ᠡᠨᠳᠡ ᠴᠦᠨ ᠴᠢᠦ ᠡᠴᠡ ᠯᠢᠶᠣᠤ ᠤᠯᠤᠰ᠂ ᠠᠯᠲᠠᠨ ᠤᠯᠤᠰ᠂ ᠶᠤᠸᠠᠨ ᠤᠯᠤᠰ ᠬᠦᠷᠲᠡᠯᠡᠬᠢ ᠡᠷᠳᠡᠨ ᠤ᠋ ᠬᠤᠳᠠ ᠵᠢᠨ ᠪᠠᠭᠤᠷᠢ ᠵᠢᠨ ᠭᠠᠢᠬᠠᠮᠱᠢᠭ᠍ᠲᠤ ᠦᠵᠡᠮᠵᠢ ᠪᠠᠢᠵᠤ᠂ ᠬᠣᠲᠠ ᠪᠠᠯᠭᠠᠰᠤᠨ ᠤ᠋ ᠪᠠᠢᠭᠤᠯᠤᠯᠲᠠ 2000 ᠭᠠᠷᠤᠶ ᠵᠢᠯ ᠠᠯᠤᠰᠯᠠᠭ᠍ᠳᠠᠵᠤ᠂ ᠲᠦᠮᠡ ᠭᠠᠷᠤᠶ ᠲᠡᠦᠬᠡ ᠵᠢᠨ ᠳᠤᠷᠠᠰᠭᠠᠯᠲᠤ ᠵᠦᠢᠯᠡᠰ ᠢ᠋ ᠮᠠᠯᠳᠠᠵᠦ ᠭᠠᠷᠭᠠᠭᠰᠠᠨ ᠪᠦᠭᠡᠳ ᠰᠣᠶᠣᠯ ᠤ᠋ᠨ ᠳᠡᠰ ᠳᠠᠷᠠᠭᠠᠯᠠᠯ ᠨᠢ ᠪᠦᠷᠢᠨ ᠪᠦᠲᠦᠨ ᠪᠠᠢᠳᠠᠭ; ᠡᠨᠳᠡ ᠬᠠᠳᠤᠨ ᠭᠣᠣᠯ ᠤ᠋ᠨ ᠬᠣᠢᠲᠤ ᠡᠷᠭᠢ ᠳ᠋ᠡᠬᠢ ᠬᠠᠮᠤᠭ ᠤ᠋ᠨ ᠲᠤᠮᠤ ᠡᠷᠲᠡᠨᠦ ᠬᠤᠳᠠ ᠵᠢᠨ ᠪᠠᠭᠤᠷᠢ (ᠲᠠᠯᠠᠪᠠᠢ ᠨᠢ 4 ᠲᠡᠭ᠌ᠰᠢ ᠳᠥᠷᠪᠡᠯᠵᠢᠨ ᠺᠢᠯᠤᠮᠸᠲᠷ ᠤᠷᠴᠢᠮ) ᠪᠠᠢᠵᠦ᠂ ᠨᠡᠩ ᠴᠤ᠌ ᠵᠦᠩᠶᠤᠸᠠᠨ ᠣᠷᠣᠨ ᠤ᠋ ᠸᠠᠩᠲᠤ ᠲᠦᠷᠦ᠍ ᠵᠢᠨ ᠬᠢᠯᠢ ᠬᠢᠵᠠᠭᠠᠷ ᠤ᠋ᠨ ᠵᠠᠰᠠᠯᠲᠠ ᠵᠢᠨ ᠪᠣᠳᠠᠲᠤ ᠵᠢᠱ᠌ᠢᠢᠡ᠂ ᠲᠠᠷᠢᠶᠠᠯᠠᠬᠤ ᠪᠠ ᠨᠡᠭᠦᠳᠡᠯ ᠮᠠᠯᠵᠢᠯ ᠤ᠋ᠨ ᠰᠣᠶᠣᠯ ᠤ᠋ᠨ ᠠᠭᠤᠰᠤᠯᠴᠠᠯ ᠤ᠋ᠨ ᠠᠴᠢᠶᠠᠯᠠᠪᠤᠷᠢ ᠪᠤᠢ — ᠡᠨᠡ ᠪᠤᠯ ᠳᠠᠷᠤᠢ ᠲᠠᠪᠤᠳᠤᠭᠠᠷ ᠪᠦᠯᠦᠭᠦᠨ ᠪᠦᠬᠦ᠌ ᠤᠯᠤᠰ ᠤ᠋ᠨ ᠭᠣᠣᠯᠳᠠᠯᠭᠠᠲᠠᠶ ᠲᠡᠦᠬᠡ ᠵᠢᠨ ᠳᠤᠷᠠᠰᠭᠠᠯᠲᠤ ᠵᠦᠢᠯᠡᠰᠦᠨ ᠬᠠᠮᠠᠭᠠᠯᠠᠯᠲᠠ ᠵᠢᠨ ᠨᠢᠭᠡᠴᠢ ᠪᠣᠯᠬᠤ 《ᠬᠣᠷᠢᠨᠭᠡᠷᠦᠨ ᠲᠦ ᠴᠸᠩ ᠽᠢ ᠵᠢᠨ ᠪᠠᠭᠤᠷᠢ》 ᠪᠣᠯᠤᠨ᠎ᠠ᠃
ᠮᠢᠩᠭᠠᠨ ᠣᠨ ᠤ᠋ ᠬᠣᠲᠠ ᠵᠢᠨ ᠴᠠᠭ ᠵᠠᠢᠴᠠ ᠵᠢᠨ ᠪᠠᠢᠷᠢᠱᠢᠯ
ᠬᠠᠳᠤᠨ ᠭᠣᠣᠯ ᠤ᠋ᠨ ᠶᠡᠬᠡ ᠳᠤᠬᠤᠢ ᠵᠢᠨ ᠵᠡᠭᠦᠨ ᠬᠣᠢᠲᠤ ᠥᠨᠴᠥᠭ᠂ ᠮᠤᠨᠢ ᠠᠭᠤᠯᠠ ᠵᠢᠨ ᠡᠮᠦᠨ᠎ᠡ ᠬᠣᠷᠮᠣᠢ᠂ ᠬᠥᠬᠡᠬᠣᠲᠠ ᠵᠢᠨ ᠲᠤᠭᠤᠷᠢᠭᠠᠴᠠ 38 ᠺᠢᠯᠤᠮᠸᠲᠷ ᠵᠠᠢᠲᠠᠢ ᠭᠠᠵᠠᠷ ᠲᠣ᠌᠂ 4 ᠲᠡᠭ᠌ᠰᠢ ᠳᠥᠷᠪᠡᠯᠵᠢᠨ ᠺᠢᠯᠤᠮᠸᠲᠷ ᠤᠷᠴᠢᠮ ᠤ᠋ᠨ ᠡᠮᠬᠢ ᠵᠢᠷᠤᠮ ᠦᠭᠡᠢ ᠡᠷᠲᠡᠨᠦ ᠬᠤᠳᠠ ᠵᠢᠨ ᠪᠠᠭᠤᠷᠢ ᠲᠡᠨᠳᠡ ᠪᠡᠨ ᠰᠡᠯᠡᠬᠦᠭᠡᠨ ᠪᠠᠢᠷᠢᠰᠢᠨᠠ᠃ ᠪᠠᠭᠤᠷᠢᠵᠢᠨ ᠶᠡᠬᠡ ᠡᠭᠦᠳᠡᠨ ᠤ᠋ ᠭᠠᠳᠠᠨᠠᠬᠢ 10.5 ᠮᠸᠲᠷ ᠤᠷᠳᠤ ᠦᠵᠡᠮᠵᠢ ᠵᠢᠨ ᠴᠢᠯᠠᠭᠤ ᠨᠢ ᠲᠡᠬᠦᠨ ᠤ᠋ 《ᠪᠡᠶ᠎ᠡ ᠵᠢᠨ ᠭᠠᠷᠤᠯ》 ᠤ᠋ᠨ ᠶᠡᠷᠦ ᠪᠤᠰᠦ ᠵᠢ ᠢᠯᠡᠷᠡᠬᠦᠯᠵᠦ᠂ ᠳᠡᠭᠡᠷ᠎ᠡ ᠨᠢ 《ᠬᠣᠷᠢᠨᠭᠡᠷᠦᠨ ᠲᠦ ᠴᠸᠩ ᠽᠢ ᠤᠯᠤᠰ ᠤ᠋ᠨ ᠬᠠᠭᠤᠴᠢ ᠰᠤᠳᠤᠯᠤᠯ ᠤ᠋ᠨ ᠪᠠᠭᠤᠷᠢ ᠵᠢᠨ ᠴᠡᠴᠡᠷᠯᠢᠭ》 ᠭᠡᠮᠡᠬᠦ ᠬᠡᠳᠦᠨ ᠲᠤᠮᠤ ᠦᠰᠦᠭ ᠢ᠋ ᠰᠡᠢᠯᠦᠭᠰᠡᠨ ᠪᠠᠢᠨ᠎ᠠ᠃ ᠬᠤᠷᠢᠨᠭᠡᠷ ᠰᠢᠶᠠᠨ ᠤ᠋ ᠰᠤᠶᠤᠯ ᠵᠢᠭᠤᠯᠴᠢᠯᠠᠯ ᠪᠡᠶ᠎ᠡ ᠵᠢᠨ ᠲᠠᠮᠢᠷ ᠤ᠋ᠨ ᠲᠤᠪᠴᠢᠶ᠎ᠠ ᠵᠢᠨ ᠠᠵᠢᠯᠳᠠᠨ ᠤ᠋ ᠳᠠᠭᠠᠭᠤᠯᠭ᠎ᠠ ᠪᠡᠷ᠂ ᠱᠧᠩ ᠯᠸ ᠮᠦᠽᠧᠢ ᠵᠢᠨ ᠦᠵᠡᠮᠵᠢ ᠵᠢᠨ ᠲᠠᠢᠰᠠᠨ᠎ᠠ ᠭᠠᠷᠴᠦ ᠬᠠᠷᠠᠬᠤᠶ᠎ᠠ᠂ ᠠᠭᠤᠳᠠᠮᠬᠠᠨ ᠲᠠᠷᠢᠶᠠᠨ ᠳᠤᠮᠳᠠ ᠬᠦᠨᠳᠡᠯᠡᠨ ᠭᠤᠯᠳᠦ ᠬᠡᠳᠦᠨ ᠵᠤᠷᠪᠤᠰ ᠬᠦᠳᠦᠢᠵᠦ᠂ ᠤᠭᠳᠠᠷᠭᠤᠢ ᠡᠴᠡ ᠦᠩᠭᠡᠢᠨ ᠬᠠᠷᠠᠬᠤ ᠳ᠋ᠦ ᠳᠤᠬᠢᠭᠤᠷ ᠳᠤᠯᠤᠭᠠᠨ ᠤᠳᠤᠨ ᠬᠡᠯᠪᠡᠷᠢ ᠲᠠᠢ ᠬᠠᠷᠠᠭᠳᠠᠨ᠎ᠠ᠃
ᠪᠠᠭᠤᠷᠢ ᠵᠢᠨ ᠠᠵᠢᠯᠳᠤ 27 ᠵᠢᠯ ᠬᠤᠪᠢᠳᠠᠵᠤ ᠣᠷᠣᠯᠴᠠᠭ᠍ᠰᠠᠨ ᠮᠡᠷᠭᠡᠵᠢᠯᠦᠨ ᠠᠵᠢᠯᠴᠢᠨ ᠴᠢᠶᠣᠤ ᠵᠢᠨ ᠬᠦᠶ᠄ 《ᠪᠠᠭᠤᠷᠢ ᠵᠢ ᠪᠠᠷᠠᠭᠤᠨ ᠬᠣᠲᠠ᠂ ᠡᠮᠦᠨ᠎ᠡ ᠬᠣᠲᠠ᠂ ᠬᠣᠢᠲᠤ ᠬᠣᠲᠠ᠂ ᠳᠤᠮᠳᠠ ᠬᠣᠲᠠ ᠭᠡᠵᠦ᠍ ᠬᠤᠪᠢᠶᠠᠨ᠎ᠠ᠂ ᠪᠠᠷᠠᠭᠤᠨ ᠬᠣᠲᠠ ᠪᠣᠯ ᠴᠦᠨ ᠴᠢᠦ᠍ ᠵᠢᠨ ᠦᠯᠡᠳᠡᠭ᠌ᠳᠡᠯ ᠪᠣᠯᠤᠨ᠎ᠠ; ᠡᠮᠦᠨ᠎ᠡ ᠬᠣᠲᠠᠳᠤ ᠴᠦᠨ ᠴᠢᠦ ᠡᠴᠡ ᠤᠮᠠᠷᠠᠲᠤ ᠸᠧᠶ ᠤᠯᠤᠰ ᠬᠦᠷᠲᠡᠯᠡᠬᠢ ᠦᠯᠡᠳᠡᠭ᠌ᠳᠡᠯ ᠪᠤᠶ; ᠬᠤᠢᠳᠦ ᠬᠣᠲᠠ ᠨᠢ ᠰᠦᠶ ᠤᠯᠤᠰ ᠲᠠᠩ ᠤᠯᠤᠰ ᠵᠢᠡᠷ ᠭᠣᠣᠯᠯᠠᠵᠦ ᠪᠠᠢᠪᠠ; ᠳᠤᠮᠳᠠ ᠬᠣᠲᠠᠳᠤ ᠪᠠᠢᠯᠳᠤᠭᠠᠨᠲᠤ ᠤᠯᠤᠰᠠᠴᠠ ᠶᠤᠸᠠᠨ ᠤᠯᠤᠰ ᠬᠦᠷᠳᠡᠯᠡᠬᠢ ᠦᠶ᠎ᠡ ᠵᠢᠨ ᠦᠯᠡᠳᠡᠭ᠌ᠳᠡᠯ ᠢ᠋ ᠪᠠᠭ᠍ᠲᠠᠭᠠᠨᠠ᠃ ᠬᠣᠲᠠ ᠵᠢᠨ ᠬᠡᠷᠡᠮᠦᠨ ᠦᠯᠡᠳᠡᠭ᠌ᠳᠡᠯ ᠥᠨᠳᠥᠷ ᠨᠢ 0.5 ᠮᠧᠲ᠋ᠷᠡᠴᠡ 10 ᠮᠧᠲ᠋ᠷ ᠪᠠᠢᠵᠤ᠂ ᠵᠡᠭᠦᠨ᠂ ᠬᠣᠢᠲᠤ᠂ ᠪᠠᠷᠠᠭᠤᠨ ᠭᠤᠷᠪᠠᠨ ᠲᠠᠯᠠᠳᠤᠨᠢ ᠬᠣᠲᠠ ᠵᠢᠨ ᠡᠭᠦᠳᠡ ᠪᠠ ᠬᠠᠯᠬᠠᠭ᠎ᠠ ᠬᠤᠳᠠ ᠲᠠᠢ》 ᠭᠡᠵᠤ ᠲᠠᠨᠢᠯᠴᠠᠭᠤᠯᠵᠤ ᠭᠠᠷᠤᠯ᠎ᠠ᠃
