ᠤᠯᠠᠮᠵᠢᠯᠠᠯᠳᠦ ᠲᠠᠷᠢᠶᠠᠯᠠᠬᠤ ᠲᠤᠰᠬᠤᠨ ᠡᠴᠡ 《 ᠪᠦᠬᠦ ᠤᠯᠤᠰ ᠤ᠋ᠨ ᠪᠤᠯᠪᠠᠰᠤᠨ ᠲᠤᠰᠬᠤᠨ 》 ᠪᠤᠯᠳᠠᠯ᠎ᠠ — ᠭᠡᠷᠡᠯᠳᠦ ᠰᠦᠮ᠎ᠠ ᠲᠤᠰᠬᠤᠨ ᠤ᠋ ᠠᠷᠠᠳ ᠤ᠋ᠨ ᠤᠷᠤᠯᠭ᠎ᠠ 11 ᠳᠠᠬᠢᠨ ᠨᠡᠮᠡᠭᠳᠡᠯ᠎ᠠ
2025-09-05 10:50:44
ᠵᠣᠬᠢᠶᠠᠭ᠍ᠴᠢ᠄
ᠡᠷᠳᠡᠨᠢᠬᠤᠸᠠᠷ
ᠣᠩᠱᠢᠭ᠍ᠰᠠᠨ ᠣᠳᠠᠭ᠎ᠠ᠄
★★★☆☆

ᠬᠦᠬᠡᠬᠤᠳᠠ ᠡᠴᠡ 35 ᠳ᠋ᠤᠭᠠᠷ᠂ 101 ᠳ᠋ᠤᠭᠡᠷ ᠨᠡᠢᠳᠡ ᠶ᠋ᠢᠨ ᠮᠠᠰᠢᠨ ᠲᠡᠷᠭᠡᠨ ᠳ᠋ᠤ ᠰᠠᠭᠤᠵᠤ ᠡᠮᠦᠨ᠎ᠠ ᠵᠦᠭ ᠠᠶᠠᠯᠠᠪᠠᠯ ᠭᠡᠷᠡᠯᠳᠦ ᠰᠦᠮ᠎ᠠ ᠲᠤᠰᠬᠤᠨ ᠭᠡᠬᠦ ᠦᠷᠳᠡᠭᠡ ᠪᠤᠢ᠃ ᠲᠤᠰ ᠦᠷᠳᠡᠭᠡ ᠳ᠋ᠤ ᠪᠠᠭᠤᠵᠤ᠂ ᠤᠮᠠᠷᠠᠰᠢ ᠪᠡᠨ ᠲᠤᠨᠤᠯᠵᠢᠨ ᠵᠠᠮ ᠬᠦᠷᠳᠡᠯ᠎ᠠ ᠠᠯᠬᠤᠭᠠᠳ ᠪᠠᠷᠠᠭᠤᠨ ᠭᠠᠷ ᠵᠦᠭ ᠶ᠋ᠢᠡᠨ ᠡᠷᠬᠢᠪᠡᠯ ᠬᠤᠳᠠ ᠶ᠋ᠢᠨ ᠬᠢ ᠬᠡᠮᠡᠷ ᠰᠠᠷᠠᠭᠤᠯ ᠰᠠᠢᠬᠠᠨ ᠵᠠᠮ ᠲᠠᠢ 《ᠪᠦᠬᠦ ᠤᠯᠤᠰ ᠤ᠋ᠨ ᠪᠤᠯᠪᠠᠰᠤᠨ ᠲᠤᠰᠬᠤᠨ》 — ᠭᠡᠷᠡᠯᠳᠦ ᠰᠦᠮ᠎ᠠ ᠲᠤᠰᠬᠤᠨ ᠳ᠋ᠤ ᠬᠦᠷᠳᠡᠭ᠃


QQ20250905-103704.png


ᠭᠡᠷᠡᠯᠳᠦ ᠰᠦᠮ᠎ᠠ ᠲᠤᠰᠬᠤᠨ


ᠵᠠᠰᠠᠭ ᠵᠠᠬᠢᠷᠭᠠᠨ ᠤ᠋ ᠬᠤᠪᠢ ᠳ᠋ᠤ ᠭᠡᠷᠡᠯᠳᠦ ᠰᠦᠮ᠎ᠠ ᠲᠤᠰᠬᠤᠨ ᠪᠤᠯ ᠬᠦᠬᠡᠬᠤᠳᠠ ᠶ᠋ᠢᠨ ᠰᠠᠢᠬᠠᠨ ᠲᠤᠭᠤᠷᠢᠭ ᠤ᠋ᠨ ᠵᠢᠨ ᠾᠧ ᠪᠠᠯᠭᠠᠰᠤ ᠳ᠋ᠤ ᠬᠠᠷᠢᠶᠠᠯᠠᠭᠳᠠᠨ᠎ᠠ᠃ ᠬᠦᠬᠡᠬᠤᠳᠠ ᠶ᠋ᠢᠨ ᠵᠠᠮ ᠬᠠᠷᠢᠯᠴᠠᠭᠠᠨ ᠤ᠋ ᠭᠤᠤᠯ ᠱᠤᠭᠤᠮ ᠪᠤᠯᠬᠤ ᠵᠢᠨ ᠱᠧᠩ ᠵᠠᠮ ᠲᠠᠢ ᠤᠢᠷᠠᠬᠠᠨ ᠪᠠᠢᠷᠢᠰᠢᠵᠤ᠂ ᠬᠤᠳᠠ ᠶ᠋ᠢᠨ ᠲᠦᠪ ᠡᠴᠡ ᠬᠤᠷᠢᠭᠠᠳ ᠭᠠᠵᠠᠷ ᠤ᠋ᠨ ᠯᠡ ᠵᠠᠢᠳᠠᠢ ᠪᠦᠭᠡᠳ ᠨᠡᠢᠳᠡ ᠶ᠋ᠢᠨ ᠮᠠᠰᠢᠨ ᠲᠡᠷᠭᠡ ᠨᠡᠪᠳᠡᠷᠡᠨ᠎ᠠ᠃ ᠡᠨᠡ ᠪᠤᠯ ᠭᠡᠷᠡᠯᠳᠦ ᠰᠦᠮ᠎ᠠ ᠲᠤᠰᠬᠤᠨ ᠤ᠋ ᠬᠦᠭᠵᠢᠯᠳᠡ ᠶ᠋ᠢᠨ ᠦᠪᠡᠷᠮᠢᠴᠡ ᠤᠷᠤᠨ ᠪᠠᠢᠷᠢ ᠶ᠋ᠢᠨ ᠳᠠᠪᠠᠭᠤᠯᠢᠭ ᠪᠤᠯᠤᠨ᠎ᠠ᠃

