ᠢ ᠡᠰᠡᠷᠭᠦᠴᠡᠬᠦ᠌ ᠳᠠᠢ᠌ᠨ᠎ᠦ ᠬᠦᠴᠦᠲᠦ ᠤᠷᠤᠰᠭᠠᠯ ᠪᠣᠯᠤᠭ᠍ᠰᠠᠨ ᠶᠤᠮ᠃
ᠲᠡᠦᠬᠡ᠎ᠶ᠋ᠢᠨ ᠤᠯᠠ ᠮᠥᠷ ᠶᠡᠷᠦ᠍᠎ᠡᠴᠡ ᠦᠨᠭᠭᠡ ᠬᠤᠪᠢᠷᠠᠭ᠎ᠠ ᠦᠭᠡᠢ᠂ ᠦᠨᠡᠨ ᠶᠣᠰᠣ ᠤᠨ ᠴᠠᠭ᠎ᠤᠨ ᠤᠷᠤᠰᠬᠠᠯ ᠳᠤᠮᠳᠠ ᠤᠯᠠᠮ ᠲᠣᠳᠣᠷᠬᠠᠶ ᠪᠣᠯᠵᠤ ᠪᠠᠢᠨ᠎ᠠ᠃ 《ᠠᠷᠠᠳ ᠲᠦᠮᠡᠨ ᠪᠣᠯ ᠲᠡᠦᠬᠡ᠎ᠶ᠋ᠢᠨ ᠡᠭᠦᠳᠦᠨ ᠪᠦᠲᠦᠭᠡᠭ᠌ᠴᠢ ᠮᠥᠨ᠂ ᠵᠣᠯ ᠵᠢᠷᠭᠠᠯᠲᠤ ᠰᠠᠢ᠌ᠨ ᠰᠠᠢᠬᠠᠨ ᠠᠮᠢᠳᠤᠷᠠᠯ᠎ᠢ ᠬᠥᠭᠡᠭᠡᠴᠡᠯᠳᠦᠬᠦ᠌ ᠪᠣᠯ ᠡᠯ᠎ᠡ ᠤᠯᠤᠰ᠎ᠤᠨ ᠠᠷᠠᠳ ᠲᠦᠮᠡᠨ᠎ᠦ ᠬᠠᠮᠲᠤ᠎ᠶ᠋ᠢᠨ ᠬᠦᠰᠡᠯ ᠡᠷᠡᠮᠡᠯᠵᠡᠯ ᠮᠥᠨ》᠃ ᠶᠡᠷᠦᠩᠬᠡᠢ ᠱᠦᠵᠢ ᠰᠢ ᠵᠢᠨ ᠫᠢᠩ᠎ᠦᠨ ᠦᠭᠡ ᠲᠤᠢᠯ᠎ᠤᠨ ᠡᠷᠡᠰ ᠪᠠᠲᠤ᠌ ᠪᠠᠢᠯ᠎ᠠ᠃
ᠡᠨᠡ ᠪᠣᠯ ᠬᠥᠮᠦᠨ ᠲᠥᠷᠥᠯᠬᠢᠲᠡᠨ᠎ᠦ ᠲᠡᠦᠬᠡ᠎ᠶ᠋ᠢᠨ ᠬᠥᠭ᠌ᠵᠢᠯᠲᠡ᠎ᠶ᠋ᠢᠨ ᠵᠢᠮ᠎ᠡ ᠶᠣᠰᠣ᠎ᠶ᠋ᠢ ᠣᠨᠣᠪᠴᠢᠲᠠᠢ ᠡᠵᠡᠮᠳᠡᠵᠦ᠍ ᠂ ᠳᠡᠯᠡᠬᠡᠢ ᠳᠡᠭᠡᠷᠡᠬᠢ ᠬᠠᠮᠤᠭ᠎ᠤᠨ ᠲᠤᠮᠤ ᠮᠠᠷᠺᠰ᠎ᠤᠨ ᠦᠵᠡᠯ᠎ᠦᠨ ᠲᠦᠷᠦ᠍ ᠪᠠᠷᠢᠭ᠍ᠴᠢ ᠨᠠᠮ᠎ᠤᠨ ᠢᠯᠡ ᠲᠣᠳᠣ ᠪᠥᠭᠡᠳ ᠪᠠᠲᠤ ᠴᠢᠩᠭ᠎ᠠ ᠠᠷᠠᠳ ᠲᠦᠮᠡᠨ᠎ᠦ ᠵᠣᠭ᠍ᠰᠣᠯᠲᠠ᠎ᠶ᠋ᠢ ᠢᠯᠡᠷᠡᠭᠦᠯᠵᠦ ᠪᠠᠢᠭ᠎ᠠ ᠶᠠᠪᠤᠳᠠᠯ ᠪᠤᠯᠤᠨ᠎ᠠ᠃
