10 ᠰᠠᠷ᠎ᠠ ᠳ᠋ᠦ᠂ ᠥᠪᠥᠷ ᠮᠣᠩᠭᠣᠯ ᠤ᠋ᠨ ᠱᠢᠯᠢ ᠶ᠋ᠢᠨ ᠭᠤᠤᠯ ᠠᠢᠮᠠᠭ ᠤ᠋ᠨ ᠱᠢᠯᠤᠭᠤᠨ ᠬᠥᠬᠡ ᠬᠣᠱᠢᠭᠤᠨ ᠤ᠋ ᠠᠯᠳᠠᠩᠬᠣᠠ ᠶ᠋ᠢᠨ ᠳᠠᠯ᠎ᠠ ᠳ᠋ᠡᠬᠢ 700 ᠵᠢᠯ ᠤ᠋ᠨ ᠡᠮᠦᠨᠡᠬᠢ ᠲᠠᠯ᠎ᠠ ᠨᠤᠲᠤᠭ ᠤ᠋ᠨ ᠨᠡᠢᠰᠯᠡᠯ ᠬᠣᠲᠠ᠂ ᠥᠪᠥᠷ ᠮᠣᠩᠭᠣᠯᠳᠡᠬᠢ ᠴᠣᠷ ᠤ᠋ᠨ ᠭᠠᠭ᠍ᠴᠠ ᠳᠡᠯᠡᠬᠡᠶ ᠶ᠋ᠢᠨ ᠰᠣᠶᠣᠯ ᠤ᠋ᠨ ᠥᠪ — ᠶᠤᠸᠠᠨ ᠤ᠋ ᠳᠡᠭᠡᠳᠦ ᠨᠡᠢᠰᠯᠡᠯ ᠤ᠋ᠨ ᠪᠠᠭᠤᠷᠢ ᠶ᠋ᠢᠨ ᠭᠤᠷᠪᠠᠨ ᠳᠠᠪᠬᠤᠷ ᠬᠣᠲᠠ ᠶ᠋ᠢᠨ ᠬᠡᠷᠡᠮ ᠤ᠋ᠨ ᠰᠦᠷᠯᠢᠭ ᠰᠠᠢᠬᠠᠨ ᠳᠦᠷᠰᠦ ᠪᠠᠢᠳᠠᠯ ᠨᠢ ᠨᠠᠮᠤᠷ ᠤ᠋ᠨ ᠦᠩᠭᠡ ᠪᠡᠷ ᠪᠤᠳᠤᠭᠯᠠᠭᠳᠠᠵᠦ᠂ ᠳᠡᠯᠡᠬᠡᠶ ᠶ᠋ᠢᠨ ᠡᠯ᠎ᠡ ᠭᠠᠵᠠᠷ ᠤ᠋ᠨ ᠵᠢᠭᠤᠯᠴᠢᠯᠠᠭᠰᠠᠳ ᠪᠠ ᠬᠡᠷᠡᠯ ᠵᠢᠷᠤᠭ ᠤ᠋ᠨ ᠪᠠᠬᠠᠳᠠᠳ ᠤ᠋ᠨ ᠬᠦᠰᠡᠯ ᠤ᠋ᠨ ᠰᠠᠢᠬᠠᠨ ᠤᠷᠤᠨ ᠪᠤᠯᠵᠠᠢ᠃
ᠠᠽᠢᠶ᠎ᠠ ᠲᠢᠪ ᠤ᠋ᠨ ᠤᠮᠠᠷᠠᠲᠤ ᠶ᠋ᠢᠨ ᠨᠡᠭᠦᠳᠡᠯ ᠮᠠᠯᠵᠢᠯ ᠪᠣᠯᠤᠨ ᠲᠠᠷᠢᠶᠠᠯᠠᠭ᠎ᠠ ᠬᠣᠶᠠᠷ ᠶᠡᠬᠡ ᠪᠣᠯᠪᠠᠰᠤᠨ ᠤ᠋ ᠣᠷᠳᠣ ᠬᠤᠭᠤᠴᠠᠭᠠᠨ ᠤ᠋ ᠮᠥᠷᠭᠥᠯᠳᠦᠯ ᠠᠭᠤᠰᠤᠯᠴᠠᠯ ᠤ᠋ᠨ ᠳᠤᠮᠳᠠ ᠪᠣᠶ ᠪᠣᠯᠤᠭ᠍ᠰᠠᠨ ᠰᠣᠶᠣᠯ ᠤ᠋ᠨ ᠠᠭᠤᠰᠤᠯᠴᠠᠯ ᠤ᠋ᠨ ᠨᠡᠢᠲᠡᠯᠢᠭ ᠦᠨ᠎ᠡ ᠥᠷᠲᠡᠭ ᠲᠡᠶ ᠡᠨᠡ ᠬᠦ᠌ ᠲᠠᠯ᠎ᠠ ᠨᠤᠲᠤᠭ ᠤ᠋ᠨ ᠬᠣᠲᠠ ᠶ᠋ᠢᠨ ᠪᠠᠭᠤᠷᠢ ᠵᠢ ᠦᠨᠦᠳᠦᠷ ᠬᠢᠮᠠᠭᠠᠳᠠᠨ ᠬᠠᠮᠠᠭᠠᠯᠠᠵᠦ ᠪᠠᠢᠨ᠎ᠠ᠃
ᠲᠠᠷᠢᠶᠠᠯᠠᠭ᠎ᠠ ᠵᠢᠨ ᠪᠤᠯᠪᠠᠰᠤᠨ ᠬᠢᠬᠡᠳ ᠨᠡᠭᠦᠳᠡᠯ ᠮᠠᠯᠵᠢᠯ ᠤ᠋ᠨ ᠪᠤᠯᠪᠠᠰᠤᠨ ᠠᠭᠤᠰᠤᠯᠴᠠᠭ᠍ᠰᠠᠨ ᠰᠣᠳᠣᠨ ᠪᠦᠲᠦᠭᠡᠯ
ᠨᠡᠢᠲᠡ ᠶ᠋ᠢᠨ ᠣᠨ ᠲᠣᠭᠠᠯᠠᠯ ᠤ᠋ᠨ 1256 ᠣᠨ ᠳ᠋ᠦ ᠶᠤᠸᠠᠨ ᠤᠯᠤᠰ ᠤ᠋ᠨ ᠳᠡᠭᠡᠳᠦ ᠨᠡᠢᠰᠯᠡᠯ ᠢ᠋ ᠡᠬᠢᠯᠡᠨ ᠪᠠᠢᠭᠤᠯᠵᠠᠢ᠂ ᠠᠯᠳᠠᠩᠬᠣᠠ ᠶ᠋ᠢᠨ ᠳᠠᠯ᠎ᠠ ᠳ᠋ᠦ᠂ ᠯᠦᠩ ᠭᠠᠩ ᠱᠠᠨ ᠠᠭᠤᠯᠠ ᠵᠢ ᠲᠦᠰᠢᠵᠦ᠂ ᠱᠠᠩᠳᠤ ᠶ᠋ᠢᠨ ᠭᠣᠣᠯ ᠢ᠋ ᠪᠠᠷᠠᠯᠠᠨ ᠪᠠᠢᠭᠤᠯᠤᠬᠰᠠᠨ ᠡᠨᠡ ᠬᠣᠲᠠ ᠪᠤᠯ ᠲᠤᠬᠠᠢ ᠶ᠋ᠢᠨ ᠦᠶ᠎ᠠ ᠳ᠋ᠡᠬᠢ ᠳᠡᠯᠡᠬᠡᠶ ᠳᠡᠭᠡᠷᠡᠬᠢ ᠬᠠᠮᠤᠭ ᠤ᠋ᠨ ᠲᠣᠮᠣ ᠬᠠᠭᠠᠨᠲᠤ ᠤᠯᠤᠰ ᠪᠤᠯᠬᠤ ᠶᠤᠸᠠᠨ ᠤᠯᠤᠰ ᠤ᠋ᠨ ᠨᠡᠢᠰᠯᠡᠯ ᠬᠤᠳᠠ ᠪᠤᠯᠤᠨ᠎ᠠ᠃
ᠶᠤᠸᠠᠨ ᠤ᠋ ᠲᠦᠷᠦ ᠪᠣᠯᠤᠨ ᠮᠤᠨᠭᠭᠤᠯ ᠶᠤᠸᠠᠨ ᠤ᠋ ᠰᠣᠶᠣᠯ ᠤ᠋ᠨ ᠡᠭᠦᠰᠦᠯ ᠤ᠋ᠨ ᠣᠷᠣᠨ ᠪᠣᠯᠤᠭ᠍ᠰᠠᠨ ᠤ᠋ ᠬᠤᠪᠢ ᠳ᠋ᠦ᠂ ᠬᠤᠪᠢᠯᠠᠶ 1260 ᠣᠨ ᠳ᠋ᠦ ᠡᠨᠳᠡ ᠰᠠᠭᠤᠷᠢᠨ ᠳ᠋ᠦ ᠰᠠᠭᠤᠵᠤ ᠶᠤᠸᠠᠨ ᠤᠯᠤᠰ ᠢ᠋ ᠪᠠᠢᠭᠤᠯᠵᠠᠶ᠃ 1251 ᠣᠨ ᠳ᠋ᠦ᠂ ᠴᠢᠩᠭᠢᠰ ᠬᠠᠭᠠᠨ ᠤ᠋ ᠠᠴᠢ ᠬᠤᠪᠢᠯᠠᠶ ᠵᠠᠷᠯᠢᠭ ᠬᠦᠯᠢᠶᠡᠨ ᠭᠣᠪᠢ ᠶ᠋ᠢᠨ ᠡᠮᠦᠨᠡᠬᠢ ᠴᠡᠷᠢᠭ ᠤ᠋ᠨ ᠶᠠᠪᠤᠳᠠᠯ ᠢ᠋ ᠶᠡᠷᠦᠩᠬᠡᠢᠯᠡᠨ ᠵᠠᠬᠢᠷᠴᠤ᠌᠂ ᠠᠯᠳᠠᠩᠬᠣᠠ ᠶ᠋ᠢᠨ ᠳᠠᠯ᠎ᠠ ᠳ᠋ᠦ ᠪᠠᠢᠷᠢᠯᠡᠪᠡ᠃ 1256 ᠣᠨ ᠳ᠋ᠦ᠂ ᠬᠤᠪᠢᠯᠠᠢ ᠬᠠᠭᠠᠨ ᠤ᠋ ᠵᠠᠷᠯᠢᠭ ᠢ᠋ᠶ᠋ᠠᠷ ᠯᠢᠦ ᠪᠢᠩ ᠵᠦᠩ ᠭᠠᠵᠠᠷ ᠰᠢᠨᠵᠢᠨ᠂ ᠶᠤᠸᠠᠨ ᠤ᠋ ᠳᠡᠭᠡᠳᠦ ᠨᠡᠢᠰᠯᠡᠯ ᠬᠡᠬᠦ ᠲᠠᠯ᠎ᠠ ᠨᠤᠲᠤᠭ ᠤ᠋ᠨ ᠨᠡᠢᠰᠯᠡᠯ ᠬᠤᠳᠠ ᠶ᠋ᠢᠨ ᠵᠠᠭᠤᠨ ᠵᠢᠯ ᠤ᠋ᠨ ᠭᠡᠷᠡᠯ ᠰᠠᠴᠤᠷᠠᠩᠭᠤᠢ ᠲᠡᠦᠬᠡ ᠵᠢ ᠡᠬᠢᠯᠡᠭᠦᠯᠵᠡᠢ᠃ ᠶᠤᠸᠠᠨ ᠬᠦᠷᠦᠨ ᠤ᠋ 11 ᠬᠠᠭᠠᠨ ᠤ᠋ 6 ᠨᠢ ᠶᠤᠸᠠᠨ ᠤ᠋ ᠳᠡᠭᠡᠳᠦ ᠨᠡᠢᠰᠯᠡᠯ ᠳ᠋ᠦ ᠰᠠᠭᠤᠷᠢᠨ ᠵᠠᠯᠭᠠᠮᠵᠢᠯᠠᠭᠰᠠᠨ ᠶᠤᠮ᠃