ᠭᠡᠪᠡᠴᠤ ᠤᠯᠠᠮᠵᠢᠯᠠᠯᠳᠤ ᠲᠠᠷᠢᠶᠠᠯᠠᠬᠤ ᠲᠤᠰᠬᠤᠨ ᠪᠤᠯᠤᠭᠰᠠᠨ ᠤ᠋ ᠬᠤᠪᠢ ᠳ᠋ᠤ ᠲᠤᠰ ᠲᠤᠰᠬᠤᠨ ᠳ᠋ᠤ ᠢᠳᠡᠷ ᠵᠠᠯᠠᠭᠤ ᠬᠦᠮᠦᠨ ᠠᠮᠠ ᠶ᠋ᠢᠨ ᠶᠡᠬᠡᠩᠬᠢ ᠨᠢ ᠭᠠᠳᠠᠭᠰᠢ ᠪᠡᠨ ᠭᠠᠷᠴᠤ᠂ ᠲᠤᠰᠬᠤᠨ ᠶ᠋ᠢᠡᠨ ᠰᠠᠬᠢᠵᠤ ᠰᠠᠭᠤᠳᠠᠭ ᠨᠢ ᠦᠳᠡᠭᠦᠰ ᠨᠠᠰᠤᠳᠠᠢᠴᠤᠳ ᠶ᠋ᠢᠡᠷ ᠭᠤᠤᠯᠯᠠᠬᠤ; ᠠᠵᠤ ᠦᠢᠯᠡᠰ ᠤ᠋ᠨ ᠰᠠᠭᠤᠷᠢ ᠨᠢ ᠨᠢᠮᠭᠡᠨ᠂ ᠤᠯᠠᠮᠵᠢᠯᠠᠯᠳᠤ ᠲᠠᠷᠢᠶᠠᠯᠠᠬᠤ ᠦᠢᠯᠡᠰ ᠤ᠋ᠨ ᠠᠰᠢᠭ ᠤᠷᠤᠯᠭ᠎ᠠ ᠪᠠᠭ᠎ᠠ᠂ ᠬᠠᠮᠳᠤ ᠶ᠋ᠢᠨ ᠠᠵᠤ ᠠᠬᠤᠢ ᠶ᠋ᠢᠨ ᠤᠷᠤᠯᠭ᠎ᠠ ᠭᠡᠵᠦ ᠦᠭᠡᠢ; ᠦᠢᠯᠡᠳᠪᠤᠷᠢᠯᠡᠯ ᠤ᠋ᠨ ᠤᠳᠤᠬᠢᠴᠢᠯᠠᠭᠰᠠᠨ ᠬᠡᠮᠵᠢᠶ᠎ᠠ ᠨᠢ ᠠᠨᠠᠢ ᠵᠡᠷᠭᠡ ᠶᠡᠬᠡᠩᠬᠢ ᠤᠯᠠᠮᠵᠢᠯᠠᠯᠳᠤ ᠲᠤᠰᠬᠤᠨ ᠳ᠋ᠤ ᠪᠠᠢᠩᠭᠤ ᠤᠷᠤᠰᠢᠳᠠᠭ ᠠᠰᠠᠭᠤᠳᠠᠯ ᠴᠦᠮ ᠤᠷᠤᠰᠢᠵᠤ ᠪᠠᠢᠵᠠᠢ᠃

ᠡᠨᠡ ᠬᠦ᠌ ᠪᠠᠢᠳᠠᠯ ᠨᠢ ᠤᠢᠷ᠎ᠠ ᠶ᠋ᠢᠨ ᠠᠷᠪᠠᠭᠠᠳ ᠵᠢᠯ ᠳ᠋ᠤ ᠶᠡᠬᠡᠬᠡᠨ ᠬᠤᠪᠢᠷᠠᠯᠳᠠ ᠭᠠᠷᠴᠠᠢ᠃ 2001 ᠤᠨ ᠳ᠋ᠤ ᠭᠡᠷᠡᠯᠳᠦ ᠰᠦᠮ᠎ᠠ ᠲᠤᠰᠬᠤᠨ ᠤ᠋ ᠠᠷᠠᠳ ᠤ᠋ᠨ ᠬᠦᠮᠦᠨ ᠳᠤᠮᠳᠠᠴᠢ ᠶ᠋ᠢᠨ ᠤᠷᠤᠯᠭ᠎ᠠ ᠨᠢ 3650 ᠲᠦᠭᠦᠷᠢᠭ ᠯᠡ ᠪᠠᠢᠪᠠ᠃ ᠤᠳᠤ ᠪᠤᠯᠬᠤ ᠳ᠋ᠤ ᠬᠦᠮᠦᠨ ᠳᠤᠮᠳᠠᠴᠢ ᠶ᠋ᠢᠨ ᠤᠷᠤᠯᠭ᠎ᠠ ᠨᠢ 4 ᠲᠦᠮᠡᠨ ᠲᠦᠭᠦᠷᠢᠭ ᠢ᠋ ᠳᠠᠪᠠᠵᠤ᠂ ᠠᠷᠪᠠᠭᠠᠳ ᠵᠢᠯ ᠳ᠋ᠤ 11 ᠳᠠᠬᠢᠨ ᠨᠡᠮᠡᠭᠳᠡᠭᠰᠡᠨ ᠪᠦᠭᠡᠳ ᠲᠤᠰᠬᠤᠨ ᠤ᠋ ᠬᠠᠮᠳᠤ ᠶ᠋ᠢᠨ ᠠᠵᠤ ᠠᠬᠤᠢ ᠶ᠋ᠢᠨ ᠤᠷᠤᠯᠭ᠎ᠠ ᠨᠢ ᠴᠤ᠌ 112 ᠲᠦᠮᠡᠨ ᠲᠦᠭᠦᠷᠢᠭ ᠢ᠋ ᠳᠠᠪᠠᠨ᠂ ᠭᠡᠷᠡᠯᠳᠦ ᠰᠦᠮ᠎ᠠ ᠲᠤᠰᠬᠤᠨ ᠨᠢᠭᠡᠨᠳᠡ ᠤᠤᠯ ᠤ᠋ᠨ ᠬᠦᠮᠦᠨ ᠤ᠋ ᠠᠩᠬᠠᠷᠤᠯ ᠳ᠋ᠤ ᠤᠷᠤᠮ᠎ᠠ ᠦᠭᠡᠢ ᠡᠩ ᠤ᠋ᠨ ᠲᠠᠷᠢᠶᠠᠯᠠᠬᠤ ᠲᠤᠰᠬᠤᠨ ᠡᠴᠡ ᠦᠪᠦᠷ ᠮᠤᠩᠭᠤᠯ ᠤ᠋ᠨ ᠬᠦᠳᠡᠭᠡ ᠲᠤᠰᠬᠤᠨ ᠢ᠋ ᠬᠦᠭᠵᠢᠭᠦᠯᠦᠨ ᠮᠠᠨᠳᠤᠭᠤᠯᠬᠤ ᠬᠡᠪ ᠳᠠᠭᠤᠷᠢᠶᠠᠯ ᠪᠤᠯᠵᠤ᠂《ᠪᠦᠬᠦ ᠤᠯᠤᠰ ᠤ᠋ᠨ ᠬᠦᠳᠡᠭᠡ ᠲᠤᠰᠬᠤᠨ ᠢ᠋ ᠬᠦᠭᠵᠢᠭᠦᠯᠦᠨ ᠮᠠᠨᠳᠤᠭᠤᠯᠬᠤ ᠵᠢᠱ᠌ᠢᠶ᠎ᠠ ᠦᠵᠡᠭᠦᠯᠬᠦ ᠲᠤᠰᠬᠤᠨ》᠂ 《ᠪᠦᠬᠦ ᠤᠯᠤᠰ ᠤ᠋ᠨ ᠪᠤᠯᠪᠠᠰᠤᠨ ᠲᠤᠰᠬᠤᠨ》 ᠵᠡᠷᠭᠡ 10 ᠭᠠᠷᠤᠢ ᠵᠦᠢᠯ ᠤ᠋ᠨ ᠤᠯᠤᠰ ᠤ᠋ᠨ ᠳᠡᠰ ᠤ᠋ᠨ ᠢᠷᠠᠭᠤ ᠠᠯᠳᠠᠷ ᠢ᠋ ᠬᠦᠷᠳᠡᠭᠰᠡᠨ ᠨᠡᠷᠡᠳᠦ ᠲᠤᠰᠬᠤᠨ ᠪᠤᠯᠤᠭᠰᠠᠨ ᠪᠠᠢᠨ᠎ᠠ᠃

ᠭᠡᠷᠡᠯᠳᠦ ᠰᠦᠮ᠎ᠠ ᠲᠤᠰᠬᠤᠨ ᠤ᠋ ᠡᠢᠨ ᠬᠦ᠌ ᠬᠤᠪᠢᠷᠠᠯᠳᠠ ᠨᠢ 《 1 + 3 + N》 ᠠᠵᠢᠯᠯᠠᠬᠤ ᠰᠢᠰᠲᠧᠮ ᠢ᠋ ᠴᠤᠭᠴᠠᠯᠠᠭᠰᠠᠨ ᠳ᠋ᠤ ᠪᠤᠢ 