ᠬᠣᠢᠲᠤ ᠬᠣᠲᠠ ᠵᠢᠨ ᠵᠡᠭᠦᠨ ᠡᠭᠦᠳᠡᠨ ᠳ᠋ᠦ 《ᠪᠥᠬᠥ᠌ ᠤᠯᠤᠰ ᠤ᠋ᠨ ᠭᠤᠤᠯᠳᠠᠯᠭᠠᠲᠠᠶ ᠲᠡᠦᠬᠡ ᠵᠢᠨ ᠳᠤᠷᠠᠰᠭᠠᠯᠲᠤ ᠵᠦᠶ᠋ᠯᠡᠰᠦᠨ ᠬᠠᠮᠠᠭᠠᠯᠠᠯᠲᠠ ᠵᠢᠨ ᠨᠢᠭᠡᠴᠢ》 ᠭᠡᠬᠦ᠌ ᠴᠢᠯᠠᠭᠤᠨ ᠬᠥᠱᠢᠶᠡ ᠪᠤᠰᠭᠠᠪᠠ (2001 ᠣᠨᠳᠤ ᠲᠥᠷᠥ ᠵᠢᠨ ᠶᠠᠪᠤᠳᠠᠯ ᠤ᠋ᠨ ᠬᠣᠷᠢᠶᠠᠠᠴᠠ ᠨᠡᠢᠲᠡᠯᠡᠵᠦ᠍᠂ 2014 ᠣᠨᠳᠤ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠵᠠᠰᠠᠭ ᠤ᠋ᠨ ᠣᠷᠳᠣᠨᠠᠴᠠ ᠪᠠᠢᠭᠤᠯᠪᠠ)᠃ ᠬᠣᠲᠠ ᠵᠢᠨ ᠬᠡᠷᠡᠮ ᠤ᠋ᠨ ᠦᠯᠡᠳᠡᠭᠳᠡᠯ ᠢ᠋ ᠳᠠᠭᠠᠵᠦ ᠬᠣᠢᠰᠢ ᠵᠠᠮᠨᠠᠬᠤᠶᠠ᠂ ᠬᠤᠶᠠᠷ ᠬᠠᠢᠯᠠᠰᠤᠨ ᠮᠤᠳᠤᠨ ᠤ᠋ ᠰᠠᠯᠠᠭ᠎ᠠ ᠨᠠᠮᠠᠭ᠎ᠠ ᠨᠢ ᠢᠭ᠍ᠴᠦ ᠰᠠᠬᠤᠯᠢᠭ᠂ ᠬᠤᠳᠠ ᠵᠢᠨ ᠬᠡᠷᠡᠮ ᠲᠠᠢ ᠨᠢᠭᠡ ᠴᠤᠭᠴᠠ ᠪᠤᠯᠤᠨ ᠨᠡᠢᠯᠡᠭᠰᠡᠨ ᠨᠢ ᠬᠤᠯᠠ ᠡᠴᠡ ᠬᠠᠷᠠᠭᠳᠠᠨ᠎ᠠ᠂ ᠤᠢᠷᠠᠳᠤᠭᠠᠳ ᠦᠵᠡᠬᠦᠶ᠎ᠡ ᠬᠠᠢᠯᠠᠰᠤᠨ ᠮᠤᠳᠦ ᠨᠢᠭᠡ ᠰᠡᠳᠡᠷᠭᠡᠢ ᠵᠢᠨ ᠬᠤᠶᠠᠷ ᠬᠠᠵᠠᠭᠤ ᠵᠢᠨ ᠬᠤᠳᠠ ᠵᠢᠨ ᠬᠡᠷᠡᠮ ᠳ᠋ᠦ ᠬᠦᠨ ᠦᠨᠳᠦᠰᠦᠯᠡᠭᠰᠡᠨ ᠪᠠᠢᠪᠠ᠃ ᠬᠤᠶᠠᠷ ᠬᠠᠢᠯᠠᠰᠤᠨ ᠮᠤᠳᠦ ᠶᠠᠭ ᠯᠠ ᠬᠠᠭᠠᠯᠭ᠎ᠠ ᠰᠠᠬᠢᠭᠴᠢ ᠰᠢᠭ᠋ ᠵᠢᠡᠷ ᠲᠦ ᠴᠸᠩ ᠽᠢ ᠵᠢᠨ ᠮᠢᠩᠭᠠᠨ ᠣᠨ ᠤ᠋ ᠨᠢᠭᠤᠴᠠ ᠵᠢ ᠵᠡᠬᠦᠨ ᠪᠠᠷᠠᠭᠤᠨ ᠬᠤᠶᠠᠷ ᠲᠠᠯ᠎ᠠ ᠡᠴᠡ ᠨᠢ ᠬᠠᠮᠠᠭᠠᠯᠠᠨ᠎ᠠ᠃ ᠰᠡᠲᠡᠷᠬᠡᠶᠪᠡᠷ ᠥᠩᠭᠡᠷᠡᠵᠦ᠍ ᠬᠠᠭᠤᠴᠢ ᠰᠤᠳᠤᠯᠤᠯ ᠤ᠋ᠨ ᠪᠠᠭᠤᠷᠢ ᠵᠢᠨ ᠴᠡᠴᠡᠷᠯᠢᠭ ᠤ᠋ᠨ ᠤᠩᠭᠤᠨ ᠤ᠋ ᠬᠠᠭᠤᠴᠢ ᠰᠤᠳᠤᠯᠤᠯ ᠤ᠋ᠨ ᠴᠡᠴᠡᠷᠯᠢᠭ ᠤ᠋ᠨ ᠲᠤᠭᠤᠷᠢᠭ ᠲᠣ᠌ ᠣᠷᠣᠬᠤᠶ᠎ᠠ᠂ ᠨᠤᠭᠤᠭᠠᠨ ᠤᠷᠭᠤᠮᠠᠯ ᠵᠢᠡᠷ ᠡᠷᠳᠡᠨ ᠤ᠋ ᠣᠩᠭᠣᠨ ᠤ᠋ ᠬᠡᠯᠪᠡᠷᠢ ᠳᠦᠷᠰᠦ ᠵᠢ ᠳᠠᠬᠢᠨ ᠱᠤᠭᠤᠬᠤ ᠵᠢᠨ ᠬᠠᠮᠲᠤ ᠲᠠᠨᠢᠯᠴᠠᠭᠤᠯᠤᠭ᠎ᠠ ᠵᠢᠨ ᠳᠡᠮᠳᠡᠭ ᠫᠠᠢᠰᠠ ᠬᠠᠳᠠᠵᠤ᠂ ᠦᠯᠡᠳᠡᠭ᠌ᠳᠡᠯ ᠢ᠋ ᠠᠮᠢᠵᠢᠷᠠᠯ ᠤ᠋ᠨ ᠬᠦᠴᠦᠨᠲᠡᠶ ᠪᠣᠯᠭᠠᠵᠠᠢ᠃ ᠬᠤᠶᠠᠷ ᠮᠢᠩᠭᠠᠨ ᠵᠢᠯ ᠠᠯᠤᠰᠯᠠᠭᠰᠠᠨ ᠬᠠᠩᠳᠠᠭ᠍ᠰᠠᠨ ᠱᠢᠷᠣᠶ ᠵᠢᠨ ᠳᠠᠪᠬᠤᠷᠭ᠎ᠠ ᠵᠢ ᠳᠡᠮᠳᠡᠷᠢᠬᠦ ᠳ᠋ᠦ᠂ ᠦᠨᠳᠦᠰᠦᠲᠡᠨᠨᠦᠬᠦᠳ ᠤ᠋ᠨ ᠬᠢᠯᠢ ᠬᠢᠵᠠᠭᠠᠷ ᠢ᠋ ᠨᠡᠭᠡᠭᠡᠭ᠌ᠰᠡᠨ ᠦᠯᠢᠭᠡᠷ ᠲᠤᠮᠤᠭ ᠨᠢᠳᠦᠨ ᠡᠮᠦᠨ᠎ᠡ ᠲᠣᠳᠣᠷᠠᠨ᠎ᠠ ᠃
ᠬᠠᠭᠤᠴᠢ ᠰᠤᠳᠤᠯᠤᠯ ᠤ᠋ᠨ ᠨᠤᠲᠠᠯᠠᠯ ᠤ᠋ᠨ ᠰᠣᠶᠣᠯ ᠤ᠋ᠨ ᠠᠭᠤᠰᠤᠯᠴᠠᠯ
ᠪᠠᠢᠴᠠᠭᠠᠨ ᠦᠵᠡᠵᠦ ᠪᠤᠯᠬᠤ ᠮᠠᠲᠸᠷᠢᠶᠠᠯ ᠡᠴᠡ ᠦᠵᠡᠪᠡᠯ᠂ 1943 ᠣᠨ ᠳ᠋ᠦ ᠲᠤᠰ ᠪᠠᠭᠤᠷᠢ ᠵᠢᠨ ᠲᠤᠬᠠᠢ ᠬᠠᠮᠤᠭᠤᠨ ᠡᠷᠳᠡᠨ ᠤ᠋ ᠬᠠᠭᠤᠴᠢ ᠰᠤᠳᠤᠯᠤᠯ ᠤ᠋ᠨ ᠪᠠᠢᠴᠠᠭᠠᠯᠳᠠ ᠪᠠ ᠳᠤᠷᠰᠢᠨ ᠠᠭᠤᠳᠠᠯᠤᠯᠳᠠ ᠬᠢᠭᠰᠡᠨ ᠪᠠᠢᠵᠠᠢ᠃ ᠵᠡᠭᠦᠨ ᠠᠽᠢᠶ᠎ᠠ ᠵᠢᠨ ᠬᠠᠭᠤᠴᠢ ᠰᠤᠳᠤᠯᠤᠯ ᠤ᠋ᠨ ᠨᠡᠢᠭᠡᠮᠯᠢᠭᠦᠨ ᠵᠢᠤᠢ ᠵᠢᠩ ᠡᡁᠸ ᠠᠢ ᠵᠡᠷᠭᠡ ᠬᠥᠮᠦᠰ ᠭᠤᠤ ᠬᠠᠢᠬᠤ ᠠᠭᠤᠳᠠᠯᠯᠠᠬᠤ ᠠᠷᠭᠠᠪᠠᠷ ᠰᠦᠩ ᠤᠯᠤᠰ᠂ ᠬᠠᠨ ᠤᠯᠤᠰ ᠤ᠋ᠨ ᠦᠶ᠎ᠡ ᠵᠢᠨ ᠲᠡᠦᠬᠡ ᠵᠢᠨ ᠳᠤᠷᠠᠰᠭᠠᠯᠲᠤ ᠵᠦᠢᠯᠡᠰ ᠢ᠋ ᠢᠯᠡᠷᠡᠭᠦᠯᠵᠦ᠍᠂ ᠬᠠᠪᠲᠠᠭᠠᠢ ᠵᠢᠷᠤᠭ ᠵᠢᠷᠤᠭᠰᠠᠨ ᠪᠦᠭᠡᠳ ᠮᠡᠳᠡᠭᠦᠯᠦᠯᠲᠡ ᠨᠡᠢᠲᠡᠯᠡᠪᠡ᠃ 1959 ᠣᠨᠠᠴᠠ 2017 ᠣᠨ ᠪᠣᠯᠲᠠᠯ᠎ᠠ᠂ ᠥᠪᠥᠷ ᠮᠣᠩᠭᠣᠯ ᠤ᠋ᠨ ᠬᠠᠭᠤᠴᠢ ᠰᠤᠳᠤᠯᠤᠯ ᠤ᠋ᠨ ᠠᠵᠢᠯᠲᠠᠳ 6 ᠤᠳᠠᠭ᠎ᠠ ᠵᠢᠨ ᠶᠡᠬᠡ ᠬᠡᠪᠴᠢᠶᠡᠨ ᠤ᠋ ᠠᠭᠤᠳᠠᠯᠤᠯᠳᠠ ᠵᠢ ᠦᠷᠨᠢᠬᠦᠯᠵᠦ᠂ ᠪᠦᠷᠢᠨ ᠪᠦᠲᠦᠨ ᠦᠯᠡᠳᠡᠭ᠌ᠳᠡᠯ ᠢ᠋ ᠢᠯᠡᠷᠡᠬᠦᠯᠵᠦ᠂ ᠮᠠᠯᠲᠠᠵᠤ ᠭᠠᠷᠭᠠᠭ᠍ᠰᠠᠨ ᠲᠡᠦᠬᠡ ᠵᠢᠨ ᠳᠤᠷᠠᠰᠭᠠᠯᠲᠤ ᠵᠦᠢᠯᠡᠰ ᠨᠢ 2000 ᠭᠠᠷᠤᠶ ᠵᠢᠯᠦᠨ ᠲᠡᠦᠬᠡᠵᠢ ᠬᠦᠤᠷᠨᠢᠨ᠎ᠡ᠃