ᠶᠤᠸᠠᠨ ᠤ᠋ ᠳᠡᠭᠡᠳᠦ ᠨᠡᠢᠰᠯᠡᠯ ᠬᠣᠲᠠ ᠨᠢ ᠲᠡᠭ᠌ᠰᠢ ᠳᠥᠷᠪᠡᠯᠵᠢᠨ ᠪᠠᠢᠷᠢᠯᠠᠯ ᠲᠠᠢ ᠪᠠᠢᠵᠦ᠂ ᠲᠤᠬᠠᠶ ᠶ᠋ᠢᠨ ᠦᠶ᠎ᠡ ᠶ᠋ᠢᠨ ᠬᠠᠮᠤᠭ ᠤ᠋ᠨ ᠳᠡᠬᠡᠳᠦ ᠳᠦᠪᠰᠢᠨᠤ ᠬᠡᠮᠵᠢᠨ ᠵᠢᠷᠤᠬᠤ ᠪᠠ ᠲᠥᠯᠥᠪᠵᠢᠭᠦᠯᠬᠦ᠌ ᠮᠡᠷᠬᠡᠵᠢᠯᠢ ᠬᠠᠷᠠᠭᠤᠯᠤᠬᠰᠠᠨ ᠪᠠᠢᠯ᠎ᠠ᠃ ᠶᠤᠸᠠᠨ ᠤ᠋ ᠳᠡᠭᠡᠳᠦ ᠨᠡᠢᠰᠯᠡᠯ ᠨᠢ ᠨᠡᠢᠲᠡ ᠶ᠋ᠢᠨ ᠣᠨ ᠲᠣᠭᠠᠯᠠᠯ ᠤ᠋ᠨ 1430 ᠣᠨ ᠳ᠋ᠦ ᠡᠪᠳᠡᠭᠳᠡᠨ ᠬᠠᠶᠠᠭ᠍ᠳᠠᠭ᠍ᠰᠠᠨ ᠤ᠋ ᠳᠠᠷᠠᠭ᠎ᠠ᠂ ᠬᠦᠮᠦᠨ ᠠᠮᠢᠳᠠᠨᠤ ᠪᠠᠷ᠎ᠠ ᠳᠠᠰᠤᠷᠠᠨ ᠡᠵᠡᠬᠦᠢᠷᠠᠵᠦ᠂ ᠪᠠᠭᠤᠷᠢ ᠶ᠋ᠢᠨ ᠬᠡᠯᠪᠡᠷᠢ ᠳᠦᠷᠰᠦ ᠨᠢ ᠡᠳᠦᠭᠡ ᠪᠣᠯᠲᠠᠯ᠎ᠠ ᠪᠦᠷᠢᠨ ᠪᠦᠲᠦᠨ ᠬᠠᠳᠠᠭᠠᠯᠠᠭ᠍ᠳᠠᠵᠤ ᠪᠠᠢᠨ᠎ᠠ᠃
2012 ᠣᠨ ᠤ᠋ 6 ᠰᠠᠷ᠎ᠠ ᠶ᠋ᠢᠨ 29 ᠤ᠋ ᠡᠳᠦᠷ 36 ᠳ᠋ᠤᠭᠠᠷ ᠬᠤᠭᠤᠴᠠᠭᠠᠨ ᠤ᠋ ᠳᠡᠯᠡᠬᠡᠶ ᠶ᠋ᠢᠨ ᠰᠤᠶᠤᠯᠤᠨ ᠥᠪ ᠤ᠋ᠨ ᠶᠡᠬᠡ ᠬᠤᠷᠠᠯ ᠣᠷᠣᠰ ᠤ᠋ᠨ ᠰᠠᠨᠲ ᠫᠸᠲ᠋ᠸᠷᠪᠦᠷᠡᠭ ᠲᠦ᠍ ᠬᠤᠷᠠᠯᠳᠤᠵᠦ᠂ ᠳᠤᠮᠳᠠᠳᠤ ᠤᠯᠤᠰ ᠤ᠋ᠨ ᠶᠤᠸᠠᠨ ᠤ᠋ ᠳᠡᠭᠡᠳᠦ ᠨᠡᠢᠰᠯᠡᠯ ᠤ᠋ᠨ ᠪᠠᠭᠤᠷᠢ ᠵᠢ 《ᠳᠡᠯᠡᠬᠡᠶ ᠶ᠋ᠢᠨ ᠰᠤᠶᠤᠯᠤᠨ ᠥᠪ ᠤ᠋ᠨ ᠨᠡᠷᠡᠰ ᠤ᠋ᠨ ᠵᠢᠭᠰᠠᠭᠠᠯᠳᠠ》 ᠳ᠋ᠦ ᠣᠷᠣᠭᠤᠯᠪᠠ ᠭᠡᠵᠦ᠍ ᠠᠯᠪᠠᠨ ᠶᠣᠰᠣᠭᠠᠷ ᠵᠠᠷᠯᠠᠵᠠᠢ᠃
ᠤᠳᠤ ᠡᠨᠡ ᠬᠦ᠌ ᠠᠤᠭ᠎ᠠ ᠶᠡᠬᠡ ᠪᠣᠯᠪᠠᠰᠤᠨ ᠤ᠋ ᠪᠠᠭᠤᠷᠢ ᠨᠢ ᠳᠡᠯᠡᠬᠡᠶ ᠶ᠋ᠢᠨ ᠡᠯ᠎ᠡ ᠭᠠᠵᠠᠷ ᠤ᠋ᠨ ᠵᠢᠭᠤᠯᠴᠢᠯᠠᠭᠰᠠᠳ ᠤ᠋ᠨ ᠰᠤᠨᠢᠷᠬᠠᠯ ᠢ᠋ ᠲᠠᠲᠠᠨ᠎ᠠ᠃ 《ᠡᠨᠡ ᠵᠢᠯ ᠶᠤᠸᠠᠨ ᠤ᠋ ᠳᠡᠭᠡᠳᠦ ᠨᠡᠢᠰᠯᠡᠯ ᠤ᠋ᠨ ᠪᠠᠭᠤᠷᠢ ᠶ᠋ᠢᠨ ᠦᠵᠡᠮᠵᠢ ᠶ᠋ᠢᠨ ᠣᠷᠣᠨ ᠵᠢᠡᠷ ᠲᠣᠭᠣᠷᠢᠨ ᠦᠵᠡᠭ᠌ᠰᠡᠨ ᠵᠢᠭᠤᠯᠴᠢᠯᠠᠭᠴᠢ 24.9 ᠲᠦᠮᠡᠨ ᠬᠥᠮᠦᠨ ᠤᠳᠠᠭ᠎ᠠ ᠳ᠋ᠦ ᠬᠦᠷᠴᠦ᠍᠂ ᠶᠡᠷᠦᠩᠬᠡᠶ ᠡᠵᠡᠩᠨᠡᠯᠲᠡ ᠶ᠋ᠢᠨ ᠣᠷᠣᠯᠭ᠎ᠠ ᠨᠢ 481.1 ᠲᠦᠮᠡᠨ ᠲᠥᠭᠥᠷᠢᠭ ᠲᠦ᠍ ᠬᠦᠷᠴᠡᠶ》 ᠭᠡᠵᠦ 10 ᠰᠠᠷ᠎ᠠ ᠶ᠋ᠢᠨ 15 ᠤ᠋ ᠡᠳᠦᠷ ᠥᠪᠥᠷ ᠮᠣᠩᠭᠣᠯ ᠤ᠋ᠨ ᠠᠯᠳᠠᠩᠬᠣᠠ ᠵᠢᠭᠤᠯᠴᠢᠯᠠᠯ ᠤ᠋ᠨ ᠦᠵᠡᠮᠵᠢ ᠶ᠋ᠢᠨ ᠣᠷᠣᠨ ᠤ᠋ ᠬᠠᠮᠢᠶᠠᠷᠤᠯᠲᠠ ᠶ᠋ᠢᠨ ᠺᠣᠮᠫᠠᠨᠢ ᠶ᠋ᠢᠨ ᠳᠡᠳ᠋ ᠶᠡᠷᠦᠩᠬᠡᠶ ᠳᠠᠭᠠᠭᠠᠮᠠᠯ ᠦ᠋ ᠵᠢᠶᠠᠨ ᠮᠢᠩ ᠰᠤᠷᠪᠤᠯᠵᠢᠯᠠᠭᠴᠢ ᠳ᠋ᠤ ᠲᠠᠨᠢᠯᠴᠠᠭᠤᠯᠤᠨ᠎ᠠ᠃
ᠤᠯᠠᠭ᠎ᠠ ᠵᠢᠨ ᠵᠠᠮ ᠠᠽᠢᠶ᠎ᠠ ᠧᠦ᠋ᠷᠣᠫᠠ ᠵᠢ ᠰᠤᠨᠳᠠᠯᠠᠠ ᠣᠯᠠᠨ ᠡᠱᠢᠲᠦ ᠰᠣᠶᠣᠯ ᠦᠷᠨᠢᠬᠦᠨ ᠬᠦᠭᠵᠢᠬᠰᠡᠨ 《ᠬᠦᠰᠡᠯᠡᠨᠭᠳᠦ ᠬᠣᠲᠠ》
13 — 14 ᠳ᠋ᠤᠭᠡᠷ ᠵᠠᠭᠤᠨ ᠤ᠋ ᠳᠡᠯᠡᠬᠡᠢ ᠶ᠋ᠢᠨ ᠤᠯᠤᠰ ᠲᠦᠷᠦ᠍᠂ ᠴᠡᠷᠢᠭ ᠤ᠋ᠨ ᠶᠠᠪᠤᠳᠠᠯ᠂ ᠰᠣᠶᠣᠯ ᠤ᠋ᠨ ᠲᠥᠪ ᠪᠣᠯᠤᠭ᠍ᠰᠠᠨ ᠤ᠋ ᠬᠤᠪᠢ ᠳ᠋ᠦ᠂ ᠡᠨᠳᠡ ᠨᠡᠬᠦᠳᠡᠯ ᠮᠠᠯᠵᠢᠯ ᠤ᠋ᠨ ᠪᠣᠯᠪᠠᠰᠤᠨ ᠬᠢᠭᠡᠳ ᠲᠠᠷᠢᠶᠠᠯᠠᠭ᠎ᠠ ᠵᠢᠨ ᠪᠤᠯᠪᠠᠰᠤᠨ ᠭᠦᠨᠵᠡᠭᠡᠢ ᠠᠭᠤᠰᠤᠯᠴᠠᠵᠤ᠂ ᠤᠯᠠᠨ ᠡᠱᠢᠲᠦ ᠰᠣᠶᠣᠯ ᠠᠮᠢᠵᠢᠷᠠᠯ ᠤ᠋ᠨ ᠬᠦᠴᠦᠨ ᠢ᠋ᠶ᠋ᠡᠷ ᠪᠢᠯᠬᠠᠨ᠎ᠠ᠃ ᠶᠤᠸᠠᠨ ᠤ᠋ ᠳᠡᠭᠡᠳᠦ ᠨᠡᠢᠰᠯᠡᠯ ᠢ᠋ᠶ᠋ᠡᠷ ᠲᠥᠪ ᠪᠣᠯᠭᠠᠨ ᠳᠥᠷᠪᠡᠨ ᠵᠦᠭ ᠨᠠᠢ᠍ᠮᠠᠨ ᠵᠣᠪᠬᠢᠰ ᠲᠦ᠍ ᠨᠡᠪᠲᠡᠷᠡᠭ᠌ᠰᠡᠨ ᠤᠯᠠᠭ᠎ᠠ ᠵᠢᠨ ᠵᠠᠮ ᠨᠢ ᠠᠽᠢᠶ᠎ᠠ ᠡᠴᠡ ᠧᠦ᠋ᠷᠣᠫᠠᠳᠦ ᠬᠦᠷᠳᠡᠯ᠎ᠠ ᠰᠤᠨᠤᠯᠵᠠᠵᠦ᠂ ᠤᠷᠢᠳ ᠡᠮᠦᠨ᠎ᠡ ᠭᠠᠷᠤᠭ᠎ᠠ ᠦᠭᠡᠶ ᠰᠣᠯᠢᠯᠴᠠᠭ᠎ᠠ ᠨᠡᠪᠲᠡᠷᠡᠯᠴᠡᠭᠡ ᠵᠢ ᠪᠡᠶᠡᠯᠡᠭᠦᠯᠵᠡᠢ᠃
ᠶᠤᠸᠠᠨ ᠬᠦᠷᠦᠨ ᠤ᠋ ᠵᠤᠰᠠᠯᠠᠩ ᠤ᠋ᠨ ᠬᠤᠳᠠ ᠪᠣᠯᠤᠭ᠍ᠰᠠᠨ ᠤ᠋ ᠬᠤᠪᠢ ᠳ᠋ᠦ᠂ ᠵᠢᠯ ᠪᠤᠯᠭᠠᠨ ᠤ᠋ ᠵᠤᠨ ᠵᠢᠡᠷ ᠬᠠᠭᠠᠨ ᠵᠤᠰᠠᠯᠠᠩ ᠳ᠋ᠠᠭᠠᠨ ᠰᠠᠭᠠᠳᠠᠬᠤ ᠳ᠋ᠦ ᠶᠤᠸᠠᠨ ᠤᠯᠤᠰ ᠤ᠋ᠨ ᠳᠡᠭᠡᠳᠦ ᠨᠡᠢᠰᠯᠡᠯ ᠳ᠋ᠦ ᠡᠯ᠎ᠡ ᠤᠯᠤᠰ ᠤ᠋ᠨ ᠡᠯᠴᠢᠨ᠂ ᠸᠠᠩ ᠬᠥᠩ ᠢᠵᠠᠭᠤᠷᠲᠠᠨ᠂ ᠨᠣᠶᠠᠳ ᠲᠦᠱᠢᠮᠡᠳ ᠵᠢᠴᠢ ᠬᠤᠳᠠᠯᠳᠤᠭᠠᠴᠢᠳ ᠴᠤᠪᠤᠷᠠᠯᠳᠤᠨ᠂ ᠬᠣᠲᠠ ᠳᠣᠲᠣᠷ᠎ᠠ ᠬᠢᠲᠠᠳ᠂ ᠮᠣᠩᠭᠣᠯ᠂ ᠰᠠᠷᠲᠠᠭᠤᠯ᠂ ᠬᠢᠳᠠᠨ᠂ ᠤᠢᠭᠤᠷ᠂ ᠰᠣᠯᠣᠩᠭᠣᠰ᠂ ᠨᠸᠫᠡᠯ ᠵᠡᠷᠭᠡ ᠡᠯ᠎ᠠ ᠦᠨᠳᠦᠰᠦᠳᠡᠨ ᠤ᠋ ᠬᠦᠮᠦᠰ ᠣᠷᠣᠱᠢᠨ ᠰᠠᠭᠤᠵᠤ᠂ ᠣᠯᠠᠨ ᠡᠱᠢᠲᠦ ᠰᠣᠶᠣᠯ ᠤ᠋ᠨ ᠠᠭᠤᠰᠤᠯᠴᠠᠯ ᠤ᠋ᠨ ᠦᠪᠡᠳᠡᠭ᠌ᠰᠢ ᠪᠠᠢᠳᠠᠯ ᠢᠯᠡᠷᠡᠵᠠᠢ᠂ ᠶᠤᠧᠠᠨ ᠤ᠋ ᠳᠡᠭᠡᠳᠦ ᠨᠡᠢᠰᠯᠡᠯ ᠨᠢ ᠨᠡᠢᠲᠡ ᠶ᠋ᠢᠨ ᠣᠨ ᠲᠣᠭᠠᠯᠠᠯ ᠤ᠋ᠨ 13 — 14 ᠳ᠋ᠤᠭᠡᠷ ᠵᠠᠭᠤᠨ ᠳ᠋ᠦ ᠤᠯᠡᠠ ᠵᠦᠢᠯ ᠤ᠋ᠨ ᠪᠣᠯᠪᠠᠰᠤᠨ ᠢ᠋ ᠲᠥᠪᠯᠡᠷᠡᠭᠦᠯᠦᠭ᠌ᠰᠡᠨ ᠳᠡᠯᠡᠬᠡᠢ ᠶ᠋ᠢᠨ ᠲᠤᠮᠦ᠍ ᠬᠤᠳᠠ ᠪᠤᠯᠵᠦ᠂ ᠶᠠᠭ ᠡᠨᠡ ᠬᠦ᠌ ᠦᠶᠠᠳᠦ 《ᠲᠤᠮᠳᠠᠳᠦ ᠶ᠋ᠢᠨ ᠡᠷᠳᠡᠨ ᠤ᠋ ᠲᠦᠷᠪᠡᠨ ᠶᠡᠬᠡ ᠡᠬᠦᠳᠦᠯᠳᠡ》 ᠶ᠋ᠢᠨ ᠦᠷᠦᠮᠡᠯ ᠪᠠᠷ ᠤ᠋ᠨ ᠬᠡᠪᠯᠡᠬᠦ ᠮᠡᠷᠭᠡᠵᠢᠯ᠂ ᠵᠦᠭᠯᠡᠬᠦᠷ ᠪᠠ ᠳᠠᠷᠢ ᠵᠡᠷᠭᠡ ᠨᠢ ᠧᠦ᠋ᠷᠣᠫᠠ ᠲᠢᠪ ᠲᠦ᠍ ᠤᠯᠠᠮᠵᠢᠯᠠᠭ᠍ᠳᠠᠭᠰᠠᠨ ᠶᠤᠮ᠃
ᠨᠡᠢᠲᠡ ᠶ᠋ᠢᠨ ᠣᠨ ᠲᠣᠭᠠᠯᠠᠯ ᠤ᠋ᠨ 1275 ᠣᠨ ᠤ᠋ ᠵᠤᠨ ᠤ᠋ ᠡᠬᠢ ᠪᠡᠷ᠂ 4 ᠵᠢᠯ ᠠᠶᠠᠯᠠᠭᠰᠠᠨ 21 ᠨᠠᠰᠤᠲᠠᠶ ᠢᠲ᠋ᠠᠯᠢ ᠶ᠋ᠢᠨ ᠮᠠᠷᠺᠤ ᠫᠣᠯᠣ ᠶᠤᠸᠠᠨ ᠤᠯᠤᠰ ᠤ᠋ᠨ ᠳᠡᠭᠡᠳᠦ ᠨᠡᠢᠰᠯᠡᠯ ᠳ᠋ᠦ ᠬᠦᠷᠴᠦ᠍ ᠢᠷᠡᠨ ᠬᠤᠪᠢᠯᠠᠶ ᠬᠠᠭᠠᠨ ᠲᠠᠶ ᠪᠠᠷᠠᠳᠠᠨ ᠵᠣᠯᠭᠠᠪᠠ᠃ ᠳᠡᠷᠡ ᠳᠡᠮᠳᠡᠭᠯᠡᠯ ᠳ᠋ᠡᠭᠡᠨ 《ᠡᠴᠦᠰ ᠲᠡᠬᠡᠨ ᠱᠠᠩᠳᠦ ᠭᠡᠳᠡᠭ ᠬᠣᠲᠠ ᠳ᠋ᠦ ᠬᠦᠷᠴᠦ᠍ ᠢᠷᠡᠪᠡ᠂ ᠣᠳᠣ ᠶ᠋ᠢᠨ ᠶᠡᠬᠡ ᠬᠠᠭᠠᠨ ᠪᠠᠢᠭᠤᠯᠤᠭ᠍ᠰᠠᠨ ᠪᠠᠢᠨ᠎ᠠ᠃ ᠳᠣᠲᠣᠷ᠎ᠠ ᠨᠢ ᠭᠠᠨᠲᠢᠭ ᠴᠢᠯᠠᠭᠤᠨ ᠣᠷᠳᠣᠨ ᠪᠠᠢᠨ᠎ᠠ᠂ ᠮᠠᠰᠢ ᠭᠤᠶᠤ! ᠭᠡᠷ ᠪᠠᠢᠱᠢᠩ ᠢ᠋ ᠪᠦᠷ ᠠᠯᠲᠠ ᠪᠡᠷ ᠴᠢᠮᠡᠵᠦ᠍᠂ ᠡᠯᠳᠡᠪ ᠵᠦᠢᠯ ᠤ᠋ᠨ ᠠᠷᠢᠶᠠᠲᠠᠨ ᠵᠢᠭᠦᠷᠲᠡᠨ ᠴᠡᠴᠡᠭ ᠮᠣᠳᠣ ᠵᠢᠷᠤᠵᠦ ᠰᠡᠢᠯᠦᠨ᠂ ᠤᠷ᠎ᠠ ᠮᠡᠷᠭᠡᠵᠢᠯ ᠲᠤᠢᠯ ᠤ᠋ᠨ ᠦᠨᠳᠦᠷ ᠲᠦᠪᠰᠢᠨ ᠳ᠋ᠦ ᠬᠦᠷᠴᠡᠢ》 ᠭᠡᠵᠦ ᠪᠢᠴᠢᠵᠡᠢ᠃ 1796 ᠣᠨ ᠳ᠋ᠦ᠂ ᠠᠨᠭ᠌ᠭ᠌ᠯᠢ ᠶ᠋ᠢᠨ ᠱᠢᠯᠦᠭ᠌ᠴᠢᠨ ᠺᠤᠤᠯ ᠷᠸ᠋ᠢᠢᡁᠢ 《ᠮᠠᠷᠺᠤ ᠫᠣᠯᠣ ᠶ᠋ᠢᠨ ᠵᠢᠭᠤᠯᠴᠢᠯᠠᠯ ᠤ᠋ᠨ ᠲᠡᠮᠳᠡᠭ᠌ᠯᠡᠯ》 ᠢ᠋ ᠤᠩᠱᠢᠭᠠᠳ ᠱᠠᠩᠳᠤ ᠶ᠋ᠢᠨ ᠣᠷᠳᠣ ᠬᠠᠷᠰᠢ ᠶ᠋ᠢᠨ ᠥᠩᠭᠡ ᠦᠵᠡᠮᠵᠢ ᠵᠡᠭᠦᠳᠦᠨ ᠳ᠋ᠤᠨᠢ ᠢᠯᠡᠷᠡᠵᠦ᠍᠂ 《ᠬᠤᠪᠢᠯᠠᠶ ᠬᠠᠭᠠᠨ》 ᠭᠡᠳᠡᠭ ᠨᠡᠷᠡᠳᠦ ᠱᠢᠯᠦᠭ ᠢ᠋ᠶ᠋ᠡᠨ ᠪᠢᠴᠢᠪᠡ᠃ ᠲᠡᠬᠦᠨ ᠡᠴᠡ ᠬᠣᠢᠰᠢ᠂ ᠡᠨᠡ ᠬᠦ᠌ ᠵᠡᠭᠦᠳᠦᠨ ᠤ᠋ ᠶᠢᠷᠲᠢᠨᠴᠦ᠍ ᠳ᠋ᠡᠬᠢ ᠣᠷᠳᠣ ᠬᠠᠷᠰᠢ᠂ ᠲᠠᠯ᠎ᠠ ᠨᠤᠲᠤᠭ᠂ ᠣᠶ ᠱᠢᠭᠤᠶ᠂ ᠭᠤᠤᠯ ᠭᠣᠷᠣᠬ᠎ᠠ ᠵᠡᠷᠭᠡ ᠦᠵᠡᠮᠵᠢ ᠪᠦᠷᠢᠳᠦᠭᠰᠡᠨ ᠱᠠᠩᠳᠦ ᠬᠤᠳᠠ ᠨᠢ ᠥᠷᠥᠨᠡᠳᠠᠬᠢᠨ ᠤ᠋ ᠬᠦᠮᠦᠰ ᠤ᠋ᠨ ᠬᠦᠰᠡᠯᠦᠨ ᠳ᠋ᠧᠪᠠᠵᠠᠨ ᠪᠣᠯᠵᠠᠢ᠃
ᠨᠢᠭᠡ ᠪᠠᠳᠠᠭ ᠱᠢᠯᠦᠭ ᠨᠢ ᠥᠷᠥᠨᠡᠳᠠᠬᠢᠨ ᠤ᠋ ᠬᠦᠮᠦᠰ ᠤ᠋ᠨ ᠲᠠᠭᠠᠮᠠᠭ ᠪᠤᠯᠤᠨ ᠬᠦᠰᠡᠯ ᠵᠤᠷᠢᠯᠳᠠ ᠵᠢ ᠲᠦᠷᠡᠯᠵᠡᠬᠦᠯᠵᠦ᠂ ᠰᠣᠶᠣᠯ ᠤ᠋ᠨ ᠠᠶᠠᠯᠠᠯ ᠢ᠋ ᠡᠬᠢᠯᠡᠬᠦᠯᠪᠡ᠃ ᠮᠠᠷᠺᠤ ᠫᠣᠯᠣ ᠶ᠋ᠢᠨ ᠨᠥᠯᠥᠭᠡ ᠪᠡᠷ ᠧᠦ᠋ᠷᠣᠫᠠ ᠶ᠋ᠢᠨ ᠬᠥᠮᠦᠰ ᠣᠩᠭᠣᠴᠠ ᠪᠡᠷ ᠳᠣᠷᠣᠨᠠᠳᠠᠬᠢᠨ ᠳ᠋ᠦ ᠬᠦᠷᠬᠦ᠌ ᠠᠶᠠᠯᠠᠯ ᠤ᠋ᠨ ᠵᠠᠮ ᠢ᠋ ᠬᠠᠢᠵᠤ᠂ ᠧᠦ᠋ᠷᠣᠫᠠ ᠶ᠋ᠢᠨ ᠳᠠᠯᠠᠶ ᠶ᠋ᠢᠨ ᠠᠶᠠᠯᠠᠯ ᠤ᠋ᠨ ᠴᠠᠭ ᠦᠶ᠎ᠡ ᠶ᠋ᠢ ᠡᠬᠢᠯᠡᠬᠦᠯᠵᠡᠢ᠃
ᠱᠠᠩᠳᠤ ᠬᠣᠲᠠ ᠶ᠋ᠢᠨ ᠪᠠᠷᠢᠯᠭ᠎ᠠ ᠨᠤᠭᠤᠳ ᠰᠢᠳᠠᠵᠦ ᠳᠠᠭᠤᠰᠤᠭᠰᠠᠨ ᠪᠣᠯᠪᠠᠴᠤ᠌ ᠮᠠᠰᠢ ᠣᠯᠠᠨ ᠪᠠᠷᠢᠯᠭ᠎ᠠ ᠵᠢᠨ ᠰᠠᠭᠤᠷᠢ ᠨᠢ ᠦᠯᠡᠳᠡᠵᠦ᠍ ᠢᠷᠡᠵᠡᠢ᠃ ᠡᠳᠡᠭᠡᠷ ᠪᠠᠭᠤᠷᠢ ᠶ᠋ᠢᠨ ᠦᠯᠡᠳᠡᠭᠳᠡᠯ ᠪᠠ ᠰᠤᠷᠪᠤᠯᠵᠢ ᠪᠢᠴᠢᠭ ᠤ᠋ᠨ ᠲᠡᠮᠳᠡᠭ᠌ᠯᠡᠯ ᠢ᠋ᠶ᠋ᠡᠷ ᠳᠠᠮᠵᠢᠭᠠᠳ ᠬᠥᠮᠦᠰ ᠲᠤᠬᠠᠶ ᠶ᠋ᠢᠨ ᠵᠢᠯ ᠤ᠋ᠨ ᠭᠡᠷᠡᠯ ᠰᠠᠴᠤᠷᠠᠩᠭᠤᠶ ᠬᠠᠭᠤᠳᠠᠰᠤ ᠵᠢ ᠳᠦᠰᠦᠭᠡᠯᠡᠵᠦ ᠪᠣᠯᠤᠨ᠎ᠠ᠃ ᠶᠤᠸᠠᠨ ᠤ᠋ ᠳᠡᠭᠡᠳᠦ ᠨᠡᠢᠰᠯᠡᠯ ᠤ᠋ᠨ ᠬᠣᠲᠠ ᠶ᠋ᠢᠨ ᠬᠣᠢᠲᠤ ᠬᠡᠷᠡᠮ ᠤ᠋ᠨ ᠲᠦᠪ ᠳᠤᠮᠳᠠ ᠨᠢ ᠥᠨᠳᠥᠷ ᠲᠣᠮᠣ ᠬᠣᠣᠰ ᠠᠰᠠᠷ ᠮᠠᠶᠢᠭ ᠤ᠋ᠨ ᠪᠠᠷᠢᠯᠭᠠᠪᠠᠢᠷᠢᠯᠠᠵᠦ᠂ ᠬᠣᠢᠲᠤ ᠬᠠᠭᠠᠯᠭ᠎ᠠ ᠭᠠᠷᠭᠠᠭᠰᠠᠨ ᠦᠬᠡᠢ ᠪᠠᠢᠵᠠᠢ᠃
ᠬᠠᠭᠠᠨ ᠤ᠋ ᠬᠣᠲᠠ ᠪᠣᠯᠤᠨ ᠣᠷᠳᠣᠨ ᠤ᠋ ᠬᠣᠲᠠ ᠶ᠋ᠢᠨ ᠡᠮᠦᠨ᠎ᠡ ᠬᠣᠢᠨᠠᠬᠢ ᠲᠡᠩᠭᠡᠯᠢᠭ ᠱᠤᠭᠤᠮ ᠳᠡᠭᠡᠷ᠎ᠡ ᠪᠠᠢᠷᠢᠯᠠᠵᠤ ᠪᠠᠢᠭ᠎ᠠ ᠬᠠᠭᠠᠨ ᠤ᠋ ᠬᠣᠲᠠ ᠶ᠋ᠢᠨ ᠡᠮᠦᠨ᠎ᠡ ᠡᠭᠦᠳᠡ ᠪᠣᠯᠬᠤ ᠡᠷᠬᠢᠮ ᠦᠷᠦᠰᠢᠶᠡᠯᠳᠦ ᠬᠠᠭᠠᠯᠭ᠎ᠠ ᠡᠴᠡ ᠤᠮᠠᠷᠠᠰᠢ ᠶᠠᠪᠤᠪᠠᠯ᠂ ᠶᠠᠭᠤᠨ ᠤ᠋ ᠲᠦᠷᠦᠬᠦᠦ ᠣᠷᠳᠣᠨ ᠤ᠋ ᠡᠭᠦᠳᠡ ᠪᠣᠯᠬᠤ ᠲᠡᠭᠷᠢ ᠪᠠᠭᠠᠨᠠᠳᠠᠭᠰᠠᠨ ᠬᠠᠭᠠᠯᠭ᠎ᠠ ᠪᠡᠷ ᠥᠩᠭᠡᠷᠡᠬᠦ᠌ ᠪᠣᠯᠤᠨ᠎ᠠ᠃ ᠵᠠᠯᠭᠠᠭᠠᠳ ᠤᠮᠠᠷᠠᠰᠢ ᠶᠠᠪᠤᠪᠠᠯ ᠱᠠᠩᠳᠤ ᠬᠣᠲᠠ ᠶ᠋ᠢᠨ ᠬᠠᠮᠤᠭ ᠤ᠋ᠨ ᠴᠢᠬᠤᠯᠠ ᠪᠠᠷᠢᠯᠭ᠎ᠠ ᠪᠤᠯᠬᠤ ᠲᠦᠷᠪᠡᠯᠵᠢᠨ ᠲᠡᠭᠳᠡᠷᠳᠦ ᠲᠠᠭ᠍ᠲᠤ ᠵᠢ ᠣᠯᠵᠤ ᠬᠠᠷᠠᠨ᠎ᠠ᠃ ᠲᠦᠷᠪᠡᠯᠵᠢᠨ ᠲᠡᠭᠳᠡᠷᠳᠦ ᠲᠠᠭ᠍ᠲᠤ ᠡᠴᠡ ᠬᠣᠢᠰᠢ ᠬᠣᠲᠠ ᠶ᠋ᠢᠨ ᠬᠣᠢᠲᠤ ᠬᠡᠷᠡᠮ ᠤ᠋ᠨ ᠲᠥᠪ ᠳᠤᠮᠳᠠ ᠪᠠᠢᠷᠢᠯᠠᠵᠤ ᠪᠠᠢᠭ᠎ᠠ ᠨᠢ ᠲᠦᠪ ᠬᠢᠴᠢᠶᠡᠩᠬᠦᠢ ᠬᠠᠷᠰᠢ ᠪᠣᠯᠤᠨ᠎ᠠ᠂ ᠡᠨᠡ ᠬᠦ᠌ ᠬᠠᠷᠰᠢ ᠨᠢ ᠬᠡᠷᠡᠭ ᠵᠥᠪᠯᠡᠬᠦ᠌᠂ ᠳᠠᠢᠯᠠᠯᠭ᠎ᠠ ᠬᠢᠬᠦ᠌᠂ ᠨᠠᠢᠷᠯᠠᠬᠤ᠂ ᠵᠤᠰᠠᠬᠤ ᠪᠠ ᠬᠠᠭᠠᠨ ᠤ᠋ ᠬᠣᠲᠠ ᠲᠣᠭᠣᠷᠢᠬᠤ ᠶᠣᠰᠣᠯᠠᠯ ᠶᠠᠪᠤᠭᠤᠯᠬᠤ ᠴᠢᠬᠤᠯᠠ ᠭᠠᠵᠠᠷ ᠪᠣᠯᠤᠨ᠎ᠠ᠃
ᠬᠠᠭᠠᠨ ᠤ᠋ ᠬᠤᠳᠠ ᠶ᠋ᠢᠨ ᠵᠡᠭᠦᠨ ᠬᠣᠢᠲᠤ ᠥᠨᠴᠥᠭ ᠲᠦ᠍ ᠳ᠋ᠠ ᠯᠦᠩ ᠬᠤᠸᠠ ᠶᠠᠨ ᠰᠧ ᠬᠡᠢᠳ ᠤ᠋ᠨ ᠪᠠᠭᠤᠷᠢ ᠪᠠᠢᠵᠦ᠂ ᠲᠤᠬᠠᠢ ᠶ᠋ᠢᠨ ᠲᠠᠯᠠᠪᠠᠢ ᠳ᠋ᠦ ᠶᠤᠸᠠᠨ ᠤ᠋ ᠳᠡᠭᠡᠳᠦ ᠨᠡᠢᠰᠯᠡᠯ ᠤ᠋ᠨ ᠪᠠᠭᠤᠷᠢ ᠶ᠋ᠢᠨ ᠬᠠᠭᠤᠴᠢ ᠰᠤᠳᠤᠯᠤᠯ ᠤ᠋ᠨ ᠠᠩᠬᠢ ᠶ᠋ᠢᠨ ᠠᠵᠢᠯᠳᠠᠳ ᠶᠠᠭ ᠶᠠᠭᠠᠷᠠᠯᠲᠠᠢ ᠠᠵᠢᠯᠯᠠᠵᠤ ᠪᠠᠢᠯ᠎ᠠ᠃ ᠤᠯᠤᠰ ᠤ᠋ᠨ ᠲᠡᠦᠬᠡ ᠶ᠋ᠢᠨ ᠳᠤᠷᠠᠰᠭᠠᠯᠲᠤ ᠵᠦᠢᠯᠡᠰ ᠤ᠋ᠨ ᠲᠣᠪᠴᠢᠶ᠎ᠠ 2025 ᠣᠨ ᠤ᠋ 3 ᠰᠠᠷ᠎ᠠ ᠳ᠋ᠦ ᠶᠤᠸᠠᠨ ᠤ᠋ ᠳᠡᠭᠡᠳᠦ ᠨᠡᠢᠰᠯᠡᠯ ᠤ᠋ᠨ ᠪᠠᠭᠤᠷᠢᠳᠦ 5 ᠵᠢᠯ ᠤ᠋ᠨ ᠬᠠᠭᠤᠴᠢ ᠰᠤᠳᠤᠯᠤᠯ ᠬᠢᠬᠦ ᠲᠥᠯᠥᠪᠯᠡᠭᠡ ᠵᠢ ᠵᠥᠪᠱᠢᠶᠡᠷᠡᠵᠦ᠍᠂ ᠡᠨᠡ ᠵᠢᠯ ᠤ᠋ᠨ 6 ᠰᠠᠷ᠎ᠠ ᠡᠴᠡ 10 ᠰᠠᠷ᠎ᠠ ᠪᠣᠯᠲᠠᠯ᠎ᠠ ᠬᠠᠭᠤᠴᠢ ᠰᠤᠳᠤᠯᠤᠭ᠍ᠴᠢᠳ ᠬᠤᠸᠠ ᠶᠠᠨ ᠰᠧ ᠰᠦᠮ᠎ᠡ ᠶ᠋ᠢᠨ ᠪᠠᠭᠤᠷᠢ ᠳ᠋ᠦ 800 ᠲᠡᠭ᠌ᠰᠢ ᠳᠥᠷᠪᠡᠯᠵᠢᠨ ᠮᠸᠲᠷ ᠤ᠋ᠨ ᠮᠠᠯᠳᠠᠯᠠᠭᠠ ᠬᠢᠵᠤ᠂ ᠶᠤᠸᠠᠨ ᠤ᠋ ᠳᠡᠭᠡᠳᠦ ᠨᠡᠢᠰᠯᠡᠯ ᠤ᠋ᠨ ᠰᠦᠮ᠎ᠡ ᠬᠡᠢᠳ ᠤ᠋ᠨ ᠪᠠᠷᠢᠯᠭ᠎ᠠ ᠶ᠋ᠢᠨ ᠨᠢᠭᠤᠴᠠ ᠵᠢ ᠢᠯᠡᠷᠡᠭᠦᠯᠬᠦ᠌ ᠪᠡᠷ ᠠᠵᠢᠯᠯᠠᠵᠦ ᠪᠠᠢᠨ᠎ᠠ᠃
ᠬᠠᠤᠯᠢ ᠴᠠᠭᠠᠵᠠ ᠪᠡᠷ 《ᠠᠮᠢᠳᠤᠯᠢᠭ ᠬᠠᠮᠠᠭᠠᠯᠠᠯᠲᠠ》 ᠶ᠋ᠢ ᠪᠠᠳᠤᠯᠠᠵᠦ᠂ 《ᠣᠯᠠᠨ ᠡᠱᠢᠵᠢᠵᠦ ᠨᠢᠭᠡ ᠴᠣᠭ᠍ᠴᠠᠵᠢᠭᠰᠠᠨ》 ᠳᠤᠮᠳᠠᠳᠤ ᠶ᠋ᠢᠨ ᠪᠣᠯᠪᠠᠰᠤᠨ ᠢ᠋ ᠭᠠᠢᠬᠠᠭᠤᠯᠤᠨ᠎ᠠ
《ᠶᠤᠸᠠᠨ ᠤ᠋ ᠳᠡᠭᠡᠳᠦ ᠨᠡᠢᠰᠯᠡᠯ ᠤ᠋ᠨ ᠪᠠᠭᠤᠷᠢ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠲᠦᠷᠦᠯ ᠵᠦᠢᠯ ᠳ᠋ᠤ ᠤᠷᠤᠵᠤ ᠴᠢᠳᠠᠭᠰᠠᠨ ᠨᠢ ᠲᠡᠬᠦᠨ ᠤ᠋ ᠲᠡᠦᠬᠡ ᠶ᠋ᠢᠨ ᠦᠯᠡᠳᠡᠭ᠌ᠳᠡᠯ ᠤ᠋ᠨ ᠪᠦᠷᠢᠨ ᠪᠦᠲᠦᠨ ᠴᠢᠨᠠᠷ᠂ ᠦᠨᠡᠨ ᠪᠣᠳᠠᠲᠤ ᠴᠢᠨᠠᠷ ᠲᠠᠶ ᠨᠢᠭ᠍ᠲᠠ ᠬᠣᠯᠪᠣᠭ᠎ᠠ ᠲᠠᠶ ᠶᠤᠮ》 ᠬᠡᠵᠤ ᠱᠢᠯᠢ ᠶ᠋ᠢᠨ ᠭᠤᠤᠯ ᠤ᠋ᠨ ᠮᠦᠽᠧᠶ ᠶ᠋ᠢᠨ ᠳᠡᠳ᠋ ᠳᠠᠷᠤᠭ᠎ᠠ ᠪᠠᠢᠭᠠᠯᠢ ᠬᠡᠯᠡᠭᠰᠡᠨ ᠵᠢᠡᠨ ᠵᠠᠯᠭᠠᠭᠠᠳ 《ᠱᠢᠨ᠎ᠡ ᠳᠤᠮᠳᠠᠳᠤ ᠤᠯᠤᠰ ᠪᠠᠢᠭᠤᠯᠤᠭ᠍ᠳᠠᠭ᠍ᠰᠠᠨ ᠡᠴᠡ ᠨᠠᠭᠠᠰᠢ᠂ ᠤᠯᠤᠰ ᠪᠠ ᠣᠷᠣᠨ ᠨᠤᠲᠤᠭ ᠤ᠋ᠨ ᠵᠠᠰᠠᠭ ᠤ᠋ᠨ ᠣᠷᠳᠣᠨ ᠡᠴᠡ ᠶᠤᠸᠠᠨ ᠤ᠋ ᠳᠡᠭᠡᠳᠦ ᠨᠡᠢᠰᠯᠡᠯ ᠤ᠋ᠨ ᠪᠠᠭᠤᠷᠢ ᠵᠢ ᠪᠦᠲᠦᠮᠵᠢᠲᠡᠶ ᠬᠠᠮᠠᠭᠠᠯᠠᠭᠰᠠᠭᠠᠷ ᠢᠷᠡᠭᠰᠡᠨ ᠶᠤᠮ》 ᠬᠡᠵᠤ ᠲᠠᠨᠢᠯᠴᠠᠭᠤᠯᠤᠨ᠎ᠠ᠃
1964 ᠣᠨ ᠳ᠋ᠦ᠂ ᠶᠤᠸᠠᠨ ᠤ᠋ ᠳᠡᠭᠡᠳᠦ ᠨᠡᠢᠰᠯᠡᠯ ᠤ᠋ᠨ ᠪᠠᠭᠤᠷᠢ ᠨᠢ ᠦᠪᠤᠷ ᠮᠤᠩᠭᠤᠯ ᠤ᠋ᠨ ᠥᠪᠡᠷᠲᠡᠭᠡᠨ ᠵᠠᠰᠠᠬᠤ ᠣᠷᠣᠨ ᠤ᠋ ᠲᠦᠷᠦᠬᠦᠤ ᠪᠦᠯᠦᠭ ᠤ᠋ᠨ ᠭᠣᠣᠯᠳᠠᠯᠭ᠎ᠠ ᠲᠠᠶ ᠲᠡᠦᠬᠡ ᠶ᠋ᠢᠨ ᠳᠤᠷᠠᠰᠭᠠᠯᠲᠤ ᠵᠦᠢᠯᠡᠰ ᠤ᠋ᠨ ᠬᠠᠮᠠᠭᠠᠯᠠᠯᠲᠠ ᠶ᠋ᠢᠨ ᠨᠢᠭᠡᠴᠢ ᠳ᠋ᠦ ᠵᠢᠭ᠍ᠰᠠᠭᠠᠭ᠍ᠳᠠᠪᠠ; 1988 ᠣᠨ ᠳ᠋ᠦ᠂ ᠶᠤᠸᠠᠨ ᠤ᠋ ᠳᠡᠭᠡᠳᠦ ᠨᠡᠢᠰᠯᠡᠯ ᠤ᠋ᠨ ᠪᠠᠭᠤᠷᠢ ᠨᠢ ᠭᠤᠷᠪᠠᠳᠤᠭᠠᠷ ᠪᠦᠯᠦᠭ ᠤ᠋ᠨ ᠤᠯᠤᠰ ᠤ᠋ᠨ ᠭᠣᠣᠯᠳᠠᠯᠭ᠎ᠠ ᠲᠠᠶ ᠲᠡᠦᠬᠡ ᠶ᠋ᠢᠨ ᠳᠤᠷᠠᠰᠭᠠᠯᠲᠤ ᠵᠦᠢᠯᠡᠰ ᠤ᠋ᠨ ᠬᠠᠮᠠᠭᠠᠯᠠᠯᠲᠠ ᠶ᠋ᠢᠨ ᠨᠢᠭᠡᠴᠢ ᠳ᠋ᠦ ᠣᠷᠣᠪᠠ; 2002 ᠣᠨ ᠳ᠋ᠦ᠂ ᠶᠤᠸᠠᠨ ᠤ᠋ ᠳᠡᠭᠡᠳᠦ ᠨᠡᠢᠰᠯᠡᠯ ᠤ᠋ᠨ ᠪᠠᠭᠤᠷᠢ ᠶ᠋ᠢᠨ ᠲᠡᠦᠬᠡ ᠶ᠋ᠢᠨ ᠳᠤᠷᠠᠰᠭᠠᠯᠲᠤ ᠵᠦᠢᠯᠡᠰ ᠤ᠋ᠨ ᠠᠵᠢᠯ ᠦᠢᠯᠡᠰ ᠤ᠋ᠨ ᠬᠠᠮᠢᠶᠠᠷᠤᠯᠲᠠ ᠶ᠋ᠢᠨ ᠲᠣᠪᠴᠢᠶ᠎ᠠ ᠪᠠᠢᠭᠤᠯᠤᠭ᠍ᠳᠠᠵᠤ᠂ ᠶᠤᠸᠠᠨ ᠤ᠋ ᠳᠡᠭᠡᠳᠦ ᠨᠡᠢᠰᠯᠡᠯ ᠤ᠋ᠨ ᠪᠠᠭᠤᠷᠢ ᠶ᠋ᠢᠨ ᠡᠳᠦᠷ ᠲᠤᠳᠤᠮ ᠤ᠋ᠨ ᠬᠠᠮᠠᠭᠠᠯᠠᠯᠲᠠ ᠪᠠ ᠬᠠᠮᠢᠶᠠᠷᠤᠯᠲᠠ ᠶ᠋ᠢᠨ ᠠᠵᠢᠯ ᠢ᠋ ᠲᠤᠰᠭᠠᠢ ᠬᠠᠷᠢᠭᠤᠴᠠᠵᠠᠢ; 2016 ᠣᠨ ᠤ᠋ 7 ᠰᠠᠷ᠎ᠠ ᠶ᠋ᠢᠨ 1 ᠤ᠋ ᠡᠳᠦᠷ᠂ 《ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠶᠤᠸᠠᠨ ᠤ᠋ ᠳᠡᠭᠡᠳᠦ ᠨᠡᠢᠰᠯᠡᠯ ᠤ᠋ᠨ ᠪᠠᠭᠤᠷᠢ ᠵᠢ ᠬᠠᠮᠠᠭᠠᠯᠠᠬᠤ ᠲᠦᠷᠢᠮ》 ᠢ᠋ ᠵᠢᠩᠬᠢᠨᠢ ᠪᠡᠷ ᠬᠡᠷᠡᠭ᠌ᠵᠢᠭᠦᠯᠵᠦ᠍᠂ ᠤᠪᠤᠭ᠎ᠠ ᠳᠠᠬᠢᠬᠤ᠂ ᠠᠷᠠᠳ ᠤ᠋ᠨ ᠳᠠᠭᠤᠤ ᠶ᠋ᠢᠨ ᠲᠤᠮᠤᠭ ᠵᠡᠷᠭᠡ ᠪᠣᠳᠠᠰ ᠤ᠋ᠨ ᠪᠤᠰᠤ ᠰᠣᠶᠣᠯ ᠤ᠋ᠨ ᠥᠪ ᠵᠢᠴᠢ ᠨᠤᠭᠤ ᠭᠠᠵᠠᠷ᠂ ᠨᠤᠲᠤᠭ ᠪᠡᠯᠴᠢᠭᠡᠷ ᠤ᠋ᠨ ᠠᠮᠢ ᠠᠬᠤᠢ ᠶ᠋ᠢᠨ ᠱᠢᠰᠲ᠋ᠧᠮ ᠵᠡᠷᠭᠡ ᠵᠢ ᠬᠠᠮᠠᠭᠠᠯᠠᠯᠳᠠ ᠵᠢᠨ ᠬᠡᠪᠴᠢᠶᠡᠨ ᠳ᠋ᠦ ᠣᠷᠣᠭᠤᠯᠵᠤ᠂ 《ᠠᠮᠢᠳᠤᠯᠢᠭ ᠬᠠᠮᠠᠭᠠᠯᠠᠯᠳᠠ》 ᠵᠢᠨ ᠬᠡᠪ ᠵᠠᠭ᠍ᠪᠤᠷ ᠢ᠋ ᠪᠦᠷᠢᠯᠳᠦᠭᠦᠯᠪᠡ᠃
《ᠣᠳᠣᠬᠠᠨ ᠳ᠋ᠦ ᠶᠤᠸᠠᠨ ᠤ᠋ ᠳᠡᠭᠡᠳᠦ ᠨᠡᠢᠰᠯᠡᠯ ᠤ᠋ᠨ ᠪᠠᠭᠤᠷᠢ ᠶ᠋ᠢᠨ ᠲᠠᠯᠡᠬᠡᠢ ᠵᠢᠨ ᠰᠤᠶᠤᠯ ᠦᠨ ᠦᠪ ᠤ᠋ᠨ ᠤᠷᠤᠨ ᠤ᠋ ᠪᠦᠬᠦ ᠲᠠᠯᠠᠪᠠᠶ 25131.27 ᠾᠧᠺᠲ᠋ᠠᠷ ᠪᠠᠢᠵᠤ᠂ ᠪᠦᠬᠦᠯᠢ ᠴᠣᠭ᠍ᠴᠠ ᠶ᠋ᠢᠨ ᠪᠠᠢᠷᠢᠱᠢᠯ ᠨᠢ ᠲᠣᠳᠣᠷᠬᠠᠶ ᠪᠠᠢᠵᠤ᠂ ᠱᠠᠩᠳᠤ ᠬᠣᠲᠠ᠂ ᠬᠤᠳᠠ ᠶ᠋ᠢᠨ ᠲᠡᠬᠦᠷᠭᠡ᠂ ᠦᠶᠡᠷ ᠤ᠋ᠨ ᠰᠤᠪᠠᠭ᠂ ᠪᠤᠩᠬᠤᠨᠤ ᠰᠦᠷᠦᠭ ᠵᠡᠷᠭᠡ ᠵᠢ ᠪᠠᠭ᠍ᠲᠠᠭᠠᠨᠠ; ᠲᠡᠬᠦᠷᠭᠡ ᠵᠢᠨ ᠤᠷᠤᠨ ᠳ᠋ᠦ ᠣᠪᠣᠭ᠎ᠠ᠂ ᠨᠤᠭᠤ ᠭᠠᠵᠠᠷ᠂ ᠲᠠᠯ᠎ᠠ ᠨᠤᠲᠤᠭ᠂ ᠣᠢᠳᠤ ᠲᠠᠯ᠎ᠠ ᠪᠠ ᠡᠯᠡᠰᠦᠷᠬᠡᠭ ᠭᠠᠵᠠᠷ ᠵᠡᠷᠭᠡ ᠮᠣᠩᠭᠣᠯ ᠤ᠋ᠨ ᠥᠨᠳᠥᠷᠯᠢᠭ ᠤ᠋ᠨ ᠲᠠᠯ᠎ᠠ ᠨᠤᠲᠤᠭ ᠤ᠋ᠨ ᠥᠪᠡᠷᠮᠢᠴᠡ ᠦᠵᠡᠮᠵᠢ ᠵᠢ ᠬᠠᠮᠤᠷᠴᠠᠶ᠃ ᠲᠡᠭᠦᠨ ᠤ᠋ ᠬᠠᠮᠤᠭ ᠤ᠋ᠨ ᠶᠡᠬᠡ ᠬᠠᠮᠠᠭᠠᠯᠠᠯᠲᠠ ᠶ᠋ᠢᠨ ᠬᠡᠪᠴᠢᠶᠡᠨ ᠳ᠋ᠦ ᠪᠠᠰᠠ ᠲᠤᠯᠤᠨ ᠨᠤᠤᠷ ᠱᠢᠶᠠᠨ ᠳ᠋ᠦ ᠪᠠᠢᠭ᠎ᠠ ᠳᠥᠰᠢ ᠠᠭᠤᠯᠠ ᠶ᠋ᠢᠨ ᠪᠤᠯᠠᠱᠢᠨ ᠰᠦᠷᠦᠭ ᠪᠠᠭ᠍ᠲᠠᠨᠠ》 ᠭᠡᠵᠦ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠲᠡᠦᠬᠡ ᠶ᠋ᠢᠨ ᠳᠤᠷᠠᠰᠭᠠᠯᠲᠤ ᠵᠦᠶ᠋ᠯᠡᠰ ᠤ᠋ᠨ ᠲᠣᠪᠴᠢᠶ᠎ᠠ ᠶ᠋ᠢᠨ ᠴᠧᠨ ᠶᠠ ᠭᠤᠸᠠᠩ ᠭᠠᠵᠠᠷ ᠤ᠋ᠨ ᠳᠠᠷᠤᠭ᠎ᠠ ᠰᠤᠷᠪᠤᠯᠵᠢᠯᠠᠭᠴᠢ ᠳ᠋ᠤ ᠲᠠᠨᠢᠯᠴᠠᠭᠤᠯᠤᠨ᠎ᠠ᠃
ᠶᠤᠸᠠᠨ ᠤ᠋ ᠳᠡᠭᠡᠳᠦ ᠨᠡᠢᠰᠯᠡᠯ ᠤ᠋ᠨ ᠪᠠᠭᠤᠷᠢ ᠡᠴᠡ 5 ᠺᠢᠯᠣᠮᠧᠲ᠋ᠷ ᠵᠠᠢ ᠳ᠋ᠦ ᠱᠢᠯᠢ ᠶ᠋ᠢᠨ ᠭᠣᠣᠯ ᠠᠢᠮᠠᠭ ᠤ᠋ᠨ ᠰᠣᠶᠣᠯ ᠤ᠋ᠨ ᠥᠪ ᠤ᠋ᠨ ᠮᠦᠽᠧᠢ ᠪᠤᠢ᠂ ᠲᠤᠬᠠᠢ ᠶ᠋ᠢᠨ ᠭᠠᠵᠠᠷ ᠤ᠋ᠨ ᠬᠥᠮᠦᠰ ᠪᠠᠰᠠ ᠶᠤᠸᠠᠨ ᠤ᠋ ᠳᠡᠭᠡᠳᠦ ᠨᠡᠢᠰᠯᠡᠯ ᠤ᠋ᠨ ᠪᠠᠭᠤᠷᠢ ᠶ᠋ᠢᠨ ᠮᠦᠽᠧᠢ ᠭᠡᠳᠡᠭ᠃ ᠮᠦᠽᠧᠢ ᠨᠢ 9 ᠨᠢᠭᠡᠴᠢ᠂ 400 ᠭᠠᠷᠤᠢ ᠲᠡᠦᠬᠡ ᠶ᠋ᠢᠨ ᠳᠤᠷᠠᠰᠭᠠᠯᠲᠤ ᠵᠦᠢᠯ ᠢ᠋ᠶ᠋ᠡᠷ ᠳᠠᠮᠵᠢᠨ ᠶᠤᠸᠠᠨ ᠤ᠋ ᠳᠡᠭᠡᠳᠦ ᠨᠡᠢᠰᠯᠡᠯ ᠤ᠋ᠨ ᠲᠡᠦᠬᠡᠨ ᠳᠡᠭᠡᠷᠡᠬᠢ ᠦᠨᠳᠦᠰᠦᠲᠡᠨ ᠨᠤᠭᠦᠳ ᠤ᠋ᠨ ᠤᠯᠤᠰ ᠲᠦᠷᠦ᠍ ᠶ᠋ᠢᠨ ᠪᠠᠢᠭᠤᠯᠤᠯ᠂ ᠬᠤᠲᠠ ᠶ᠋ᠢᠨ ᠪᠠᠷᠢᠯᠭ᠎ᠠ᠂ ᠮᠠᠯ ᠠᠵᠤ ᠠᠬᠤᠢ ᠲᠠᠷᠢᠶᠠᠯᠠᠩ ᠤ᠋ᠨ ᠦᠢᠯᠡᠳᠪᠦᠷᠢᠯᠡᠯ᠂ ᠭᠠᠷ ᠦᠢᠯᠡᠳᠪᠦᠷᠢ ᠦᠢᠯᠡᠳᠬᠡᠯ᠂ ᠰᠣᠶᠣᠯ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠂ ᠠᠵᠤ ᠠᠬᠤᠢ ᠵᠡᠷᠭᠡ ᠲᠠᠯ᠎ᠠ ᠪᠡᠷ ᠬᠢ ᠬᠠᠮᠤᠭ ᠤ᠋ᠨ ᠨᠡᠢᠲᠡᠯᠢᠭ ᠲᠡᠦᠬᠡ ᠶ᠋ᠢᠨ ᠪᠣᠳᠠᠲᠤ ᠪᠠᠷᠢᠮᠲᠠ ᠵᠢ ᠭᠣᠣᠯᠳᠠᠯᠭ᠎ᠠ ᠲᠠᠶ ᠳᠡᠯᠭᠡᠨ ᠦᠵᠡᠭᠦᠯᠵᠦ᠍᠂ ᠳᠤᠮᠳᠠᠳᠤ ᠤᠯᠤᠰ ᠤ᠋ᠨ ᠲᠡᠦᠬᠡᠨ ᠳᠡᠭᠡᠷᠡᠬᠢ ᠤᠮᠠᠷᠠᠲᠤ ᠶ᠋ᠢᠨ ᠦᠨᠳᠦᠰᠦᠲᠡᠨ ᠨᠤᠭᠦᠳ ᠤ᠋ᠨ ᠬᠠᠮᠲᠤ ᠪᠡᠷ ᠡᠭᠦᠳᠦᠨ ᠪᠦᠲᠦᠭᠡᠭ᠌ᠰᠡᠨ ᠲᠡᠦᠬᠡ ᠰᠣᠶᠣᠯ ᠢ᠋ ᠳᠡᠯᠭᠡᠨ ᠦᠵᠡᠭᠦᠯᠵᠦ᠍ ᠪᠠᠢᠨ᠎ᠠ᠃
ᠱᠢᠯᠢ ᠶ᠋ᠢᠨ ᠭᠣᠣᠯ ᠠᠢᠮᠠᠭ ᠤ᠋ᠨ ᠰᠣᠶᠣᠯ ᠤ᠋ᠨ ᠥᠪ ᠤ᠋ᠨ ᠮᠦᠽᠧᠢ ᠳ᠋ᠡᠬᠢ ᠣᠷᠳᠣᠨ ᠤ᠋ ᠳᠣᠲᠣᠷᠠᠬᠢ ᠲᠦᠷᠪᠡᠯᠵᠢᠨ ᠲᠡᠭᠳᠡᠷᠳᠦ ᠲᠠᠭ᠍ᠲᠤ ᠵᠢᠨ ᠰᠡᠷᠭᠦᠭᠡᠯᠲᠡ ᠶ᠋ᠢᠨ ᠵᠠᠭ᠍ᠪᠤᠷ ᠨᠢ ᠵᠢᠭᠤᠯᠴᠢᠯᠠᠭᠰᠠᠳ ᠤ᠋ᠨ ᠠᠩᠬᠠᠷᠤᠯ ᠢ᠋ ᠲᠠᠲᠠᠨ᠎ᠠ᠃ ᠨᠢᠭᠡᠳᠦᠭᠡᠷ ᠦᠵᠡᠭᠦᠯᠭᠡ ᠶ᠋ᠢᠨ ᠲᠢᠩᠬᠢᠮ ᠳ᠋ᠦ᠂ ᠱᠢᠯᠢ ᠶ᠋ᠢᠨ ᠭᠣᠣᠯ ᠠᠢᠮᠠᠭ ᠤ᠋ᠨ ᠰᠣᠶᠣᠯ ᠤ᠋ᠨ ᠥᠪ ᠤ᠋ᠨ ᠮᠦᠽᠧᠢ ᠶ᠋ᠢᠨ ᠡᠷᠳᠡᠨᠢ — 1996 ᠣᠨ ᠳ᠋ᠦ ᠢᠯᠡᠷᠡᠬᠦᠯᠦᠭᠰᠡᠨ ᠶᠤᠸᠠᠨ ᠤᠯᠤᠰ ᠤ᠋ᠨ ᠳᠡᠭᠡᠳᠦ ᠨᠡᠢᠰᠯᠡᠯ ᠤ᠋ᠨ ᠪᠠᠭᠤᠷᠢ ᠶ᠋ᠢᠨ ᠲᠦᠷᠪᠡᠯᠵᠢᠨ ᠲᠡᠭᠳᠡᠷᠳᠦ ᠲᠠᠭ᠍ᠲᠤ ᠶ᠋ᠢᠨ ᠪᠠᠷᠠᠭᠤᠨ ᠡᠮᠦᠨ᠎ᠡ ᠥᠨᠴᠥᠭ ᠤ᠋ᠨ ᠴᠠᠭᠠᠨ ᠭᠠᠨᠳᠢᠭ ᠯᠣᠣᠳᠦ ᠪᠠᠭᠠᠨ᠎ᠠ ᠵᠢ ᠦᠵᠡᠬᠦᠯᠵᠦ ᠪᠠᠢᠳᠠᠭ᠃ ᠪᠠᠭᠠᠨ᠎ᠠ ᠶ᠋ᠢᠨ ᠨᠢᠭᠤᠷ ᠲᠠᠯ᠎ᠠ ᠪᠠ ᠬᠠᠵᠠᠭᠤ ᠲᠠᠯ᠎ᠠ ᠳ᠋ᠤᠨᠢ ᠲᠡᠭ᠌ᠰᠢ ᠬᠡᠮ ᠲᠡᠶ ᠲᠠᠪᠤᠨ ᠬᠢᠮᠤᠰᠤᠳᠦ ᠯᠤᠤ ᠵᠢ 2 ᠰᠡᠢᠯᠵᠦ᠍᠂ ᠯᠤᠤ ᠶ᠋ᠢᠨ ᠪᠡᠶ᠎ᠡ ᠳᠡᠭᠡᠷ᠎ᠡ ᠨᠢ ᠬᠠᠢᠷᠰᠤ ᠵᠢᠭᠳᠡᠬᠡᠨ ᠪᠦᠷᠬᠦᠵᠦ᠍᠂ ᠮᠠᠰᠢ ᠰᠦᠷ ᠲᠡᠶ ᠪᠠᠢᠳᠠᠭ᠃