《1 + 3 + N》 ᠠᠵᠢᠯᠯᠠᠬᠤ ᠰᠢᠰᠲᠧᠮ ᠭᠡᠳᠡᠭ ᠨᠢ 1 ᠨᠠᠮ ᠤ᠋ᠨ ᠡᠭᠦᠷ ᠡᠴᠡ ᠶᠡᠷᠦᠩᠬᠡᠢᠯᠡᠨ ᠵᠢᠯᠤᠭᠤᠳᠴᠤ᠂ ᠦᠷ᠎ᠠ ᠴᠢᠬᠢ᠂ ᠡᠯᠧᠺᠲᠷᠤᠨ ᠬᠤᠳᠠᠯᠳᠤᠭ᠎ᠠ᠂ ᠲᠠᠷᠢᠶᠠᠯᠠᠩ ᠵᠡᠷᠭᠡ 3 ᠠᠵᠤ ᠦᠢᠯᠡᠰ ᠤ᠋ᠨ ᠬᠦᠭᠵᠢᠯᠳᠡ ᠶ᠋ᠢ ᠵᠡᠷᠭᠡ ᠪᠡᠷ ᠠᠬᠢᠭᠤᠯᠤᠨ᠂ N ᠨᠠᠮ ᠤ᠋ᠨ ᠭᠡᠰᠢᠭᠦᠨ ᠵᠢᠱ᠌ᠢᠶ᠎ᠠ ᠦᠵᠡᠭᠦᠯᠤᠨ ᠳᠠᠢᠴᠢᠯᠠᠵᠤ᠂ ᠵᠤᠬᠢᠶᠠᠨ ᠪᠠᠢᠭᠤᠯᠤᠯᠳᠠ ᠶ᠋ᠢ ᠬᠠᠮᠳᠤ ᠪᠡᠷ ᠴᠤᠭᠴᠠᠯᠠᠬᠤ᠂ ᠴᠢᠳᠠᠪᠤᠷᠢᠳᠠᠨ ᠢ᠋ ᠬᠠᠮᠳᠤ ᠪᠡᠷ ᠬᠦᠮᠦᠵᠢᠭᠦᠯᠬᠦ᠂ ᠡᠬᠢ ᠪᠠᠶᠠᠯᠢᠭ ᠢ᠋ ᠬᠠᠮᠳᠤ ᠪᠡᠷ ᠡᠳ᠋ᠯᠡᠬᠦ ᠪᠡᠷ ᠳᠠᠮᠵᠢᠨ 《ᠵᠤᠬᠢᠶᠠᠨ ᠪᠠᠢᠭᠤᠯᠤᠯᠳᠠ ᠶ᠋ᠢᠨ ᠬᠡᠯᠬᠢᠶ᠎ᠠ᠂ ᠠᠵᠤ ᠦᠢᠯᠡᠰ ᠤ᠋ᠨ ᠬᠡᠯᠬᠢᠶ᠎ᠠ᠂ ᠴᠢᠳᠠᠪᠤᠷᠢᠳᠠᠨ ᠤ᠋ ᠬᠡᠯᠬᠢᠶ᠎ᠠ》 ᠭᠤᠷᠪᠠᠨ ᠬᠡᠯᠬᠢᠶ᠎ᠠ ᠶ᠋ᠢ ᠠᠭᠤᠰᠤᠯᠴᠠᠭᠤᠯᠤᠨ ᠬᠦᠭᠵᠢᠭᠦᠯᠬᠦ ᠶ᠋ᠢ ᠵᠢᠭᠠᠨ᠎ᠠ᠃ ᠡᠭᠦᠨ ᠳ᠋ᠤ ᠭᠡᠷᠡᠯᠳᠦ ᠰᠦᠮ᠎ᠠ ᠲᠤᠰᠬᠤᠨ ᠤ᠋ ᠬᠢᠨ ᠭᠤᠤᠯᠳᠠᠭᠤ ᠦᠷ᠎ᠠ ᠴᠢᠬᠢ ᠪᠤᠢᠵᠢᠭᠤᠯᠬᠤ ᠢᠨᠵᠧᠨᠧᠷᠢᠩ᠂ 《ᠡᠭᠦᠯᠡᠨ ᠳᠡᠭᠡᠷᠡᠬᠢ ᠭᠡᠷᠡᠯᠳᠦ ᠰᠦᠮ᠎ᠠ 》 ᠢᠨᠵᠧᠨᠧᠷᠢᠩ᠂ 《ᠨᠢᠭᠡᠳᠦᠯᠳᠠᠢ ᠲᠠᠷᠢᠵᠤ ᠬᠠᠮᠳᠤ ᠪᠡᠷ ᠪᠠᠶᠠᠵᠢᠬᠤ》 ᠢᠨᠵᠧᠨᠧᠷᠢᠩ ᠵᠡᠷᠭᠡ ᠭᠤᠷᠪᠠᠨ ᠢᠨᠵᠧᠨᠧᠷᠢᠩ ᠢ᠋ ᠡᠷᠴᠢᠮᠳᠠᠢ ᠠᠬᠢᠭᠤᠯᠪᠠ᠃

ᠦᠷ᠎ᠠ ᠴᠢᠬᠢ ᠪᠤᠢᠵᠢᠭᠤᠯᠬᠤ ᠢᠨᠵᠧᠨᠧᠷᠢᠩ ᠳ᠋ᠤ ᠬᠦᠬᠡᠬᠤᠳᠠ ᠶ᠋ᠢᠨ ᠤᠢᠷ᠎ᠠ ᠬᠠᠪᠢ ᠶ᠋ᠢᠨ ᠢᠳᠡᠰᠢᠨ ᠨᠤᠭᠤᠭ᠎ᠠ ᠭᠤᠤᠯᠯᠠᠨ ᠲᠠᠷᠢᠬᠤ ᠤᠷᠤᠨ ᠤ᠋ ᠦᠷ᠎ᠠ ᠴᠢᠬᠢ ᠶ᠋ᠢᠨ ᠬᠠᠩᠭᠠᠯᠭ᠎ᠠ ᠬᠦᠷᠦᠯᠴᠡᠬᠦ ᠦᠭᠡᠢ᠂ ᠭᠠᠳᠠᠨ᠎ᠠ ᠡᠴᠡ ᠤᠷᠤᠭᠤᠯᠬᠤ ᠦᠷ᠎ᠠ ᠴᠢᠬᠢ ᠶ᠋ᠢᠨ ᠡᠪᠡᠳᠴᠢᠨ ᠬᠤᠷᠤᠬᠠᠢ ᠶ᠋ᠢᠨ ᠬᠦᠨᠦᠭᠡᠯ ᠤ᠋ᠨ ᠲᠦᠭᠰᠢᠭᠦᠷᠢ ᠶᠡᠬᠡ ᠵᠡᠷᠭᠡ ᠲᠤᠪᠤᠢᠮ᠎ᠠ ᠠᠰᠠᠭᠤᠳᠠᠯ ᠳ᠋ᠤ ᠴᠢᠭᠯᠡᠭᠦᠯᠵᠤ᠂ ᠲᠤᠰᠬᠤᠨ ᠤ᠋ ᠪᠠᠨ ᠤᠯᠠᠮᠵᠢᠯᠠᠯᠳᠤ ᠲᠦᠬᠦᠭᠡᠷᠦᠮᠵᠢᠳᠤ ᠲᠠᠷᠢᠶᠠᠯᠠᠩ ᠤ᠋ᠨ ᠳᠠᠪᠠᠭᠤᠯᠢᠭ ᠲᠠᠭᠠᠨ ᠰᠠᠭᠤᠷᠢᠯᠠᠨ᠂ ᠮᠧᠩ ᠮᠢᠶᠤᠤ ᠴᠢᠬᠢ ᠪᠤᠢᠵᠢᠭᠤᠯᠬᠤ ᠺᠤᠮᠫᠠᠨᠢ ᠶ᠋ᠢ ᠤᠷᠤᠭᠤᠯᠤᠨ ᠠᠪᠴᠢᠷᠠᠵᠤ᠂  《ᠲᠤᠰᠬᠤᠨ ᠠᠵᠤ ᠠᠬᠤᠢᠯᠠᠯ ᠬᠠᠮᠳᠤᠷᠠᠨ ᠠᠵᠢᠯᠯᠠᠬᠤ》 ᠵᠠᠭᠪᠤᠷ ᠶ᠋ᠢᠡᠷ ᠦᠪᠡᠰᠦᠪᠡᠨ ᠴᠢᠬᠢ ᠪᠤᠢᠵᠢᠭᠤᠯᠬᠤ ᠠᠵᠢᠯᠯᠠᠭ᠎ᠠ ᠦᠷᠨᠢᠭᠦᠯᠦᠨ᠂ ᠡᠷᠴᠢᠮᠵᠢᠭᠰᠡᠨ ᠪᠦᠭᠡᠳ ᠲᠦᠭᠰᠢᠭᠦᠷᠢ ᠪᠠᠭᠠᠳᠠᠢ ᠢᠳᠡᠰᠢᠨ ᠨᠤᠭᠤᠭ᠎ᠠ ᠶ᠋ᠢᠨ ᠦᠷ᠎ᠠ ᠴᠢᠬᠢ ᠬᠠᠩᠭᠠᠬᠤ ᠰᠢᠰᠲᠧᠮ ᠢ᠋ ᠠᠮᠵᠢᠯᠳᠠ ᠲᠠᠢ ᠪᠠᠢᠭᠤᠯᠪᠠ᠃ ᠤᠳᠤ ᠲᠤᠰ ᠲᠤᠰᠬᠤᠨ ᠵᠢᠯ ᠤ᠋ᠨ 5000 ᠲᠦᠮᠡ ᠭᠠᠷᠤᠢ ᠰᠠᠭᠤᠷᠢ ᠦᠷ᠎ᠠ ᠴᠢᠬᠢ ᠪᠤᠢᠵᠢᠭᠤᠯᠬᠤ ᠴᠢᠳᠠᠪᠤᠷᠢ ᠲᠠᠢ ᠪᠤᠯᠵᠤ᠂ ᠬᠦᠬᠡᠬᠤᠳᠠ ᠡᠴᠡ ᠭᠠᠳᠠᠨ᠎ᠠ ᠤᠷᠳᠤᠰ ᠬᠤᠳᠠ᠂ ᠱᠠᠨ ᠰᠢ ᠮᠤᠵᠢ᠂ ᠵᠧᠵᠢᠶᠠᠩ ᠮᠤᠵᠢ ᠵᠡᠷᠭᠡ ᠭᠠᠵᠠᠷ ᠲᠤ᠌ ᠪᠤᠷᠤᠯᠠᠭᠤᠯᠤᠨ᠂ ᠲᠤᠰᠬᠤᠨ ᠤ᠋ ᠪᠡᠨ 30 ᠭᠠᠷᠤᠢ ᠠᠷᠠᠳ ᠲᠤ᠌ ᠳᠤᠭᠳᠠᠪᠤᠷᠢᠳᠠᠢ ᠠᠵᠢᠯ ᠤᠯᠭᠤᠵᠤ ᠪᠠᠢᠨ᠎ᠠ᠃

《 ᠡᠭᠦᠯᠡᠨ ᠳᠡᠭᠡᠷᠡᠬᠢ ᠭᠡᠷᠡᠯᠳᠦ ᠰᠦᠮ᠎ᠠ 》 ᠢᠨᠵᠧᠨᠧᠷᠢᠩ ᠳ᠋ᠤ ᠵᠢᠨ ᠱᠧᠩ ᠵᠠᠮ ᠤ᠋ᠨ ᠵᠠᠮ ᠬᠠᠷᠢᠯᠴᠠᠭᠠᠨ ᠤ᠋ ᠭᠦᠢᠰᠦ ᠱᠤᠭᠤᠮ ᠤ᠋ᠨ ᠳᠠᠪᠠᠭᠤᠯᠢᠭ ᠢ᠋ ᠭᠦᠢᠴᠡᠳ ᠪᠠᠳᠠᠷᠠᠭᠤᠯᠤᠨ᠂ ᠤᠮᠠᠷᠠᠳᠦ ᠶ᠋ᠢᠨ ᠡᠭᠦᠯᠡᠨ ᠬᠦᠮᠦᠷᠭᠡ ᠡᠯᠧᠺᠲᠷᠤᠨ ᠬᠤᠳᠠᠯᠳᠤᠭᠠᠨ ᠤ᠋ ᠶᠠᠪᠤᠳᠠᠯ ᠤ᠋ᠨ ᠺᠤᠮᠫᠠᠨᠢ ᠶ᠋ᠢ ᠪᠠᠢᠭᠤᠯᠵᠤ᠂ ᠬᠦᠬᠡᠬᠤᠳᠠ ᠶ᠋ᠢᠨ ᠰᠠᠢᠬᠠᠨ ᠲᠤᠭᠤᠷᠢᠭ ᠤ᠋ᠨ ᠠᠩᠬᠠᠳᠠᠭᠴᠢ ᠡᠯᠧᠺᠲᠷᠤᠨ ᠬᠤᠳᠠᠯᠳᠤᠭ᠎ᠠ᠂ ᠡᠳ᠋ ᠪᠠᠷᠠᠭᠠᠨ ᠤ᠋ ᠭᠦᠢᠯᠭᠡᠭᠡ᠂ ᠰᠠᠩ ᠬᠦᠮᠦᠷᠭᠡ ᠶ᠋ᠢᠨ ᠴᠢᠳᠠᠮᠵᠢ ᠶ᠋ᠢ ᠴᠦᠮ ᠬᠠᠮᠤᠷᠤᠭᠰᠠᠨ ᠬᠦᠳᠡᠭᠡ ᠲᠤᠰᠬᠤᠨ ᠤ᠋ ᠡᠯᠧᠺᠲᠷᠤᠨ ᠬᠤᠳᠠᠯᠳᠤᠭᠠᠨ ᠤ᠋ ᠳᠠᠪᠴᠠᠩ ᠢ᠋ ᠴᠤᠭᠴᠠᠯᠠᠨ᠂ ᠦᠪᠦᠷ ᠮᠤᠩᠭᠤᠯ ᠤ᠋ᠨ ᠤᠨᠴᠠᠯᠢᠭᠳᠦ ᠮᠠᠯ ᠤ᠋ᠨ ᠠᠰᠢᠭ ᠰᠢᠮ᠎ᠠ ᠲᠠᠷᠢᠶᠠᠯᠠᠩ ᠤ᠋ᠨ ᠪᠦᠲᠦᠭᠡᠭᠳᠡᠭᠦᠨ ᠢ᠋ ᠰᠦᠯᠵᠢᠶ᠎ᠠ ᠪᠡᠷ ᠪᠤᠷᠤᠯᠠᠭᠤᠯᠵᠤ᠂ ᠤᠯᠠᠮᠵᠢᠯᠠᠯᠳᠤ ᠪᠤᠷᠤᠯᠠᠭᠤᠯᠭ᠎ᠠ ᠶ᠋ᠢᠨ ᠠᠷᠭ᠎ᠠ ᠵᠠᠮ ᠡᠴᠡ ᠬᠤᠯᠠ ᠳᠠᠪᠠᠭᠰᠠᠨ ᠠᠵᠤ ᠠᠬᠤᠢ ᠶ᠋ᠢᠨ ᠦᠷᠳᠡᠭ ᠢ᠋ ᠡᠭᠦᠳᠴᠠᠢ᠃ ᠤᠳᠤ ᠲᠤᠰ ᠺᠤᠮᠫᠠᠨᠢ ᠨᠢ 5000 ᠳᠡᠭᠰᠢ ᠳᠦᠷᠪᠡᠯᠵᠢᠨ ᠮᠧᠲᠷ ᠤ᠋ᠨ ᠲᠠᠯᠠᠪᠠᠢ ᠪᠦᠬᠦᠢ ᠰᠠᠩ ᠬᠦᠮᠦᠷᠭᠡ ᠪᠠ ᠦᠢᠯᠡᠳᠪᠤᠷᠢ ᠶ᠋ᠢᠨ ᠲᠠᠰᠤᠭ ᠲᠠᠢ ᠪᠤᠯᠵᠤ᠂ ᠲᠤᠰᠬᠤᠨ ᠤ᠋ ᠪᠡᠨ 50 ᠭᠠᠷᠤᠢ ᠠᠷᠠᠳ ᠲᠤ᠌ ᠠᠵᠢᠯ ᠤᠯᠭᠤᠬᠤ ᠶ᠋ᠢᠨ ᠬᠠᠮᠳᠤ ᠰᠦᠯᠵᠢᠶ᠎ᠠ ᠪᠡᠷ ᠰᠢᠭᠤᠳ ᠨᠡᠪᠳᠡᠷᠡᠭᠦᠯᠭᠡ ᠬᠢᠬᠦ ᠵᠡᠷᠭᠡ ᠠᠷᠭ᠎ᠠ ᠪᠡᠷ ᠭᠡᠷᠡᠯᠳᠦ ᠰᠦᠮ᠎ᠠ ᠲᠤᠰᠬᠤᠨ ᠵᠢᠴᠢ ᠤᠢᠷ᠎ᠠ ᠬᠠᠪᠢ ᠶ᠋ᠢᠨ ᠲᠤᠰᠬᠤᠨ ᠤ᠋ ᠲᠠᠷᠢᠶᠠᠯᠠᠩ ᠤ᠋ᠨ ᠪᠦᠲᠦᠭᠡᠭᠳᠡᠭᠦᠨ ᠢ᠋ ᠡᠭᠦᠯᠡᠨ ᠳᠠᠪᠴᠠᠩ ᠶ᠋ᠢᠡᠷ ᠪᠦᠬᠦ ᠤᠯᠤᠰ ᠤ᠋ᠨ ᠡᠯ᠎ᠠ ᠭᠠᠵᠠᠷ ᠲᠤ᠌ ᠪᠤᠷᠤᠯᠠᠭᠤᠯᠤᠨ᠂ ᠰᠠᠷ᠎ᠠ ᠳᠤᠮᠳᠠᠴᠢ ᠪᠡᠷ 10 ᠲᠦᠮᠡ ᠭᠠᠷᠤᠢ ᠲᠦᠭᠦᠷᠢᠭ ᠤ᠋ᠨ ᠪᠤᠷᠤᠯᠠᠭᠤᠯᠭ᠎ᠠ ᠶ᠋ᠢᠨ ᠤᠷᠤᠯᠭ᠎ᠠ ᠡᠭᠦᠳᠴᠤ᠂ ᠰᠢᠭᠤᠳ ᠨᠡᠪᠳᠡᠷᠡᠭᠦᠯᠭᠡ ᠪᠡᠷ ᠪᠤᠷᠤᠯᠠᠭᠤᠯᠬᠤ — ᠪᠤᠭᠤᠳᠠᠯᠯᠠᠬᠤ — ᠳᠦᠷᠭᠡᠨ ᠬᠦᠷᠭᠡᠯᠳᠡ ᠪᠡᠷ ᠵᠦᠭᠡᠭᠡᠪᠤᠷᠢᠯᠡᠬᠦ ᠪᠤᠯᠳᠠᠯᠠᠬᠢ ᠬᠡᠯᠬᠢᠶᠡᠵᠢᠭᠰᠡᠨ ᠬᠦᠭᠵᠢᠯᠳᠡ ᠶ᠋ᠢᠨ ᠵᠠᠭᠪᠤᠷ ᠢ᠋ ᠪᠦᠷᠢᠯᠳᠦᠭᠦᠯᠦᠭᠰᠡᠨ ᠪᠠᠢᠨ᠎ᠠ᠃