ᠶᠠᠫᠣᠨ᠎ᠢ ᠡᠰᠡᠷᠭᠦᠴᠡᠬᠦ᠌ ᠳᠠᠢ᠌ᠨ᠎ᠦ ᠦᠶ᠎ᠡ᠎ᠳᠦ ᠠᠷᠠᠳ ᠲᠦᠮᠡᠨ᠎ᠢ ᠳᠠᠢᠴᠢᠯᠠᠬᠤ᠂ ᠠᠷᠠᠳ ᠲᠦᠮᠡᠨ᠎ᠳᠦ ᠲᠦᠱᠢᠭ᠌ᠯᠡᠬᠦ᠌᠎ᠶ᠋ᠢ ᠪᠠᠷᠢᠮᠲᠠᠯᠠᠭ᠍ᠰᠠᠨ᠎ᠠᠴᠠ ᠱᠢᠨ᠎ᠡ ᠴᠠᠭ ᠦᠶ᠎ᠡ᠎ᠳᠦ ᠠᠷᠠᠳ ᠲᠦᠮᠡᠨ᠎ᠢᠶᠡᠷ ᠭᠣᠣᠯ ᠪᠣᠯᠭᠠᠬᠤ ᠬᠥᠭ᠌ᠵᠢᠯᠲᠡ᠎ᠶ᠋ᠢᠨ ᠦᠵᠡᠯ ᠰᠠᠨᠠᠭ᠎ᠠ᠎ᠶ᠋ᠢ ᠪᠠᠷᠢᠮᠲᠠᠯᠠᠭ᠍ᠰᠠᠨ ᠬᠦᠷᠲᠡᠯ᠎ᠡ᠂ ᠳᠤᠮᠳᠠᠳᠤ ᠤᠯᠤᠰ᠎ᠤᠨ ᠡᠪ ᠬᠠᠮᠲᠤ ᠨᠠᠮ ᠢᠮᠠᠭ᠍ᠲᠠ ᠠᠷᠠᠳ ᠲᠦᠮᠡᠨ᠎ᠢ ᠰᠡᠳᠭᠢᠯ ᠵᠢᠷᠦᠬᠡᠨ᠎ᠦ᠎ᠪᠡᠨ ᠬᠠᠮᠤᠭ᠎ᠤᠨ ᠳᠡᠭᠡᠳᠦ ᠪᠠᠢᠷᠢᠨ᠎ᠳᠤ ᠲᠠᠯᠪᠢᠭ᠍ᠰᠠᠭᠠᠷ ᠢᠷᠡᠪᠡ᠃
ᠦᠨᠳᠦᠰᠦ ᠰᠠᠭᠤᠷᠢ ᠨᠢ ᠠᠷᠠᠳ ᠲᠦᠮᠡᠨ᠎ᠳᠦ ᠪᠤᠢ᠂ ᠠᠮᠢᠨ ᠰᠤᠳᠠᠰᠤ ᠨᠢ ᠠᠷᠠᠳ ᠲᠦᠮᠡᠨ᠎ᠳᠦ ᠪᠤᠢ᠂ ᠬᠦᠴᠦᠨ ᠴᠢᠳᠠᠯ ᠨᠢ ᠠᠷᠠᠳ ᠲᠦᠮᠡᠨ᠎ᠳᠦ ᠪᠤᠢ᠃ ᠠᠯᠢᠪᠠ ᠪᠦᠬᠦᠨ ᠠᠷᠠᠳ ᠲᠦᠮᠡᠨ᠎ᠦ ᠲᠥᠯᠥᠭᠡ ᠪᠠᠢᠵᠤ᠂ ᠠᠯᠢᠪᠠ ᠪᠦᠬᠦᠨ᠎ᠳᠦ ᠠᠷᠠᠳ ᠲᠦᠮᠡᠨ᠎ᠢ ᠲᠦᠱᠢᠭ᠌ᠯᠡᠪᠡᠯ᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠶ᠋ᠢ ᠲᠦᠯᠬᠢᠨ ᠠᠬᠢᠭᠤᠯᠬᠤ᠎ᠳᠤ ᠬᠠᠮᠤᠭ᠎ᠤᠨ ᠨᠠᠢᠳᠠᠪᠤᠷᠢᠲᠠᠢ᠂ ᠬᠠᠮᠤᠭ᠎ᠤᠨ ᠭᠦᠨ ᠵᠤᠵᠠᠭᠠᠨ᠂ ᠬᠠᠮᠤᠭ᠎ᠤᠨ ᠤᠳᠠᠭᠠᠨ ᠳᠠᠭᠠᠭᠠᠮᠠᠭᠠᠢ ᠬᠦᠴᠦᠨ ᠴᠢᠳᠠᠯ᠎ᠤᠨ ᠡᠬᠢ ᠰᠤᠷᠪᠤᠯᠵᠢ᠎ᠲᠠᠶ ᠪᠤᠯᠬᠤ ᠶᠤᠮ᠃
ᠱᠢᠨ᠎ᠡ ᠴᠠᠭ ᠦᠶ᠎ᠡ ᠡᠴᠡ ᠨᠠᠭᠠᠰᠢ᠂ ᠰᠢ ᠵᠢᠨ ᠫᠢᠩ ᠨᠥᠬᠥᠷ᠎ᠢᠶᠡᠷ ᠭᠣᠣᠯ ᠪᠣᠯᠭᠠᠭ᠍ᠰᠠᠨ ᠨᠠᠮ᠎ᠤᠨ ᠲᠥᠪ ᠬᠣᠷᠢᠢ᠎ᠠ ᠠᠷᠠᠳ ᠲᠦᠮᠡᠨ᠎ᠦ ᠰᠠᠢ᠌ᠨ ᠰᠠᠢᠬᠠᠨ ᠠᠮᠢᠳᠤᠷᠠᠯ᠎ᠤᠨ ᠲᠤᠬᠠᠢ ᠬᠦᠰᠡᠯ ᠡᠷᠡᠮᠡᠯᠵᠡᠯ᠎ᠢᠶᠡᠷ ᠲᠡᠮᠡᠴᠡᠬᠦ᠌ ᠬᠠᠷᠠᠯᠲᠠ᠎ᠪᠠᠨ ᠪᠣᠯᠭᠠᠵᠤ᠂ 《ᠨᠤᠮᠢᠨ ᠤᠰᠤ ᠬᠥᠬᠡᠮᠳᠦᠭ ᠠᠭᠤᠯᠠ ᠪᠣᠯ ᠠᠯᠳᠠᠠ ᠠᠭᠤᠯᠠ ᠮᠦᠨᠭᠭᠦᠨ ᠬᠠᠢᠷᠬᠠᠨ ᠮᠥᠨ》 ᠭᠡᠬᠦ᠌ ᠱᠢᠨᠵᠢᠯᠡᠬᠦ᠌ ᠤᠬᠠᠭᠠᠨᠴᠢ ᠨᠤᠲᠠᠯᠠᠯᠲᠠ᠎ᠪᠠᠷ ᠳᠡᠯᠡᠬᠡᠢ ᠳ᠋ᠠᠬᠢᠨ᠎ᠤ ᠠᠩᠬᠠᠷᠤᠯ᠎ᠢ ᠲᠠᠲᠠᠭ᠍ᠰᠠᠨ ᠠᠮᠢ ᠠᠬᠤᠢ᠎ᠶ᠋ᠢᠨ ᠬᠤᠪᠢᠷᠠᠯᠲᠠ᠎ᠶ᠋ᠢ ᠬᠦᠳᠦᠯᠥᠨ ᠳᠠᠭᠠᠭᠤᠯᠵᠤ᠂ ᠪᠣᠭᠣᠮᠲᠠ ᠱᠢᠪᠲᠤᠯᠬᠤ ᠰᠥᠰᠥ᠍ ᠵᠣᠷᠢᠭ᠎ᠢᠶᠠᠷ 《ᠲᠡᠦᠬᠡᠨ ᠳ᠋ᠦ ᠲᠡᠮᠳᠡᠭᠯᠡᠭᠳᠡᠭᠰᠡᠨ ᠬᠥᠮᠦᠨ᠎ᠦ ᠶᠢᠷᠲᠢᠨᠴᠦ᠍᠎ᠶ᠋ᠢᠨ ᠭᠠᠢᠬᠠᠮᠱᠢᠭ》 ᠢ᠋ ᠡᠭᠦᠳᠴᠦ᠍᠂ 《ᠦᠪᠡᠷ᠎ᠢ ᠪᠠᠨ ᠤᠮᠠᠷᠳᠠᠵᠤ ᠠᠷᠠᠳ ᠲᠦᠮᠡᠨ᠎ᠳᠦ ᠣᠰᠣᠯᠳᠠᠬᠤ ᠦᠭᠡᠢ》 ᠭᠡᠬᠦ᠌ ᠴᠢᠩ ᠦᠨᠡᠨᠴᠢ ᠬᠠᠢᠷ᠎ᠠ ᠰᠡᠳᠭᠢᠯᠭᠡ᠎ᠶ᠋ᠢ ᠭᠦᠨᠵᠡᠭᠡᠢ ᠲᠠᠢᠯᠪᠤᠷᠢᠯᠠᠪᠠ᠃
ᠤᠨ ᠵᠢᠯ ᠤᠷᠴᠢᠵᠤ᠂ ᠠᠭᠤᠯᠠ ᠤᠰᠤ ᠴᠢᠮᠡᠭᠯᠡᠭᠳᠡᠵᠦ᠂ ᠲᠡᠭᠷᠢ ᠭᠠᠵᠠᠷ ᠱᠢᠨᠠᠳᠤᠨ ᠬᠤᠪᠢᠷᠠᠨ᠎ᠠ᠃ ᠡᠨᠡᠳᠭᠡᠭ᠎ᠦᠨ ᠡᠮᠴᠢ ᠺᠸᠸᠠᠷᠺᠠᠨᠰᠤᠨ ᠣᠮᠪᠣᠯᠣ ᠮᠠᠨᠭᠧᠱ·ᠪᠦᠸᠸᠺᠠ ᠤᠯᠠᠨ ᠤᠳᠠᠭ᠎ᠠ ᠳᠤᠮᠳᠠᠳᠤ ᠤᠯᠤᠰ᠎ᠲᠤ ᠠᠢᠯᠴᠢᠯᠠᠵᠤ᠂ ᠲᠡᠷᠡ ᠪᠡᠶ᠎ᠡ᠎ᠪᠡᠷ᠎ᠢᠶᠡᠨ ᠣᠢᠯᠠᠭᠠᠵᠤ ᠭᠡᠷᠡᠴᠢᠯᠡᠭ᠌ᠰᠡᠨᠦ ᠳᠠᠷᠠᠭ᠎ᠠ᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠪᠣᠯ ᠶᠡᠷᠦ᠍ ᠪᠤᠰᠤ᠎ᠶ᠋ᠢᠨ ᠠᠴᠢ ᠬᠣᠯᠪᠣᠭ᠍ᠳᠠᠯ᠎ᠲᠠᠶ ᠶᠤᠮ᠂ ᠠᠵᠤ ᠠᠬᠤᠢ᠎ᠶ᠋ᠢᠨ ᠨᠡᠮᠡᠭ᠌ᠳᠡᠯ ᠪᠣᠯᠤᠨ ᠪᠣᠳᠠᠰ᠎ᠤᠨ ᠬᠥᠭ᠌ᠵᠢᠯ ᠴᠡᠴᠡᠭ᠌ᠯᠡᠯ᠎ᠢ ᠪᠣᠳᠣᠯᠬᠢᠯᠠᠭ᠍ᠰᠠᠨ᠎ᠢᠶᠠᠷ ᠪᠠᠷᠠᠬᠤ ᠦᠭᠡᠢ ᠨᠡᠩ ᠴᠤ᠌ ᠠᠷᠠᠳ ᠲᠦᠮᠡᠨ᠎ᠦ ᠠᠵᠠ ᠵᠢᠷᠭᠠᠯ᠎ᠢ ᠨᠡᠮᠡᠭ᠌ᠳᠡᠭᠦᠯᠬᠦ᠌᠎ᠶ᠋ᠢ ᠴᠢᠬᠤᠯᠠᠴᠢᠯᠠᠵᠤ᠂ ᠳᠡᠯᠡᠬᠡᠢ᠎ᠶ᠋ᠢᠨ ᠡᠯ᠎ᠡ ᠤᠯᠤᠰ᠎ᠤᠨ ᠣᠳᠣᠬᠢᠴᠢᠯᠠᠯᠲᠠ᠎ᠳᠤ ᠤᠶᠤᠨ ᠤᠬᠠᠭᠠᠨᠴᠢ ᠰᠡᠩᠬᠡᠷᠡᠭᠦᠯᠦᠯ ᠣᠯᠭᠣᠵᠠᠢ ᠭᠡᠪᠡ᠃
ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠪᠣᠯ ᠳᠤᠮᠳᠠᠳᠤ ᠤᠯᠤᠰ᠎ᠤᠨ ᠬᠤᠪᠢ᠎ᠪᠠᠨ ᠬᠥᠭᠡᠭᠡᠭ᠌ᠰᠡᠨ ᠣᠳᠣᠬᠢᠴᠢᠯᠠᠯᠲᠠ ᠪᠢᠰᠢ᠃
ᠨᠢᠳᠤᠨᠤᠨ ᠵᠢᠯ᠎ᠦᠨ ᠰᠡᠭᠦᠯᠴᠢ᠎ᠪᠡᠷ᠂ ᠭᠠᠳᠠᠭᠠᠳᠤ ᠤᠯᠤᠰ᠎ᠤᠨ ᠱᠢᠨ᠎ᠡ᠎ᠪᠡᠷ ᠲᠤᠱᠢᠶᠠᠯ᠎ᠳᠤ ᠭᠠᠷᠤᠭ᠍ᠰᠠᠨ ᠳᠤᠮᠳᠠᠳᠤ ᠤᠯᠤᠰ᠎ᠲᠤ ᠰᠠᠭᠤᠬᠤ ᠡᠯᠴᠢᠨ ᠰᠠᠢᠳ᠎ᠤᠨ ᠳᠡᠪᠱᠢᠭᠦᠯᠦᠭ᠌ᠰᠡᠨ ᠲᠦᠷᠦ᠍᠎ᠶ᠋ᠢᠨ ᠪᠢᠴᠢᠭ᠎ᠢ ᠬᠦᠯᠢᠶᠡᠨ ᠠᠪᠬᠤ ᠦᠶ᠎ᠡ᠎ᠳᠦ᠂ ᠲᠡᠷᠢᠭᠦᠯᠡᠭ᠌ᠴᠢ ᠰᠢ ᠵᠢᠨ ᠫᠢᠩ ᠡᠯᠴᠢᠨ ᠰᠠᠢᠳᠨᠠᠷᠲᠤ᠄《ᠳᠤᠮᠳᠠᠳᠤ ᠤᠯᠤᠰ ᠳᠤᠷᠠᠲᠠᠶ᠎ᠠ ᠡᠯ᠎ᠡ ᠤᠯᠤᠰ᠎ᠲᠠᠶ ᠳᠤᠮᠳᠠᠳᠤ ᠤᠯᠤᠰ᠎ᠤᠨ ᠬᠥᠭ᠌ᠵᠢᠯᠲᠡ᠎ᠶ᠋ᠢᠨ ᠠᠵᠠ ᠲᠣᠬᠢᠶᠠᠯ᠎ᠢ ᠬᠤᠪᠢᠶᠠᠯᠴᠠᠨ ᠡᠳ᠋ᠯᠡᠵᠦ᠍᠂ ᠰᠠᠢ᠌ᠨ ᠰᠠᠢᠬᠠᠨ ᠪᠦᠬᠦᠨ᠎ᠢ ᠬᠠᠮᠲᠤ᠎ᠪᠠᠷ ᠡᠳ᠋ᠯᠡᠬᠦ᠌᠂ ᠬᠠᠷᠢᠯᠴᠠᠨ ᠠᠮᠵᠢᠯᠲᠠ ᠪᠦᠲᠦᠮᠵᠢ ᠤᠯᠬᠤ᠎ᠶ᠋ᠢ ᠪᠡᠶᠡᠯᠡᠭᠦᠯᠵᠦ᠍᠂ ᠡᠩᠬᠡ ᠲᠠᠢᠪᠤᠩ ᠬᠥᠭ᠌ᠵᠢᠯᠲᠡ᠂ ᠬᠠᠷᠢᠯᠴᠠᠨ ᠠᠱᠢᠭ᠍ᠲᠠᠢ ᠬᠠᠮᠲᠤᠷᠠᠯᠴᠠᠭ᠎ᠠ᠂ ᠬᠠᠮᠲᠤ᠎ᠪᠠᠷ ᠴᠡᠴᠡᠭ᠌ᠯᠡᠨ ᠬᠥᠭ᠌ᠵᠢᠭ᠌ᠰᠡᠨ ᠳᠡᠯᠡᠬᠡᠢ᠎ᠶ᠋ᠢᠨ ᠡᠯ᠎ᠡ ᠤᠯᠤᠰ᠎ᠤᠨ ᠣᠳᠣᠬᠢᠴᠢᠯᠠᠯᠲᠠ᠎ᠶ᠋ᠢ ᠪᠡᠶᠡᠯᠡᠭᠦᠯᠬᠦ᠌᠎ᠶ᠋ᠢᠨ ᠲᠥᠯᠥᠭᠡ ᠭᠠᠷ ᠬᠣᠯᠪᠣᠯᠴᠠᠨ ᠲᠡᠮᠡᠴᠡᠨ᠎ᠡ》 ᠭᠡᠵᠦ ᠬᠡᠯᠡᠪᠡ᠃
ᠨᠡᠭᠡᠭᠡᠯᠲᠡ ᠬᠢᠬᠦ᠌ ᠡᠭᠦᠳᠡ ᠶᠠᠪᠤᠬᠤ ᠲᠤᠲᠤᠮ ᠶᠡᠬᠡ ᠨᠡᠭᠡᠭᠡᠭ᠌ᠳᠡᠵᠦ᠍᠂ ᠨᠠᠵᠠᠭᠠᠶ ᠲᠠᠯ᠎ᠠ᠎ᠶ᠋ᠢᠨ ᠨᠠᠷᠢᠨ ᠲᠠᠩᠰᠠ ᠶᠠᠪᠤᠬᠤ ᠲᠤᠲᠤᠮ ᠣᠬᠣᠷ ᠪᠣᠯᠵᠣ᠂ ᠵᠠᠬ᠎ᠠ ᠳᠡᠯᠭᠡᠭᠦᠷ᠎ᠲᠦ ᠣᠷᠣᠬᠤ᠎ᠶ᠋ᠢ ᠵᠥᠪᠱᠢᠶᠡᠷᠡᠬᠦ᠌ ᠪᠠᠷᠢᠮᠵᠢᠶ᠎ᠠ ᠶᠠᠪᠤᠬᠤ ᠲᠤᠲᠤᠮ ᠳᠤᠤᠷ᠎ᠠ ᠪᠣᠯᠵᠣ᠂ ᠤᠯᠤᠰ᠎ᠤᠨ ᠲᠠᠰ᠎ᠤᠨ ᠦᠵᠡᠰᠭᠦᠯᠡᠩ᠎ᠦᠨ ᠴᠤᠭ᠍ᠯᠠᠭᠠᠨ᠎ᠤ ᠵᠢᠭ᠍ᠰᠠᠭᠠᠯ᠎ᠤᠨ 《ᠴᠤᠩᠬᠤᠪᠴᠢ᠎ᠶ᠋ᠢᠨ ᠦᠢᠯᠡᠳᠦᠯ》 ᠪᠠ 《ᠬᠡᠳᠦᠢᠳᠦᠭᠰᠡᠨ ᠦᠢᠯᠡᠳᠦᠯ》 ᠶᠠᠪᠤᠬᠤ ᠲᠤᠲᠤᠮ ᠴᠢᠩᠭ᠎ᠠ ᠪᠣᠯᠵᠣ᠂ ᠸᠢᠰᠠ᠎ᠶ᠋ᠢ ᠭᠡᠯᠳᠦᠷᠢᠭᠦᠯᠬᠦ᠌ ᠲᠥᠷᠥ᠎ᠶ᠋ᠢᠨ ᠪᠣᠳᠣᠯᠭ᠎ᠠ᠎ᠶ᠋ᠢᠨ ᠠᠱᠢᠭ ᠲᠠᠰᠤᠷᠠᠯᠲᠠ ᠥᠬᠡᠶ ᠢᠯᠡᠷᠡᠪᠡ ᠁ ᠨᠡᠭᠡᠭᠡᠯᠲᠡᠲᠡᠶ ᠪᠠᠭ᠍ᠲᠠᠭᠠᠮᠵᠢᠲᠠᠶ ᠳᠤᠮᠳᠠᠳᠤ ᠤᠯᠤᠰ ᠬᠥᠮᠦᠨ ᠲᠥᠷᠥᠯᠬᠢᠲᠡᠨ᠎ᠦ ᠪᠣᠯᠪᠠᠰᠤᠨ᠎ᠤ ᠳᠠᠪᠱᠢᠯᠲᠠ᠎ᠶ᠋ᠢᠨ ᠦᠶ᠋ᠯᠡᠰ᠎ᠲᠦ ᠲᠠᠰᠤᠷᠠᠯᠲᠠ ᠥᠬᠡᠶ ᠱᠢᠨ᠎ᠡ ᠬᠤᠪᠢ ᠨᠡᠮᠡᠷᠢ ᠦᠵᠡᠭᠦᠯᠬᠦ᠌᠎ᠶ᠋ᠢ ᠳᠡᠯᠡᠬᠡᠶ ᠳ᠋ᠠᠬᠢᠨ᠎ᠢᠶᠠᠷ᠎ᠢᠶᠠᠨ ᠭᠡᠷᠡᠴᠢᠯᠡᠵᠦ᠍ ᠪᠠᠢᠨ᠎ᠠ᠃