ᠥᠪᠥᠷ ᠮᠣᠩᠭᠣᠯ ᠤ᠋ᠨ ᠪᠠᠭ᠍ᠰᠢ ᠵᠢᠨ ᠶᠡᠬᠡ ᠰᠤᠷᠭᠠᠭᠤᠯᠢ ᠵᠢᠨ ᠤᠮᠠᠷᠠᠳᠦ ᠬᠢᠯᠢ ᠵᠢᠨ ᠰᠤᠶᠤᠯ ᠤ᠋ᠨ ᠦᠪ ᠤ᠋ᠨ ᠰᠤᠳᠤᠯᠭᠠᠨ ᠤ᠋ ᠲᠦᠪ ᠤ᠋ᠨ ᠡᠷᠬᠢᠯᠡᠭᠴᠢ ᠴᠧᠨ ᠶᠦᠩ ᡁᠢ᠄ 《ᠪᠠᠭᠤᠷᠢᠠᠴᠠ ᠪᠠᠢᠯᠳᠤᠭᠠᠨᠲᠤ ᠤᠯᠤᠰ ᠤ᠋ᠨ ᠦᠶ᠎ᠡ ᠵᠢᠨ ᠸᠠᠭᠠᠷ ᠢ᠋ ᠢᠯᠡᠷᠡᠬᠦᠯᠦᠭᠰᠡᠨ ᠨᠢ ᠪᠠᠢᠯᠳᠤᠭᠠᠨᠳᠦ ᠤᠯᠤᠰ ᠤ᠋ᠨ ᠦᠶ᠎ᠡ ᠳ᠋ᠦ ᠨᠢᠭᠡᠨᠲᠡ ᠬᠣᠲᠠ ᠵᠢᠨ ᠬᠡᠪᠴᠢᠶᠡᠲᠡᠶ ᠪᠣᠯᠤᠭ᠍ᠰᠠᠨ ᠢ᠋ ᠬᠠᠷᠠᠭᠤᠯᠵᠦ ᠪᠠᠢᠨ᠎ᠠ》 ᠭᠡᠪᠡ᠃ ᠲᠡᠬᠦᠨ ᠤ᠋ ᠢᠯᠡᠷᠡᠬᠦᠯᠦᠯᠳᠡ ᠨᠢ ᠤᠮᠠᠷᠠᠲᠤ ᠵᠢᠨ ᠲᠠᠯ᠎ᠠ ᠨᠤᠲᠤᠭ ᠤ᠋ᠨ ᠬᠣᠲᠠ ᠵᠢᠨ ᠪᠥᠲᠥᠭᠡᠨ ᠪᠠᠢᠭᠤᠯᠤᠯᠲᠠ ᠵᠢᠨ ᠲᠡᠦᠬᠡ ᠵᠢ ᠥᠭᠡᠷᠡᠴᠢᠯᠡᠨ ᠪᠢᠴᠢᠬᠦ ᠪᠤᠯᠤᠯᠴᠠᠭ᠎ᠠ ᠲᠠᠢ᠃ ᠨᠡᠢᠲᠡ ᠵᠢᠨ ᠣᠨ ᠲᠣᠭᠠᠯᠠᠯᠠᠴᠠ ᠡᠮᠦᠨ᠎ᠡ 201 ᠣᠨᠳᠤ᠂ ᠬᠠᠨ ᠭᠣᠤᠽᠦ᠍ ᠱᠢᠶᠠᠩ ᠵᠢᠶᠦ᠋ᠨ ᠴᠧᠩ ᠯᠧ ᠱᠢᠶᠠᠨ ᠢ᠋ ᠪᠠᠢᠭᠤᠯᠵᠤ᠂ ᠵᠢᠶᠦ᠋ᠨ ᠱᠢᠶᠠᠨ ᠤ᠋ ᠴᠠᠭ ᠦᠶ᠎ᠡ ᠵᠢ ᠨᠡᠭᠡᠭᠡᠵᠡᠶ; ᠭᠤᠷᠪᠠᠨ ᠤᠯᠤᠰ᠂ ᠵᠢᠨ ᠤᠯᠤᠰ ᠪᠠ ᠡᠮᠦᠨᠡᠲᠦ ᠤᠮᠠᠷᠠᠲᠤ ᠲᠥᠷᠥ ᠵᠢᠨ ᠦᠶ᠎ᠡ ᠳ᠋ᠦ᠂ ᠱᠢᠶᠠᠨᠪᠸᠢ ᠵᠢᠨ ᠲᠣᠸᠨ ᠠᠢᠮᠠᠭ ᠡᠨᠳᠡ ᠨᠡᠢᠰᠯᠡᠵᠦ᠍᠂ 《ᠱᠧᠩ ᠯᠸ》 ᠭᠡᠰᠡᠨ ᠨᠡᠷ᠎ᠡ ᠣᠯᠵᠠᠢ᠂ ᠡᠮᠦᠨᠡᠲᠦ ᠣᠷᠣᠨᠠᠴᠠ ᠮᠠᠯᠳᠠᠵᠦ ᠭᠠᠷᠭᠠᠭᠰᠠᠨ ᠬᠤᠸᠠᠷ ᠲᠠᠢ ᠸᠠᠭᠠᠷ ᠤ᠋ᠨ ᠲᠡᠪᠦᠷ᠎ᠡ ᠵᠡᠷᠭᠡ ᠨᠢ ᠱᠢᠶᠡᠨᠪᠸᠢ ᠬᠥᠮᠦᠨᠦ ᠠᠮᠢᠳᠤᠷᠠᠯ ᠢ᠋ ᠲᠤᠰᠭᠠᠵᠤ᠂ ᠳᠤᠮᠳᠠ ᠬᠣᠲᠠᠠᠴᠠ ᠮᠠᠯᠲᠠᠵᠤ ᠭᠠᠷᠭᠠᠭ᠍ᠰᠠᠨ ᠬᠤᠩᠬᠢᠶ᠎ᠠ ᠸᠠᠭᠠᠷ ᠨᠢ ᠱᠠᠨ ᠰᠢ ᠵᠢᠨ ᠫᠢᠩᠴᠸᠩ᠂ ᠾᠧᠨᠠᠨ ᠤ᠋ ᠬᠠᠨ ᠤᠯᠤᠰ ᠸᠧᠶ ᠤᠯᠤᠰ ᠤ᠋ᠨ ᠦᠶ᠎ᠡ ᠵᠢᠨ ᠯᠦᠸᠸᠶᠠᠡᠭ ᠤ᠋ᠨ ᠬᠠᠭᠤᠴᠢᠨ ᠬᠣᠲᠠ ᠵᠢᠨ ᠠᠳᠠᠯᠢ ᠲᠥᠷᠥᠯᠦᠨ ᠲᠡᠦᠬᠡ ᠵᠢᠨ ᠳᠤᠷᠠᠰᠭᠠᠯᠲᠤ ᠵᠦᠢᠯᠡᠰᠲᠡᠶ ᠠᠪᠴᠠᠯᠳᠤᠵᠤ ᠪᠠᠢᠪᠠ; ᠲᠠᠩ ᠤᠯᠤᠰ ᠤ᠋ᠨ ᠦᠶ᠎ᠡ ᠳ᠋ᠦ ᠴᠠᠨ ᠢᠤᠢ ᠵᠢᠨ ᠳ᠋ᠠᠢᠳ᠋ᠤ ᠵᠢᠨ ᠤᠷᠳᠤᠨ ᠢ᠋ ᠪᠠᠢᠭᠤᠯᠵᠤ᠂ ᠡᠷᠲᠡᠨᠦ ᠬᠣᠲᠠ ᠨᠢ ᠬᠥᠭ᠌ᠵᠢᠯ ᠪᠠᠳᠠᠷᠠᠯᠤ᠋ᠨ ᠤᠷᠬᠢᠯ ᠤ᠋ᠨ ᠦᠶ᠎ᠡ ᠳ᠋ᠦ ᠬᠦᠷᠪᠡ; ᠯᠢᠶᠣᠤ ᠤᠯᠤᠰ᠂ ᠠᠯᠳᠠᠨ ᠤᠯᠤᠰ᠂ ᠶᠤᠸᠠᠨ ᠤᠯᠤᠰ ᠤ᠋ᠨ ᠦᠶ᠎ᠡ ᠳ᠋ᠦ ᠡᠨᠡ ᠭᠠᠵᠠᠷ ᠹᠸᠩᠵᠸᠦ᠍ ᠵᠢᠨ ᠵᠧᠨ ᠡᠸ᠋ ᠱᠢᠶᠠᠨ᠂ ᠵᠧᠨ ᠡᠸ᠋ ᠬᠣᠲᠠ ᠪᠤᠯᠵᠦ᠂ ᠶᠤᠸᠠᠨ ᠤᠯᠤᠰ ᠤ᠋ᠨ ᠦᠶ᠎ᠡ ᠡᠴᠡ ᠰᠡᠬᠦᠯᠡᠷ ᠬᠠᠶᠠᠭ᠍ᠳᠠᠵᠠᠶ᠃ ᠴᠧᠨ ᠶᠦᠩ ᡁᠢ ᠲᠡᠭᠦᠨᠦ ᠦᠨ᠎ᠡ ᠥᠷᠲᠡᠭ ᠢ᠋ 《ᠭᠤᠷᠪᠠᠨ ᠬᠠᠮᠤᠭ》 ᠭᠡᠵᠦ᠍ ᠬᠤᠷᠢᠶᠠᠩᠭᠤᠢᠯᠠᠪᠠ᠄ ᠬᠠᠲᠤᠨ ᠭᠣᠣᠯ ᠤ᠋ᠨ ᠬᠣᠢᠲᠤ ᠡᠷᠭᠢ ᠵᠢᠨ ᠬᠡᠪᠴᠢᠶ᠎ᠡ ᠪᠡᠷ ᠬᠠᠮᠤᠭ ᠤ᠋ᠨ ᠶᠡᠬᠡ᠂ ᠪᠠᠢᠭᠤᠯᠤᠯᠲᠠ ᠨᠢ ᠬᠠᠮᠤᠭ ᠤ᠋ᠨ ᠪᠦᠷᠢᠨ ᠪᠦᠲᠦᠨ᠂ ᠤᠮᠠᠷᠠᠲᠤ ᠬᠢᠯᠢ ᠵᠢᠨ ᠰᠣᠶᠣᠯ ᠤ᠋ᠨ ᠠᠭᠤᠯᠤᠭ᠍ᠳᠠᠬᠤᠨ ᠵᠢᠡᠷ ᠬᠠᠮᠤᠭ ᠤ᠋ᠨ ᠪᠠᠶᠠᠯᠢᠭ ᠡᠷᠲᠡᠨᠦ ᠬᠣᠲᠠ ᠵᠢᠨ ᠪᠠᠭᠤᠷᠢ ᠪᠣᠯᠤᠨ᠎ᠠ᠃
ᠡᠷᠲᠡᠨ ᠡᠳᠦᠭᠡ ᠵᠢ ᠬᠣᠯᠪᠣᠭ᠍ᠰᠠᠨ ᠤᠯᠤᠰ ᠤ᠋ᠨ ᠴᠡᠴᠡᠷᠯᠢᠭ
2024 ᠣᠨ ᠤ᠋ 6 ᠰᠠᠷ᠎ᠠ ᠵᠢᠨ 14 ᠤ᠋ ᠡᠳᠦᠷ᠂ ᠬᠣᠷᠢᠨᠭᠡᠷ ᠤ᠋ᠨ ᠲᠦ ᠴᠸᠡᠭ᠌ ᠽᠢ ᠵᠢᠨ ᠪᠠᠭᠤᠷᠢ ᠲᠠᠪᠤᠳᠤᠭᠠᠷ ᠪᠦᠯᠦᠭᠦᠨ ᠤᠯᠤᠰ ᠤ᠋ᠨ ᠬᠠᠭᠤᠴᠢ ᠰᠤᠳᠤᠯᠤᠯ ᠤ᠋ᠨ ᠪᠠᠭᠤᠷᠢ ᠵᠢᠨ ᠴᠡᠴᠡᠷᠯᠢᠭ(ᠪᠥᠬᠥ᠌ ᠤᠯᠤᠰ ᠲᠣ᠌ ᠵᠥᠪᠬᠡᠨ 10 ᠪᠣᠶ) ᠳ᠋ᠤ ᠰᠣᠩᠭᠣᠭ᠍ᠳᠠᠵᠦ᠂ ᠲᠡᠭᠦᠨᠦ ᠬᠠᠮᠠᠭᠠᠯᠠᠯᠲᠠᠨᠢ ᠤᠯᠤᠰ ᠤ᠋ᠨ ᠵᠢᠱ᠌ᠢᠶ᠎ᠡ ᠦᠵᠡᠭᠦᠯᠬᠦ᠌ ᠬᠢᠷᠢ ᠲᠦᠪᠱᠢᠨ ᠳ᠋ᠦ ᠭᠦᠷᠦᠭ᠌ᠰᠡᠨ ᠢ᠋ ᠬᠠᠷᠠᠭᠤᠯᠪᠠ᠃
ᠲᠤᠬᠠᠶ ᠵᠢᠨ ᠭᠠᠵᠠᠷ ᠤ᠋ᠨ ᠪᠠᠭᠤᠷᠢ ᠵᠢᠨ ᠬᠠᠮᠠᠭᠠᠯᠠᠯᠳᠠ ᠶᠡᠷᠦ ᠡᠴᠡ ᠵᠣᠭ᠍ᠰᠣᠭ᠍ᠰᠠᠨ ᠦᠭᠡᠶ᠄ 2007 ᠣᠨᠳᠤ ᠱᠧᠩ ᠯᠸ ᠮᠦᠽᠧᠶ ᠵᠢ ᠪᠠᠢᠭᠤᠯᠤᠨ ᠳᠠᠭᠤᠰᠭᠠᠵᠤ᠂ ᠮᠦᠽᠧᠶ ᠵᠢᠨ ᠣᠷᠣᠶᠳᠤ ᠭᠠᠷᠪᠠᠯ 《ᠲᠤᠭᠤᠷᠭ᠎ᠠ ᠰᠢᠭ᠋ ᠬᠦᠮᠦᠭᠡᠷ ᠲᠡᠭᠷᠢ》 ᠵᠢᠨ ᠦᠵᠡᠮᠵᠢ ᠵᠢ ᠰᠣᠨᠢᠷᠬᠠᠵᠦ ᠪᠣᠯᠤᠨ᠎ᠠ; ᠱᠧᠩ ᠯᠸ ᠪᠠᠢ ᠲᠢᠩ ᠬᠦᠷᠢᠶᠡᠯᠡᠩᠦᠨ 300 ᠮᠦ᠍ ᠴᠠᠨ᠎ᠠ ᠴᠡᠴᠡᠭ ᠵᠢᠯ ᠪᠦᠷᠢ ᠵᠢᠨ 6 ᠰᠠᠷᠠᠳᠤ ᠳᠡᠯᠭᠡᠷᠡᠵᠦ᠍᠂ 《ᠤᠮᠠᠷᠠᠲᠤ ᠬᠢᠯᠢ ᠵᠢᠨ ᠴᠡᠴᠡᠭᠦᠨ ᠰᠢᠪᠡᠨᠡᠭᠡ·ᠱᠧᠩ ᠯᠸ ᠤᠷᠳᠤ ᠵᠢᠨ ᠳᠠᠭᠤᠤ》 ᠵᠢᠨ ᠭᠣᠣᠯ ᠰᠡᠳᠦᠪᠲᠦ ᠠᠵᠢᠯᠯᠠᠭ᠎ᠠ ᠰᠠᠷᠠᠳᠤ 30 ᠲᠦᠮᠡ ᠭᠠᠷᠤᠢ ᠬᠥᠮᠦᠨ ᠤᠳᠠᠭ᠎ᠠ ᠵᠢ ᠬᠦᠯᠢᠶᠡᠨ ᠠᠪᠴᠦ ᠵᠤᠴᠢᠯᠠᠳᠠᠭ; 《ᠱᠧᠩ ᠯᠧ》 ᠭᠡᠬᠦ᠌ ᠨᠡᠷ᠎ᠡ ᠨᠢ ᠪᠠᠰᠠ ᠱᠧᠩ ᠯᠧ ᠪᠠᠯᠭᠠᠰᠤ᠂ ᠱᠧᠩ ᠯᠧ ᠵᠡᠭᠡᠯᠢ᠂ ᠱᠧᠩ ᠯᠧ ᠣᠯᠠᠨ ᠤᠯᠤᠰ ᠤ᠋ᠨ ᠨᠢᠰᠭᠡᠯᠦᠨ ᠪᠠᠭᠤᠳᠠᠯ ᠵᠡᠷᠭᠡ ᠳ᠋ᠦ ᠢᠯᠡᠷᠡᠵᠦ᠂ ᠰᠢᠨ᠎ᠡ ᠴᠠᠭ ᠦᠶ᠎ᠡ ᠵᠢᠨ ᠰᠤᠶᠤᠯ ᠤ᠋ᠨ ᠡᠭᠦᠷᠭᠡ ᠬᠠᠷᠢᠭᠤᠴᠠᠯᠭ᠎ᠠ ᠵᠢ ᠡᠭᠦᠷᠭᠡᠯᠡᠵᠦ᠂ ᠪᠦᠬᠦ ᠤᠯᠤᠰ ᠴᠢᠨᠠᠭᠰᠢᠯᠠᠪᠠᠯ ᠳᠡᠯᠡᠬᠡᠢ ᠳ᠋ᠠᠬᠢᠨ ᠤ᠋ ᠠᠩᠬᠠᠷᠤᠯ ᠢ᠋ ᠳᠠᠳᠠᠨ᠎ᠠ᠃
2011 ᠣᠨᠳᠤ ᠤᠯᠤᠰ ᠤ᠋ᠨ ᠲᠡᠦᠬᠡ ᠵᠢᠨ ᠳᠤᠷᠠᠰᠭᠠᠯᠲᠤ ᠵᠦᠶ᠋ᠯᠡᠰᠦᠨ ᠲᠣᠪᠴᠢᠶᠠᠠᠴᠠ ᠲᠡᠭᠦᠨᠦ ᠬᠠᠮᠠᠭᠠᠯᠠᠯᠲᠠ ᠵᠢᠨ ᠲᠥᠯᠥᠪᠵᠢᠭᠦᠯᠭᠡ ᠵᠢ ᠵᠥᠪᠱᠢᠶᠡᠷᠡᠵᠦ᠍᠂ 2013 ᠣᠨᠳᠤ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠵᠠᠰᠠᠭ ᠤ᠋ᠨ ᠣᠷᠳᠣᠨᠠᠴᠠ ᠬᠠᠮᠠᠭᠠᠯᠠᠯᠲᠠ ᠵᠢᠨ ᠲᠥᠯᠥᠪᠵᠢᠭᠦᠯᠭᠡ ᠵᠢ ᠨᠡᠢᠲᠡᠯᠡᠨ ᠬᠡᠷᠡᠭ᠌ᠵᠢᠭᠦᠯᠵᠦ᠍᠂ 2017 ᠣᠨᠳᠤ ᠲᠡᠭᠦᠨ ᠢ᠋ ᠭᠤᠷᠪᠠᠳᠤᠭᠠᠷ ᠪᠦᠯᠦᠭᠦᠨ ᠤᠯᠤᠰ ᠤ᠋ᠨ ᠬᠠᠭᠤᠴᠢ ᠰᠤᠳᠤᠯᠤᠯ ᠤ᠋ᠨ ᠪᠠᠭᠤᠷᠢ ᠵᠢᠨ ᠴᠡᠴᠡᠷᠯᠢᠭᠦᠨ ᠲᠥᠷᠥᠯ ᠵᠦᠶ᠋ᠯ ᠲᠣᠭ᠍ᠲᠠᠭᠠᠬᠤ ᠨᠢᠭᠡᠴᠢ ᠪᠣᠯᠭᠠᠵᠦ᠂ 2021 ᠣᠨᠳᠤ 《ᠲᠣᠮᠣ ᠪᠠᠭᠤᠷᠢ ᠵᠢ ᠬᠠᠮᠠᠭᠠᠯᠠᠵᠤ ᠠᠱᠢᠭ᠍ᠯᠠᠬᠤ 〈ᠠᠷᠪᠠᠨ ᠳᠥᠷᠪᠡᠳᠦᠭᠡᠷ ᠲᠠᠪᠤᠨ ᠵᠢᠯ〉 ᠤ᠋ᠨ ᠲᠤᠰᠭᠠᠶ ᠲᠥᠯᠥᠪᠵᠢᠭᠦᠯᠭᠡ》 ᠳ᠋ᠤ ᠰᠣᠩᠭᠣᠭ᠍ᠳᠠᠪᠠ᠃ ᠣᠳᠣᠬᠠᠨᠳᠤ 《ᠬᠣᠷᠢᠨᠭᠡᠷᠦᠨ ᠲᠦ ᠴᠸᠩ ᠽᠢ ᠬᠠᠭᠤᠴᠢ ᠰᠤᠳᠤᠯᠤᠯ ᠤ᠋ᠨ ᠪᠠᠭᠤᠷᠢ ᠵᠢᠨ ᠴᠡᠴᠡᠷᠯᠢᠭᠦᠨ ᠲᠥᠯᠥᠪᠵᠢᠭᠦᠯᠭᠡ (2016 — 2030)》 ᠪᠡᠷ ᠪᠠᠭᠤᠷᠢ ᠵᠢᠨ 《ᠪᠣᠳᠠᠲᠤ ᠴᠣᠭ᠍ᠴᠠ ᠵᠢᠨ ᠰᠠᠬᠢᠨ ᠬᠠᠮᠠᠭᠠᠯᠠᠯᠲᠠ》 ᠡᠴᠡ 《ᠪᠣᠳᠠᠲᠤ ᠴᠣᠭ᠍ᠴᠠ + ᠲᠣᠭᠠᠴᠢᠯᠠᠭ᠍ᠰᠠᠨ ᠰᠠᠬᠢᠨ ᠬᠠᠮᠠᠭᠠᠯᠠᠯᠲᠠ》 ᠲᠡᠢᠰᠢ ᠲᠡᠰ ᠳᠡᠪᠱᠢᠬᠦ᠌ ᠵᠢ ᠠᠬᠢᠭᠤᠯᠵᠤ ᠪᠤᠢ᠃