《ᠨᠢᠭᠡᠳᠦᠯᠳᠠᠢ ᠲᠠᠷᠢᠵᠤ ᠬᠠᠮᠳᠤ ᠪᠡᠷ ᠪᠠᠶᠠᠵᠢᠬᠤ 》 ᠢᠨᠵᠧᠨᠧᠷᠢᠩ ᠪᠤᠯ ᠢᠳᠡᠷ ᠵᠠᠯᠠᠭᠤ ᠬᠦᠮᠦᠰ ᠬᠦᠳᠡᠭᠡ ᠨᠤᠳᠤᠭ ᠡᠴᠡ ᠰᠠᠯᠵᠤ ᠂ ᠦᠯᠡᠳᠡᠵᠦ ᠬᠤᠴᠤᠷᠤᠭᠰᠠᠨ ᠦᠳᠡᠭᠦᠰ ᠨᠠᠰᠤᠳᠠᠢᠴᠤᠳ ᠨᠢ ᠲᠠᠷᠢᠶᠠᠨ ᠠᠵᠢᠯ ᠬᠢᠵᠦ ᠳᠡᠢᠯᠬᠦ ᠦᠭᠡᠢ ᠪᠤᠯᠵᠤ ᠪᠠᠢᠭ᠎ᠠ ᠪᠠᠢᠳᠠᠯ ᠳ᠋ᠤ ᠴᠢᠭᠯᠡᠭᠦᠯᠦᠭᠰᠠᠨ ᠢᠨᠵᠧᠨᠧᠷᠢᠩ ᠪᠠᠢᠵᠤ᠂ ᠲᠤᠰᠬᠤᠨ ᠤ᠋ ᠨᠠᠮ ᠤ᠋ᠨ ᠡᠭᠦᠷ ᠡᠴᠡ ᠲᠤᠰᠬᠤᠨ ᠤ᠋ ᠭᠠᠵᠠᠷ ᠲᠠᠷᠢᠶᠠᠨ ᠤ᠋ ᠡᠬᠢ ᠪᠠᠶᠠᠯᠢᠭ ᠢ᠋ ᠨᠡᠢᠳᠭᠡᠬᠦ ᠪᠡᠷ ᠳᠠᠮᠵᠢᠨ᠂ ᠲᠦᠯᠦᠪᠵᠢᠭᠦᠯᠬᠦ᠂ ᠲᠠᠷᠢᠬᠤ ᠪᠠ ᠪᠤᠷᠤᠯᠠᠭᠤᠯᠬᠤ 《ᠭᠤᠷᠪᠠ ᠶ᠋ᠢ ᠨᠢᠭᠡᠳᠦᠯᠳᠠᠢ ᠪᠤᠯᠭᠠᠬᠤ》 ᠳᠤᠭᠳᠠᠴᠠ ᠶ᠋ᠢ ᠪᠠᠢᠭᠤᠯᠤᠨ᠂ ᠤᠯᠠᠮᠵᠢᠯᠠᠯᠳᠤ ᠲᠠᠷᠢᠶᠠᠯᠠᠩ ᠤ᠋ᠨ ᠬᠡᠪᠴᠢᠶᠡᠵᠢᠭᠰᠡᠨ ᠡᠷᠴᠢᠮᠵᠢᠭᠰᠡᠨ ᠪᠠᠷᠢᠮᠵᠢᠶᠠᠵᠢᠭᠰᠠᠨ ᠳᠡᠢᠰᠢ ᠬᠡᠯᠪᠡᠷᠢ ᠪᠡᠨ ᠬᠤᠪᠢᠷᠠᠭᠤᠯᠤᠨ ᠬᠦᠭᠵᠢᠬᠦ ᠶ᠋ᠢ ᠠᠬᠢᠭᠤᠯᠪᠠ᠃ ᠲᠤᠰ ᠢᠨᠵᠧᠨᠧᠷᠢᠩ ᠢ᠋ ᠬᠡᠷᠡᠭᠵᠢᠭᠦᠯᠦᠭᠰᠡᠨ ᠶ᠋ᠢᠡᠷ᠂ ᠡᠨᠡ ᠵᠢᠯ ᠭᠡᠷᠡᠯᠳᠦ ᠰᠦᠮ᠎ᠠ ᠲᠤᠰᠬᠤᠨ ᠤ᠋ ᠬᠠᠮᠳᠤ ᠶ᠋ᠢᠨ ᠠᠵᠤ ᠠᠬᠤᠢ ᠶ᠋ᠢᠨ ᠤᠷᠤᠯᠭ᠎ᠠ 400 ᠲᠦᠮᠡᠨ ᠲᠦᠭᠦᠷᠢᠭ ᠢ᠋ ᠳᠠᠪᠠᠵᠤ᠂ ᠬᠠᠮᠳᠤ ᠶ᠋ᠢᠨ ᠠᠵᠤ ᠠᠬᠤᠢ ᠶ᠋ᠢᠨ ᠬᠤᠷᠰᠢᠶ᠎ᠠ ᠡᠴᠡ ᠲᠤᠰᠬᠤᠨ ᠤ᠋ ᠠᠷᠠᠳ ᠲᠠᠭᠠᠨ 175 ᠲᠦᠮᠡ ᠭᠠᠷᠤᠢ ᠲᠦᠭᠦᠷᠢᠭ ᠤ᠋ᠨ ᠠᠰᠢᠭ ᠬᠤᠪᠢᠶᠠᠬᠤ ᠪᠤᠯᠤᠨ᠎ᠠ ᠭᠡᠵᠤ ᠵᠢᠱ᠌ᠢᠵᠦ ᠪᠠᠢᠨ᠎ᠠ᠃

