ᠪᠠᠶᠠᠨᠨᠠᠭᠤᠷ ᠬᠣᠲᠠ᠎ᠶ᠋ᠢᠨ 《 ᠮᠤᠨᠠ ᠠᠭᠤᠯᠠ᠎ᠵᠢ ᠲᠤᠭᠤᠯᠬᠤ 》 ᠬᠤᠪᠢ᠎ᠶ᠋ᠢᠨ ᠲᠡᠷᠭᠡ᠎ᠪᠡᠷ ᠵᠢᠭᠤᠯᠴᠢᠯᠠᠬᠤ ᠲᠦᠷᠦᠯ ᠲᠡᠮᠳᠡᠭ ᠣᠯᠠᠨ ᠤᠯᠤᠰ᠎ᠤ᠋ᠨ ᠱᠠᠩᠨᠠᠯ᠎ᠢ ᠬᠦᠷᠲᠡᠵᠡᠢ
2025-09-16 11:46:29
ᠵᠣᠬᠢᠶᠠᠭ᠍ᠴᠢ᠄
ᠲᠡᠭᠦᠰᠪᠢᠯᠢᠭ
ᠣᠩᠱᠢᠭ᠍ᠰᠠᠨ ᠣᠳᠠᠭ᠎ᠠ᠄
★★★☆☆

ᠰᠤᠷᠪᠤᠯᠵᠢᠯᠠᠭᠴᠢ ᠪᠠᠶᠠᠨᠨᠠᠭᠤᠷ ᠬᠣᠲᠠ᠎ᠶ᠋ᠢᠨ ᠰᠣᠶᠣᠯ ᠵᠢᠭᠤᠯᠴᠢᠯᠠᠯ ᠷᠠᠳᠢᠣ᠋ ᠲᠧᠯᠸᠢᠰ᠎ᠦ᠋ᠨ ᠲᠣᠪᠴᠢᠶ᠎ᠠ ᠡᠴᠡ ᠣᠢᠯᠠᠭᠠᠭᠰᠠᠨ᠎ᠢ᠋ᠶ᠋ᠠᠷ᠂︽ᠮᠤᠨᠠ ᠠᠭᠤᠯᠠ᠎ᠵᠢ ᠲᠤᠭᠤᠯᠬᠤ︾ᠬᠤᠪᠢ᠎ᠶ᠋ᠢᠨ ᠲᠡᠷᠭᠡ᠎ᠪᠡᠷ ᠵᠢᠭᠤᠯᠴᠢᠯᠠᠬᠤ ᠲᠦᠷᠦᠯ ᠲᠡᠮᠳᠡᠭ ᠤᠢᠷ᠎ᠠ᠎ᠳᠤ IAI ᠣᠯᠠᠨ ᠤᠯᠤᠰ᠎ᠤ᠋ᠨ ᠵᠢᠭᠤᠯᠴᠢᠯᠠᠯ᠎ᠤ᠋ᠨ ᠱᠠᠩᠨᠠᠯ᠎ᠤᠨ ᠰᠢᠯᠢᠳᠡᠭ ᠱᠠᠩᠨᠠᠯ᠎ᠢ᠋ ᠬᠦᠷᠲᠡᠵᠡᠢ᠂ ᠡᠨᠡ ᠬᠦ᠌ ᠢᠷᠠᠭᠤ ᠠᠯᠳᠠᠷ ᠨᠢ ᠪᠠᠶᠠᠨᠨᠠᠭᠤᠷ᠎ᠤ᠋ᠨ ᠰᠣᠶᠣᠯ ᠵᠢᠭᠤᠯᠴᠢᠯᠠᠯ᠎ᠤ᠋ᠨ ᠡᠬᠢ ᠪᠠᠶᠠᠯᠢᠭ᠎ᠢ᠋ ᠳᠡᠭᠡᠳᠦ ᠬᠡᠮᠵᠢᠶ᠎ᠡ᠎ᠪᠡᠷ ᠮᠡᠳᠡᠷᠡᠭᠰᠡᠨ ᠶᠠᠪᠤᠳᠠᠯ ᠪᠤᠯᠬᠤ ᠪᠡᠷ ᠦᠯᠦ ᠪᠠᠷᠠᠨ᠂ ᠨᠡᠩ᠎ᠴᠤ︽ᠮᠤᠨᠠ ᠠᠭᠤᠯᠠ᠎ᠵᠢ ᠲᠤᠭᠤᠯᠬᠤ︾ᠬᠤᠪᠢ᠎ᠶ᠋ᠢᠨ ᠲᠡᠷᠭᠡ᠎ᠪᠡᠷ ᠵᠢᠭᠤᠯᠴᠢᠯᠠᠬᠤ ᠵᠠᠮ ᠱᠤᠭᠤᠮ᠎ᠤ᠋ᠨ ᠳᠡᠯᠡᠬᠡᠢ᠎ᠶ᠋ᠢᠨ ᠰᠢᠯᠢᠳᠡᠭ ᠰᠣᠶᠣᠯ ᠵᠢᠭᠤᠯᠴᠢᠯᠠᠯ᠎ᠤ᠋ᠨ ᠲᠥᠷᠥᠯ ᠵᠦᠢᠯ ᠲᠠᠢ ᠮᠦᠷᠦ ᠵᠡᠷᠭᠡᠴᠡᠭᠰᠡᠨ ᠰᠢᠯᠢᠳᠡᠭ ᠴᠢᠨᠠᠷ ᠴᠢᠨᠰᠠᠭ᠎ᠠ ᠪᠠ ᠦᠨ᠎ᠡ ᠴᠠᠨ᠎ᠠ᠎ᠵᠢ ᠬᠠᠷᠠᠭᠤᠯᠵᠠᠢ᠃

︽ᠮᠤᠨᠠ ᠠᠭᠤᠯᠠ᠎ᠵᠢ ᠲᠤᠭᠤᠯᠬᠤ︾ᠪᠤᠯ ᠪᠠᠶᠠᠨᠨᠠᠭᠤᠷ ᠬᠣᠲᠠ᠎ᠶ᠋ᠢᠨ ᠭᠤᠤᠯᠳᠠᠯᠭ᠎ᠠ ᠲᠠᠢ ᠴᠤᠭᠴᠠᠯᠠᠭᠰᠠᠨ ᠬᠤᠪᠢ᠎ᠶ᠋ᠢᠨ ᠲᠡᠷᠭᠡ᠎ᠪᠡᠷ ᠵᠢᠭᠤᠯᠴᠢᠯᠠᠬᠤ ᠲᠦᠷᠦᠯ ᠲᠡᠮᠳᠡᠭ ᠪᠣᠯᠤᠭᠰᠠᠨ᠎ᠤ᠋ ᠬᠤᠪᠢ᠎ᠳ᠋ᠤ᠌᠂ ᠮᠤᠨᠠ ᠠᠭᠤᠯᠠ ᠨᠢᠷᠤᠭᠤ᠎ᠶ᠋ᠢᠨ ᠰᠦᠷᠯᠢᠭ ᠠᠭᠤᠳᠠᠮ ᠪᠠᠢᠭᠠᠯᠢ ᠬᠢᠭᠡᠳ ᠬᠥᠮᠦᠨ ᠨᠡᠢᠭᠡᠮ᠎ᠦ᠋ᠨ ᠦᠨᠳᠦᠰᠦ ᠰᠤᠷᠪᠤᠯᠵᠢ᠎ᠪᠠᠷ ᠭᠣᠣᠯ ᠪᠣᠯᠭᠠᠵᠤ᠂ ᠤᠯᠠᠭᠠᠨᠪᠤᠬ᠎ᠠ ᠡᠯᠡᠰᠦᠨ ᠴᠦᠯ᠎ᠤᠨ ᠨᠡᠯᠦᠭᠡᠷ ᠶᠡᠬᠡ ᠡᠯᠡᠰᠦ ᠮᠠᠩᠬ᠎ᠠ᠂ ᠤᠯᠠᠭᠠᠨᠰᠤᠬᠠᠢ ᠨᠠᠭᠤᠷ᠎ᠤ᠋ᠨ ᠭᠣᠶᠣ ᠦᠵᠡᠮᠵᠢ᠂ ᠤᠷᠠᠳ᠎ᠤ᠋ᠨ ᠲᠠᠯ᠎ᠠ ᠨᠤᠲᠤᠭ᠎ᠤ᠋ᠨ ᠥᠷᠭᠡᠨ ᠠᠭᠤᠳᠠᠮ ᠵᠡᠷᠭᠡ ᠣᠯᠠᠨ ᠶᠠᠩᠵᠤ᠎ᠶ᠋ᠢᠨ ᠥᠪᠡᠷᠮᠢᠴᠡ ᠰᠣᠶᠣᠯ ᠵᠢᠭᠤᠯᠴᠢᠯᠠᠯ᠎ᠤ᠋ᠨ ᠡᠬᠢ ᠪᠠᠶᠠᠯᠢᠭ᠎ᠢ᠋ ᠬᠤᠯᠪᠤᠭᠰᠠᠨ ᠪᠠᠢᠳᠠᠭ᠃ ᠬᠤᠪᠢ᠎ᠶ᠋ᠢᠨ ᠲᠡᠷᠭᠡ᠎ᠪᠡᠷ ᠵᠢᠭᠤᠯᠴᠢᠯᠠᠬᠤ ᠵᠠᠮ ᠵᠠᠭᠤᠷ᠎ᠠ᠂ ᠮᠤᠨᠠ ᠠᠭᠤᠯᠠ᠎ᠶ᠋ᠢᠨ ᠭᠦᠨ᠎ᠳ᠋ᠦ᠍ ᠬᠦᠷᠴᠦ᠂ ᠴᠢᠨ ᠬᠠᠨ ᠤᠯᠤᠰ᠎ᠤ᠋ᠨ ᠡᠷᠲᠡᠨ᠎ᠦ᠌ ᠤᠷᠲᠤ ᠴᠠᠭᠠᠨ ᠬᠡᠷᠡᠮ ᠵᠡᠷᠭᠡ ᠲᠡᠦᠬᠡ᠎ᠶ᠋ᠢᠨ ᠦᠯᠡᠳᠡᠭᠳᠡᠯ᠎ᠢ᠋ ᠬᠠᠢᠨ ᠰᠦᠪᠡᠭᠴᠢᠯᠡᠵᠦ᠂ ᠣᠨ ᠵᠢᠯ᠎ᠦ᠋ᠨ ᠬᠤᠪᠢᠷᠠᠯᠲᠠ᠎ᠶ᠋ᠢ ᠣᠢᠯᠠᠭᠠᠵᠤ ᠪᠤᠯᠬᠤ ᠪᠡᠷ ᠪᠠᠷᠠᠬᠤ ᠦᠭᠡᠢ᠂ ᠪᠠᠰᠠ ᠡᠯᠡᠰᠦ ᠮᠠᠩᠬᠠᠨ᠎ᠳ᠋ᠤ᠌ ᠵᠢᠷᠭᠠᠬᠤ ᠨᠠᠷᠠ᠂ ᠨᠢᠰᠤᠨ ᠪᠦᠵᠢᠭᠯᠡᠬᠦ ᠨᠡᠭᠦᠳᠡᠯ᠎ᠦ᠋ᠨ ᠰᠢᠪᠠᠭᠤ᠂ ᠬᠠᠯᠢᠭᠤᠷᠠᠬᠤ ᠨᠠᠮᠤᠷ᠎ᠤ᠋ᠨ ᠡᠪᠡᠰᠦ ᠵᠡᠷᠭᠡ ᠪᠠᠢᠭᠠᠯᠢ᠎ᠶ᠋ᠢᠨ ᠦᠵᠡᠮᠵᠢ᠎ᠶ᠋ᠢ ᠰᠤᠨᠢᠷᠬᠠᠵᠤ ᠪᠤᠯᠤᠨ᠎ᠠ᠃ ᠨᠡᠩ ᠢᠯᠠᠩᠭᠤᠶ᠎ᠠ︽ᠰᠡᠳᠬᠢᠯ ᠰᠠᠨᠠᠭ᠎ᠠ ᠪᠠᠨ ᠠᠭᠤᠯᠠ ᠤᠰᠤᠨ᠎ᠳᠤ ᠬᠠᠨᠳᠤᠭᠤᠯᠤᠨ᠂ ᠬᠤᠪᠢ᠎ᠶ᠋ᠢᠨ ᠲᠡᠷᠭᠡ᠎ᠪᠡᠷ ᠪᠠᠶᠠᠨᠨᠠᠭᠤᠷ᠎ᠲᠤ ᠵᠢᠭᠤᠯᠴᠢᠯᠠᠬᠤ︾ᠬᠡᠮᠡᠬᠦ ᠲᠦᠷᠦᠯ ᠲᠡᠮᠳᠡᠭ᠎ᠢ᠋ᠶ᠋ᠡᠷ ᠦᠯᠢᠭᠡᠷ ᠪᠣᠯᠭᠠᠵᠤ᠂ ᠵᠢᠭᠤᠯᠴᠢᠯᠠᠭᠰᠠᠳ᠎ᠲᠤ᠌ ᠲᠡᠦᠬᠡ᠎ᠶ᠋ᠢᠨ ᠡᠬᠢ ᠡᠭᠦᠰᠦᠯ᠎ᠢ᠋ ᠡᠷᠢᠵᠦ᠂ ᠪᠠᠢᠭᠠᠯᠢ᠎ᠶᠢᠨ ᠰᠠᠢᠬᠠᠨ᠎ᠢ ᠰᠤᠨᠢᠷᠬᠠᠵᠤ᠂ ᠭᠦᠨᠵᠡᠭᠡᠢ ᠪᠡᠶᠡᠴᠢᠯᠡᠨ ᠣᠢᠯᠠᠭᠠᠬᠤ ᠵᠡᠷᠭᠡ᠎ᠵᠢ ᠨᠢᠭᠡ ᠴᠤᠭᠴᠠᠵᠢᠭᠤᠯᠤᠭᠰᠠᠨ ᠪᠠᠶᠠᠨᠨᠠᠭᠤᠷ᠎ᠤᠨ ᠬᠤᠪᠢ᠎ᠶ᠋ᠢᠨ ᠲᠡᠷᠭᠡ᠎ᠪᠡᠷ ᠵᠢᠭᠤᠯᠴᠢᠯᠠᠬᠤ ᠲᠦᠰᠦᠪ᠎ᠢ ᠵᠢᠷᠤᠭᠯᠠᠪᠡ᠃ 《ᠮᠤᠨᠠ ᠠᠭᠤᠯᠠ᠎ᠶ᠋ᠢ ᠲᠤᠭᠤᠯᠬᠤ》 ᠨᠢ ᠠᠶᠠᠯᠠᠯ ᠵᠢᠭᠤᠯᠴᠢᠯᠠᠯ᠎ᠤᠨ ᠵᠠᠮ ᠱᠤᠭᠤᠮ ᠲᠡᠳᠦᠢ ᠪᠢᠰᠢ ᠪᠤᠯᠵᠤ᠂ ᠴᠢᠨᠠᠭᠰᠢᠲᠠ ᠤᠮᠠᠷᠠᠲᠤ ᠬᠢᠯᠢ᠎ᠶ᠋ᠢᠨ ᠰᠣᠶᠣᠯ᠎ᠤᠨ ᠭᠠᠢᠬᠠᠮᠰᠢᠬ᠎ᠢ ᠬᠠᠢᠬᠤ ᠲᠦᠯᠬᠢᠭᠦᠷ ᠪᠣᠯᠤᠭᠰᠠᠨ ᠪᠠᠢᠨ᠎ᠠ᠃

ᠣᠢᠯᠠᠭᠠᠭᠰᠠᠨ᠎ᠢ᠋ᠶ᠋ᠠᠷ᠂ IAI ᠣᠯᠠᠨ ᠤᠯᠤᠰ᠎ᠤ᠋ᠨ ᠵᠢᠭᠤᠯᠴᠢᠯᠠᠯ᠎ᠤ᠋ᠨ ᠱᠠᠩᠨᠠᠯ᠎ᠢ 2017 ᠣᠨ᠎ᠳ᠋ᠤ᠌ ᠭᠠᠷᠭᠠᠭᠰᠠᠨ ᠡᠴᠡ ᠨᠡᠭᠠᠰᠢ᠂ ᠵᠢᠭᠤᠯᠴᠢᠯᠠᠯ᠎ᠤ᠋ᠨ ᠡᠵᠡᠩᠨᠡᠯᠲᠠ ᠪᠣᠷᠣᠯᠠᠭᠤᠯᠭ᠎ᠠ ᠵᠢᠨ ᠭᠠᠷᠮᠠᠭᠠᠢ ᠵᠢᠱ᠌ᠢᠶ᠎ᠡ ᠪᠠ ᠰᠢᠨ᠎ᠡ᠎ᠶ᠋ᠢ ᠡᠭᠦᠳᠦᠭᠰᠡᠨ ᠲᠡᠯᠭᠡᠷᠡᠭᠦᠯᠬᠦ ᠠᠷᠭ᠎ᠠ ᠪᠣᠳᠣᠯᠭ᠎ᠠ᠎ᠵᠢ ᠠᠭᠤᠳᠠᠯᠵᠤ᠂ ᠵᠢᠭᠤᠯᠴᠢᠯᠠᠯ᠎ᠤ᠋ᠨ ᠦᠢᠯᠡᠰ᠎ᠦ᠋ᠨ ᠰᠣᠯᠢᠯᠴᠠᠭ᠎ᠠ ᠪᠠ ᠬᠥᠭᠵᠢᠯᠲᠡ᠎ᠶ᠋ᠢ ᠠᠬᠢᠭᠤᠯᠬᠤ ᠪᠡᠷ ᠴᠢᠷᠮᠠᠢᠭᠰᠠᠭᠠᠷ ᠢᠷᠡᠪᠡ᠃ ᠵᠢᠭᠤᠯᠴᠢᠯᠠᠯ᠎ᠤᠨ ᠪᠣᠷᠣᠯᠠᠭᠤᠯᠭ᠎ᠠ᠎ᠶ᠋ᠢᠨ ᠨᠡᠷᠡᠲᠦ ᠱᠠᠩᠨᠠᠯ ᠪᠣᠯᠤᠭᠰᠠᠨ᠎ᠤ᠋ ᠬᠤᠪᠢ᠎ᠳ᠋ᠤ᠌᠂ IAI ᠣᠯᠠᠨ ᠤᠯᠤᠰ᠎ᠤ᠋ᠨ ᠵᠢᠭᠤᠯᠴᠢᠯᠠᠯ᠎ᠤ᠋ᠨ ᠱᠠᠩᠨᠠᠯ ᠵᠢᠭᠤᠯᠴᠢᠯᠠᠯ ᠪᠣᠷᠣᠯᠠᠭᠤᠯᠭ᠎ᠠ᠎ᠶᠢᠨ ᠬᠦᠷᠢᠶᠡᠨ᠎ᠳᠡᠬᠢ ᠦᠢ ᠣᠯᠠᠨ ᠬᠣᠰᠢᠭᠤᠴᠢ ᠪᠤᠯᠤᠨ ᠲᠠᠭᠠᠭᠤᠯᠤᠭᠴᠢ᠎ᠵᠢ ᠴᠤᠭᠯᠠᠷᠠᠭᠤᠯᠵᠤ᠂ ᠠᠵᠢᠯ ᠲᠥᠷᠥᠯ᠎ᠦ᠋ᠨ ᠬᠦᠷᠢᠶᠡᠨ᠎ᠳ᠋ᠡᠬᠢ ᠨᠥᠯᠥᠭᠡᠯᠡᠬᠦ ᠬᠦᠴᠦᠨ ᠪᠦᠬᠦᠢ ᠡᠷᠬᠡ ᠰᠦᠷᠲᠦ ᠱᠠᠩᠨᠠᠯ᠎ᠤᠨ ᠨᠢᠭᠡ ᠪᠣᠯᠵᠠᠢ᠃

IAI ᠣᠯᠠᠨ ᠤᠯᠤᠰ᠎ᠤ᠋ᠨ ᠵᠢᠭᠤᠯᠴᠢᠯᠠᠯ᠎ᠤ᠋ᠨ ᠱᠠᠩᠨᠠᠯ᠎ᠢ᠋ ᠬᠢᠨᠠᠨ ᠲᠣᠭᠲᠠᠭᠠᠬᠤ ᠺᠣᠮᠢᠰ ᠵᠢᠭᠤᠯᠴᠢᠯᠠᠯ᠎ᠤ᠋ᠨ ᠠᠵᠢᠯ ᠲᠥᠷᠥᠯ᠎ᠦ᠋ᠨ ᠲᠤᠰᠬᠠᠢ ᠮᠡᠷᠭᠡᠵᠢᠯᠲᠡᠨ᠂ ᠡᠷᠳᠡᠮᠲᠡᠨ᠂ ᠵᠠᠭᠤᠴᠢᠯᠠᠭᠤᠷ᠎ᠤᠨ ᠠᠵᠢᠯᠲᠠᠨ ᠵᠢᠴᠢ ᠨᠡᠷ᠎ᠡ ᠲᠥᠷᠥ᠎ᠲᠡᠢ ᠲᠡᠯᠭᠡᠷᠡᠭᠦᠯᠦᠨ ᠪᠣᠷᠣᠯᠠᠭᠤᠯᠤᠭᠴᠢ ᠪᠡᠷ ᠪᠦᠷᠢᠯᠳᠦᠵᠦ᠂ ᠰᠢᠯᠭᠠᠨ ᠰᠣᠩᠭᠣᠬᠤ ᠶᠠᠪᠤᠴᠠ᠎ᠶ᠋ᠢᠨ ᠡᠷᠬᠡ ᠰᠦᠷᠲᠦ ᠴᠢᠨᠠᠷ ᠪᠠ ᠭᠤᠤᠯᠴᠢ ᠴᠢᠨᠠᠷ᠎ᠢ᠋ ᠦᠨᠡᠨ ᠬᠦ᠌ ᠪᠠᠲᠤᠯᠠᠪᠠ᠃ ᠪᠦᠲᠦᠭᠡᠯᠴᠢ ᠴᠢᠨᠠᠷ᠂ ᠵᠠᠬ᠎ᠠ ᠳᠡᠯᠭᠡᠭᠦᠷ᠎ᠦ᠋ᠨ ᠨᠥᠯᠥᠭᠡᠯᠡᠬᠦ ᠬᠦᠴᠦᠨ᠂ ᠠᠷᠭ᠎ᠠ ᠪᠣᠳᠣᠯᠭ᠎ᠠ᠂ ᠰᠢᠨ᠎ᠡ᠎ᠶ᠋ᠢ ᠡᠭᠦᠳᠬᠦ ᠴᠢᠨᠠᠷ᠂ ᠤᠯᠠᠮᠵᠢᠯᠠᠨ ᠲᠠᠷᠬᠠᠭᠠᠬᠤ ᠦᠷ᠎ᠡ ᠪᠦᠲᠦᠮᠵᠢ ᠵᠡᠷᠭᠡ ᠣᠯᠠᠨ ᠬᠡᠮᠵᠢᠯᠲᠦ ᠲᠠᠯ᠎ᠠ᠎ᠡᠴᠡ ᠤᠷᠤᠯᠳᠤᠭᠠᠨ᠎ᠳ᠋ᠤ᠌ ᠣᠷᠣᠯᠴᠠᠭᠰᠠᠨ ᠪᠦᠲᠦᠭᠡᠯ᠎ᠦ᠋ᠳ᠎ᠢ᠋ ᠴᠢᠩᠭ᠎ᠠ ᠬᠢᠨᠠᠨ ᠰᠢᠯᠭᠠᠵᠤ᠂ ᠵᠢᠩᠬᠢᠨᠢ ᠰᠢᠯᠢᠳᠡᠭ ᠵᠢᠭᠤᠯᠴᠢᠯᠠᠯ᠎ᠤ᠋ᠨ ᠡᠵᠡᠩᠨᠡᠯᠲᠠ ᠪᠣᠷᠣᠯᠠᠭᠤᠯᠭ᠎ᠠ᠎ᠶ᠋ᠢᠨ ᠬᠡᠷᠡᠭ᠎ᠦ᠋ᠨ ᠵᠢᠱ᠌ᠢᠶ᠎ᠡ᠎ᠶ᠋ᠢ ᠠᠭᠤᠳᠠᠯᠤᠨ ᠭᠠᠷᠭᠠᠬᠤ ᠪᠡᠷ ᠬᠦᠴᠦᠯᠡᠨ ᠴᠢᠷᠮᠠᠢᠭᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号