ᠤᠯᠤᠰ᠎ᠤᠨ ᠶᠡᠬᠡ ᠶᠣᠰᠣᠯᠠᠯ᠂ ᠬᠥᠭ᠌ᠵᠢᠯ ᠪᠠᠳᠠᠷᠠᠯ᠎ᠤᠨ ᠢᠷᠠᠭᠤ ᠬᠠᠭᠤᠳᠠᠰᠤ᠃ ᠳᠤᠮᠳᠠᠳᠤ ᠤᠯᠤᠰ᠎ᠲᠤ ᠢᠷᠡᠵᠦ᠍ ᠳᠤᠷᠠᠰᠭᠠᠬᠤ ᠠᠵᠢᠯᠯᠠᠭ᠎ᠠ᠎ᠳᠤ ᠣᠷᠣᠯᠴᠠᠭ᠍ᠰᠠᠨ ᠤᠯᠠᠨ ᠤᠯᠤᠰ᠎ᠤᠨ ᠬᠦᠨᠳᠦᠲᠦ ᠵᠣᠴᠢᠳ᠂ ᠪᠣᠯᠵᠣᠭ᠍ᠰᠠᠨ ᠦᠭᠡᠢ ᠪᠡᠷ ᠪᠤᠳᠤᠯ ᠨᠢᠭᠡᠳᠴᠦ᠂ ᠶᠡᠷᠦᠩᠬᠡᠢ ᠱᠦᠵᠢ ᠰᠢ ᠵᠢᠨ ᠫᠢᠩ᠎ᠢ ᠬᠦᠨᠳᠦᠳᠭᠡᠵᠦ᠍ ᠪᠠᠢᠬᠤ᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠶ᠋ᠢᠨ ᠠᠮᠵᠢᠯᠲᠠ ᠪᠦᠲᠦᠮᠵᠢ᠎ᠶ᠋ᠢ ᠪᠢᠱᠢᠷᠡᠵᠦ᠍ ᠪᠠᠢᠬᠤ᠂ ᠳᠤᠮᠳᠠᠳᠤ ᠤᠯᠤᠰ᠎ᠲᠠᠶ ᠭᠠᠷ ᠬᠣᠯᠪᠣᠯᠴᠠᠨ ᠰᠠᠢ᠌ᠨ ᠰᠠᠢᠬᠠᠨ ᠢᠷᠡᠭᠡᠳᠦᠢ᠎ᠶ᠋ᠢ ᠴᠣᠭ᠍ᠴᠠᠯᠠᠬᠤ ᠬᠦᠰᠡᠯ ᠡᠷᠡᠮᠡᠯᠵᠡᠯ᠎ᠢᠶᠡᠨ ᠢᠯᠡᠳᠭᠡᠪᠡ᠃
ᠰᠸᠷᠪᠢᠶ᠎ᠠ ᠵᠢᠨ ᠶᠡᠷᠦᠩᠬᠡᠢᠯᠡᠭ᠌ᠴᠢ ᠥᠴᠢᠴᠢ᠂ ᠳᠤᠷᠠᠰᠭᠠᠬᠤ ᠠᠵᠢᠯᠯᠠᠭ᠎ᠠ ᠨᠢ ᠳᠡᠯᠡᠬᠡᠢ ᠳ᠋ᠠᠬᠢᠨ᠎ᠳᠤ ᠳᠤᠮᠳᠠᠳᠤ ᠤᠯᠤᠰ᠎ᠤᠨ ᠠᠷᠠᠳ ᠲᠦᠮᠡᠨ᠎ᠦ ᠲᠡᠷᠢᠭᠦᠯᠡᠭ᠌ᠴᠢ ᠰᠢ ᠵᠢᠨ ᠫᠢᠩ᠎ᠦᠨ ᠭᠠᠷᠮᠠᠭᠠᠢ ᠤᠳᠤᠷᠢᠳᠤᠯᠭ᠎ᠠ ᠳᠣᠣᠷ᠎ᠠ ᠣᠯᠤᠭ᠍ᠰᠠᠨ ᠠᠭᠤᠤ ᠶᠡᠬᠡ ᠠᠮᠵᠢᠯᠲᠠ ᠪᠦᠲᠦᠮᠵᠢ᠎ᠶ᠋ᠢ ᠬᠠᠷᠠᠭᠤᠯᠵᠠᠢ᠂ 《ᠰᠸᠷᠪᠢᠶ᠎ᠠ ᠳᠤᠮᠳᠠᠳᠤ ᠪᠣᠯ ᠬᠠᠮᠤᠭ᠎ᠤᠨ ᠰᠠᠢ᠌ᠨ ᠨᠠᠢᠵᠠ ᠶᠤᠮ ᠁ ᠰᠸᠷᠪᠢᠶ᠎ᠠ ᠳᠤᠮᠳᠠᠳᠤ᠎ᠶ᠋ᠢᠨ ᠪᠣᠳᠠᠲᠠᠢ᠎ᠶ᠋ᠢ ᠡᠷᠬᠢᠮᠯᠡᠭ᠌ᠰᠡᠨ ᠬᠠᠮᠲᠤᠷᠠᠯᠴᠠᠭ᠎ᠠ᠎ᠶ᠋ᠢ ᠤᠯᠠᠮ ᠴᠢᠨᠠᠭ᠍ᠰᠢᠳᠠ ᠨᠢᠭ᠍ᠲᠠᠷᠠᠭᠤᠯᠬᠤ᠎ᠶ᠋ᠢ ᠬᠦᠰᠡᠵᠦ᠍ ᠪᠠᠢᠨ᠎ᠠ》 ᠭᠡᠵᠦ᠍ ᠢᠯᠡᠳᠭᠡᠪᠡ; ᠸᠢᠶᠧᠲ᠋ᠨᠠᠮ᠎ᠤᠨ ᠤᠯᠤᠰ᠎ᠤᠨ ᠲᠡᠷᠢᠭᠦᠯᠡᠭ᠌ᠴᠢ ᠯᠢᠶᠠᠩ ᠴᠢᠶᠠᠩ᠂《ᠳᠤᠮᠳᠠᠳᠤ ᠤᠯᠤᠰ ᠦᠷᠭᠦᠯᠵᠢᠯᠡᠨ ᠬᠥᠭ᠌ᠵᠢᠨ ᠪᠤᠵᠠᠭᠠᠢᠷᠠᠵᠤ᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠶ᠋ᠢᠨ ᠬᠠᠷᠠᠯᠲᠠ᠎ᠶ᠋ᠢ ᠪᠡᠶᠡᠯᠡᠭᠦᠯᠵᠦ᠍᠂ ᠭᠠᠵᠠᠷ ᠣᠷᠣᠨ ᠪᠣᠯᠤᠨ ᠳᠡᠯᠡᠬᠡᠢ᠎ᠶ᠋ᠢᠨ ᠡᠩᠬᠡ ᠲᠠᠢᠪᠤᠩ ᠬᠥᠭ᠌ᠵᠢᠯᠲᠡ᠎ᠳᠦ ᠨᠡᠩ ᠶᠡᠬᠡ ᠦᠢᠯᠡᠳᠦᠯ ᠦᠵᠡᠭᠦᠯᠦᠨ᠎ᠡ》 ᠭᠡᠳᠡᠭ᠎ᠢ ᠪᠠᠲᠤ ᠢᠲᠡᠭᠡᠵᠦ᠍ ᠪᠠᠢᠨ᠎ᠠ ᠭᠡᠪᠡ᠃
9 ᠰᠠᠷ᠎ᠠ᠎ᠶ᠋ᠢᠨ 3᠎ᠤ᠋ ᠡᠳᠦᠷ᠂ ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠲᠡᠢᠨ ᠵᠢᠴᠢ ᠳᠡᠯᠡᠬᠡᠶ᠎ᠶ᠋ᠢᠨ ᠹᠠᠱ᠌ᠢᠰ᠎ᠢ ᠡᠰᠡᠷᠭᠦᠴᠡᠬᠦ᠌ ᠲᠡᠢᠨ ᠢᠯᠠᠯᠲᠠ ᠣᠯᠤᠭ᠍ᠰᠠᠨ 80 ᠵᠢᠯ᠎ᠦᠨ ᠣᠶ᠎ᠶ᠋ᠢ ᠳᠤᠷᠠᠰᠭᠠᠬᠤ ᠶᠡᠬᠡ ᠬᠤᠷᠠᠯ ᠳᠡᠭᠡᠷ᠎ᠡ᠂ ᠰᠢᠯᠭᠠᠯᠲᠠ ᠬᠦᠯᠢᠶᠡᠭ᠌ᠰᠡᠨ ᠳᠠᠷᠤᠭ᠎ᠠ ᠪᠠᠢᠯᠳᠤᠭ᠍ᠴᠢᠳ᠎ᠤᠨ 《ᠠᠷᠠᠳ ᠲᠦᠮᠡᠨ᠎ᠳᠦ ᠦᠶ᠋ᠯᠡᠴᠢᠯᠡᠬᠦ᠌》 ᠪᠠᠲᠤ ᠲᠠᠩᠭᠠᠷᠢᠭ ᠲᠩᠷᠢ ᠭᠠᠵᠠᠷ᠎ᠢ ᠳᠣᠩᠰᠣᠯᠭᠠᠵᠤ᠂ 《ᠣᠯᠠᠨ ᠲᠦᠮᠡᠨ》 ᠭᠡᠬᠦ ᠥᠰᠥᠭ᠎ᠦᠨ ᠳᠦᠷᠰᠦ ᠪᠦᠲᠦᠭᠡᠯᠲᠡ ᠪᠦᠬᠦᠢ ᠶᠣᠰᠣᠯᠠᠯ᠎ᠤᠨ ᠲᠠᠢᠰᠠᠨ ᠳ᠋ᠡᠬᠢ ᠦᠵᠡᠭᠴᠢᠳ ᠤᠤᠬᠠᠢᠯᠠᠨ ᠬᠠᠰᠭᠢᠷᠴᠠᠭᠠᠨᠠ᠃
ᠱᠢᠳᠤᠷᠭᠤ ᠶᠣᠰᠣᠨ᠎ᠤ ᠢᠲᠡᠭᠡᠯ ᠵᠣᠷᠢᠭ ᠭᠤᠢᠪᠢᠰᠢ ᠦᠭᠡᠢ ᠶᠤᠮ᠂ ᠡᠩᠬᠡ ᠲᠠᠢᠪᠤᠩ᠎ᠤᠨ ᠬᠦᠰᠡᠯ ᠡᠷᠡᠮᠡᠯᠵᠡᠯ ᠬᠤᠷᠢᠭ᠍ᠯᠠᠭ᠍ᠳᠠᠰᠢ ᠦᠭᠡᠢ ᠶᠤᠮ᠂ ᠠᠷᠠᠳ ᠲᠦᠮᠡᠨ᠎ᠦ ᠬᠦᠴᠦᠨ ᠢᠯᠠᠭ᠍ᠳᠠᠰᠢ ᠦᠭᠡᠢ ᠶᠤᠮ!
ᠳᠤᠮᠳᠠᠳᠤ ᠤᠯᠤᠰ ᠪᠣᠯ ᠥᠨᠢ ᠡᠭᠦᠷᠢᠳᠡ ᠳᠡᠯᠡᠬᠡᠢ᠎ᠶ᠋ᠢᠨ ᠡᠩᠬᠡ ᠲᠠᠢᠪᠤᠩ᠎ᠤᠨ ᠬᠦᠴᠦᠨ᠂ ᠲᠣᠭ᠍ᠲᠠᠭᠤᠨ ᠬᠦᠴᠦᠨ᠂ ᠳᠠᠪᠱᠢᠩᠭᠤᠢ ᠬᠦᠴᠦᠨ ᠮᠥᠨ᠃ ᠳᠤᠮᠳᠠᠳᠤ ᠤᠯᠤᠰ᠎ᠤᠨ ᠠᠷᠠᠳ ᠲᠦᠮᠡᠨ ᠥᠩᠭᠡᠷᠡᠭ᠌ᠰᠡᠨ᠎ᠲᠡᠶ᠎ᠪᠡᠨ ᠠᠳᠠᠯᠢ᠎ᠪᠠᠷ ᠳᠡᠯᠡᠬᠡᠢ᠎ᠶ᠋ᠢᠨ ᠡᠯ᠎ᠡ ᠤᠯᠤᠰ᠎ᠤᠨ ᠠᠷᠠᠳ ᠲᠦᠮᠡᠨ᠎ᠲᠡᠶ ᠭᠠᠷ ᠬᠣᠯᠪᠣᠯᠴᠠᠨ ᠮᠥᠷᠥ᠍ ᠵᠡᠷᠭᠡᠴᠡᠵᠦ᠍᠂ ᠲᠡᠦᠬᠡ᠎ᠪᠡᠷ ᠲᠤᠯᠢ ᠪᠣᠯᠭᠠᠵᠤ᠂ ᠡᠶ᠎ᠡ ᠨᠠᠢᠷᠠᠮᠳᠠᠭᠤ᠎ᠶ᠋ᠢ ᠡᠷᠬᠢᠮᠯᠡᠵᠦ᠍᠂ ᠳᠡᠯᠡᠬᠡᠢ᠎ᠶ᠋ᠢᠨ ᠣᠳᠣᠬᠢᠴᠢᠯᠠᠯᠲᠠ᠎ᠶ᠋ᠢ ᠬᠠᠮᠲᠤ᠎ᠪᠠᠷ ᠠᠬᠢᠭᠤᠯᠵᠤ᠂ ᠬᠥᠮᠦᠨ ᠲᠥᠷᠥᠯᠬᠢᠲᠡᠨ᠎ᠦ ᠨᠡᠩ ᠰᠠᠢ᠌ᠨ ᠰᠠᠢᠬᠠᠨ ᠢᠷᠡᠭᠡᠳᠦᠢ᠎ᠶ᠋ᠢ ᠴᠣᠭ᠍ᠴᠠᠯᠠᠨ᠎ᠠ!
(ᠱᠢᠨᠬᠤᠸᠠ ᠬᠤᠷᠢᠶ᠎ᠠ ᠵᠢᠨ ᠪᠡᠭᠡᠵᠢᠩ᠎ᠦᠨ 9 ᠰᠠᠷ᠎ᠠ᠎ᠶ᠋ᠢᠨ 14᠎ᠤ᠋ ᠴᠠᠬᠢᠯᠭᠠᠨ ᠮᠡᠳᠡᠭᠡ)