ᠭᠡᠷᠡᠯᠳᠦ ᠰᠦᠮ᠎ᠠ ᠲᠤᠰᠬᠤᠨ ᠤ᠋ ᠡᠢᠨ ᠬᠦ᠌ ᠬᠤᠪᠢᠷᠠᠯᠳᠠ ᠨᠢ ᠴᠢᠳᠠᠪᠤᠷᠢᠳᠠᠨ ᠭᠡᠬᠦ ᠵᠠᠩᠬᠢᠯᠠᠭ᠎ᠠ ᠶ᠋ᠢ ᠰᠠᠢᠳᠦᠷ ᠠᠳᠭᠤᠭᠰᠠᠨ ᠳ᠋ᠤ ᠪᠤᠢ 

ᠭᠡᠷᠡᠯᠳᠦ ᠰᠦᠮ᠎ᠠ ᠲᠤᠰᠬᠤᠨ ᠤ᠋ ᠢᠳᠡᠰᠢᠨ ᠨᠤᠭᠤᠭ᠎ᠠ ᠶ᠋ᠢᠨ ᠬᠦᠯᠡᠮᠵᠢ ᠳ᠋ᠤ ᠤᠷᠤᠪᠠᠯ᠂ ᠲᠤᠰᠬᠤᠨ ᠤ᠋ ᠠᠷᠠᠳ ᠶᠠᠭ ᠢᠳᠡᠰᠢᠨ ᠨᠤᠭᠤᠭ᠎ᠠ ᠪᠡᠨ ᠲᠡᠭᠦᠵᠦ ᠪᠠᠢᠯ᠎ᠠ᠃ 《ᠤᠳᠤ ᠢᠳᠡᠰᠢᠨ ᠨᠤᠭᠤᠭ᠎ᠠ ᠲᠠᠷᠢᠬᠤ ᠴᠢᠨᠢ ᠴᠤᠬᠤᠮ ᠠᠮᠠᠷᠬᠠᠨ ᠪᠤᠯᠵᠠᠢ᠂ ᠭᠠᠷ ᠤᠳᠠᠰᠤ ᠪᠡᠨ ᠳᠤᠶᠢᠪᠠᠯ ᠬᠦᠯᠡᠮᠵᠢ ᠶ᠋ᠢᠨ ᠴᠢᠬᠢᠭ ᠤ᠋ᠨ ᠬᠡᠮᠵᠢᠶ᠎ᠠ ᠪᠠ ᠳᠤᠯᠠᠭᠠᠨ ᠤ᠋ ᠬᠡᠮᠵᠢᠶ᠎ᠠ ᠶ᠋ᠢ ᠳᠤᠬᠢᠷᠠᠭᠤᠯᠴᠢᠬᠠᠨ᠎ᠠ᠃ ᠬᠤᠷᠰᠢᠶ᠎ᠠ ᠡᠴᠡ ᠪᠠᠰᠠ ᠦᠷ᠎ᠠ ᠴᠢᠬᠢ ᠪᠠ ᠮᠡᠷᠭᠡᠵᠢᠯ ᠤ᠋ᠨ ᠵᠢᠯᠤᠭᠤᠳᠤᠮᠵᠢ ᠬᠠᠩᠭᠠᠳᠠᠭ 》 ᠭᠡᠵᠦ ᠲᠤᠰᠬᠤᠨ ᠤ᠋ ᠠᠷᠠᠳ ᠶᠠᠷᠢᠨ᠎ᠠ᠃

2015 ᠤᠨ ᠳ᠋ᠤ ᠭᠡᠷᠡᠯᠳᠦ ᠰᠦᠮ᠎ᠠ ᠲᠤᠰᠬᠤᠨ ᠤ᠋ ᠨᠠᠮ ᠤ᠋ᠨ ᠡᠭᠦᠷ ᠤ᠋ᠨ ᠱᠦᠵᠢ ᠭᠤᠤ ᠡᠯ ᠵᠦᠩ ᠲᠤᠰᠬᠠᠢᠯᠠᠨ ᠨᠢᠩᠰᠢᠶᠠ ᠳ᠋ᠤ ᠬᠦᠷᠴᠤ ᠢᠳᠡᠰᠢᠨ ᠨᠤᠭᠤᠭ᠎ᠠ ᠶ᠋ᠢᠨ ᠴᠢᠬᠢ ᠪᠤᠢᠵᠢᠭᠤᠯᠬᠤ ᠲᠤᠰᠬᠠᠢ ᠮᠡᠷᠭᠡᠵᠢᠯᠳᠡᠨ ᠼᠤᠤ ᠫᠧᠩ ᠢ᠋ ᠲᠤᠰᠬᠤᠨ ᠳ᠋ᠠᠭᠠᠨ ᠤᠷᠢᠵᠤ ᠠᠪᠴᠢᠷᠠᠭᠰᠠᠨ ᠶᠤᠮ᠃ ᠠᠩᠬ᠎ᠠ ᠡᠬᠢᠨ ᠳ᠋ᠡᠭᠡᠨ ᠲᠤᠰᠬᠤᠨ ᠡᠴᠡ ᠼᠤᠤ ᠫᠧᠩ ᠳ᠋ᠤ ᠢᠳᠡᠰᠢᠨ ᠨᠤᠭᠤᠭ᠎ᠠ ᠶ᠋ᠢᠨ ᠴᠢᠬᠢ ᠪᠤᠢᠵᠢᠭᠤᠯᠬᠤ ᠬᠤᠶᠠᠷ ᠬᠦᠯᠡᠮᠵᠢ ᠶ᠋ᠢ ᠦᠨ᠎ᠠ ᠲᠦᠯᠦᠪᠤᠷᠢ ᠦᠭᠡᠢ ᠪᠡᠷ ᠬᠡᠷᠡᠭᠯᠡᠭᠦᠯᠦᠭᠰᠡᠨ ᠮᠦᠷᠳᠡᠭᠡᠨ ᠤᠰᠤ ᠴᠠᠬᠢᠯᠭᠠᠨ ᠢ᠋ ᠴᠤ᠌ ᠰᠢᠢᠳᠪᠤᠷᠢᠯᠡᠵᠦ ᠦᠭᠴᠠᠢ᠃ 2018 ᠤᠨ ᠳ᠋ᠤ ᠼᠤᠤ ᠫᠧᠩ ᠦᠪᠦᠷ ᠮᠤᠩᠭᠤᠯ ᠤ᠋ᠨ ᠮᠧᠩ ᠮᠢᠶᠤᠤ ᠲᠠᠷᠢᠶᠠᠯᠠᠩ ᠤ᠋ᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠬᠢᠵᠠᠭᠠᠷᠳᠦ ᠺᠤᠮᠫᠠᠨᠢ ᠶ᠋ᠢ ᠳᠠᠩᠰᠠᠯᠠᠭᠤᠯᠵᠤ᠂ ᠭᠡᠷᠡᠯᠳᠦ ᠰᠦᠮ᠎ᠠ ᠲᠤᠰᠬᠤᠨ ᠤ᠋ ᠦᠷ᠎ᠠ ᠴᠢᠬᠢ ᠪᠤᠢᠵᠢᠭᠤᠯᠬᠤ ᠢᠨᠵᠧᠨᠧᠷᠢᠩ ᠤ᠋ᠨ ᠴᠢᠬᠤᠯᠠ ᠲᠤᠯᠭᠠᠭᠤᠷᠢᠯᠠᠯ ᠪᠤᠯᠵᠠᠢ᠃ ᠲᠤᠰ ᠺᠤᠮᠫᠠᠨᠢ ᠨᠢ ᠶᠡᠬᠡ ᠳᠡᠭᠡᠳᠦ ᠰᠤᠷᠭᠠᠭᠤᠯᠢ ᠲᠠᠢ ᠬᠠᠮᠳᠤᠷᠠᠨ ᠠᠵᠢᠯᠯᠠᠬᠤ ᠠᠷᠭ᠎ᠠ ᠪᠡᠷ 48 ᠲᠦᠷᠦᠯ ᠤ᠋ᠨ 150 ᠭᠠᠷᠤᠢ ᠵᠦᠢᠯ ᠤ᠋ᠨ ᠵᠢᠮᠢᠰ ᠢᠳᠡᠰᠢᠨ ᠨᠤᠭᠤᠭ᠎ᠠ ᠶ᠋ᠢᠨ ᠡᠭᠦᠯᠳᠡᠷ ᠢ᠋ ᠪᠤᠢᠵᠢᠭᠤᠯᠵᠤ᠂ ᠭᠡᠷᠡᠯᠳᠦ ᠰᠦᠮ᠎ᠠ ᠲᠤᠰᠬᠤᠨ ᠤ᠋ ᠬᠡᠷᠡᠭᠴᠡᠭᠡ ᠪᠡᠨ ᠬᠠᠩᠭᠠᠵᠤ ᠪᠠᠢᠬᠤ ᠪᠡᠷ ᠪᠠᠷᠠᠬᠤ ᠦᠭᠡᠢ ᠤᠢᠷ᠎ᠠ ᠲᠤᠭᠤᠷᠢᠨ ᠤ᠋ 200 ᠺᠢᠯᠤᠮᠧᠲᠷ ᠤ᠋ᠨ ᠬᠡᠪᠴᠢᠶᠠᠨ ᠳ᠋ᠡᠬᠢ ᠲᠠᠷᠢᠮᠠᠯ ᠤ᠋ᠨ ᠡᠷᠦᠬᠡ ᠶ᠋ᠢ ᠳᠠᠢᠴᠢᠯᠠᠨ ᠤᠷᠤᠯᠭ᠎ᠠ ᠶ᠋ᠢ ᠨᠢ ᠨᠡᠮᠡᠭᠳᠡᠭᠦᠯᠪᠠ᠃

ᠭᠡᠷᠡᠯᠳᠦ ᠰᠦᠮ᠎ᠠ ᠲᠤᠰᠬᠤᠨ ᠤ᠋ ᠪᠠᠷᠠᠭᠤᠨ ᠵᠠᠬ᠎ᠠ ᠶ᠋ᠢᠨ 《 ᠤᠮᠠᠷᠠᠳᠦ ᠶ᠋ᠢᠨ ᠡᠭᠦᠯᠡᠨ ᠬᠦᠮᠦᠷᠭᠡ》 ᠡᠯᠧᠺᠲᠷᠤᠨ ᠬᠤᠳᠠᠯᠳᠤᠭᠠᠨ ᠤ᠋ ᠰᠠᠭᠤᠷᠢᠨ ᠳ᠋ᠤ ᠬᠦᠷᠪᠡᠯ᠂ 60 ᠭᠠᠷᠤᠢ ᠬᠦᠮᠦᠨ ᠶᠠᠭᠠᠷᠠᠯᠲᠠᠢ ᠪᠡᠷ ᠡᠳ᠋ ᠪᠠᠷᠠᠭ᠎ᠠ ᠪᠡᠨ ᠢᠯᠭᠠᠵᠤ ᠲᠢᠭᠯᠡᠵᠦ ᠪᠠᠢᠯ᠎ᠠ᠃ 《 ᠨᠢᠳᠤᠨᠤᠨ ᠤ᠋ 〈ᠬᠤᠤᠰ 11〉 ᠶ᠋ᠢᠨ ᠬᠤᠭᠤᠴᠠᠭᠠᠨ ᠳ᠋ᠤ ᠡᠳᠦᠷ ᠤ᠋ᠨ 3 ᠲᠦᠮᠡᠨ ᠬᠤᠪᠢ ᠪᠠᠷᠠᠭ᠎ᠠ ᠢᠯᠡᠭᠡᠵᠠᠢ》 ᠭᠡᠵᠦ 《ᠤᠮᠠᠷᠠᠳᠦ ᠶ᠋ᠢᠨ ᠡᠭᠦᠯᠡᠨ ᠬᠦᠮᠦᠷᠭᠡ》 ᠶ᠋ᠢ ᠡᠭᠦᠰᠭᠡᠨ ᠪᠠᠢᠭᠤᠯᠤᠭᠴᠢ ᠭᠤᠤ ᠢᠤᠢ ᠲᠠᠨᠢᠯᠴᠠᠭᠤᠯᠤᠨ᠎ᠠ᠃

ᠭᠤᠤ ᠢᠤᠢ ᠪᠤᠯ 2019 ᠤᠨ ᠳ᠋ᠤ ᠭᠡᠷᠡᠯᠳᠦ ᠰᠦᠮ᠎ᠠ ᠲᠤᠰᠬᠤᠨ ᠤ᠋ ᠨᠠᠮ ᠤ᠋ᠨ ᠡᠭᠦᠷ ᠤ᠋ᠨ ᠤᠷᠢᠶᠠᠯᠠᠭ᠎ᠠ ᠪᠡᠷ ᠨᠤᠳᠤᠭ ᠲᠠᠭᠠᠨ  ᠪᠤᠴᠠᠵᠤ ᠦᠢᠯᠡᠰ ᠪᠤᠰᠬᠠᠭᠰᠠᠨ ᠤᠶᠤᠳᠠᠨ ᠪᠤᠯᠤᠨ᠎ᠠ᠃ ᠲᠡᠭᠦᠨ ᠤ᠋ ᠡᠭᠦᠰᠭᠡᠨ ᠪᠠᠢᠭᠤᠯᠤᠭᠰᠠᠨ ᠡᠯᠧᠺᠲᠷᠤᠨ ᠬᠤᠳᠠᠯᠳᠤᠭᠠᠨ ᠤ᠋ ᠰᠠᠭᠤᠷᠢᠨ ᠨᠢ ᠲᠤᠰᠬᠤᠨ ᠤ᠋ ᠠᠷᠠᠳ ᠲᠠᠭᠠᠨ ᠰᠠᠷ᠎ᠠ ᠳᠤᠮᠳᠠᠴᠢ ᠪᠡᠷ 4500 ᠲᠦᠭᠦᠷᠢᠭ ᠤ᠋ᠨ ᠴᠠᠯᠢᠩ ᠤᠯᠭᠤᠵᠤ ᠪᠠᠢᠨ᠎ᠠ ᠁

ᠤᠢᠷ᠎ᠠ ᠶ᠋ᠢᠨ ᠵᠢᠯ ᠳ᠋ᠤ ᠭᠡᠷᠡᠯᠳᠦ ᠰᠦᠮ᠎ᠠ ᠲᠤᠰᠬᠤᠨ ᠤ᠋ ᠨᠠᠮ ᠤ᠋ᠨ ᠡᠭᠦᠷ ᠤ᠋ᠨ ᠬᠢᠨ ᠨᠤᠳᠤᠭ ᠤ᠋ᠨ ᠴᠢᠳᠠᠪᠤᠷᠢᠳᠠᠨ ᠤ᠋ ᠦᠢᠯᠡᠳᠦᠯ ᠢ᠋ ᠭᠦᠢᠴᠡᠳ ᠪᠠᠳᠠᠷᠠᠭᠤᠯᠬᠤ᠂ ᠶᠡᠬᠡ ᠰᠤᠷᠭᠠᠭᠤᠯᠢ ᠶ᠋ᠢᠨ ᠤᠶᠤᠳᠠᠨ ᠢ᠋ ᠤᠷᠢᠨ ᠠᠪᠴᠢᠷᠠᠬᠤ ᠂ ᠰᠢᠨ᠎ᠠ ᠬᠡᠯᠪᠡᠷᠢ ᠶ᠋ᠢᠨ ᠲᠠᠷᠢᠶᠠᠴᠢᠨ ᠢ᠋ ᠬᠦᠮᠦᠵᠢᠭᠦᠯᠬᠦ ᠵᠡᠷᠭᠡ ᠤᠯᠠᠨ ᠵᠦᠢᠯ ᠤ᠋ᠨ ᠠᠷᠭ᠎ᠠ ᠪᠡᠷ ᠡᠯ᠎ᠠ ᠵᠦᠢᠯ ᠤ᠋ᠨ ᠴᠢᠳᠠᠪᠤᠷᠢᠳᠠᠨ ᠢ᠋ ᠲᠤᠰᠬᠤᠨ ᠶ᠋ᠢᠡᠨ ᠬᠦᠭᠵᠢᠭᠦᠯᠦᠨ ᠮᠠᠨᠳᠤᠭᠤᠯᠬᠤ ᠦᠢᠯᠡᠰ ᠲᠤ᠌ ᠭᠦᠢᠴᠡᠳ ᠤᠷᠤᠯᠴᠠᠭᠤᠯᠤᠭᠰᠠᠨ ᠶ᠋ᠢᠡᠷ ᠤᠳᠤ ᠪᠦᠬᠦ ᠲᠤᠰᠬᠤᠨ ᠳ᠋ᠤ 56 ᠤᠨᠴᠠᠯᠢᠭᠳᠦ ᠲᠠᠷᠢᠮᠠᠯ ᠤ᠋ᠨ ᠵᠢᠱ᠌ᠢᠶ᠎ᠠ ᠦᠵᠡᠭᠦᠯᠬᠦ ᠡᠷᠦᠬᠡ᠂ 23 ᠡᠯᠧᠺᠲᠷᠤᠨ ᠬᠤᠳᠠᠯᠳᠤᠭᠠᠨ ᠤ᠋ ᠤᠷ᠎ᠠ ᠠᠪᠢᠶᠠᠰᠳᠠᠨ ᠲᠠᠢ ᠪᠤᠯᠵᠤ᠂ ᠲᠤᠰᠬᠤᠨ ᠤ᠋ ᠦᠷᠭᠦᠯᠵᠢᠯᠡᠬᠦ ᠬᠦᠭᠵᠢᠯᠳᠡ ᠳ᠋ᠤ ᠴᠢᠩᠭ᠎ᠠ ᠡᠷᠴᠢᠮᠳᠠᠢ ᠬᠦᠳᠡᠯᠭᠡᠬᠦ ᠬᠦᠴᠦᠨ ᠨᠡᠮᠡᠷᠢᠯᠡᠪᠠ᠃