《ᠰᠣᠶᠣᠯ ᠤ᠋ᠨ ᠦᠨ᠎ᠡ ᠥᠷᠲᠡᠭ ᠡᠴᠡ ᠠᠪᠴᠤ᠌ ᠦᠵᠡᠪᠡᠯ᠂ ᠲᠡᠷᠡ ᠪᠣᠯ ᠳᠤᠮᠳᠠᠳᠤ ᠣᠷᠣᠨ ᠤ᠋ ᠰᠣᠶᠣᠯ ᠬᠢᠭᠡᠳ ᠲᠠᠯ᠎ᠠ ᠨᠤᠲᠤᠭ ᠤ᠋ᠨ ᠰᠣᠶᠣᠯ ᠤ᠋ᠨ ᠭᠦᠨᠵᠡᠭᠡᠶ ᠠᠭᠤᠰᠤᠯᠴᠠᠯ ᠤ᠋ᠨ ᠬᠡᠪ ᠳᠠᠭᠤᠷᠢᠶᠠᠯ ᠮᠥᠨ᠃ ᠯᠣᠣ ᠨᠢ ᠳᠤᠮᠳᠠᠳᠤ ᠶ᠋ᠢᠨ ᠤᠯᠠᠮᠵᠢᠯᠠᠯᠲᠤ ᠰᠣᠶᠣᠯ ᠳ᠋ᠦ ᠬᠠᠭᠠᠨ ᠤ᠋ ᠡᠷᠬᠡ᠂ ᠬᠦᠨᠳᠦᠳᠭᠡᠯ ᠪᠠ ᠥᠯᠵᠡᠶ ᠪᠡᠯᠭᠡ ᠵᠢ ᠪᠡᠯᠭᠡᠳᠡᠵᠦ᠍ ᠪᠠᠢᠳᠠᠭ᠃ ᠮᠠᠨᠳᠠᠷᠠᠸ᠎ᠠ ᠴᠡᠴᠡᠭ᠂ ᠪᠠᠳᠮ᠎ᠠ ᠴᠡᠴᠡᠭ᠂ ᠤᠳᠪᠠᠯᠠ ᠴᠡᠴᠡᠭ ᠵᠡᠷᠭᠡ ᠶ᠋ᠢᠨ ᠬᠡ ᠤᠭᠠᠯᠵᠠ ᠨᠢ ᠴᠥᠮ ᠡᠯᠪᠡᠭ ᠪᠠᠶᠠᠯᠢᠭ ᠳᠤᠮᠳᠠᠳᠤ ᠣᠷᠣᠨ ᠤ᠋ ᠰᠣᠶᠣᠯ ᠤ᠋ᠨ ᠤᠳᠭ᠎ᠠ ᠵᠢ ᠠᠬᠤᠭᠤᠯᠵᠤ ᠪᠠᠢᠳᠠᠭ ᠪᠣᠯᠪᠠᠴᠤ᠌ ᠰᠡᠢᠯᠪᠦᠷᠢᠯᠡᠬᠦ᠌ ᠠᠷᠭ᠎ᠠ ᠪᠠᠷᠢᠯ ᠪᠠ ᠪᠦᠬᠦᠯᠢ ᠴᠣᠭ᠍ᠴᠠ ᠶ᠋ᠢᠨ ᠪᠠᠢᠷᠢᠯᠠᠭᠤᠯᠤᠯ ᠨᠢ ᠲᠠᠯ᠎ᠠ ᠨᠤᠲᠤᠭ ᠤ᠋ᠨ ᠰᠣᠶᠣᠯ ᠤ᠋ᠨ ᠰᠦᠷ ᠳᠠᠯᠠᠢᠴᠠᠲᠠᠶ᠂ ᠨᠠᠷᠢᠯᠢᠭ ᠬᠢᠴᠡ ᠲᠡᠶ ᠪᠠᠢᠬᠤ ᠤᠨᠴᠠᠯᠢᠭ ᠢ᠋ ᠢᠯᠡᠷᠡᠭᠦᠯᠵᠠᠢ᠃ ᠡᠨᠡ ᠨᠢ ᠶᠤᠸᠠᠨ ᠤᠯᠤᠰ ᠤ᠋ᠨ ᠪᠠᠷᠢᠯᠭ᠎ᠠ ᠶ᠋ᠢᠨ ᠣᠨᠴᠠᠯᠢᠭ᠂ ᠴᠢᠮᠡᠭ᠌ᠯᠡᠯ ᠤ᠋ᠨ ᠬᠡᠪ ᠨᠠᠮᠪᠠ ᠵᠢᠴᠢ ᠨᠡᠢᠭᠡᠮ ᠤ᠋ᠨ ᠰᠣᠶᠣᠯ ᠢ᠋ ᠣᠢᠯᠠᠭᠠᠬᠤ ᠳ᠋ᠦ ᠬᠣᠪᠣᠷ ᠨᠠᠨᠳᠢᠨ ᠰᠤᠷᠠᠭ ᠵᠠᠩᠭᠢ ᠵᠢ ᠬᠠᠩᠭᠠᠭ᠍ᠰᠠᠨ ᠪᠠᠢᠨ᠎ᠠ》 ᠭᠡᠵᠦ᠍ ᠱᠢᠯᠢ ᠶ᠋ᠢᠨ ᠭᠤᠤᠯ ᠠᠢᠮᠠᠭ ᠤ᠋ᠨ ᠰᠣᠶᠣᠯ ᠤ᠋ᠨ ᠥᠪ ᠤ᠋ᠨ ᠮᠦᠽᠧᠶ ᠶ᠋ᠢᠨ ᠳᠠᠷᠤᠭ᠎ᠠ ᠮᠡᠷᠭᠡᠵᠢᠬᠦ ᠬᠡᠯᠡᠨ᠎ᠡ᠃
ᠮᠦᠽᠧᠶ ᠡᠴᠡ ᠭᠠᠷᠴᠤ᠌ ᠢᠷᠡᠬᠦ᠌ ᠳ᠋ᠦ ᠦᠳᠡᠰᠢ ᠶ᠋ᠢᠨ ᠲᠤᠯᠤᠩ ᠠᠯᠳᠠᠩᠬᠣᠠ ᠶ᠋ᠢᠨ ᠲᠠᠯ᠎ᠠ ᠵᠢ ᠨᠦᠮᠦᠷᠴᠦ ᠬᠤᠪᠢ ᠵᠢᠨ ᠭᠠᠳᠠᠨ᠎ᠠ ᠭᠤᠶᠤᠬᠠᠨ ᠪᠠᠢᠯ᠎ᠠ᠃ ᠵᠢᠯᠣᠭᠣᠴᠢ ᠥᠬᠡᠶ ᠨᠢᠰᠭᠡᠯ ᠶᠤᠸᠠᠨ ᠤ᠋ ᠳᠡᠭᠡᠳᠦ ᠨᠡᠢᠰᠯᠡᠯ ᠤ᠋ᠨ ᠪᠠᠭᠤᠷᠢ ᠳ᠋ᠤ ᠡᠨᠡ ᠡᠳᠤᠷ ᠤ᠋ᠨ ᠡᠴᠦᠰ ᠤ᠋ᠨ ᠨᠢᠭᠡ ᠤᠳᠠᠭ᠎ᠠ ᠵᠢᠨ ᠴᠠᠭ᠍ᠳᠠᠨ ᠪᠠᠢᠴᠠᠭᠠᠯᠲᠠ ᠪᠠᠨ ᠲᠠᠭᠤᠰᠬᠠᠭᠠᠳ ᠨᠢᠰᠭᠡᠯ ᠤ᠋ᠨ ᠬᠥᠮᠥᠷᠭᠡ ᠳ᠋ᠦ ᠠᠯᠭᠤᠷᠬᠠᠨ ᠪᠠᠭᠤᠪᠠ᠃ ᠮᠠᠯᠴᠢᠨ ᠴᠠᠭᠳᠠᠭᠴᠢᠳ ᠴᠦ᠍ ᠮᠣᠷᠢᠳ ᠢ᠋ᠶ᠋ᠡᠨ ᠮᠣᠩᠭᠣᠯ ᠭᠡᠷ ᠤ᠋ᠨ ᠭᠠᠳᠠᠭ᠎ᠠ ᠤᠶᠠᠵᠤ᠂ ᠨᠢᠭᠡ ᠡᠳᠦᠷ ᠤ᠋ᠨ ᠲᠣᠭᠣᠷᠢᠨ ᠴᠠᠭᠳᠠᠯᠳᠠ ᠪᠠᠨ ᠳᠠᠭᠤᠰᠭᠠᠪᠠ᠃ ᠶᠤᠸᠠᠨ ᠤ᠋ ᠳᠡᠭᠡᠳᠦ ᠨᠡᠢᠰᠯᠡᠯ ᠤ᠋ᠨ ᠪᠠᠭᠤᠷᠢ ᠶ᠋ᠢᠨ ᠬᠡᠷᠡᠮ ᠤ᠋ᠨ ᠠᠮᠤᠷ ᠲᠦᠪᠰᠢᠨ ᠪᠠᠢᠬᠤ ᠵᠢ ᠲᠥᠯᠥᠭᠡᠯᠡᠬᠦ᠌ ᠨᠣᠭᠣᠭᠠᠨ ᠳ᠋ᠧᠩ ᠨᠤᠬᠦᠳ ᠣᠳᠣᠨ ᠮᠡᠴᠢᠳ ᠮᠡᠲᠦ ᠭᠢᠯᠠᠯᠵᠠᠨ᠎ᠠ᠃
ᠱᠢᠨᠵᠢᠯᠡᠬᠦ᠌ ᠤᠬᠠᠭᠠᠨ ᠮᠡᠷᠭᠡᠵᠢᠯ ᠪᠣᠯᠤᠨ ᠤᠯᠠᠮᠵᠢᠯᠠᠯ ᠤ᠋ᠨ ᠳᠠᠪᠬᠤᠷ ᠬᠠᠮᠠᠭᠠᠯᠠᠯᠲᠠ ᠳᠣᠣᠷ᠎ᠠ᠂ ᠪᠣᠯᠪᠠᠰᠤᠨ ᠤ᠋ ᠠᠭᠤᠰᠤᠯᠴᠠᠯ ᠢ᠋ ᠭᠡᠷᠡᠴᠢᠯᠡᠭ᠌ᠰᠡᠨ ᠡᠨᠡ ᠬᠦ᠌ ᠲᠠᠯ᠎ᠠ ᠨᠤᠲᠤᠭ ᠤ᠋ᠨ ᠨᠡᠢᠰᠯᠡᠯ ᠬᠤᠳᠠ᠂ ᠡᠨᠡ ᠬᠦ᠌ ᠥᠷᠥᠨᠡᠳᠠᠬᠢᠨ ᠤ᠋ ᠬᠥᠮᠦᠰ ᠤ᠋ᠨ ᠰᠡᠳᠭᠢᠯ ᠳ᠋ᠡᠬᠢ ᠮᠠᠷᠲᠠᠭ᠍ᠳᠠᠰᠢ ᠦᠭᠡᠢ ᠬᠦᠰᠡᠯᠡᠩ ᠤ᠋ᠨ ᠤᠷᠳᠤᠨ ᠶᠠᠭ ᠲᠡᠦᠬᠡ ᠶ᠋ᠢᠨ ᠤᠷᠳᠤ ᠠᠶᠠᠨ ᠳ᠋ᠦ ᠠᠯᠭᠤᠷᠬᠠᠨ ᠢ᠋ᠶ᠋ᠠᠷ 《ᠪᠣᠰᠴᠤ᠌ ᠵᠣᠭ᠍ᠰᠣᠨ》᠂ ᠳᠡᠯᠡᠬᠡᠢ ᠳ᠋ᠠᠬᠢᠨ ᠳ᠋ᠦ ᠳᠤᠮᠳᠠᠳᠤ ᠶ᠋ᠢᠨ ᠪᠣᠯᠪᠠᠰᠤᠨ ᠤ᠋ 《ᠤᠯᠠᠨ ᠡᠱᠢᠵᠢᠵᠦ᠍ ᠨᠢᠭᠡ ᠴᠤᠬ᠍ᠴᠠᠵᠢᠬ᠍ᠰᠠᠨ》 ᠥᠨᠢᠳᠡ ᠶ᠋ᠢᠨ ᠦᠯᠢᠬᠡᠷ ᠢ᠋ ᠶᠠᠷᠢᠭᠰᠠᠭᠠᠷ ᠁