ᠬᠣᠷᠢᠨᠭᠡᠷ ᠱᠢᠶᠠᠨ ᠤ᠋ ᠰᠤᠶᠤᠯ ᠵᠢᠭᠤᠯᠴᠢᠯᠠᠯ ᠪᠡᠶ᠎ᠡ ᠵᠢᠨ ᠲᠠᠮᠢᠷ ᠤ᠋ᠨ ᠲᠣᠪᠴᠢᠶᠠᠵᠢᠨ ᠳᠠᠷᠤᠭ᠎ᠠ ᠴᠢ ᠬᠤᠢ ᠵᠢᠤᠸᠠᠨ᠂ ᠢᠷᠡᠭᠡᠳᠦᠢ ᠳ᠋ᠦ ᠲᠣᠭᠠᠴᠢᠯᠠᠭ᠍ᠰᠠᠨ ᠦᠵᠡᠭᠦᠯᠭᠡ ᠵᠢᠨ ᠲᠥᠪ᠂ ᠬᠠᠭᠤᠴᠢ ᠰᠤᠳᠤᠯᠤᠯ ᠤ᠋ᠨ ᠬᠠᠢᠨ ᠰᠢᠨᠵᠢᠯᠡᠯᠳᠡ ᠵᠢᠨ ᠲᠥᠪ ᠵᠡᠷᠭᠡ (ᠶᠡᠷᠦᠩᠬᠡᠢ ᠲᠦᠯᠦᠪᠵᠢᠬᠦᠯᠭᠡ ᠨᠢ 3 ᠲᠦᠮᠡᠨ ᠲᠡᠭᠰᠢ ᠳᠦᠷᠪᠡᠯᠵᠢᠨ ᠮᠸᠲᠷ ᠡᠴᠡ ᠳᠠᠪᠠᠵᠠᠢ)ᠵᠢ ᠪᠠᠢᠭᠤᠯᠵᠤ᠂ ᠰᠤᠳᠤᠯᠭᠠᠨ ᠦᠵᠡᠭᠦᠯᠭᠡ ᠵᠢᠨ ᠲᠦᠪᠱᠢᠨ ᠢ᠋ ᠳᠡᠭᠡᠭ᠌ᠰᠢᠯᠡᠭᠦᠯᠦᠨᠡ ᠭᠡᠵᠦ᠍ ᠢᠯᠡᠳᠭᠡᠪᠡ᠃ ᠣᠳᠣᠬᠠᠨᠳᠤ ᠴᠡᠴᠡᠷᠯᠢᠭ ᠲᠦ ᠨᠢᠭᠡᠨᠲᠡ 7.6 ᠺᠢᠯᠣᠮᠧᠲ᠋ᠷᠦᠨ ᠭᠤᠤᠯ ᠰᠡᠳᠦᠪᠲᠦ ᠵᠢᠭᠤᠯᠴᠢᠯᠠᠯ ᠤ᠋ᠨ ᠵᠠᠮ ᠱᠤᠭᠤᠮ ᠪᠦᠷᠢᠯᠳᠦᠵᠦ᠍᠂ 10 ᠵᠠᠩᠭᠢᠯᠠᠭ᠎ᠠ ᠵᠢᠨ ᠴᠡᠭ ᠢ᠋ ᠬᠣᠯᠪᠣᠵᠤ᠂ ᠵᠢᠯ ᠳ᠋ᠦ 400 ᠭᠠᠷᠤᠶ ᠲᠠᠯᠠᠪᠤᠷ ᠰᠤᠳᠤᠯᠤᠨ ᠰᠤᠷᠤᠯᠴᠠᠬᠤ ᠠᠵᠢᠯᠯᠠᠭ᠎ᠠ ᠵᠢ ᠦᠷᠨᠢᠬᠦᠯᠬᠦ ᠪᠡᠷ ᠲᠥᠯᠥᠪᠯᠡᠵᠦ᠍ ᠪᠠᠢᠨ᠎ᠠ ᠭᠡᠯ᠎ᠠ᠃
ᠡᠨᠡ ᠬᠦ᠌ ᠲᠡᠦᠬᠡ ᠬᠦᠦᠷᠨᠢᠭᠰᠡᠨ ᠡᠷᠲᠡᠨᠦ ᠬᠣᠲᠠ ᠨᠢ ᠶᠠᠭ 《ᠤᠯᠤᠰ》 ᠨᠡᠷᠡᠮᠵᠢᠲᠦ ᠴᠡᠴᠡᠷᠯᠢᠭ ᠵᠢᠡᠷ ᠠᠵᠠ ᠲᠣᠬᠢᠶᠠᠯ ᠪᠣᠯᠭᠠᠵᠤ᠂ ᠰᠢᠨ᠎ᠡ ᠴᠠᠭ ᠦᠶ᠎ᠡ ᠵᠢᠨ ᠲᠤᠬᠠᠶ ᠵᠢᠨ ᠭᠠᠵᠠᠷ ᠤ᠋ᠨ ᠠᠵᠦ ᠠᠬᠤᠢ ᠨᠡᠢᠭᠡᠮ ᠤ᠋ᠨ ᠬᠥᠭ᠌ᠵᠢᠯᠲᠡ ᠳ᠋ᠦ ᠣᠶᠤᠨ ᠰᠠᠨᠠᠭᠠᠨ ᠤ᠋ ᠬᠥᠳᠡᠯᠭᠡᠬᠦ᠌ ᠬᠦᠴᠦᠨ ᠨᠡᠮᠡᠷᠢᠯᠡᠵᠦ᠍᠂ ᠳᠤᠮᠳᠠᠳᠦ ᠵᠢᠨ ᠰᠤᠶᠤᠯ ᠤ᠋ᠨ ᠡᠷᠳᠡᠨᠢᠰ ᠤ᠋ᠨ ᠰᠠᠩ ᠳ᠋ᠦ ᠭᠡᠷᠡᠯ ᠰᠠᠴᠤᠷᠠᠩᠭᠤᠢ ᠤᠮᠠᠷᠠᠳᠦ ᠬᠢᠯᠢ ᠵᠢᠨ ᠬᠠᠭᠤᠳᠠᠰᠦ ᠵᠢ ᠨᠡᠮᠡᠷᠢᠯᠡᠨ᠎ᠡ᠃