ᠭᠡᠷᠡᠯᠳᠦ ᠰᠦᠮ᠎ᠠ ᠲᠤᠰᠬᠤᠨ ᠤ᠋ ᠡᠢᠨ ᠬᠦ᠌ ᠬᠤᠪᠢᠷᠠᠯᠳᠠ ᠨᠢ 《ᠵᠦᠷᠢᠶᠡᠴᠢᠯᠡᠭᠰᠡᠨ ᠬᠦᠭᠵᠢᠯᠳᠡ ᠶ᠋ᠢ ᠰᠦᠪᠡᠭᠴᠢᠯᠡᠬᠦ》 ᠰᠡᠳᠬᠢᠮᠵᠢ ᠳ᠋ᠤ ᠪᠤᠢ 

ᠭᠡᠷᠡᠯᠳᠦ ᠰᠦᠮ᠎ᠠ ᠲᠤᠰᠬᠤᠨ 《ᠤᠷᠤᠨ ᠨᠤᠳᠤᠭ ᠤ᠋ᠨ ᠪᠠᠢᠳᠠᠯ ᠳ᠋ᠠᠭᠠᠨ ᠵᠤᠬᠢᠴᠠᠭᠤᠯᠤᠨ ᠨᠠᠷᠢᠯᠢᠭ ᠤᠨᠤᠴᠠᠳᠠᠢ ᠪᠡᠷ ᠪᠠᠢᠷᠢ ᠳᠤᠭᠳᠠᠭᠠᠯᠳᠠ ᠬᠢᠵᠤ᠂ ᠵᠦᠷᠢᠶᠡᠴᠢᠯᠡᠭᠰᠡᠨ ᠬᠦᠭᠵᠢᠯᠳᠡ ᠶ᠋ᠢ ᠰᠦᠪᠡᠭᠴᠢᠯᠡᠬᠦ》 ᠰᠡᠳᠬᠢᠮᠵᠢ ᠪᠡᠷ ᠵᠠᠬ᠎ᠠ ᠳᠡᠯᠭᠡᠭᠦᠷ ᠤ᠋ᠨ ᠬᠡᠷᠡᠭᠴᠡᠭᠡ ᠶ᠋ᠢ ᠨᠠᠷᠢᠨ ᠤᠨᠤᠴᠠᠳᠠᠢ ᠡᠵᠡᠮᠳᠡᠨ᠂ ᠦᠷ᠎ᠠ ᠴᠢᠬᠢ ᠶ᠋ᠢᠨ ᠠᠵᠤ ᠦᠢᠯᠡᠰ ᠢ᠋ ᠬᠦᠭᠵᠢᠭᠦᠯᠵᠦ᠂ ᠤᠷᠤᠨ ᠪᠦᠰᠡ ᠶ᠋ᠢᠨ ᠠᠵᠤ ᠠᠬᠤᠢ ᠶ᠋ᠢᠨ ᠬᠦᠭᠵᠢᠯᠳᠡ ᠶ᠋ᠢᠨ ᠬᠤᠭᠤᠰᠤᠨ ᠢ᠋ ᠨᠦᠬᠦᠪᠤᠷᠢᠯᠡᠭᠰᠡᠨ ᠪᠠᠢᠨ᠎ᠠ᠃ ᠲᠡᠳᠡ ᠨᠢᠭᠡ ᠲᠠᠯ᠎ᠠ ᠪᠡᠷ ᠡᠯᠧᠺᠲᠷᠤᠨ ᠬᠤᠳᠠᠯᠳᠤᠭᠠᠨ ᠤ᠋ ᠦᠢᠯᠡᠰ ᠢ᠋ ᠬᠦᠭᠵᠢᠭᠦᠯᠵᠦ᠂ ᠨᠦᠭᠦᠭᠡ ᠲᠠᠯ᠎ᠠ ᠪᠡᠷ ᠲᠦᠬᠦᠭᠡᠷᠦᠮᠵᠢᠳᠦ ᠲᠠᠷᠢᠶᠠᠯᠠᠩ ᠢ᠋ ᠬᠦᠭᠵᠢᠭᠦᠯᠦᠨ᠂ ᠤᠳᠤᠬᠢᠴᠢᠯᠠᠭᠰᠠᠨ ᠲᠦᠬᠦᠭᠡᠷᠦᠮᠵᠢ ᠶ᠋ᠢ ᠲᠦᠭᠡᠮᠡᠯᠵᠢᠭᠦᠯᠦᠭᠰᠡᠨ ᠨᠤᠷᠮ᠎ᠠ ᠶ᠋ᠢ ᠦᠩᠭᠡᠷᠡᠭᠰᠡᠨ ᠤ᠋ 30% ᠡᠴᠡ 85% ᠪᠤᠯᠳᠠᠯ᠎ᠠ ᠳᠡᠭᠡᠭᠰᠢᠯᠡᠭᠦᠯᠪᠡ᠃ ᠲᠡᠭᠦᠨᠴᠢᠯᠡᠨ 《 ᠤᠷᠤᠨ ᠪᠦᠰᠡ ᠶ᠋ᠢᠨ ᠳᠠᠪᠠᠭᠤᠯᠢᠭ + ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤ᠋ᠨ ᠲᠤᠯᠭᠠᠭᠤᠷᠢᠯᠠᠯ + ᠵᠠᠬ᠎ᠠ ᠳᠡᠯᠭᠡᠭᠦᠷ ᠤ᠋ᠨ ᠬᠡᠷᠡᠭᠴᠡᠭᠡ》 ᠬᠡᠯᠪᠡᠷᠢ ᠶ᠋ᠢᠨ ᠬᠦᠭᠵᠢᠯᠳᠡ ᠶ᠋ᠢᠨ ᠪᠠᠢᠷᠢ ᠳᠤᠭᠳᠠᠭᠠᠯᠳᠠ ᠨᠢ ᠨᠢᠭᠡᠳᠦᠭᠡᠷ ᠬᠤᠶᠠᠳᠤᠭᠠᠷ ᠭᠤᠷᠪᠠᠳᠤᠭᠠᠷ ᠠᠵᠤ ᠦᠢᠯᠡᠰ ᠤ᠋ᠨ ᠠᠭᠤᠰᠤᠯᠴᠠᠯ ᠤ᠋ᠨ ᠨᠤᠷᠮ᠎ᠠ ᠶ᠋ᠢ 67% ᠳ᠋ᠤ ᠬᠦᠷᠭᠡᠵᠦ᠂ ᠢᠵᠢᠯ ᠴᠢᠨᠠᠷ ᠤ᠋ᠨ ᠦᠷᠢᠰᠦᠯᠳᠦᠭᠡᠨ ᠤ᠋ ᠲᠦᠭᠰᠢᠭᠦᠷᠢ ᠡᠴᠡ ᠪᠦᠲᠦᠮᠵᠢᠳᠠᠢ ᠵᠠᠢᠯᠠᠰᠬᠢᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号